ᠪᠢᠯᠡᠭᠦᠳᠠᠢ ᠪᠠᠯᠭᠠᠰᠣ ᠨᠢ ᠦᠶᠡᠷ ᠤᠨ ᠭᠠᠮᠰᠢᠭ ᠠᠴᠠ ᠠᠪᠤᠷᠠᠬᠤ ᠠᠵᠢᠯ ᠢ ᠪᠦᠬᠦ ᠬᠦᠴᠦ ᠪᠠᠷ ᠡᠷᠴᠢᠮᠳᠠᠢ ᠠᠳᠬᠤᠵᠤ᠂ ᠭᠠᠮᠰᠢᠭ ᠤᠨ ᠡᠮᠦᠨ᠎ᠠ ᠡᠭᠦᠷᠬᠡ ᠬᠠᠷᠢᠭᠤᠴᠠᠯᠭ᠎ᠠ ᠪᠠᠨ ᠯᠠᠪᠳᠠᠭᠤᠨ ᠪᠠᠳᠣᠳᠠᠢ ᠬᠦᠢᠴᠡᠳᠬᠡᠵᠠᠢ
ᠨᠡᠶᠢᠲᠡᠯᠡᠭᠰᠡᠨ ᠴᠠᠭ᠄
2021/7/19
         ᠣᠷᠴᠢᠮ ᠤᠨ ᠡᠳᠦᠷ ᠪᠢᠯᠡᠭᠦᠳᠠᠢ ᠪᠠᠯᠭᠠᠰᠣᠨ ᠳᠤ ᠦᠷᠭᠦᠯᠵᠢᠯᠡᠭᠰᠡᠨ ᠪᠤᠷᠤᠭᠠᠨ ᠤ ᠴᠠᠭ ᠠᠭᠤᠷ ᠢᠯᠡᠷᠡᠵᠤ᠂ ᠬᠡᠰᠡᠭ ᠪᠦᠯᠦᠭ ᠳᠣᠰᠬᠤᠨ ᠪᠠ ᠭᠠᠵᠠᠷ ᠣᠷᠣᠨ ᠳᠤ ᠳᠣᠬᠰᠢᠨ ᠪᠣᠷᠣᠭᠠᠨ ᠪᠠ ᠣᠨᠴᠠ ᠶᠡᠭᠡ ᠳᠣᠬᠰᠢᠨ ᠪᠣᠷᠣᠭᠠᠨ ᠣᠷᠣᠵᠠᠢ᠃ 7 ᠰᠠᠷ᠎ᠠ ᠶᠢᠨ 13᠎ ᠤ ᠦᠳᠡᠰᠢ ᠵᠠᠷᠢᠮ ᠬᠡᠰᠡᠭ ᠭᠠᠵᠠᠷ ᠤᠨ ᠬᠠᠮᠤᠭ ᠤᠨ ᠦᠨᠳᠦᠷ ᠳᠣᠨᠳᠠᠰᠣ ᠶᠢᠨ ᠬᠡᠮᠵᠢᠶ᠎ᠡ 99.5 ᠮᠢᠯᠢᠮᠧᠲᠷ ᠬᠦᠷᠴᠦ᠂ ᠬᠡᠰᠡᠭ ᠪᠦᠯᠦᠭ ᠳᠣᠰᠬᠤᠨ ᠳᠤ ᠦᠶᠡᠷ ᠣᠰᠣᠨ ᠭᠠᠮᠰᠢᠭ ᠭᠠᠷᠴᠦ᠂ ᠠᠷᠠᠳ ᠣᠯᠠᠨ ᠤ ᠠᠮᠢ  ᠨᠠᠰᠤ᠂ ᠡᠳ᠋ ᠬᠦᠷᠦᠩᠬᠡ ᠳᠤ ᠬᠦᠨᠳᠦ ᠨᠣᠴᠢᠳᠠᠢ ᠰᠦᠷᠳᠡᠬᠦᠯᠦᠯ ᠪᠣᠯᠵᠠᠢ᠃         ᠭᠠᠮᠰᠢᠭ ᠤᠨ ᠡᠮᠦᠨ᠎ᠠ᠂ ᠪᠢᠯᠡᠭᠦᠳᠠᠢ ᠪᠠᠯᠭᠠᠰᠣ ᠶᠢᠨ ᠨᠠᠮ ᠤᠨ ᠬᠤᠷᠢᠶ᠎ᠠ ᠵᠠᠰᠠᠭ ᠤᠨ ᠣᠷᠳᠣᠨ ᠤ ᠣᠳᠤᠷᠢᠳᠣᠯᠭ᠎ᠠ ᠨᠠᠷ ᠭᠠᠮᠰᠢᠭ ᠠᠴᠠ ᠠᠪᠤᠷᠠᠬᠤ ᠨᠢᠭᠡᠳᠦᠭᠡᠷ ᠹᠷᠤᠨᠲ ᠳᠤ ᠭᠠᠪᠰᠢᠭᠠᠶᠢᠯᠠᠨ ᠠᠵᠢᠯᠯᠠᠵᠤ᠂ ᠦᠷᠬᠡᠨ ᠣᠯᠠᠨ ᠨᠠᠮ ᠤᠨ ᠭᠡᠰᠢᠭᠦᠨ᠂ ᠺᠠᠳ᠋ᠷ ᠤᠯᠠᠨ ᠳᠦᠮᠠᠨ ᠶᠢ ᠳᠠᠭᠠᠭᠤᠯᠵᠣ᠂ ᠤᠯᠠᠨ ᠳᠦᠮᠠᠨ ᠢ ᠦᠶᠡᠷ ᠤᠨ ᠭᠠᠮᠰᠢᠭ ᠠᠴᠠ ᠪᠠᠴᠢᠮ ᠵᠠᠶᠢᠯᠠᠭᠤᠯᠬᠤ᠂ ᠭᠠᠮᠰᠢᠭ ᠤᠨ ᠪᠠᠶᠢᠳᠠᠯ ᠢ ᠴᠠᠭ ᠳᠣᠬᠠᠢ ᠳᠤ ᠪᠦᠷᠢᠳᠬᠡᠬᠦ᠂ ᠡᠪᠳᠡᠷᠡᠭᠰᠡᠨ ᠵᠠᠮ ᠬᠠᠷᠢᠯᠴᠠᠭ᠎ᠠ ᠶᠢ ᠵᠠᠰᠠᠨ ᠰᠡᠯᠪᠢᠬᠦ᠂ ᠦᠶᠡᠷ ᠤᠨ ᠤᠰᠤ ᠪᠦᠭᠯᠡᠷᠡᠭᠰᠡᠨ ᠵᠠᠮ ᠶᠢ ᠵᠠᠰᠠᠨ ᠰᠡᠯᠪᠢᠬᠦ᠂ ᠳᠦᠭᠵᠢᠷᠡᠯ ᠶᠢ ᠠᠷᠢᠯᠭᠠᠬᠤ ᠵᠡᠷᠬᠡ ᠠᠵᠢᠯ ᠳᠤ ᠶᠠᠭᠠᠷᠠᠯᠳᠠᠢ ᠠᠵᠢᠯᠯᠠᠵᠤ᠂ ᠦᠨᠡᠩᠬᠦ ᠡᠬᠦᠷᠬᠡ ᠬᠠᠷᠢᠭᠤᠴᠠᠯᠭ᠎ᠠ ᠲᠠᠭᠠᠨ ᠣᠰᠣᠯᠳᠣᠬᠤ ᠦᠭᠡᠢ᠂ ᠡᠬᠦᠷᠬᠡ ᠬᠠᠷᠢᠭᠤᠴᠠᠯᠭ᠎ᠠ ᠪᠠᠨ  ᠯᠠᠪᠳᠠᠭᠤᠨ ᠪᠠᠳᠣᠳᠠᠢ ᠬᠦᠢᠴᠡᠳᠬᠡᠵᠠᠢ᠃       ᠪᠦᠷᠢᠳᠬᠡᠯ ᠢ ᠦᠨᠳᠦᠰᠦᠯᠡᠪᠡᠯ᠂ ᠳᠣᠰ ᠤᠳᠠᠭᠠᠨ ᠤ ᠭᠠᠮᠰᠢᠭ ᠳᠤ ᠬᠠᠨᠳᠣᠭᠤᠯᠵᠣ᠂ ᠾᠧᠢ ᠱᠠᠨ ᠲᠤ ᠳᠣᠰᠬᠤᠨ᠂  ᠡᠯ ᠳ᠋ᠣᠣ ᠶᠢᠩᠴᠢ ᠳᠣᠰᠬᠤᠨ᠂ ᠵᠦᠩ ᠳ᠋ᠤᠸᠠᠨ ᠳᠣᠰᠬᠤᠨ᠂ ᠰᠢᠩ ᠵᠢᠶᠠ ᠶᠢᠩᠴᠢ ᠳᠣᠰᠬᠤᠨ᠂  ᠭᠦ᠋ ᠶᠦ᠋ ᠱᠦ᠋ ᠳᠣᠰᠬᠤᠨ ᠵᠡᠷᠬᠡ ᠭᠠᠵᠠᠷ ᠎ ᠤᠨ ᠪᠦᠬᠦ ᠨᠡᠶᠢᠳᠡ 49 ᠡᠷᠦᠬᠡ 114 ᠬᠦᠮᠦᠨ ᠠᠮᠠ ᠶᠢ ᠦᠶᠡᠷ ᠣᠰᠣᠨ ᠭᠠᠮᠰᠢᠭ ᠠᠴᠠ ᠰᠢᠯᠵᠢᠭᠦᠯᠵᠤ᠂ ᠠᠶᠤᠯᠳᠠᠢ ᠳᠡᠷᠬᠡ ᠣᠨᠤᠭ᠎ᠠ ᠶᠢ 80 ᠭᠠᠷᠣᠢ ᠶᠢ ᠵᠠᠮ ᠳᠣᠮᠳᠠ ᠠᠴᠠ ᠨᠢ ᠪᠣᠴᠠᠭᠠᠵᠤ᠂ ᠬᠡᠰᠡᠭ  ᠪᠦᠯᠦᠭ ᠠᠶᠤᠯᠳᠠᠢ ᠵᠠᠮ  ᠮᠦᠷ ᠳᠡᠭᠡᠷ᠎ᠡ  4600 ᠭᠠᠷᠣᠢ ᠰᠦᠯᠵᠢᠮᠡᠯ ᠤᠭᠤᠳᠠ ᠲᠠᠢ ᠰᠢᠷᠤᠢ ᠣᠪᠣᠭᠠᠯᠠᠵᠤ᠂ ᠺᠠᠳ᠋ᠷ ᠠᠵᠢᠯᠳᠠᠨ ᠪᠦᠬᠦ ᠨᠡᠶᠢᠳᠡ 260 ᠭᠠᠷᠣᠢ ᠬᠦᠮᠦᠨ ᠣᠷᠣᠯᠴᠠᠵᠠᠢ᠃ ᠭᠠᠮᠰᠢᠭ ᠠᠴᠠ ᠡᠮᠦᠨ᠎ᠠ ᠪᠠᠴᠢᠮ ᠶᠢ ᠠᠷᠭᠠᠴᠠᠭᠠᠬᠤ ᠳᠦᠰᠦᠪ ᠳᠣᠬᠳᠠᠭᠠᠬᠰᠠᠨ ᠠᠴᠠ᠂ ᠳᠦᠰᠦᠪ ᠤᠨ ᠶᠤᠰᠣᠭᠠᠷ ᠠᠵᠢᠯ ᠢᠶᠠᠨ ᠪᠠᠶᠢᠷᠢᠯᠠᠭᠤᠯᠵᠤ᠂ ᠦᠪᠡᠷ ᠢ ᠪᠠᠨ ᠠᠪᠤᠷᠠᠬᠤ ᠠᠵᠢᠯ ᠢ ᠢᠳᠡᠪᠬᠢᠳᠠᠢ ᠦᠷᠨᠢᠭᠦᠯᠵᠤ᠂ ᠡᠮᠬᠢ ᠳᠠᠷᠠᠭ᠎ᠠ ᠲᠠᠢ ᠬᠦᠮᠦᠨ ᠠᠷᠠᠳ ᠢᠶᠠᠨ ᠰᠢᠯᠵᠢᠭᠦᠯᠦᠭᠰᠡᠨ ᠠᠴᠠ ᠪᠡᠷᠳᠡᠵᠤ ᠰᠢᠷᠬᠠᠳᠣᠬᠰᠠᠨ ᠪᠤᠶᠤ ᠦᠬᠦᠭᠰᠡᠨ ᠬᠦᠮᠦᠨ ᠭᠠᠷᠣᠬᠰᠠᠨ ᠦᠭᠡᠢ᠃
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号