ᠣᠷᠴᠢᠮ ᠤᠨ ᠡᠳᠦᠷ ᠪᠢᠯᠡᠭᠦᠳᠠᠢ ᠪᠠᠯᠭᠠᠰᠣᠨ ᠳᠤ ᠦᠷᠭᠦᠯᠵᠢᠯᠡᠭᠰᠡᠨ ᠪᠤᠷᠤᠭᠠᠨ ᠤ ᠴᠠᠭ ᠠᠭᠤᠷ | ᠢᠯᠡᠷᠡᠵᠤ᠂ ᠬᠡᠰᠡᠭ ᠪᠦᠯᠦᠭ ᠳᠣᠰᠬᠤᠨ ᠪᠠ ᠭᠠᠵᠠᠷ ᠣᠷᠣᠨ ᠳᠤ ᠳᠣᠬᠰᠢᠨ ᠪᠣᠷᠣᠭᠠᠨ ᠪᠠ ᠣᠨᠴᠠ ᠶᠡᠭᠡ ᠳᠣᠬᠰᠢᠨ | ᠪᠣᠷᠣᠭᠠᠨ ᠣᠷᠣᠵᠠᠢ᠃ 7 ᠰᠠᠷ᠎ᠠ ᠶᠢᠨ 13 ᠤ ᠦᠳᠡᠰᠢ ᠵᠠᠷᠢᠮ ᠬᠡᠰᠡᠭ ᠭᠠᠵᠠᠷ ᠤᠨ ᠬᠠᠮᠤᠭ ᠤᠨ ᠦᠨᠳᠦᠷ | ᠳᠣᠨᠳᠠᠰᠣ ᠶᠢᠨ ᠬᠡᠮᠵᠢᠶ᠎ᠡ 99.5 ᠮᠢᠯᠢᠮᠧᠲᠷ ᠬᠦᠷᠴᠦ᠂ ᠬᠡᠰᠡᠭ ᠪᠦᠯᠦᠭ ᠳᠣᠰᠬᠤᠨ ᠳᠤ ᠦᠶᠡᠷ ᠣᠰᠣᠨ ᠭᠠᠮᠰᠢᠭ | ᠭᠠᠷᠴᠦ᠂ ᠠᠷᠠᠳ ᠣᠯᠠᠨ ᠤ ᠠᠮᠢ ᠨᠠᠰᠤ᠂ ᠡᠳ᠋ ᠬᠦᠷᠦᠩᠬᠡ ᠳᠤ ᠬᠦᠨᠳᠦ ᠨᠣᠴᠢᠳᠠᠢ ᠰᠦᠷᠳᠡᠬᠦᠯᠦᠯ ᠪᠣᠯᠵᠠᠢ᠃ | ᠭᠠᠮᠰᠢᠭ ᠤᠨ ᠡᠮᠦᠨ᠎ᠠ᠂ ᠪᠢᠯᠡᠭᠦᠳᠠᠢ ᠪᠠᠯᠭᠠᠰᠣ ᠶᠢᠨ ᠨᠠᠮ ᠤᠨ ᠬᠤᠷᠢᠶ᠎ᠠ ᠵᠠᠰᠠᠭ ᠤᠨ ᠣᠷᠳᠣᠨ ᠤ | ᠣᠳᠤᠷᠢᠳᠣᠯᠭ᠎ᠠ ᠨᠠᠷ ᠭᠠᠮᠰᠢᠭ ᠠᠴᠠ ᠠᠪᠤᠷᠠᠬᠤ ᠨᠢᠭᠡᠳᠦᠭᠡᠷ ᠹᠷᠤᠨᠲ ᠳᠤ ᠭᠠᠪᠰᠢᠭᠠᠶᠢᠯᠠᠨ ᠠᠵᠢᠯᠯᠠᠵᠤ᠂ ᠦᠷᠬᠡᠨ | ᠣᠯᠠᠨ ᠨᠠᠮ ᠤᠨ ᠭᠡᠰᠢᠭᠦᠨ᠂ ᠺᠠᠳ᠋ᠷ ᠤᠯᠠᠨ ᠳᠦᠮᠠᠨ ᠶᠢ ᠳᠠᠭᠠᠭᠤᠯᠵᠣ᠂ ᠤᠯᠠᠨ ᠳᠦᠮᠠᠨ ᠢ ᠦᠶᠡᠷ ᠤᠨ | ᠭᠠᠮᠰᠢᠭ ᠠᠴᠠ ᠪᠠᠴᠢᠮ ᠵᠠᠶᠢᠯᠠᠭᠤᠯᠬᠤ᠂ ᠭᠠᠮᠰᠢᠭ ᠤᠨ ᠪᠠᠶᠢᠳᠠᠯ ᠢ ᠴᠠᠭ ᠳᠣᠬᠠᠢ ᠳᠤ ᠪᠦᠷᠢᠳᠬᠡᠬᠦ᠂ ᠡᠪᠳᠡᠷᠡᠭᠰᠡᠨ | ᠵᠠᠮ ᠬᠠᠷᠢᠯᠴᠠᠭ᠎ᠠ ᠶᠢ ᠵᠠᠰᠠᠨ ᠰᠡᠯᠪᠢᠬᠦ᠂ ᠦᠶᠡᠷ ᠤᠨ ᠤᠰᠤ ᠪᠦᠭᠯᠡᠷᠡᠭᠰᠡᠨ ᠵᠠᠮ ᠶᠢ ᠵᠠᠰᠠᠨ ᠰᠡᠯᠪᠢᠬᠦ᠂ ᠳᠦᠭᠵᠢᠷᠡᠯ ᠶᠢ | ᠠᠷᠢᠯᠭᠠᠬᠤ ᠵᠡᠷᠬᠡ ᠠᠵᠢᠯ ᠳᠤ ᠶᠠᠭᠠᠷᠠᠯᠳᠠᠢ ᠠᠵᠢᠯᠯᠠᠵᠤ᠂ ᠦᠨᠡᠩᠬᠦ ᠡᠬᠦᠷᠬᠡ ᠬᠠᠷᠢᠭᠤᠴᠠᠯᠭ᠎ᠠ ᠲᠠᠭᠠᠨ ᠣᠰᠣᠯᠳᠣᠬᠤ | ᠦᠭᠡᠢ᠂ ᠡᠬᠦᠷᠬᠡ ᠬᠠᠷᠢᠭᠤᠴᠠᠯᠭ᠎ᠠ ᠪᠠᠨ ᠯᠠᠪᠳᠠᠭᠤᠨ ᠪᠠᠳᠣᠳᠠᠢ ᠬᠦᠢᠴᠡᠳᠬᠡᠵᠠᠢ᠃ | ᠪᠦᠷᠢᠳᠬᠡᠯ ᠢ ᠦᠨᠳᠦᠰᠦᠯᠡᠪᠡᠯ᠂ ᠳᠣᠰ ᠤᠳᠠᠭᠠᠨ ᠤ ᠭᠠᠮᠰᠢᠭ ᠳᠤ ᠬᠠᠨᠳᠣᠭᠤᠯᠵᠣ᠂ ᠾᠧᠢ ᠱᠠᠨ ᠲᠤ | ᠳᠣᠰᠬᠤᠨ᠂ ᠡᠯ ᠳ᠋ᠣᠣ ᠶᠢᠩᠴᠢ ᠳᠣᠰᠬᠤᠨ᠂ ᠵᠦᠩ ᠳ᠋ᠤᠸᠠᠨ ᠳᠣᠰᠬᠤᠨ᠂ ᠰᠢᠩ ᠵᠢᠶᠠ ᠶᠢᠩᠴᠢ ᠳᠣᠰᠬᠤᠨ᠂ | ᠭᠦ᠋ ᠶᠦ᠋ ᠱᠦ᠋ ᠳᠣᠰᠬᠤᠨ ᠵᠡᠷᠬᠡ ᠭᠠᠵᠠᠷ ᠤᠨ ᠪᠦᠬᠦ ᠨᠡᠶᠢᠳᠡ 49 ᠡᠷᠦᠬᠡ 114 ᠬᠦᠮᠦᠨ ᠠᠮᠠ ᠶᠢ ᠦᠶᠡᠷ | ᠣᠰᠣᠨ ᠭᠠᠮᠰᠢᠭ ᠠᠴᠠ ᠰᠢᠯᠵᠢᠭᠦᠯᠵᠤ᠂ ᠠᠶᠤᠯᠳᠠᠢ ᠳᠡᠷᠬᠡ ᠣᠨᠤᠭ᠎ᠠ ᠶᠢ 80 ᠭᠠᠷᠣᠢ ᠶᠢ ᠵᠠᠮ ᠳᠣᠮᠳᠠ ᠠᠴᠠ ᠨᠢ | ᠪᠣᠴᠠᠭᠠᠵᠤ᠂ ᠬᠡᠰᠡᠭ ᠪᠦᠯᠦᠭ ᠠᠶᠤᠯᠳᠠᠢ ᠵᠠᠮ ᠮᠦᠷ ᠳᠡᠭᠡᠷ᠎ᠡ 4600 ᠭᠠᠷᠣᠢ ᠰᠦᠯᠵᠢᠮᠡᠯ ᠤᠭᠤᠳᠠ ᠲᠠᠢ | ᠰᠢᠷᠤᠢ ᠣᠪᠣᠭᠠᠯᠠᠵᠤ᠂ ᠺᠠᠳ᠋ᠷ ᠠᠵᠢᠯᠳᠠᠨ ᠪᠦᠬᠦ ᠨᠡᠶᠢᠳᠡ 260 ᠭᠠᠷᠣᠢ ᠬᠦᠮᠦᠨ ᠣᠷᠣᠯᠴᠠᠵᠠᠢ᠃ ᠭᠠᠮᠰᠢᠭ ᠠᠴᠠ | ᠡᠮᠦᠨ᠎ᠠ ᠪᠠᠴᠢᠮ ᠶᠢ ᠠᠷᠭᠠᠴᠠᠭᠠᠬᠤ ᠳᠦᠰᠦᠪ ᠳᠣᠬᠳᠠᠭᠠᠬᠰᠠᠨ ᠠᠴᠠ᠂ ᠳᠦᠰᠦᠪ ᠤᠨ ᠶᠤᠰᠣᠭᠠᠷ ᠠᠵᠢᠯ ᠢᠶᠠᠨ | ᠪᠠᠶᠢᠷᠢᠯᠠᠭᠤᠯᠵᠤ᠂ ᠦᠪᠡᠷ ᠢ ᠪᠠᠨ ᠠᠪᠤᠷᠠᠬᠤ ᠠᠵᠢᠯ ᠢ ᠢᠳᠡᠪᠬᠢᠳᠠᠢ ᠦᠷᠨᠢᠭᠦᠯᠵᠤ᠂ ᠡᠮᠬᠢ ᠳᠠᠷᠠᠭ᠎ᠠ ᠲᠠᠢ ᠬᠦᠮᠦᠨ | ᠠᠷᠠᠳ ᠢᠶᠠᠨ ᠰᠢᠯᠵᠢᠭᠦᠯᠦᠭᠰᠡᠨ ᠠᠴᠠ ᠪᠡᠷᠳᠡᠵᠤ ᠰᠢᠷᠬᠠᠳᠣᠬᠰᠠᠨ ᠪᠤᠶᠤ ᠦᠬᠦᠭᠰᠡᠨ ᠬᠦᠮᠦᠨ ᠭᠠᠷᠣᠬᠰᠠᠨ ᠦᠭᠡᠢ᠃ | |