ᠶᠢᠰᠦᠳᠦᠭᠡᠷ ᠪᠦᠯᠦᠭ ᠵᠠᠯᠬᠠᠭᠠᠨ ᠴᠡᠭᠡᠷᠯᠡᠬᠦᠯᠬᠦ ᠲᠠᠪᠢᠨ ᠭᠤᠷᠪᠠᠳᠤᠭᠠᠷ ᠵᠦᠢᠯ ᠠᠯᠪᠠᠳᠠᠨ ᠰᠠᠬᠢᠯᠭ᠎ᠠ ᠪᠠᠳᠤ ᠶᠢ | ᠵᠢᠷᠤᠮᠯᠠᠨ ᠰᠠᠬᠢᠬᠤ ᠭᠡᠷᠡᠭᠳᠡᠢ᠂ ᠲᠤᠤᠷᠠᠬᠢ ᠮᠡᠳᠦ ᠦᠢᠯᠨ ᠠᠵᠢᠯᠯᠠᠭ᠎ᠠ ᠪᠠᠶᠢᠵᠤ ᠪᠤᠯᠬᠤ ᠦᠭᠡᠢ᠄ ︵ᠨᠢᠭᠡ︶ | ᠤᠯᠤᠰ ᠤᠨ ᠨᠡᠷ᠎ᠡ ᠲᠦᠷᠦ ᠶᠢ ᠬᠤᠬᠢᠷᠠᠭᠤᠯᠤᠭᠰᠠᠨ ᠦᠭᠡ ᠶᠠᠷᠢᠶ᠎ᠠ ᠲᠠᠷᠬᠠᠭᠠᠬᠤ᠂ ᠤᠯᠤᠰ ᠢ ᠡᠰᠡᠷᠬᠦᠴᠡᠬᠦ | ᠵᠤᠷᠢᠯᠭ᠎ᠠ ᠲᠠᠢ ᠬᠤᠷᠠᠯ ᠴᠤᠭᠯᠠᠭ᠎ᠠ ᠬᠢᠬᠦ᠂ ᠵᠢᠭᠰᠠᠭᠠᠯ ᠶᠠᠪᠤᠭᠤᠯᠬᠤ᠂ ᠰᠦᠷ ᠦᠵᠡᠬᠦᠯᠬᠦ ᠵᠡᠷᠭᠡ ᠠᠵᠢᠯᠯᠠᠭ᠎ᠠ ᠶᠢ | ᠵᠤᠬᠢᠶᠠᠨ ᠪᠠᠶᠢᠭᠤᠯᠬᠤ ᠪᠤᠶᠤ ᠲᠡᠬᠦᠨ ᠳᠤ ᠤᠷᠤᠯᠴᠠᠬᠤ︔ ︵ᠬᠤᠶᠠᠷ︶ ᠬᠠᠥᠯᠢ ᠪᠤᠰᠤ ᠵᠤᠬᠢᠶᠠᠨ ᠪᠠᠶᠢᠭᠤᠯᠤᠯᠳᠠ ᠶᠢ | ᠵᠤᠬᠢᠶᠠᠨ ᠪᠠᠶᠢᠭᠤᠯᠬᠤ ᠪᠤᠶᠤ ᠲᠡᠬᠦᠨ ᠳᠤ ᠤᠷᠤᠯᠴᠠᠬᠤ᠂ ᠠᠵᠢᠯ ᠬᠠᠶᠠᠯᠳᠠ ᠶᠢ ᠵᠤᠬᠢᠶᠠᠨ ᠪᠠᠶᠢᠭᠤᠯᠬᠤ ᠪᠤᠶᠤ | ᠲᠡᠬᠦᠨ ᠳᠤ ᠤᠷᠤᠯᠴᠠᠬᠤ︔ ︵ᠭᠤᠷᠪᠠ︶ ᠡᠭᠦᠷᠭᠡ ᠲᠤᠰᠢᠶᠠᠯ ᠳᠠᠭᠠᠨ ᠠᠯᠮᠠᠶᠢᠷᠠᠨ ᠤᠰᠤᠯᠳᠤᠵᠤ᠂ ᠠᠵᠢᠯ | ᠶᠠᠪᠤᠳᠠᠯ ᠢᠶᠠᠨ ᠰᠠᠭᠠᠳᠠᠭᠠᠬᠤ︔ ︵ᠲᠦᠷᠪᠡ︶ ᠲᠡᠭᠡᠳᠦ ᠱᠠᠳᠤᠨ ᠤ ᠬᠠᠥᠯᠢ ᠶᠤᠰᠤᠭᠠᠷ ᠲᠤᠭᠳᠠᠭᠠᠭᠰᠠᠨ ᠲᠤᠭᠳᠠᠭᠠᠯ | ᠪᠠ ᠵᠠᠷᠯᠢᠭ ᠢ ᠭᠡᠷᠡᠭᠵᠢᠬᠦᠯᠬᠦ ᠶᠢ ᠲᠡᠪᠴᠢᠬᠦ︔ ︵ᠲᠠᠪᠤ︶ ᠰᠢᠬᠦᠮᠵᠢᠯᠡᠯ ᠢ ᠲᠠᠷᠤᠵᠤ᠂ ᠬᠠᠷᠢᠭᠤ ᠠᠪᠴᠤ ᠴᠤᠬᠢᠯᠳᠠ | ᠦᠭᠬᠦ︔ ︵ᠵᠢᠷᠭᠤᠭ᠎ᠠ︶ ᠤᠪ ᠮᠡᠭᠡ ᠭᠠᠷᠭᠠᠵᠤ ᠤᠳᠤᠷᠢᠳᠤᠯᠭ᠎ᠠ ᠪᠠ ᠤᠯᠠᠨ ᠲᠦᠮᠡᠨ ᠢ ᠪᠤᠷᠤᠭᠤ ᠪᠠᠷ ᠬᠦᠳᠦᠯᠬᠦ | ᠪᠡ ᠮᠡᠭᠡᠯᠡᠬᠦ︔ ︵ᠲᠤᠯᠤᠭ᠎ᠠ︶ ᠱᠠᠮᠰᠢᠬᠤ᠂ ᠭᠡᠭᠡᠯᠢ ᠲᠦᠯᠬᠢᠬᠦ᠂ ᠬᠠᠭ᠋ᠤᠤᠯᠢ ᠢᠳᠡᠬᠦ᠂ ᠲᠤᠰᠢᠶᠠᠯ ᠢᠶᠠᠨ ᠠᠰᠢᠭᠯᠠᠨ | ᠠᠮᠢᠨ ᠳᠠᠭᠠᠨ ᠪᠤᠶᠤ ᠪᠤᠰᠤᠤᠨ ᠲᠤ ᠬᠤᠪᠢ ᠶᠢᠨ ᠠᠰᠢᠭ ᠤᠯᠭᠤᠬᠤ︔ ︵ᠨᠠᠢᠮᠨ︶ ᠡᠳ᠋ ᠤᠨ ᠵᠠᠰᠠᠭ ᠤᠨ ᠰᠠᠬᠢᠯᠭ᠎ᠠ | ᠪᠠᠳᠤ ᠶᠢ ᠵᠦᠷᠢᠴᠡᠵᠦ᠂ ᠤᠯᠤᠰ ᠤᠨ ᠡᠳ᠋ ᠮᠦᠡᠭᠭᠦ ᠶᠢ ᠪᠦᠷᠢᠯᠭᠡᠬᠦ︔ ︵ᠶᠢᠰᠦ︶ ᠡᠷᠭᠡ ᠲᠤᠰᠢᠶᠠᠯ ᠢᠶᠠᠨ ᠲᠤᠷ᠎ᠠ ᠪᠠᠷ | ᠭᠡᠷᠡᠭᠯᠡᠨ ᠡᠷᠭᠡᠳᠦ ᠠᠷᠠᠥᠨ᠂ ᠬᠠᠥᠯᠢ ᠶᠢᠨ ᠬᠦᠮᠦᠨ ᠪᠤᠶᠤ ᠪᠤᠰᠤᠤᠨ ᠵᠤᠬᠢᠶᠠᠨ ᠪᠠᠶᠢᠭᠤᠯᠤᠯᠳᠠ ᠶᠢᠨ ᠬᠠᠥᠯᠢ | ᠶᠤᠰᠤᠨ ᠤ ᠡᠷᠭᠡ ᠠᠰᠢᠭ ᠲᠤ ᠬᠠᠯᠳᠠᠬᠤ︔ ︵ᠠᠷᠪᠠ︶ ᠤᠯᠤᠰ ᠤᠨ ᠨᠢᠭᠤᠴᠠ ᠪᠤᠶᠤ ᠠᠵᠢᠯ ᠤᠨ ᠨᠢᠭᠤᠴᠠ ᠶᠢ | ᠵᠠᠳᠠᠷᠠᠭᠤᠯᠬᠤ︔ ︵ᠠᠷᠪᠠᠨ ᠨᠢᠭᠡ︶ ᠭᠠᠳᠠᠭᠠᠳᠤ ᠬᠠᠷᠢᠯᠴᠠᠭᠠᠨ ᠤ ᠠᠵᠢᠯᠯᠠᠭ᠎ᠠ ᠲᠤᠮᠳᠠ ᠤᠯᠤᠰ ᠤᠨ ᠨᠡᠷ᠎ᠡ ᠲᠦᠷᠦ | ᠪᠤᠯᠤᠨ ᠠᠰᠢᠭ ᠲᠤᠰᠠ ᠶᠢ ᠬᠤᠬᠢᠷᠠᠭᠤᠯᠬᠤ︔ ︵ᠠᠷᠪᠠᠨ ᠬᠤᠶᠠᠷ︶ ᠱᠠᠯᠢᠭ ᠵᠠᠪᠠᠭ᠋ᠠᠢ᠂ ᠬᠤᠤᠷ ᠲᠠᠳᠠᠬᠤ᠂ ᠵᠤᠭᠤᠰ | ᠮᠦᠷᠦ᠋ᠢᠴᠡᠬᠦ᠂ ᠮᠤᠬᠤᠷ ᠰᠦᠰᠦᠭ ᠵᠡᠷᠭᠡ ᠠᠵᠢᠯᠯᠠᠭ᠎ᠠ ᠳᠤ ᠤᠷᠤᠯᠴᠠᠬᠤ ᠪᠤᠶᠤ ᠲᠡᠬᠦᠨ ᠢ ᠲᠡᠮᠵᠢᠬᠦ︔ ︵ᠠᠷᠪᠠᠨ | ᠭᠤᠷᠪᠠ︶ ᠠᠵᠢᠯ ᠤᠨ ᠶᠤᠰᠤ ᠮᠤᠷᠠᠯ᠂ ᠨᠡᠶᠢᠭᠡᠮ ᠨᠡᠶᠢᠳᠡ ᠶᠢᠨ ᠶᠤᠰᠤ ᠰᠤᠷᠳᠠᠬᠤᠨ ᠠᠴᠠ ᠵᠦᠷᠢᠴᠡᠬᠦ︔ ︵ᠠᠷᠪᠠᠨ | ᠲᠦᠷᠪᠡ︶ ᠠᠰᠢᠭ ᠬᠤᠨᠵᠢᠪᠤᠷᠢ ᠬᠦᠭᠡᠭᠡᠴᠡᠯᠳᠦᠬᠦ ᠴᠢᠨᠠᠷᠳᠠᠢ ᠠᠵᠢᠯᠯᠠᠭ᠎ᠠ ᠶᠢ ᠡᠷᠬᠢᠯᠡᠬᠦ ᠪᠤᠶᠤ ᠤᠷᠤᠯᠴᠠᠬᠤ᠂ ᠠᠵᠤ | ᠠᠬᠤᠢᠢᠯᠠᠯ ᠪᠤᠶᠤ ᠪᠤᠰᠤᠤᠨ ᠠᠰᠢᠭ ᠬᠤᠨᠵᠢᠪᠤᠷᠢ ᠬᠦᠭᠡᠭᠡᠴᠡᠯᠳᠦᠬᠦ ᠴᠢᠨᠠᠷᠳᠠᠢ ᠵᠤᠬᠢᠶᠠᠨ ᠪᠠᠶᠢᠭᠤᠯᠤᠯᠳᠠ ᠳᠤ | ᠲᠤᠰᠢᠶᠠᠯ ᠬᠠᠪᠰᠤᠷᠭᠠᠨ ᠡᠭᠦᠷᠭᠡᠯᠡᠬᠦ︔ ︵ᠠᠷᠪᠠᠨ ᠲᠠᠪᠤ︶ ᠠᠵᠢᠯ ᠰᠠᠭᠠᠳᠠᠭᠰᠠᠨ ᠪᠤᠶᠤ ᠠᠯᠪᠠᠨ ᠭᠡᠷᠡᠭ ᠢᠶᠠᠷ | ᠭᠠᠳᠠᠭᠰᠢ ᠭᠠᠷᠬᠤ ᠪᠠ ᠴᠢᠯᠦᠭᠡ ᠭᠤᠶᠤᠭᠰᠠᠨ ᠬᠤᠭᠤᠴᠠᠭ᠎ᠠ ᠨᠢ ᠲᠤᠯᠤᠭᠠᠥᠨ ᠵᠦᠢ ᠶᠤᠰᠤᠨ ᠤ ᠤᠴᠢᠷ ᠰᠢᠯᠳᠠᠭᠠᠨ | ᠦᠭᠡᠢ ᠪᠠᠷ ᠲᠤᠭᠳᠠᠭᠰᠠᠨ ᠬᠤᠭᠤᠴᠠᠭᠠᠨ ᠳᠠᠭᠠᠨ ᠦᠯᠦ ᠪᠤᠴᠠᠭᠰᠠᠥᠨ︔ ︵ᠠᠷᠪᠠᠨ ᠵᠢᠷᠭᠤᠭ᠎ᠠ︶ ᠰᠠᠬᠢᠯᠭ᠎ᠠ | ᠪᠠᠳᠤ ᠶᠢ ᠵᠦᠷᠢᠴᠡᠭᠰᠡᠨ ᠪᠤᠰᠤᠤᠨ ᠠᠵᠢᠯᠯᠠᠭ᠎ᠠ ᠨᠤᠭᠤᠳ᠃ ᠲᠠᠪᠢᠨ ᠲᠦᠷᠪᠡᠳᠦᠭᠡᠷ ᠵᠦᠢᠯ ᠠᠯᠪᠠᠳᠠᠨ ᠠᠯᠪᠠᠨ ᠠᠵᠢᠯ | ᠬᠦᠢᠴᠡᠥᠨᠭᠡᠬᠦ ᠳᠡᠭᠡᠨ᠂ ᠲᠡᠭᠡᠳᠦ ᠱᠠᠳᠤᠨ ᠤ ᠲᠤᠭᠳᠠᠭᠠᠯ ᠪᠤᠶᠤ ᠵᠠᠷᠯᠢᠭ ᠢ ᠪᠤᠷᠤᠭᠤ ᠭᠡᠵᠦ ᠦᠵᠡᠪᠡᠯ᠂ ᠲᠡᠭᠡᠳᠦ | ᠱᠠᠳᠤᠨ ᠳᠠᠭᠠᠨ ᠲᠤᠰ ᠲᠤᠭᠳᠠᠭᠠᠯ ᠪᠤᠶᠤ ᠵᠠᠷᠯᠢᠭ ᠢ ᠦᠭᠡᠷᠡᠴᠢᠯᠡᠬᠦ ᠪᠤᠶᠤ ᠬᠦᠴᠦᠨ ᠦᠭᠡᠢ ᠪᠤᠯᠭᠠᠬᠤ ᠰᠠᠨᠠᠯ ᠢᠶᠠᠨ | ᠲᠤᠷᠠᠥᠨᠴᠤ ᠪᠤᠯᠤᠨ᠎ᠠ︔ ᠲᠡᠭᠡᠳᠦ ᠱᠠᠳᠤ ᠨᠢ ᠲᠤᠭᠳᠠᠭᠠᠯ ᠪᠤᠶᠤ ᠵᠠᠷᠯᠢᠭ ᠢᠶᠠᠨ ᠦᠭᠡᠷᠡᠴᠢᠯᠡᠬᠦ ᠦᠭᠡᠢ᠂ ᠡᠰᠡᠬᠦᠯ᠎ᠡ | ᠲᠠᠷᠤᠢ ᠳᠤᠨᠢ ᠭᠡᠷᠡᠭᠵᠢᠬᠦᠯᠬᠦ ᠪᠠᠷ ᠱᠠᠭᠠᠷᠳᠠᠪᠠᠯ ᠠᠯᠪᠠᠳᠠᠨ ᠲᠤᠰ ᠲᠤᠭᠳᠠᠭᠠᠯ ᠪᠤᠶᠤ ᠵᠠᠷᠯᠢᠭ ᠢ ᠬᠦᠢᠴᠡᠥᠨᠭᠡᠪᠡᠯ | ᠵᠤᠬᠢᠨ᠎ᠠ᠂ ᠬᠦᠢᠴᠡᠥᠨᠭᠡᠭᠰᠡᠨ ᠦᠷ᠎ᠡ ᠳ᠋ᠥᠩ ᠢ ᠲᠡᠭᠡᠳᠦ ᠱᠠᠳᠤ ᠨᠢ ᠬᠠᠷᠢᠭᠤᠴᠠᠨ᠎ᠠ᠂ ᠠᠯᠪᠠᠳᠠᠨ ᠬᠠᠷᠢᠭᠤᠴᠠᠯᠭ᠎ᠠ | ᠡᠭᠦᠷᠭᠡᠯᠡᠬᠦ ᠦᠭᠡᠢ︔ ᠭᠡᠪᠡᠴᠦ ᠠᠯᠪᠠᠳᠠᠨ ᠢᠯᠡᠥᠨᠳᠡ ᠬᠠᠥᠯᠢ ᠶᠢ ᠵᠦᠷᠢᠴᠡᠭᠰᠡᠨ ᠲᠤᠭᠳᠠᠭᠠᠯ ᠪᠤᠶᠤ ᠵᠠᠷᠯᠢᠭ ᠢ | ᠬᠦᠢᠴᠡᠥᠨᠭᠡᠭᠰᠡᠨ ᠪᠠᠶᠢᠪᠠᠯ ᠬᠠᠥᠯᠢ ᠶᠤᠰᠤᠭᠠᠷ ᠵᠤᠬᠢᠬᠤ ᠬᠠᠷᠢᠭᠤᠴᠠᠯᠭ᠎ᠠ ᠡᠭᠦᠷᠭᠡᠯᠡᠬᠦ ᠶᠤᠰᠤᠳᠠᠢ᠃ ᠲᠠᠪᠢᠨ | ᠲᠠᠪᠤᠳᠤᠭᠠᠷ ᠵᠦᠢᠯ ᠠᠯᠪᠠᠳᠠᠨ ᠬᠠᠥᠯᠢ ᠶᠢ ᠵᠦᠷᠢᠴᠡᠨ ᠰᠠᠬᠢᠯᠭ᠎ᠠ ᠪᠠᠳᠤ ᠶᠢ ᠵᠦᠷᠢᠴᠡᠭᠰᠡᠨ ᠠᠴᠠ ᠪᠤᠯᠤᠭᠠᠥᠨ ᠰᠠᠬᠢᠯᠭ᠎ᠠ | ᠪᠠᠳᠤ ᠶᠢᠨ ᠬᠠᠷᠢᠭᠤᠴᠠᠯᠭ᠎ᠠ ᠡᠭᠦᠷᠭᠡᠯᠡᠬᠦ ᠶᠤᠰᠤᠳᠠᠢ ᠪᠠᠶᠢᠪᠠᠯ ᠲᠤᠰ ᠬᠠᠥᠯᠢ ᠶᠢ ᠦᠨᠳᠦᠰᠦᠯᠡᠵᠦ ᠰᠢᠥᠨᠭᠡᠯ ᠤᠯᠭᠤᠨ᠎ᠠ︔ | ᠰᠠᠬᠢᠯᠭ᠎ᠠ ᠪᠠᠳᠤ ᠶᠢ ᠵᠦᠷᠢᠴᠡᠭᠰᠡᠨ ᠦᠢᠯᠨ ᠪᠠᠶᠢᠳᠠᠯ ᠨᠢ ᠬᠦᠡᠭᠭᠡᠨ ᠪᠦᠭᠡᠥᠨ ᠰᠢᠬᠦᠮᠵᠢᠯᠡᠵᠦ ᠰᠤᠷᠭᠠᠭᠠᠥᠨ | ᠵᠠᠯᠠᠷᠠᠭᠤᠯᠤᠭᠰᠠᠨ ᠪᠠᠶᠢᠪᠠᠯ ᠰᠢᠥᠨᠭᠡᠯ ᠦᠭᠬᠦ ᠠᠴᠠ ᠭᠡᠯᠳᠦᠷᠢᠬᠦᠯᠵᠦ ᠪᠤᠯᠤᠨ᠎ᠠ᠃ ᠲᠠᠪᠢᠨ ᠵᠢᠷᠭᠤᠳᠤᠭᠠᠷ ᠵᠦᠢᠯ | ᠰᠢᠥᠨᠭᠡᠯ ᠢ ᠲᠤᠩᠭᠤᠤᠬᠤ᠂ ᠤᠰᠤᠯ ᠲᠡᠮᠳᠡᠭᠯᠡᠬᠦ᠂ ᠲᠤᠮᠤ ᠤᠰᠤᠯ ᠲᠡᠮᠳᠡᠭᠯᠡᠬᠦ᠂ ᠲᠡᠰ ᠢ ᠪᠠᠭᠤᠷᠠᠭᠤᠯᠬᠤ᠂ | ᠲᠤᠰᠢᠶᠠᠯ ᠠᠴᠠ ᠨᠢ ᠤᠭᠴᠠᠷᠠᠭᠤᠯᠬᠤ᠂ ᠠᠵᠢᠯ ᠠᠴᠠ ᠨᠢ ᠬᠦᠭᠡᠭᠡᠬᠦ ᠵᠡᠷᠭᠡ ᠪᠠᠷ ᠬᠤᠪᠢᠶᠠᠨ᠎ᠠ᠃ ᠲᠠᠪᠢᠨ ᠲᠤᠯᠤᠳᠤᠭᠠᠷ | ᠵᠦᠢᠯ ᠠᠯᠪᠠᠳᠠᠨ ᠳᠤ ᠦᠭᠬᠦ ᠰᠢᠥᠨᠭᠡᠯ ᠨᠢ ᠪᠤᠳᠠᠳᠤ ᠭᠡᠷᠡᠭ ᠨᠢ ᠲᠤᠳᠤᠷᠬᠠᠢ᠂ ᠭᠡᠷᠡᠴᠢ ᠪᠠᠷᠢᠮᠳᠠ ᠨᠢ ᠦᠨᠡᠨ ᠪᠤᠳᠠᠳᠠᠢ | ᠂ ᠴᠢᠨᠠᠷ ᠢ ᠲᠤᠭᠳᠠᠭᠠᠭᠰᠠᠨ ᠨᠢ ᠤᠨᠤᠪᠴᠢᠳᠠᠢ᠂ ᠰᠢᠢᠥᠨᠪᠦᠷᠢᠯᠡᠭᠰᠡᠨ ᠨᠢ ᠲᠤᠬᠢᠷᠠᠮᠵᠢᠳᠠᠢ᠂ ᠵᠢᠷᠤᠮ ᠨᠢ ᠬᠠᠥᠯᠢ ᠳᠤ | ᠨᠡᠶᠢᠴᠡᠭᠰᠡᠨ᠂ ᠭᠠᠷ ᠬᠦᠢᠴᠡᠥᠨᠭᠡᠯ ᠨᠢ ᠪᠦᠷᠢᠨ ᠬᠦᠢᠴᠡᠥᠨ ᠪᠠᠶᠢᠬᠤ ᠭᠡᠷᠡᠭᠳᠡᠢ᠃ ᠠᠯᠪᠠᠳᠠᠨ ᠰᠠᠬᠢᠯᠭ᠎ᠠ ᠪᠠᠳᠤ ᠶᠢ | ᠵᠦᠷᠢᠴᠡᠪᠡᠯ ᠰᠢᠥᠨᠭᠡᠯ ᠢ ᠲᠤᠭᠳᠠᠭᠠᠬᠤ ᠪᠠᠶᠢᠭᠤᠯᠭ᠎ᠠ ᠠᠴᠠ ᠠᠯᠪᠠᠳᠠᠨ ᠤ ᠰᠠᠬᠢᠯᠭ᠎ᠠ ᠪᠠᠳᠤ ᠶᠢ ᠵᠦᠷᠢᠴᠡᠭᠰᠡᠨ | ᠪᠠᠶᠢᠳᠠᠯ ᠳᠤ ᠪᠠᠶᠢᠴᠠᠭᠠᠯᠳᠠ ᠬᠢᠵᠦ᠂ ᠪᠠᠶᠢᠴᠠᠭᠠᠨ ᠨᠤᠳᠠᠯᠠᠭᠰᠠᠨ ᠪᠤᠳᠠᠳᠤ ᠭᠡᠷᠡᠭ ᠵᠢᠴᠢ ᠰᠢᠥᠨᠭᠡᠯ ᠦᠭᠬᠦ ᠪᠠᠷ ᠵᠢᠱᠢᠵᠦ | ᠪᠦᠬᠦᠢ ᠦᠨᠳᠦᠰᠦ ᠪᠠᠷᠢᠮᠳᠠ ᠶᠢ ᠠᠯᠪᠠᠳᠠᠨ ᠬᠤᠪᠢ ᠬᠦᠮᠦᠨ ᠳᠤ ᠮᠡᠳᠡᠭᠳᠡᠬᠦ ᠭᠡᠷᠡᠭᠳᠡᠢ᠃ ᠠᠯᠪᠠᠳᠠᠨ ᠭᠡᠯᠡᠵᠦ | ᠲᠤᠳᠤᠷᠬᠠᠢᠢᠯᠠᠬᠤ᠂ ᠲᠠᠶᠢᠯᠪᠤᠷᠢᠯᠠᠬᠤ ᠡᠷᠭᠡ ᠲᠠᠢ᠃ ᠰᠢᠥᠨᠭᠡᠯ ᠢ ᠲᠤᠭᠳᠠᠭᠠᠬᠤ ᠪᠠᠶᠢᠭᠤᠯᠭ᠎ᠠ ᠠᠴᠠ ᠠᠯᠪᠠᠳᠠᠨ ᠳᠤ | ᠰᠢᠥᠨᠭᠡᠯ ᠦᠭᠬᠦ ᠶᠤᠰᠤᠳᠠᠢ ᠭᠡᠵᠦ ᠦᠵᠡᠪᠡᠯ᠂ ᠬᠠᠥᠯᠢ ᠪᠠᠷ ᠲᠤᠭᠳᠠᠭᠠᠭᠰᠠᠨ ᠬᠤᠭᠤᠴᠠᠭᠠᠨ ᠲᠤᠳᠤᠷ᠎ᠠ | ᠬᠠᠮᠢᠶᠠᠷᠤᠯᠳᠠ ᠶᠢᠨ ᠡᠷᠭᠡ ᠮᠡᠳᠡᠯ ᠤᠨ ᠭᠡᠪᠴᠢᠶ᠎ᠡ ᠪᠠ ᠲᠤᠭᠳᠠᠭᠰᠠᠨ ᠵᠢᠷᠤᠮ ᠶᠤᠰᠤᠭᠠᠷ ᠰᠢᠥᠨᠭᠡᠯ ᠦᠭᠬᠦ ᠲᠤᠭᠳᠠᠭᠠᠯ | ᠭᠠᠷᠭᠠᠬᠤ ᠭᠡᠷᠡᠭᠳᠡᠢ᠃ ᠰᠢᠥᠨᠭᠡᠯ ᠦᠭᠬᠦ ᠲᠤᠭᠳᠠᠭᠠᠯ ᠢ ᠪᠢᠴᠢᠭ ᠤᠨ ᠭᠡᠯᠪᠡᠷᠢ ᠪᠠᠷ ᠠᠯᠪᠠᠳᠠᠨ ᠤ ᠲᠤᠰ ᠪᠡᠶ᠎ᠡ ᠳᠤ | ᠮᠡᠳᠡᠭᠳᠡᠬᠦ ᠭᠡᠷᠡᠭᠳᠡᠢ᠃ ᠲᠠᠪᠢᠨ ᠨᠠᠢᠮᠠᠳᠤᠭᠠᠷ ᠵᠦᠢᠯ ᠰᠢᠥᠨᠭᠡᠯ ᠤᠯᠭᠤᠬᠤ ᠬᠤᠭᠤᠴᠠᠭᠠᠨ ᠳᠤ ᠠᠯᠪᠠᠳᠠᠨ ᠤ ᠲᠤᠰᠢᠶᠠᠯ | ᠪᠠ ᠲᠡᠰ ᠢ ᠨᠢ ᠲᠡᠪᠰᠢᠬᠦᠯᠵᠦ ᠪᠤᠯᠬᠤ ᠦᠭᠡᠢ᠂ ᠡᠭᠦᠨ ᠳᠤ ᠤᠰᠤᠯ ᠲᠡᠮᠳᠡᠭᠯᠡᠬᠦ᠂ ᠲᠤᠮᠤ ᠤᠰᠤᠯ ᠲᠡᠮᠳᠡᠭᠯᠡᠬᠦ᠂ | ᠲᠡᠰ ᠢ ᠨᠢ ᠪᠠᠭᠤᠷᠠᠭᠤᠯᠬᠤ᠂ ᠲᠤᠰᠢᠶᠠᠯ ᠠᠴᠠ ᠨᠢ ᠤᠭᠴᠠᠷᠠᠭᠤᠯᠬᠤ ᠰᠢᠥᠨᠭᠡᠯ ᠤᠯᠤᠭᠰᠠᠨ ᠪᠤᠯ ᠴᠠᠯᠢᠩ ᠤᠨ | ᠲᠡᠰ ᠢ ᠨᠢ ᠦᠰᠭᠡᠵᠦ ᠪᠤᠯᠬᠤ ᠦᠭᠡᠢ᠃ ᠰᠢᠥᠨᠭᠡᠯ ᠤᠯᠭᠤᠬᠤ ᠬᠤᠭᠤᠴᠠᠭ᠎ᠠ᠄ ᠲᠤᠩᠭᠤᠤᠨᠬᠤ᠂ ᠵᠢᠷᠭᠤᠭᠠᠨ ᠰᠠᠷ᠎ᠠ︔ | ᠤᠰᠤᠯ ᠲᠡᠮᠳᠡᠭᠯᠡᠬᠦ᠂ ᠠᠷᠪᠠᠨ ᠬᠤᠶᠠᠷ ᠰᠠᠷ᠎ᠠ︔ ᠲᠤᠮᠤ ᠤᠰᠤᠯ ᠲᠡᠮᠳᠡᠭᠯᠡᠬᠦ᠂ ᠠᠷᠪᠠᠨ ᠨᠠᠢᠮᠠᠨ ᠰᠠᠷ᠎ᠠ︔ ᠲᠡᠰ ᠢ ᠨᠢ | ᠪᠠᠭᠤᠷᠠᠭᠤᠯᠬᠤ᠂ ᠲᠤᠰᠢᠶᠠᠯ ᠠᠴᠠ ᠨᠢ ᠤᠭᠴᠠᠷᠠᠭᠤᠯᠬᠤ ᠬᠤᠷᠢᠨ ᠲᠦᠷᠪᠡᠨ ᠰᠠᠷ᠎ᠠ ᠪᠤᠯᠤᠨ᠎ᠠ᠃ ᠲᠤᠰᠢᠶᠠᠯ ᠠᠴᠠ ᠨᠢ | ᠤᠭᠴᠠᠷᠠᠭᠤᠯᠬᠤ ᠰᠢᠥᠨᠭᠡᠯ ᠤᠯᠤᠭᠰᠠᠥᠨ ᠢ ᠲᠤᠭᠳᠠᠭᠠᠯ ᠶᠤᠰᠤᠭᠠᠷ ᠲᠡᠰ ᠢ ᠨᠢ ᠪᠠᠭᠤᠷᠠᠭᠤᠯᠤᠨ᠎ᠠ᠃ ᠲᠠᠪᠢ | ᠶᠢᠰᠦᠳᠦᠭᠡᠷ ᠵᠦᠢᠯ ᠠᠯᠪᠠᠳᠠᠨ ᠠᠵᠢᠯ ᠠᠴᠠ ᠬᠦᠭᠡᠭᠡᠭᠳᠡᠬᠦ ᠰᠢᠥᠨᠭᠡᠯ ᠠᠴᠠ ᠪᠤᠰᠤᠤᠨ ᠰᠢᠥᠨᠭᠡᠯ ᠤᠯᠵᠤ᠂ | ᠰᠢᠥᠨᠭᠡᠯ ᠤᠨ ᠬᠤᠭᠤᠴᠠᠭᠠᠨ ᠳᠤ ᠭᠡᠮᠰᠢᠨ ᠤᠬᠠᠭᠠᠷᠠᠬᠤ ᠢᠯᠡᠷᠡᠯ ᠲᠠᠢ ᠪᠦᠭᠡᠥᠨ ᠲᠠᠬᠢᠨ ᠰᠠᠬᠢᠯᠭ᠎ᠠ ᠶᠢ ᠵᠦᠷᠢᠴᠡᠭᠰᠡᠨ | ᠦᠢᠯᠨ ᠠᠵᠢᠯᠯᠠᠭ᠎ᠠ ᠦᠭᠡᠢ ᠪᠤᠯ ᠰᠢᠥᠨᠭᠡᠯ ᠤᠨ ᠬᠤᠭᠤᠴᠠᠭ᠎ᠠ ᠲᠦᠬᠦᠷᠦᠭᠰᠡᠨ ᠤ ᠲᠠᠷᠠᠭ᠎ᠠ ᠰᠢᠥᠨᠭᠡᠯ ᠢ | ᠲᠤᠭᠳᠠᠭᠠᠭᠰᠠᠨ ᠪᠠᠶᠢᠭᠤᠯᠭ᠎ᠠ ᠠᠴᠠ ᠰᠢᠥᠨᠭᠡᠯ ᠢ ᠲᠠᠶᠢᠯᠵᠤ᠂ ᠪᠢᠴᠢᠭ ᠤᠨ ᠭᠡᠯᠪᠡᠷᠢ ᠪᠠᠷ ᠲᠤᠰ ᠬᠦᠮᠦᠨ ᠳᠤᠨᠢ | ᠮᠡᠳᠡᠭᠳᠡᠬᠦ ᠭᠡᠷᠡᠭᠳᠡᠢ᠃ ᠰᠢᠥᠨᠭᠡᠯ ᠢ ᠲᠠᠶᠢᠯᠤᠭᠰᠠᠨ ᠤ ᠲᠠᠷᠠᠭ᠎ᠠ᠂ ᠴᠠᠯᠢᠩ ᠤᠨ ᠲᠡᠰ᠂ ᠲᠤᠰᠢᠶᠠᠯ ᠤᠨ ᠲᠡᠰ ᠬᠢᠭᠡᠥᠨ | ᠲᠤᠰᠢᠶᠠᠯ ᠲᠡᠪᠰᠢᠬᠦ ᠨᠢ ᠤᠤᠯ ᠤᠨ ᠰᠢᠥᠨᠭᠡᠯ ᠳᠤ ᠲᠠᠬᠢᠨ ᠨᠦᠯᠦᠭᠡᠯᠡᠭᠳᠡᠬᠦ ᠦᠭᠡᠢ᠃ ᠭᠡᠪᠡᠴᠦ ᠲᠡᠰ | ᠪᠠᠭᠤᠷᠠᠭᠤᠯᠤᠭᠰᠠᠨ ᠪᠠ ᠲᠤᠰᠢᠶᠠᠯ ᠠᠴᠠ ᠨᠢ ᠤᠭᠴᠠᠷᠠᠭᠤᠯᠤᠭᠰᠠᠨ ᠰᠢᠥᠨᠭᠡᠯ ᠢ ᠲᠠᠶᠢᠯᠠᠬᠤ ᠶᠠᠪᠤᠳᠠᠯ ᠢ ᠤᠤᠯ ᠤᠨ | ᠲᠡᠰ ᠪᠤᠯᠤᠨ ᠲᠤᠰᠢᠶᠠᠯ ᠢ ᠨᠢ ᠰᠡᠷᠬᠦᠭᠡᠬᠦ ᠶᠠᠪᠤᠳᠠᠯ ᠢᠶᠠᠷ ᠦᠵᠡᠵᠦ ᠪᠤᠯᠬᠤ ᠦᠭᠡᠢ᠃ ᠠᠷᠪᠠᠳᠤᠭᠠᠷ ᠪᠦᠯᠦᠭ | ᠪᠤᠯᠪᠠᠰᠤᠷᠠᠭᠤᠯᠬᠤ ᠵᠢᠷᠠᠳᠤᠭᠠᠷ ᠵᠦᠢᠯ ᠪᠠᠶᠢᠭᠤᠯᠭ᠎ᠠ ᠠᠴᠠ ᠠᠯᠪᠠᠳᠠᠨ ᠤ ᠠᠵᠢᠯ ᠤᠨ ᠡᠭᠦᠷᠭᠡ ᠬᠠᠷᠢᠭᠤᠴᠠᠯᠭ᠎ᠠ ᠶᠢᠨ | ᠱᠠᠭᠠᠷᠳᠠᠯᠭ᠎ᠠ ᠪᠤᠯᠤᠨ ᠠᠯᠪᠠᠳᠠᠨ ᠤ ᠭᠡᠪ ᠴᠢᠨᠠᠷ ᠢ ᠲᠡᠭᠡᠭᠰᠢᠯᠡᠬᠦᠯᠬᠦ ᠭᠡᠷᠡᠭᠴᠡᠭᠡ ᠶᠢ ᠦᠨᠳᠦᠰᠦᠯᠡᠵᠦ᠂ ᠠᠯᠪᠠᠳᠠᠨ ᠢ | ᠲᠡᠰ ᠲᠦᠷᠦᠯ ᠬᠤᠪᠢᠶᠠᠵᠤ ᠪᠠᠶᠢᠭᠠᠥᠨ ᠪᠤᠯᠪᠠᠰᠤᠷᠠᠭᠤᠯᠤᠯ ᠬᠦᠷᠳᠡᠬᠡᠬᠦ ᠭᠡᠷᠡᠭᠳᠡᠢ᠃ ᠤᠯᠤᠰ ᠠᠴᠠ ᠠᠯᠪᠠᠳᠠᠨ ᠢ | ᠪᠤᠯᠪᠠᠰᠤᠷᠠᠭᠤᠯᠬᠤ ᠲᠤᠰᠬᠠᠢ ᠪᠠᠶᠢᠭᠤᠯᠤᠮᠵᠢ ᠶᠢ ᠪᠠᠶᠢᠭᠤᠯᠤᠨ᠎ᠠ᠃ ᠪᠠᠶᠢᠭᠤᠯᠭ᠎ᠠ ᠨᠢ ᠭᠡᠷᠡᠭᠴᠡᠭᠡ ᠪᠠᠨ ᠦᠨᠳᠦᠰᠦᠯᠡᠵᠦ | ᠪᠤᠰᠤᠤᠨ ᠪᠤᠯᠪᠠᠰᠤᠷᠠᠭᠤᠯᠤᠯ ᠤᠨ ᠪᠠᠶᠢᠭᠤᠯᠤᠮᠵᠢ ᠳᠤ ᠨᠡᠶᠢᠳᠡᠵᠦ ᠠᠯᠪᠠᠳᠠᠨ ᠢ ᠪᠤᠯᠪᠠᠰᠤᠷᠠᠭᠤᠯᠬᠤ ᠡᠭᠦᠷᠭᠡ ᠶᠢ | ᠡᠭᠦᠷᠭᠡᠯᠡᠬᠦᠯᠵᠦ ᠪᠤᠯᠤᠨ᠎ᠠ᠃ ᠵᠢᠷᠠᠨ ᠨᠢᠭᠡᠳᠦᠭᠡᠷ ᠵᠦᠢᠯ ᠪᠠᠶᠢᠭᠤᠯᠭ᠎ᠠ ᠠᠴᠠ ᠰᠢᠨ᠎ᠡ ᠡᠯᠰᠡᠨ ᠭᠡᠷᠡᠭᠯᠡᠬᠦ ᠬᠦᠮᠦᠰ ᠲᠤ | ᠲᠤᠷᠰᠢᠨ ᠭᠡᠷᠡᠭᠯᠡᠬᠦ ᠬᠤᠭᠤᠴᠠᠭᠠᠨ ᠳᠤ ᠠᠩᠬ᠎ᠠ ᠲᠤᠰᠢᠶᠠᠯ ᠡᠭᠦᠷᠭᠡᠯᠡᠬᠦ ᠪᠤᠯᠪᠠᠰᠤᠷᠠᠭᠤᠯᠤᠯ ᠬᠢᠨ᠎ᠡ︔ ᠤᠳᠤᠷᠢᠥᠨᠬᠤ | ᠲᠤᠰᠢᠶᠠᠯ ᠳᠤ ᠲᠡᠪᠰᠢᠬᠦ ᠠᠯᠪᠠᠳᠠᠨ ᠳᠤ ᠲᠡᠪᠰᠢᠬᠦ ᠠᠴᠠ ᠡᠮᠦᠨ᠎ᠡ ᠪᠤᠶᠤ ᠲᠡᠪᠰᠢᠭᠰᠡᠨ ᠤ ᠰᠡᠬᠦᠯᠡᠷ ᠨᠢᠭᠡ ᠵᠢᠯ ᠤᠨ | ᠲᠤᠳᠤᠷ᠎ᠠ ᠲᠤᠰᠢᠶᠠᠯ ᠡᠭᠦᠷᠭᠡᠯᠡᠬᠦ ᠪᠤᠯᠪᠠᠰᠤᠷᠠᠭᠤᠯᠤᠯ ᠬᠢᠨ᠎ᠠ︔ ᠲᠤᠰᠬᠠᠢ ᠲᠦᠷᠦᠯ ᠤᠨ ᠠᠵᠢᠯ ᠡᠷᠬᠢᠯᠡᠵᠦ ᠪᠠᠶᠢᠭ᠎ᠠ | ᠠᠯᠪᠠᠳᠠᠨ ᠳᠤ ᠲᠤᠰᠬᠠᠢᠢᠯᠠᠨ ᠲᠤᠬᠠᠢᠢᠯᠠᠭᠰᠠᠨ ᠠᠵᠢᠯ ᠤᠨ ᠪᠤᠯᠪᠠᠰᠤᠷᠠᠭᠤᠯᠤᠯ ᠬᠢᠨ᠎ᠡ︔ ᠪᠦᠬᠦ ᠠᠯᠪᠠᠳᠠᠨ ᠳᠤ | ᠮᠡᠳᠡᠯᠭᠡ ᠶᠢ ᠰᠢᠨᠡᠥᠨᠭᠡᠬᠦ᠂ ᠠᠵᠢᠯ ᠤᠨ ᠴᠢᠳᠠᠪᠤᠷᠢ ᠶᠢ ᠲᠡᠭᠡᠭᠰᠢᠯᠡᠬᠦᠯᠬᠦ ᠠᠵᠢᠯ ᠤᠨ ᠪᠠᠶᠢᠷᠢ ᠶᠢᠨ ᠪᠤᠯᠪᠠᠰᠤᠷᠠᠭᠤᠯᠤᠯ | ᠬᠢᠨ᠎ᠡ᠂ ᠡᠭᠦᠨ ᠤ ᠲᠤᠳᠤᠷ᠎ᠠ ᠲᠤᠰᠬᠠᠢ ᠮᠡᠷᠭᠡᠵᠢᠯ ᠤᠨ ᠲᠤᠰᠢᠶᠠᠯ ᠡᠭᠦᠷᠭᠡᠯᠡᠵᠦ ᠪᠠᠶᠢᠭ᠎ᠠ ᠠᠯᠪᠠᠳᠠᠨ ᠳᠤ ᠲᠤᠰᠬᠠᠢ | ᠮᠡᠷᠭᠡᠵᠢᠯ ᠤᠨ ᠠᠵᠢᠯᠳᠠᠨ ᠤ ᠦᠷᠬᠦᠯᠵᠢᠯᠡᠨ ᠰᠤᠷᠭᠠᠨ ᠬᠦᠮᠦᠵᠢᠯ ᠬᠢᠬᠦ ᠱᠠᠭᠠᠷᠳᠠᠯᠭ᠎ᠠ ᠪᠠᠷ ᠲᠤᠰᠬᠠᠢ ᠮᠡᠷᠭᠡᠵᠢᠯ ᠤᠨ | ᠪᠤᠯᠪᠠᠰᠤᠷᠠᠭᠤᠯᠤᠯ ᠬᠢᠨ᠎ᠡ᠃ ᠤᠯᠤᠰ ᠠᠴᠠ ᠲᠦᠯᠦᠪᠯᠡᠭᠡ ᠲᠠᠢ ᠪᠠᠷ ᠪᠡᠯᠡᠥᠨᠭᠡᠯ ᠤᠳᠤᠷᠢᠥᠨᠬᠤ ᠬᠦᠮᠦᠰ ᠢ | ᠪᠤᠯᠪᠠᠰᠤᠷᠠᠭᠤᠯᠬᠤ ᠠᠵᠢᠯ ᠢ ᠴᠢᠩᠭᠠᠥᠨᠬᠠᠨ᠎ᠠ᠃ ᠵᠢᠷᠠᠨ ᠬᠤᠶᠠᠳᠤᠭᠠᠷ ᠵᠦᠢᠯ ᠠᠯᠪᠠᠳᠠᠨ ᠤ ᠪᠤᠯᠪᠠᠰᠤᠷᠠᠭᠤᠯᠤᠯ ᠳᠤ | ᠪᠦᠷᠢᠥᠨᠭᠡᠨ ᠲᠡᠮᠳᠡᠭᠯᠡᠬᠦ ᠬᠠᠮᠢᠶᠠᠷᠤᠯᠳᠠ ᠶᠢ ᠶᠠᠪᠤᠭᠤᠯᠤᠨ᠎ᠠ᠃ ᠠᠯᠪᠠᠳᠠᠨ ᠤ ᠪᠤᠯᠪᠠᠰᠤᠷᠠᠭᠤᠯᠬᠤ ᠳᠤ ᠤᠷᠤᠯᠴᠠᠬᠤ ᠴᠠᠭ | ᠬᠤᠭᠤᠴᠠᠭ᠎ᠠ ᠶᠢ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠠᠴᠠ ᠲᠤᠰ ᠬᠠᠥᠯᠢ ᠶᠢᠨ ᠵᠢᠷᠠᠨ ᠨᠢᠭᠡᠳᠦᠭᠡᠷ | ᠵᠦᠢᠯ ᠳᠤ ᠲᠤᠭᠳᠠᠭᠠᠭᠰᠠᠨ ᠪᠤᠯᠪᠠᠰᠤᠷᠠᠭᠤᠯᠤᠯ ᠤᠨ ᠱᠠᠭᠠᠷᠳᠠᠯᠭ᠎ᠠ ᠶᠢᠨ ᠶᠤᠰᠤᠭᠠᠷ ᠲᠤᠭᠳᠠᠭᠠᠨ᠎ᠠ᠃ ᠠᠯᠪᠠᠳᠠᠨ ᠤ | ᠪᠤᠯᠪᠠᠰᠤᠷᠠᠭᠤᠯᠤᠯ ᠤᠨ ᠪᠠᠶᠢᠳᠠᠯ᠂ ᠰᠤᠷᠤᠯᠭ᠎ᠠ ᠶᠢᠨ ᠬᠢᠷᠢ ᠪᠦᠳᠦᠮᠵᠢ ᠶᠢ ᠠᠯᠪᠠᠳᠠᠨ ᠢ ᠬᠢᠨᠠᠨ ᠰᠢᠯᠭᠠᠬᠤ ᠠᠭᠤᠯᠭ᠎ᠠ᠂ | ᠲᠤᠰᠢᠶᠠᠯ ᠳᠤ ᠲᠤᠮᠢᠯᠠᠬᠤ ᠪᠠ ᠵᠡᠷᠭᠡ ᠲᠡᠪᠰᠢᠬᠦᠯᠬᠦ ᠦᠨᠳᠦᠰᠦ ᠪᠠᠷᠢᠮᠳᠠ ᠶᠢᠨ ᠨᠢᠭᠡ ᠪᠤᠯᠭᠠᠨ᠎ᠠ᠃ ᠠᠷᠪᠠᠨ ᠨᠢᠭᠡᠳᠦᠭᠡᠷ | ᠪᠦᠯᠦᠭ ᠰᠤᠯᠢᠯᠴᠠᠬᠤ ᠪᠠ ᠵᠠᠶᠢᠯᠠᠭᠤᠯᠬᠤ ᠵᠢᠷᠠᠨ ᠭᠤᠷᠪᠠᠳᠤᠭᠠᠷ ᠵᠦᠢᠯ ᠤᠯᠤᠰ ᠠᠴᠠ ᠠᠯᠪᠠᠳᠠᠨ ᠤ ᠰᠤᠯᠢᠯᠴᠠᠬᠤ | ᠲᠦᠷᠢᠮ ᠢ ᠭᠡᠷᠡᠭᠵᠢᠬᠦᠯᠦᠨ᠎ᠡ᠃ ᠠᠯᠪᠠᠳᠠᠨ ᠢ ᠠᠯᠪᠠᠳᠠᠨ ᠤ ᠡᠩᠨᠡᠭᠡᠨ ᠤ ᠲᠤᠳᠤᠭᠠᠳᠤ ᠳᠠᠭᠠᠨ ᠰᠤᠯᠢᠯᠴᠠᠵᠤ ᠪᠤᠯᠬᠤ | ᠪᠦᠭᠡᠥᠨ ᠪᠠᠰᠠ ᠪᠦᠬᠦ ᠤᠯᠤᠰ ᠤᠨ ᠦᠮᠴᠢᠯᠡᠯᠳᠦ ᠠᠵᠤ ᠠᠬᠤᠢᠢᠯᠠᠯ ᠠᠵᠢᠯ ᠦᠢᠯᠡᠰ ᠤᠨ ᠨᠢᠭᠡᠴᠡ᠂ ᠠᠷᠠᠥᠨ ᠤᠨ | ᠪᠦᠯᠬᠦᠮ ᠪᠠ ᠤᠯᠠᠨ ᠲᠦᠮᠡᠨ ᠤ ᠪᠦᠯᠬᠦᠮ ᠤᠨ ᠲᠤᠳᠤᠷᠠᠬᠢ ᠠᠯᠪᠠᠨ ᠠᠵᠢᠯᠳᠠᠨ ᠢ ᠡᠷᠬᠢᠯᠡᠵᠦ ᠪᠠᠶᠢᠭ᠎ᠠ | ᠠᠵᠢᠯᠳᠠᠨ ᠲᠠᠢ ᠰᠤᠯᠢᠯᠴᠠᠵᠤ ᠪᠤᠯᠤᠨ᠎ᠠ᠃ ᠰᠤᠯᠢᠯᠴᠠᠬᠤ ᠠᠷᠭ᠎ᠠ ᠭᠡᠯᠪᠡᠷᠢ ᠳᠤ ᠰᠢᠯᠵᠢᠬᠦᠯᠦᠨ ᠲᠤᠮᠢᠯᠠᠬᠤ᠂ ᠬᠠᠯᠠᠨ | ᠲᠤᠮᠢᠯᠠᠬᠤ ᠪᠠ ᠲᠤᠰᠢᠶᠠᠯ ᠲᠠᠢ ᠪᠤᠯᠪᠠᠰᠤᠷᠠᠭᠤᠯᠬᠤ ᠪᠠᠭᠳᠠᠨ᠎ᠠ᠃ ᠵᠢᠷᠠᠨ ᠲᠦᠷᠪᠡᠳᠦᠭᠡᠷ ᠵᠦᠢᠯ ᠤᠯᠤᠰ ᠤᠨ | ᠦᠮᠴᠢᠯᠡᠯᠳᠦ ᠠᠵᠤ ᠠᠬᠤᠢᠢᠯᠠᠯ᠂ ᠠᠵᠢᠯ ᠦᠢᠯᠡᠰ ᠤᠨ ᠨᠢᠭᠡᠴᠡ᠂ ᠠᠷᠠᠥᠨ ᠤᠨ ᠪᠦᠯᠬᠦᠮ ᠪᠠ ᠤᠯᠠᠨ ᠲᠦᠮᠡᠨ ᠤ | ᠪᠦᠯᠬᠦᠮ ᠤᠨ ᠲᠤᠳᠤᠷᠠᠬᠢ ᠠᠯᠪᠠᠨ ᠠᠵᠢᠯ ᠢ ᠡᠷᠬᠢᠯᠡᠵᠦ ᠪᠠᠶᠢᠭ᠎ᠠ ᠠᠵᠢᠯᠳᠠᠨ ᠪᠠᠶᠢᠭᠤᠯᠭ᠎ᠠ ᠳᠤ ᠰᠢᠯᠵᠢᠨ ᠤᠷᠤᠵᠤ | ᠤᠳᠤᠷᠢᠳᠤᠯᠭ᠎ᠠ ᠶᠢᠨ ᠲᠤᠰᠢᠶᠠᠯ ᠪᠤᠶᠤ ᠲᠤᠰᠠᠯᠠᠬᠤ ᠪᠠᠶᠢᠴᠠᠭᠠᠨ ᠰᠤᠳᠤᠯᠤᠭᠴᠢ ᠠᠴᠠ ᠲᠡᠭᠡᠭᠰᠢᠬᠢ ᠪᠠ ᠪᠤᠰᠤᠤᠨ | ᠠᠳᠠᠯᠢ ᠲᠤᠰᠢᠶᠠᠯ ᠤᠨ ᠲᠡᠰ ᠲᠠᠪᠬᠤᠷᠭ᠎ᠠ ᠶᠢᠨ ᠤᠳᠤᠷᠢᠳᠤᠯᠭ᠎ᠠ ᠶᠢᠨ ᠪᠤᠰᠤ ᠲᠤᠰᠢᠶᠠᠯ ᠢ ᠬᠠᠷᠢᠭᠤᠴᠠᠵᠤ ᠪᠤᠯᠤᠨ᠎ᠠ᠃ | ᠰᠢᠯᠵᠢᠨ ᠲᠤᠰᠢᠶᠠᠯ ᠬᠠᠷᠢᠭᠤᠴᠠᠭᠰᠠᠤᠨ ᠨᠢ ᠲᠤᠰ ᠬᠠᠥᠯᠢ ᠶᠢᠨ ᠠᠷᠪᠠᠨ ᠨᠢᠭᠡᠳᠦᠭᠡᠷ ᠵᠦᠢᠯ ᠳᠤ ᠲᠤᠭᠳᠠᠭᠠᠭᠰᠠᠨ | ᠨᠦᠬᠦᠴᠡᠯ ᠬᠢᠭᠡᠥᠨ ᠲᠤᠮᠢᠯᠠᠬᠤ ᠪᠠᠷ ᠵᠢᠱᠢᠵᠦ ᠪᠦᠬᠦᠢ ᠲᠤᠰᠢᠶᠠᠯ ᠤᠨ ᠪᠠᠶᠢᠷᠢ ᠳᠤ ᠱᠠᠭᠠᠷᠳᠠᠭᠳᠠᠬᠤ ᠭᠢᠷᠢ ᠭᠡᠮ ᠤᠨ | ᠨᠦᠬᠦᠴᠡᠯ ᠢ ᠪᠦᠷᠢᠯᠳᠦᠬᠦᠯᠬᠦ ᠭᠡᠷᠡᠭᠳᠡᠢ ᠪᠦᠭᠡᠥᠨ ᠲᠤᠰ ᠬᠠᠥᠯᠢ ᠶᠢᠨ ᠬᠤᠷᠢᠨ ᠲᠦᠷᠪᠡᠳᠦᠭᠡᠷ ᠵᠦᠢᠯ ᠳᠤ | ᠲᠤᠭᠳᠠᠭᠠᠭᠰᠠᠨ ᠪᠠᠶᠢᠳᠠᠯ ᠲᠠᠢ ᠪᠠᠶᠢᠵᠤ ᠪᠤᠯᠬᠤ ᠦᠭᠡᠢ᠃ ᠰᠢᠯᠵᠢᠬᠦᠯᠦᠨ ᠲᠤᠮᠢᠯᠠᠬᠤ ᠪᠠᠶᠢᠭᠤᠯᠭ᠎ᠠ ᠨᠢ ᠲᠡᠭᠡᠷ᠎ᠡ | ᠲᠤᠷᠠᠳᠤᠭᠰᠠᠨ ᠲᠤᠭᠳᠠᠭᠠᠯ ᠢ ᠦᠨᠳᠦᠰᠦᠯᠡᠵᠦ ᠰᠢᠯᠵᠢᠨ ᠲᠤᠰᠢᠶᠠᠯ ᠬᠠᠷᠢᠭᠤᠴᠠᠭᠰᠠᠥᠨ ᠢ ᠴᠢᠩᠭ᠎ᠠ ᠬᠢᠨᠠᠨ ᠰᠢᠯᠭᠠᠵᠤ᠂ | ᠬᠠᠮᠢᠶᠠᠷᠤᠯᠳᠠ ᠶᠢᠨ ᠡᠷᠭᠡ ᠮᠡᠳᠡᠯ ᠤᠨ ᠬᠡᠪᠴᠢᠶ᠎ᠡ ᠶᠤᠰᠤᠭᠠᠷ ᠬᠢᠨᠠᠨ ᠵᠦᠪᠰᠢᠶᠡᠷᠡᠬᠦᠯᠬᠦ ᠭᠡᠷᠡᠭᠳᠡᠢ᠂ ᠴᠢᠬᠤᠯᠨ ᠲᠠᠢ | ᠦᠶ᠎ᠡ ᠳᠤ ᠰᠢᠯᠵᠢᠨ ᠲᠤᠰᠢᠶᠠᠯ ᠬᠠᠷᠢᠭᠤᠴᠠᠭᠰᠠᠥᠨ ᠲᠤ ᠰᠢᠯᠭᠠᠯᠳᠠ ᠬᠢᠵᠦ ᠪᠤᠯᠤᠨ᠎ᠠ᠃ ᠵᠢᠷᠠᠨ ᠲᠠᠪᠤᠳᠤᠭᠠᠷ ᠵᠦᠢᠯ | ᠠᠯᠪᠠᠳᠠᠨ ᠢ ᠠᠳᠠᠯᠢ ᠪᠤᠰᠤ ᠲᠤᠰᠢᠶᠠᠯ ᠤᠨ ᠪᠠᠶᠢᠷᠢ ᠶᠢᠨ ᠬᠤᠭᠤᠷᠤᠨᠳᠤ ᠬᠠᠯᠠᠨ ᠲᠤᠮᠢᠯᠠᠬᠤ ᠳᠤ ᠡᠷᠭᠡᠪᠡᠰᠢ | ᠲᠤᠮᠢᠯᠠᠬᠤ ᠪᠠᠷ ᠵᠢᠱᠢᠵᠦ ᠪᠦᠬᠦᠢ ᠲᠤᠰᠢᠶᠠᠯ ᠤᠨ ᠪᠠᠶᠢᠷᠢ ᠳᠤ ᠱᠠᠭᠠᠷᠳᠠᠭᠳᠠᠬᠤ ᠬᠢᠷᠢ ᠭᠡᠮ ᠢ ᠪᠦᠷᠢᠯᠳᠦᠬᠦᠯᠵᠦ᠂ | ᠲᠤᠭᠳᠠᠭᠰᠠᠨ ᠤᠷᠤᠨ ᠲᠤᠭᠠᠨ ᠤ ᠬᠢᠵᠠᠭᠠᠷᠯᠠᠯ ᠪᠠ ᠲᠤᠰᠢᠶᠠᠯ ᠤᠨ ᠲᠤᠭ᠎ᠠ ᠶᠤᠰᠤᠭᠠᠷ ᠬᠢᠬᠦ ᠭᠡᠷᠡᠭᠳᠡᠢ᠃ ᠮᠤᠵᠢ᠂ | ᠶᠠᠮᠤᠨ ᠤ ᠱᠠᠳᠤᠨ ᠤ ᠵᠢᠩᠭᠢᠨᠢ ᠲᠤᠰᠢᠶᠠᠯ ᠠᠴᠠ ᠲᠤᠷᠤᠭᠰᠢᠬᠢ ᠤᠳᠤᠷᠢᠥᠨᠬᠤ ᠪᠦᠷᠢᠯᠳᠦᠬᠦᠨ ᠢ ᠲᠦᠯᠦᠪᠯᠡᠭᠡ ᠲᠠᠢ | ᠭᠤᠤᠯᠳᠠᠯᠭ᠎ᠠ ᠲᠠᠢ ᠪᠠᠷ ᠭᠠᠵᠠᠷ ᠤᠷᠤᠨ ᠠᠯᠤᠰᠯᠠᠨ᠂ ᠰᠠᠯᠠᠭ᠎ᠠ ᠮᠦᠴᠢᠷ ᠠᠯᠤᠰᠯᠠᠵᠤ ᠬᠠᠯᠠᠨ ᠲᠤᠮᠢᠯᠠᠬᠤ ᠭᠡᠷᠡᠭᠳᠡᠢ᠃ | ᠪᠠᠶᠢᠭᠤᠯᠭ᠎ᠠ ᠶᠢᠨ ᠲᠤᠳᠤᠭᠠᠳᠤ ᠳᠤ ᠲᠤᠬᠢᠷᠠᠭᠤᠯᠤᠭᠰᠠᠨ ᠪᠠᠶᠢᠭᠤᠯᠤᠮᠵᠢ ᠶᠢᠨ ᠤᠳᠤᠷᠢᠳᠤᠯᠭ᠎ᠠ ᠶᠢᠨ ᠲᠤᠰᠢᠶᠠᠯ ᠪᠠ | ᠤᠨᠴᠠᠭᠠᠢ ᠠᠵᠢᠯ ᠤᠨ ᠰᠢᠨᠵᠢ ᠴᠢᠨᠠᠷ ᠲᠠᠢ ᠤᠳᠤᠷᠢᠳᠤᠯᠭ᠎ᠠ ᠶᠢᠨ ᠪᠤᠰᠤ ᠲᠤᠰᠢᠶᠠᠯ ᠢ ᠡᠭᠦᠷᠭᠡᠯᠡᠬᠦ ᠠᠯᠪᠠᠳᠠᠨ ᠢ | ᠲᠦᠯᠦᠪᠯᠡᠭᠡ ᠲᠠᠢ ᠪᠠᠷ ᠲᠤᠰ ᠪᠠᠶᠢᠭᠤᠯᠭ᠎ᠠ ᠶᠢᠨ ᠲᠤᠳᠤᠭᠠᠳᠤ ᠳᠤ ᠬᠠᠯᠠᠨ ᠲᠤᠮᠢᠯᠠᠪᠠᠯ ᠵᠤᠬᠢᠨ᠎ᠠ᠃ ᠵᠢᠷᠠᠨ | ᠵᠢᠷᠭᠤᠳᠤᠭᠠᠷ ᠵᠦᠢᠯ ᠠᠯᠪᠠᠳᠠᠨ ᠢ ᠬᠦᠮᠦᠵᠢᠬᠦᠯᠦᠨ ᠪᠤᠯᠪᠠᠰᠤᠷᠠᠭᠤᠯᠬᠤ ᠭᠡᠷᠡᠭᠴᠡᠭᠡ ᠶᠢ ᠦᠨᠳᠦᠰᠦᠯᠡᠨ ᠠᠯᠪᠠᠳᠠᠨ ᠢ | ᠲᠤᠤᠷᠠᠳᠤ ᠱᠠᠳᠤᠨ ᠤ ᠠᠯᠪᠠᠨ ᠪᠠᠶᠢᠭᠤᠯᠭ᠎ᠠ ᠪᠤᠶᠤ ᠡᠰᠡᠬᠦᠯ᠎ᠡ ᠲᠡᠬᠡᠳᠦ ᠱᠠᠳᠤᠨ ᠤ ᠠᠯᠪᠠᠨ ᠪᠠᠶᠢᠭᠤᠯᠭ᠎ᠠ᠂ ᠪᠤᠰᠤᠤᠨ | ᠭᠠᠵᠠᠷ ᠤᠷᠤᠨ ᠵᠢᠴᠢ ᠤᠯᠤᠰ ᠤᠨ ᠦᠮᠴᠢᠯᠡᠯᠳᠦ ᠠᠵᠤ ᠠᠬᠤᠢᠢᠯᠠᠯ᠂ ᠠᠵᠢᠯ ᠦᠢᠯᠡᠰ ᠤᠨ ᠨᠢᠭᠡᠴᠡ ᠳᠤ ᠰᠢᠯᠢᠨ | ᠲᠤᠮᠢᠯᠠᠵᠤ ᠲᠤᠰᠢᠶᠠᠯ ᠲᠠᠢ ᠪᠤᠯᠪᠠᠰᠤᠷᠠᠭᠤᠯᠬᠤ ᠪᠤᠯᠤᠨ᠎ᠠ᠃ ᠲᠤᠰᠢᠶᠠᠯ ᠲᠠᠢ ᠪᠤᠯᠪᠠᠰᠤᠷᠠᠭᠤᠯᠵᠤ ᠪᠠᠶᠢᠭ᠎ᠠ | ᠬᠤᠭᠤᠴᠠᠭᠠᠨ ᠳᠤ ᠠᠯᠪᠠᠳᠠᠨ ᠤ ᠤᠤᠯ ᠪᠠᠶᠢᠭᠤᠯᠭ᠎ᠠ ᠯᠤᠭ᠎ᠠ ᠶᠢᠨ ᠠᠵᠢᠯᠳᠠᠨ ᠤ ᠶᠠᠪᠤᠳᠠᠯ ᠤᠨ ᠬᠠᠷᠢᠴᠠᠭ᠎ᠠ ᠶᠢ | ᠬᠤᠪᠢᠷᠠᠭᠤᠯᠬᠤ ᠦᠭᠡᠢ᠃ ᠵᠢᠷᠠᠨ ᠲᠤᠯᠤᠳᠤᠭᠠᠷ ᠵᠦᠢᠯ ᠠᠯᠪᠠᠳᠠᠨ ᠨᠢ ᠪᠠᠶᠢᠭᠤᠯᠭ᠎ᠠ ᠶᠢᠨ ᠢᠶᠠᠨ ᠰᠤᠯᠢᠯᠴᠠᠬᠤ | ᠲᠤᠭᠳᠠᠭᠠᠯ ᠢ ᠲᠠᠭᠠᠬᠤ ᠭᠡᠷᠡᠭᠳᠡᠢ᠃ ᠠᠯᠪᠠᠳᠠᠨ ᠬᠤᠪᠢ ᠬᠦᠮᠦᠨ ᠰᠤᠯᠢᠯᠴᠠᠬᠤ ᠶᠢ ᠭᠤᠶᠤᠴᠢᠯᠠᠪᠠᠯ | ᠬᠠᠮᠢᠶᠠᠷᠤᠯᠳᠠ ᠶᠢᠨ ᠡᠷᠭᠡ ᠮᠡᠳᠡᠯ ᠤᠨ ᠭᠡᠪᠴᠢᠶ᠎ᠡ ᠶᠤᠰᠤᠭᠠᠷ ᠬᠢᠨᠠᠨ ᠵᠦᠪᠰᠢᠶᠡᠷᠡᠬᠦᠯᠦᠨ᠎ᠡ᠃ ᠵᠢᠷᠠᠨ ᠨᠠᠢᠮᠠᠳᠤᠭᠠᠷ | ᠵᠦᠢᠯ ᠠᠯᠪᠠᠳᠠᠨ ᠤ ᠬᠤᠭᠤᠷᠤᠨᠳᠤ ᠡᠷ᠎ᠡ ᠡᠮ᠎ᠡ ᠶᠢᠨ ᠬᠠᠷᠢᠴᠠᠭ᠎ᠠ ᠲᠠᠢ᠂ ᠴᠢᠰᠤᠨ ᠲᠦᠷᠦᠯ ᠤᠨ ᠬᠠᠷᠢᠴᠠᠭ᠎ᠠ ᠲᠠᠢ᠂ | ᠭᠤᠷᠪᠠᠨ ᠦᠶ᠎ᠡ ᠶᠢᠨ ᠲᠤᠳᠤᠷᠠᠬᠢ ᠦᠶᠡᠯᠢᠥᠨ ᠴᠢᠰᠦᠨ ᠲᠦᠷᠦᠯ ᠤᠨ ᠬᠠᠷᠢᠴᠠᠭ᠎ᠠ ᠵᠢᠴᠢ ᠦᠢᠷ᠎ᠠ ᠤᠷᠤᠭ ᠰᠠᠳᠤᠨ ᠤ | ᠬᠠᠷᠢᠴᠠᠭ᠎ᠠ ᠲᠠᠢ ᠪᠠᠶᠢᠪᠠᠯ᠂ ᠨᠢᠭᠡ ᠪᠠᠶᠢᠭᠤᠯᠭ᠎ᠠ ᠳᠤ ᠬᠤᠶᠠᠷ ᠡᠳᠡᠭᠡᠥᠨ ᠢᠶᠠᠷ ᠢᠶᠠᠨ ᠨᠢᠭᠡ ᠤᠳᠤᠷᠢᠳᠤᠯᠭ᠎ᠠ ᠳᠤ | ᠰᠢᠭᠤᠤᠨ ᠬᠠᠷᠢᠶᠠᠯᠠᠭᠳᠠᠬᠤ ᠲᠤᠰᠢᠶᠠᠯ ᠪᠤᠶᠤ ᠰᠢᠭᠤᠤᠨ ᠲᠡᠭᠡᠳᠦ ᠲᠤᠤᠷᠠᠳᠤ ᠱᠠᠳᠤᠨ ᠤ ᠤᠳᠤᠷᠢᠥᠨᠬᠤ | ᠬᠠᠷᠢᠴᠠᠭ᠎ᠠ ᠲᠠᠢ ᠲᠤᠰᠢᠶᠠᠯ ᠢ ᠬᠠᠷᠢᠭᠤᠴᠠᠵᠤ ᠪᠤᠯᠬᠤ ᠦᠭᠡᠢ ᠪᠦᠭᠡᠥᠨ ᠲᠡᠬᠦᠨ ᠤ ᠨᠢᠭᠡ ᠡᠳᠡᠭᠡᠥᠨ ᠨᠢ | ᠤᠳᠤᠷᠢᠳᠤᠯᠭ᠎ᠠ ᠶᠢᠨ ᠲᠤᠰᠢᠶᠠᠯ ᠬᠠᠷᠢᠭᠤᠴᠠᠵᠤ ᠪᠠᠶᠢᠭ᠎ᠠ ᠪᠠᠶᠢᠭᠤᠯᠭ᠎ᠠ ᠳᠤ ᠵᠤᠬᠢᠶᠠᠨ ᠪᠠᠶᠢᠭᠤᠯᠬᠤ᠂ ᠠᠵᠢᠯᠳᠠᠨ ᠤ | ᠶᠠᠪᠤᠳᠠᠯ᠂ ᠰᠠᠬᠢᠯᠭ᠎ᠠ ᠪᠠᠳᠤ ᠪᠠᠶᠢᠴᠠᠭᠠᠬᠤ᠂ ᠬᠢᠨᠠᠨ ᠪᠠᠶᠢᠴᠠᠭᠠᠬᠤ᠂ ᠬᠢᠨᠠᠨ ᠪᠤᠳᠤᠬᠤ ᠬᠢᠭᠡᠥᠨ ᠡᠳ᠋ ᠤᠨ ᠶᠠᠪᠤᠳᠠᠯ ᠤᠨ | ᠠᠵᠢᠯ ᠢ ᠬᠢᠵᠦ ᠪᠤᠯᠬᠤ ᠦᠭᠡᠢ᠃ ᠭᠠᠵᠠᠷ ᠤᠷᠤᠨ ᠪᠤᠶᠤ ᠠᠵᠢᠯ ᠤᠨ ᠰᠢᠨᠵᠢ ᠴᠢᠨᠠᠷ ᠤᠨᠴᠠᠭᠠᠢ ᠠᠴᠠ ᠪᠤᠯᠵᠤ | ᠲᠤᠰᠢᠶᠠᠯ ᠤᠨ ᠵᠠᠶᠢᠯᠠᠭᠤᠯᠤᠯᠳᠠ ᠶᠢ ᠦᠭᠡᠷᠡᠳᠡᠬᠦᠯᠦᠨ ᠭᠡᠷᠡᠭᠵᠢᠬᠦᠯᠬᠦ ᠴᠢᠬᠤᠯᠨ ᠲᠠᠢ ᠦᠶ᠎ᠡ ᠳᠤ ᠮᠤᠵᠢ ᠶᠢᠨ | ᠱᠠᠳᠤᠨ ᠠᠴᠠ ᠲᠡᠭᠡᠭᠰᠢᠬᠢ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠠᠴᠠ ᠲᠤᠭᠳᠠᠭᠠᠨ᠎ᠠ᠃ ᠵᠢᠷᠠ | ᠶᠢᠰᠦᠳᠦᠭᠡᠷ ᠵᠦᠢᠯ ᠠᠯᠪᠠᠳᠠᠨ ᠰᠢᠶᠠᠩ ᠤᠨ ᠱᠠᠳᠤᠨ ᠤ ᠪᠠᠶᠢᠭᠤᠯᠭ᠎ᠠ᠂ ᠰᠢᠶᠠᠨ ᠤ ᠱᠠᠳᠤᠨ ᠤ ᠪᠠᠶᠢᠭᠤᠯᠭ᠎ᠠ ᠵᠢᠴᠢ | ᠲᠡᠬᠦᠨ ᠤ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠭᠤᠤᠯ ᠤᠳᠤᠷᠢᠥᠨᠬᠤ ᠲᠤᠰᠢᠶᠠᠯ ᠢ ᠡᠭᠦᠷᠭᠡᠯᠡᠬᠦ ᠳᠤ ᠬᠠᠥᠯᠢ ᠳᠤ | ᠠᠰᠳᠠᠭᠠᠨ ᠲᠤᠭᠳᠠᠭᠠᠯ ᠪᠠᠶᠢᠬᠤ ᠠᠴᠠ ᠪᠤᠰᠤᠤᠨ ᠨᠢ ᠭᠠᠵᠠᠷ ᠤᠷᠤᠨ ᠤ ᠵᠠᠶᠢᠯᠠᠭᠤᠯᠤᠯᠳᠠ ᠶᠢ ᠬᠡᠷᠡᠭᠵᠢᠬᠦᠯᠬᠦ ᠭᠡᠷᠡᠭᠳᠡᠢ | ᠃ ᠲᠠᠯᠠᠳᠤᠭᠠᠷ ᠵᠦᠢᠯ ᠠᠯᠪᠠᠳᠠᠨ ᠠᠯᠪᠠᠨ ᠠᠵᠢᠯ ᠢ ᠬᠦᠢᠴᠡᠥᠨᠭᠡᠬᠦ ᠦᠶ᠎ᠡ ᠳᠤ ᠲᠤᠤᠷᠠᠬᠢ ᠪᠠᠶᠢᠳᠠᠯ ᠤᠨ ᠠᠯᠢ ᠨᠢᠭᠡᠨ | ᠵᠦᠢᠯ ᠪᠠᠶᠢᠪᠠᠯ ᠵᠠᠶᠢᠯᠠᠭᠤᠯᠬᠤ ᠭᠡᠷᠡᠭᠳᠡᠢ᠄ ︵ᠨᠢᠭᠡ︶ ᠬᠤᠪᠢ ᠪᠡᠶ᠎ᠡ ᠶᠢᠨ ᠠᠰᠢᠭ ᠬᠤᠤᠷ ᠤᠨ ᠬᠠᠷᠢᠴᠠᠭ᠎ᠠ ᠲᠠᠢ | ᠬᠤᠯᠪᠤᠭᠳᠠᠬᠤ︔ ︵ᠬᠤᠶᠠᠷ︶ ᠬᠤᠪᠢ ᠬᠦᠮᠦᠨ ᠯᠦᠭᠡ ᠲᠤᠰ ᠬᠠᠥᠯᠢ ᠶᠢᠨ ᠵᠢᠷᠠᠨ ᠨᠠᠢᠮᠠᠳᠤᠭᠠᠷ ᠵᠦᠢᠯ ᠤᠨ | ᠨᠢᠭᠡᠳᠦᠭᠡᠷ ᠵᠤᠷᠪᠤᠰ ᠲᠤ ᠵᠢᠭᠰᠠᠭᠠᠭᠰᠠᠨ ᠲᠦᠷᠦᠯ ᠰᠠᠳᠤᠨ ᠤ ᠬᠠᠷᠢᠴᠠᠭ᠎ᠠ ᠲᠠᠢ ᠬᠦᠮᠦᠰ ᠤᠨ ᠠᠰᠢᠭ ᠬᠤᠤᠷ ᠤᠨ | ᠬᠠᠷᠢᠴᠠᠭ᠎ᠠ ᠳᠤ ᠬᠤᠯᠪᠤᠭᠳᠠᠬᠤ︔ ︵ᠭᠤᠷᠪᠠ︶ ᠭᠤᠤᠯᠴᠢ ᠪᠠᠷ ᠠᠯᠪᠠᠨ ᠭᠡᠷᠡᠭ ᠬᠦᠢᠴᠡᠥᠨᠭᠡᠬᠦ ᠶᠢ ᠨᠦᠯᠦᠭᠡᠯᠡᠵᠦ | ᠮᠡᠳᠡᠬᠦ ᠪᠤᠰᠤᠤᠨ ᠲᠠᠯ᠎ᠠ᠃ ᠲᠠᠯᠠᠨ ᠨᠢᠭᠡᠳᠦᠭᠡᠷ ᠵᠦᠢᠯ ᠠᠯᠪᠠᠳᠠᠨ ᠳᠤ ᠵᠠᠶᠢᠯᠠᠭᠤᠯᠬᠤ ᠴᠢᠬᠤᠯᠨ ᠲᠠᠢ ᠪᠠᠶᠢᠳᠠᠯ ᠪᠠᠶᠢᠪᠠᠯ | ᠬᠤᠪᠢ ᠬᠦᠮᠦᠨ ᠨᠢ ᠵᠠᠶᠢᠯᠠᠭᠤᠯᠬᠤ ᠪᠠᠷ ᠭᠤᠶᠤᠴᠢᠯᠠᠬᠤ ᠭᠡᠷᠡᠭᠳᠡᠢ︔ ᠠᠰᠢᠭ ᠬᠤᠤᠷ ᠤᠨ ᠬᠠᠷᠢᠴᠠᠭ᠎ᠠ ᠲᠠᠢ | ᠬᠦᠮᠦᠨ ᠨᠢ ᠠᠯᠪᠠᠳᠠᠨ ᠢ ᠵᠠᠶᠢᠯᠠᠭᠤᠯᠬᠤ ᠪᠠᠷ ᠭᠤᠶᠤᠴᠢᠯᠠᠬᠤ ᠡᠷᠭᠡ ᠲᠠᠢ᠃ ᠪᠤᠰᠤᠤᠨ ᠬᠦᠮᠦᠰ ᠠᠴᠠ ᠠᠯᠪᠠᠳᠠᠨ ᠤ | ᠵᠠᠶᠢᠯᠠᠭᠤᠯᠬᠤ ᠴᠢᠬᠤᠯᠨ ᠲᠠᠢ ᠪᠠᠶᠢᠳᠠᠯ ᠢ ᠪᠠᠶᠢᠭᠤᠯᠭ᠎ᠠ ᠳᠤᠨᠢ ᠮᠡᠳᠡᠬᠦᠯᠵᠦ ᠪᠤᠯᠤᠨ᠎ᠠ᠃ ᠪᠠᠶᠢᠭᠤᠯᠭ᠎ᠠ ᠠᠴᠠ | ᠠᠯᠪᠠᠳᠠᠨ ᠤ ᠲᠤᠰ ᠪᠡᠶ᠎ᠡ ᠪᠤᠶᠤ ᠠᠰᠢᠭ ᠬᠤᠤᠷ ᠤᠨ ᠬᠠᠷᠢᠴᠠᠭ᠎ᠠ ᠲᠠᠢ ᠬᠦᠮᠦᠨ ᠤ ᠭᠤᠶᠤᠴᠢᠯᠠᠯ ᠢ ᠦᠨᠳᠦᠰᠦᠯᠡᠵᠦ᠂ | ᠬᠢᠨᠠᠨ ᠪᠠᠶᠢᠴᠠᠭᠠᠭᠰᠠᠨ ᠤ ᠲᠠᠷᠠᠭ᠎ᠠ ᠵᠠᠶᠢᠯᠠᠭᠤᠯᠬᠤ ᠡᠰᠡᠬᠦ ᠶᠢ ᠲᠤᠭᠳᠠᠭᠠᠨ᠎ᠠ᠂ ᠭᠤᠶᠤᠴᠢᠯᠠᠯ ᠢ ᠲᠠᠮᠵᠢᠬᠤ ᠦᠭᠡᠢ ᠪᠠᠷ | ᠰᠢᠭᠤᠤᠨ ᠵᠠᠶᠢᠯᠠᠭᠤᠯᠬᠤ ᠲᠤᠭᠳᠠᠭᠠᠯ ᠭᠠᠷᠭᠠᠵᠤ ᠴᠤ ᠪᠤᠯᠤᠨ᠎ᠠ᠃ ᠲᠠᠯᠠᠨ ᠬᠤᠶᠠᠳᠤᠭᠠᠷ ᠵᠦᠢᠯ ᠬᠠᠥᠯᠢ ᠠᠴᠠ | ᠠᠯᠪᠠᠳᠠᠨ ᠢ ᠵᠠᠶᠢᠯᠠᠭᠤᠯᠬᠤ ᠠᠰᠳᠠᠭᠠᠨ ᠲᠤᠭᠳᠠᠭᠠᠯ ᠲᠠᠢ ᠪᠠᠶᠢᠪᠠᠯ ᠲᠡᠷᠡ ᠬᠦ ᠲᠤᠭᠳᠠᠭᠠᠯ ᠢ ᠲᠠᠭᠠᠨ᠎ᠠ᠃ ᠠᠷᠪᠠᠨ | ᠬᠤᠶᠠᠳᠤᠭᠠᠷ ᠪᠦᠯᠦᠭ ᠴᠠᠯᠢᠩ ᠠᠰᠠᠷᠠᠮᠵᠢ ᠲᠠᠭᠠᠥᠨᠬᠠᠯ ᠲᠠᠯᠠᠨ ᠭᠤᠷᠪᠠᠳᠤᠭᠠᠷ ᠵᠦᠢᠯ ᠠᠯᠪᠠᠳᠠᠨ ᠳᠤ ᠲᠤᠰᠢᠶᠠᠯ | ᠬᠢᠭᠡᠥᠨ ᠲᠡᠰ ᠢ ᠬᠠᠷᠢᠯᠴᠠᠨ ᠤᠶᠠᠯᠳᠤᠭᠤᠯᠤᠭᠰᠠᠨ ᠤᠯᠤᠰ ᠤᠨ ᠨᠢᠭᠡᠳᠦᠯᠳᠡᠢ ᠴᠠᠯᠢᠩ ᠤᠨ ᠲᠦᠷᠢᠮ ᠢ | ᠭᠡᠷᠡᠭᠵᠢᠬᠦᠯᠦᠨ᠎ᠡ᠃ ᠠᠯᠪᠠᠳᠠᠨ ᠤ ᠴᠠᠯᠢᠩ ᠤᠨ ᠲᠦᠷᠢᠮ ᠳᠤ ᠬᠦᠳᠡᠯᠮᠦᠷᠢᠯᠡᠭᠰᠡᠨ ᠤ ᠬᠢᠨᠢ ᠬᠢᠷᠢ ᠪᠠᠷ ᠬᠤᠪᠢᠶᠠᠷᠢᠯᠠᠬᠤ | ᠵᠠᠷᠴᠢᠮ ᠢ ᠲᠤᠤᠱᠯᠠᠭᠤᠯᠵᠤ᠂ ᠠᠵᠢᠯ ᠤᠨ ᠡᠭᠦᠷᠭᠡ ᠬᠠᠷᠢᠭᠤᠴᠠᠯᠭ᠎ᠠ᠂ ᠠᠵᠢᠯ ᠤᠨ ᠴᠢᠳᠠᠪᠤᠷᠢ᠂ ᠠᠵᠢᠯ ᠤᠨ ᠪᠤᠳᠠᠳᠤ | ᠠᠮᠵᠢᠯᠳᠠ᠂ ᠠᠵᠢᠯ ᠤᠨ ᠦᠡᠭᠭᠡᠷᠡᠯᠳᠡ ᠵᠡᠷᠭᠡ ᠬᠦᠴᠦᠨ ᠵᠦᠢᠯ ᠢ ᠢᠯᠡᠷᠡᠬᠦᠯᠵᠦ ᠠᠳᠠᠯᠢ ᠪᠤᠰᠤ ᠲᠤᠰᠢᠶᠠᠯ ᠬᠢᠭᠡᠥᠨ | ᠲᠡᠰ ᠤᠨ ᠬᠤᠭᠤᠷᠤᠨᠳᠤ ᠵᠤᠬᠢᠰᠳᠠᠢ ᠴᠠᠯᠢᠩ ᠤᠨ ᠵᠦᠷᠢᠶ᠎ᠡ ᠲᠠᠢ ᠪᠠᠶᠢᠯᠭᠠᠨ᠎ᠠ᠃ ᠤᠯᠤᠰ ᠠᠴᠠ ᠠᠯᠪᠠᠳᠠᠨ ᠤ | ᠴᠠᠯᠢᠩ ᠤᠨ ᠭᠡᠪ ᠤᠨ ᠶᠤᠰᠤᠭᠠᠷ ᠨᠡᠮᠡᠭᠳᠡᠬᠦ ᠲᠤᠭᠳᠠᠴᠠ ᠶᠢ ᠪᠠᠶᠢᠭᠤᠯᠤᠨ᠎ᠠ᠃ ᠲᠠᠯᠠᠨ ᠲᠦᠷᠪᠡᠳᠦᠭᠡᠷ ᠵᠦᠢᠯ | ᠠᠯᠪᠠᠳᠠᠨ ᠤ ᠴᠠᠯᠢᠩ ᠳᠤ ᠦᠨᠳᠦᠰᠦᠨ ᠴᠠᠯᠢᠩ᠂ ᠨᠦᠬᠦᠪᠦᠷᠢ ᠵᠤᠭᠤᠰ᠂ ᠨᠦᠬᠦᠪᠦᠷᠢ ᠮᠦᠡᠭᠭᠦ ᠪᠠ ᠱᠠᠩᠨᠠᠯ ᠤᠨ | ᠮᠦᠡᠭᠭᠦ ᠪᠠᠭᠳᠠᠨ᠎ᠠ᠃ ᠠᠯᠪᠠᠳᠠᠨ ᠤ ᠤᠯᠤᠰ ᠤᠨ ᠲᠤᠭᠳᠠᠭᠠᠯ ᠶᠤᠰᠤᠭᠠᠷ ᠭᠠᠵᠠᠷ ᠤᠷᠤᠨ ᠤ ᠨᠡᠮᠡᠯᠳᠡ ᠨᠦᠬᠦᠪᠦᠷᠢ | ᠵᠤᠭᠤᠰ᠂ ᠬᠠᠳᠠᠭᠤ ᠬᠦᠴᠢᠷᠳᠡᠯᠳᠡᠢ ᠬᠢᠯᠢ ᠬᠢᠵᠠᠭᠠᠷ ᠪᠤᠶᠢᠳᠠ ᠪᠦᠭᠯᠡᠬᠦᠦ ᠤᠷᠤᠨ ᠤ ᠨᠦᠬᠦᠪᠦᠷᠢ ᠵᠤᠭᠤᠰ᠂ | ᠠᠵᠢᠯ ᠤᠨ ᠪᠠᠶᠢᠷᠢ ᠶᠢᠨ ᠨᠦᠬᠦᠪᠦᠷᠢ ᠵᠤᠭᠤᠰ ᠵᠡᠷᠭᠡ ᠨᠦᠬᠦᠪᠦᠷᠢ ᠵᠤᠭᠤᠰ ᠤᠯᠤᠨ᠎ᠠ᠃ ᠠᠯᠪᠠᠳᠠᠨ ᠤᠯᠤᠰ ᠤᠨ | ᠲᠤᠭᠳᠠᠭᠠᠯ ᠶᠤᠰᠤᠭᠠᠷ ᠤᠷᠤᠨ ᠰᠠᠭᠤᠴᠠ᠂ ᠡᠮ ᠡᠮᠨᠡᠯᠭᠡ ᠵᠡᠷᠭᠡ ᠶᠢᠨ ᠨᠦᠬᠦᠪᠦᠷᠢ ᠮᠦᠡᠭᠭᠦ ᠪᠤᠯᠤᠨ ᠲᠡᠥᠨᠬᠦᠮᠵᠢ ᠶᠢ | ᠬᠦᠷᠳᠡᠨ᠎ᠡ᠃ ᠠᠯᠪᠠᠳᠠᠨ ᠲᠤᠭᠳᠠᠭᠰᠠᠨ ᠬᠤᠭᠤᠴᠠᠭᠠᠨ ᠤ ᠬᠢᠨᠠᠨ ᠰᠢᠯᠭᠠᠷᠠᠭᠤᠯᠤᠯᠳᠠ ᠳᠤ ᠰᠢᠯᠢᠳᠡᠭ ᠬᠢᠭᠡᠥᠨ | ᠲᠤᠰᠢᠶᠠᠯ ᠳᠠᠭᠠᠨ ᠲᠡᠩᠴᠡᠭᠰᠡᠨ ᠢᠶᠠᠷ ᠲᠤᠭᠳᠠᠭᠠᠭᠳᠠᠪᠠᠯ ᠤᠯᠤᠰ ᠤᠨ ᠲᠤᠭᠳᠠᠭᠠᠯ ᠶᠤᠰᠤᠭᠠᠷ ᠵᠢᠯ ᠤᠨ ᠡᠴᠦᠰ ᠤᠨ | ᠱᠠᠩᠨᠠᠯ ᠤᠨ ᠮᠦᠡᠭᠭᠦ ᠤᠯᠤᠨ᠎ᠠ᠃ ᠠᠯᠪᠠᠳᠠᠨ ᠤ ᠴᠠᠯᠢᠩ ᠢ ᠲᠤᠭᠳᠠᠭᠰᠠᠨ ᠴᠠᠭ ᠲᠤᠨᠢ ᠲᠤᠭ᠎ᠠ ᠶᠤᠰᠤᠭᠠᠷ ᠲᠠᠯᠪᠢᠬᠤ | ᠭᠡᠷᠡᠭᠳᠡᠢ᠃ ᠲᠠᠯᠠᠨ ᠲᠠᠪᠤᠳᠤᠭᠠᠷ ᠵᠦᠢᠯ ᠠᠯᠪᠠᠳᠠᠨ ᠤ ᠴᠠᠯᠢᠩ ᠤᠨ ᠭᠡᠮᠵᠢᠶ᠎ᠡ ᠨᠢ ᠤᠯᠤᠰ ᠠᠷᠠᠥᠨ ᠤᠨ ᠠᠵᠤ | ᠠᠬᠤᠢ ᠶᠢᠨ ᠬᠦᠭᠵᠢᠯᠳᠡ ᠲᠠᠢ ᠬᠠᠷᠢᠯᠴᠠᠨ ᠵᠤᠬᠢᠴᠠᠵᠤ᠂ ᠨᠡᠶᠢᠭᠡᠮ ᠤᠨ ᠲᠠᠪᠰᠢᠯᠳᠠ ᠲᠠᠢ ᠲᠤᠬᠢᠷᠠᠯᠴᠠᠭᠰᠠᠨ ᠪᠠᠶᠢᠬᠤ | ᠭᠡᠷᠡᠭᠳᠡᠢ᠃ ᠤᠯᠤᠰ ᠠᠴᠠ ᠴᠠᠯᠢᠩ ᠤᠨ ᠪᠠᠶᠢᠴᠠᠭᠠᠯᠳᠠ ᠶᠢᠨ ᠲᠦᠷᠢᠮ ᠢ ᠭᠡᠷᠡᠭᠵᠢᠬᠦᠯᠵᠦ᠂ ᠠᠯᠪᠠᠳᠠᠨ ᠬᠢᠭᠡᠥᠨ ᠠᠵᠤ | ᠠᠬᠤᠢᠢᠯᠠᠯ ᠤᠨ ᠠᠳᠠᠯᠢᠪᠳᠤᠷ ᠠᠵᠢᠯᠳᠠᠨ ᠤ ᠴᠠᠯᠢᠩ ᠤᠨ ᠭᠡᠮᠵᠢᠶ᠎ᠡ ᠳᠤ ᠲᠤᠭᠳᠠᠭᠰᠠᠨ ᠬᠤᠭᠤᠴᠠᠭ᠎ᠠ ᠲᠠᠢ ᠪᠠᠷ | ᠪᠠᠶᠢᠴᠠᠭᠠᠯᠳᠠ ᠬᠢᠵᠦ ᠬᠠᠷᠢᠴᠠᠭᠤᠯᠤᠨ᠎ᠠ᠂ ᠴᠠᠯᠢᠩ ᠤᠨ ᠪᠠᠶᠢᠴᠠᠭᠠᠯᠳᠠ ᠬᠢᠵᠦ ᠬᠠᠷᠢᠴᠠᠭᠤᠯᠤᠭᠰᠠᠨ ᠦᠷ᠎ᠡ ᠳ᠋ᠥᠩ ᠢᠶᠠᠷ | ᠠᠯᠪᠠᠳᠠᠨ ᠤ ᠴᠠᠯᠢᠩ ᠤᠨ ᠲᠦᠪᠰᠢᠨ ᠳᠤ ᠲᠤᠬᠢᠷᠠᠭᠤᠯᠤᠯᠳᠠ ᠬᠢᠬᠦ ᠦᠨᠳᠦᠰᠦᠯᠡᠯ ᠪᠤᠯᠭᠠᠨ᠎ᠠ᠃ ᠲᠠᠯᠠᠨ ᠵᠢᠷᠭᠤᠳᠤᠭᠠᠷ | ᠵᠦᠢᠯ ᠠᠯᠪᠠᠳᠠᠨ ᠨᠢ ᠤᠯᠤᠰ ᠤᠨ ᠲᠤᠭᠳᠠᠭᠠᠯ ᠶᠤᠰᠤᠭᠠᠷ ᠠᠰᠠᠷᠠᠮᠵᠢ ᠶᠢᠨ ᠤᠯᠭᠤᠮᠵᠢ ᠬᠦᠷᠳᠡᠨ᠎ᠡ᠃ ᠤᠯᠤᠰ ᠠᠴᠠ | ᠠᠵᠤ ᠠᠬᠤᠢ ᠨᠡᠶᠢᠭᠡᠮ ᠤᠨ ᠬᠦᠭᠵᠢᠯᠳᠡ ᠶᠢᠨ ᠭᠢᠷᠢ ᠭᠡᠮᠵᠢᠶ᠎ᠡ ᠶᠢ ᠦᠨᠳᠦᠰᠦᠯᠡᠵᠦ ᠠᠯᠪᠠᠳᠠᠨ ᠤ ᠠᠰᠠᠷᠠᠮᠵᠢ ᠶᠢᠨ | ᠤᠯᠭᠤᠮᠵᠢ ᠶᠢ ᠲᠡᠭᠡᠭᠰᠢᠯᠡᠬᠦᠯᠦᠨ᠎ᠡ᠃ ᠠᠯᠪᠠᠳᠠᠨ ᠨᠢ ᠤᠯᠤᠰ ᠠᠴᠠ ᠲᠤᠭᠳᠠᠭᠠᠭᠰᠠᠨ ᠠᠵᠢᠯᠯᠠᠬᠤ ᠴᠠᠭ ᠤᠨ ᠲᠦᠷᠢᠮ ᠢ | ᠭᠡᠷᠡᠭᠵᠢᠬᠦᠯᠵᠦ᠂ ᠤᠯᠤᠰ ᠤᠨ ᠲᠤᠭᠳᠠᠭᠠᠯ ᠶᠤᠰᠤᠭᠠᠷ ᠠᠮᠠᠷᠠᠯᠳᠠ ᠠᠪᠤᠨ᠎ᠠ᠃ ᠠᠯᠪᠠᠳᠠᠨ ᠬᠠᠥᠯᠢ ᠪᠠᠷ | ᠲᠤᠭᠳᠠᠭᠠᠭᠰᠠᠨ ᠠᠵᠢᠯᠯᠠᠬᠤ ᠡᠳᠦᠷ ᠠᠴᠠ ᠭᠠᠳᠠᠨ᠎ᠠ ᠨᠡᠮᠡᠨ ᠠᠵᠢᠯᠯᠠᠭᠰᠠᠨ ᠪᠤᠯ ᠵᠤᠬᠢᠴᠠᠩᠭᠤᠢ ᠪᠠᠷ ᠨᠦᠬᠦᠨ | ᠠᠮᠠᠷᠠᠭᠤᠯᠤᠨ᠎ᠠ᠃ ᠲᠠᠯᠠᠨ ᠲᠤᠯᠤᠳᠤᠭᠠᠷ ᠵᠦᠢᠯ ᠤᠯᠤᠰ ᠠᠴᠠ ᠠᠯᠪᠠᠳᠠᠨ ᠤ ᠲᠠᠭᠠᠥᠨᠬᠠᠯ ᠤᠨ ᠲᠦᠷᠢᠮ ᠢ ᠪᠠᠶᠢᠭᠤᠯᠵᠤ | ᠂ ᠠᠯᠪᠠᠳᠠᠨ ᠤ ᠠᠵᠢᠯ ᠠᠴᠠ ᠠᠮᠠᠷᠠᠬᠤ᠂ ᠡᠪᠡᠥᠨᠴᠢᠯᠡᠬᠦ᠂ ᠠᠯᠪᠠᠨ ᠭᠡᠷᠡᠭ ᠢᠶᠠᠷ ᠭᠡᠮᠳᠦᠬᠦ᠂ ᠬᠦᠡᠭᠭᠡᠵᠢᠬᠦ᠂ ᠠᠵᠢᠯ | ᠠᠯᠳᠠᠬᠤ ᠵᠡᠷᠭᠡ ᠪᠠᠶᠢᠳᠠᠯ ᠤᠨ ᠲᠤᠤᠷ᠎ᠠ ᠬᠠᠪᠰᠤᠷᠤᠯᠭ᠎ᠠ ᠪᠠ ᠨᠦᠬᠦᠪᠦᠷᠢ ᠬᠦᠷᠳᠡᠬᠦ ᠶᠢ ᠪᠠᠳᠤᠯᠠᠨ᠎ᠠ᠃ ᠠᠯᠪᠠᠳᠠᠨ | ᠠᠯᠪᠠᠨ ᠤ ᠶᠠᠪᠤᠳᠠᠯ ᠠᠴᠠ ᠵᠡᠮᠳᠡᠭ ᠪᠤᠯᠤᠭᠰᠠᠨ ᠪᠤᠯ ᠤᠯᠤᠰ ᠠᠴᠠ ᠲᠤᠭᠳᠠᠭᠠᠭᠰᠠᠨ ᠵᠡᠮᠳᠡᠭ ᠪᠤᠯᠤᠭᠰᠠᠨ ᠬᠠᠷᠠᠭᠠᠯᠵᠠᠯ | ᠬᠦᠷᠳᠡᠨ᠎ᠡ᠃ ᠠᠯᠪᠠᠳᠠᠨ ᠠᠯᠪᠠᠨ ᠭᠡᠷᠡᠭ ᠢᠶᠠᠷ ᠪᠡᠶ᠎ᠡ ᠦᠷᠡᠭᠳᠡᠭᠰᠡᠨ᠂ ᠠᠯᠪᠠᠨ ᠭᠡᠷᠡᠭ ᠢᠶᠠᠷ ᠦᠭᠦᠭᠰᠡᠨ ᠪᠤᠶᠤ | ᠡᠪᠡᠥᠨᠴᠢᠨ ᠢᠶᠠᠷ ᠦᠬᠦᠭᠰᠡᠨ ᠪᠤᠯ ᠤᠢᠢᠷ᠎ᠠ ᠲᠦᠷᠦᠯ ᠨᠢ ᠤᠯᠤᠰ ᠠᠴᠠ ᠲᠤᠭᠳᠠᠭᠠᠭᠰᠠᠨ ᠠᠰᠠᠷᠠᠮᠵᠢ ᠪᠠ | ᠬᠠᠷᠠᠭᠠᠯᠵᠠᠯ ᠢ ᠬᠦᠷᠳᠡᠨ᠎ᠡ᠃ ᠲᠠᠯᠠᠨ ᠨᠠᠢᠮᠠᠳᠤᠭᠠᠷ ᠵᠦᠢᠯ ᠶᠠᠮᠠᠷᠪᠠ ᠪᠠᠶᠢᠭᠤᠯᠭ᠎ᠠ ᠨᠢ ᠤᠯᠤᠰ ᠤᠨ ᠲᠤᠭᠳᠠᠭᠠᠯ ᠢ | ᠵᠦᠷᠢᠴᠡᠵᠦ ᠠᠯᠪᠠᠳᠠᠨ ᠤ ᠴᠠᠯᠢᠩ᠂ ᠠᠰᠠᠷᠠᠮᠵᠢ᠂ ᠲᠠᠭᠠᠥᠨᠬᠠᠯ ᠤᠨ ᠲᠦᠷᠦ ᠶᠢᠨ ᠪᠤᠳᠤᠯᠭ᠎ᠠ ᠶᠢ ᠲᠤᠷ᠎ᠠ ᠪᠠᠷ ᠢᠶᠠᠨ | ᠬᠤᠪᠢᠷᠠᠭᠤᠯᠤᠨ ᠦᠭᠡᠷᠡᠴᠢᠯᠡᠵᠦ ᠪᠤᠯᠬᠤ ᠦᠭᠡᠢ᠂ ᠠᠯᠪᠠᠳᠠᠨ ᠤ ᠴᠠᠯᠢᠩ᠂ ᠠᠰᠠᠷᠠᠮᠵᠢ᠂ ᠲᠠᠭᠠᠥᠨᠬᠠᠯ ᠤᠨ | ᠤᠯᠭᠤᠮᠵᠢ ᠶᠢ ᠲᠤᠷ᠎ᠠ ᠪᠠᠷ ᠢᠶᠠᠨ ᠦᠰᠬᠡᠬᠦ ᠪᠤᠶᠤ ᠪᠠᠭᠤᠷᠠᠭᠤᠯᠵᠤ ᠪᠤᠯᠬᠤ ᠦᠭᠡᠢ᠃ ᠶᠠᠮᠠᠷᠪᠠ ᠪᠠᠶᠢᠭᠤᠯᠭ᠎ᠠ ᠨᠢ | ᠠᠯᠪᠠᠳᠠᠨ ᠤ ᠴᠠᠯᠢᠩ ᠢ ᠬᠠᠰᠤᠬᠤ ᠪᠤᠶᠤ ᠦᠷᠢᠳᠤᠵᠤ ᠪᠤᠯᠬᠤ ᠦᠭᠡᠢ᠃ ᠲᠠᠯᠨ ᠶᠢᠰᠦᠳᠦᠭᠡᠷ ᠵᠦᠢᠯ ᠠᠯᠪᠠᠳᠠᠨ ᠤ | ᠴᠠᠯᠢᠩ᠂ ᠠᠰᠠᠷᠠᠮᠵᠢ᠂ ᠲᠠᠭᠠᠥᠨᠬᠠᠯ᠂ ᠠᠵᠢᠯ ᠠᠴᠠ ᠪᠠᠨ ᠠᠮᠠᠷᠠᠭᠰᠠᠨ ᠮᠦᠡᠭᠭᠦ ᠵᠢᠴᠢ ᠡᠯᠰᠡᠨ ᠭᠡᠷᠡᠭᠯᠡᠬᠦ᠂ | ᠪᠤᠯᠪᠠᠰᠤᠷᠠᠭᠤᠯᠬᠤ᠂ ᠱᠠᠩᠨᠠᠬᠤ᠂ ᠠᠵᠢᠯ ᠠᠴᠠ ᠨᠢ ᠵᠤᠭᠰᠤᠭᠠᠬᠤ ᠵᠡᠷᠭᠡ ᠳᠤ ᠭᠡᠷᠡᠭᠰᠡᠬᠦ ᠵᠠᠷᠤᠳᠠᠯ ᠢ ᠡᠳ᠋ ᠤᠨ | ᠵᠠᠰᠠᠭ ᠤᠨ ᠲᠦᠰᠦᠪ ᠲᠤ ᠤᠷᠤᠭᠤᠯᠵᠤ ᠪᠠᠳᠤᠯᠠᠬᠤ ᠭᠡᠷᠡᠭᠳᠡᠢ᠃ ᠠᠷᠪᠠᠨ ᠭᠤᠷᠪᠠᠳᠤᠭᠠᠷ ᠪᠦᠯᠦᠭ ᠲᠤᠰᠢᠶᠠᠯ ᠠᠴᠠ | ᠪᠠᠭᠤᠬᠤ ᠪᠠ ᠠᠵᠢᠯ ᠠᠴᠠ ᠨᠢ ᠵᠤᠭᠰᠤᠭᠠᠬᠤ ᠨᠠᠶᠠᠳᠤᠭᠠᠷ ᠵᠦᠢᠯ ᠠᠯᠪᠠᠳᠠᠨ ᠠᠯᠪᠠᠨ ᠲᠤᠰᠢᠶᠠᠯ ᠠᠴᠠ ᠪᠠᠨ ᠪᠠᠭᠤᠬᠤ | ᠭᠡᠪᠡᠯ᠂ ᠲᠤᠮᠢᠯᠠᠵᠤ ᠪᠠᠭᠤᠯᠭᠠᠬᠤ ᠪᠠᠶᠢᠭᠤᠯᠭ᠎ᠠ ᠳᠤ ᠪᠢᠴᠢᠭ ᠢᠶᠠᠷ ᠭᠤᠶᠤᠴᠢᠯᠠᠬᠤ ᠭᠡᠷᠡᠭᠳᠡᠢ᠃ ᠲᠤᠮᠢᠯᠠᠵᠤ | ᠪᠠᠭᠤᠯᠭᠠᠬᠤ ᠪᠠᠶᠢᠭᠤᠯᠭ᠎ᠠ ᠨᠢ ᠭᠤᠶᠤᠴᠢᠯᠠᠯ ᠢ ᠬᠦᠯᠢᠶᠡᠵᠦ ᠠᠪᠤᠭᠰᠠᠨ ᠡᠳᠦᠷ ᠠᠴᠠ ᠪᠤᠳᠤᠨ ᠨᠢᠭᠡ ᠰᠠᠷ᠎ᠠ ᠶᠢᠨ | ᠲᠤᠳᠤᠷ᠎ᠠ ᠬᠢᠨᠠᠨ ᠵᠦᠪᠰᠢᠶᠡᠷᠡᠬᠦ ᠭᠡᠷᠡᠭᠳᠡᠢ᠂ ᠡᠭᠦᠨ ᠳᠤ ᠤᠳᠤᠷᠢᠥᠨᠬᠤ ᠪᠦᠷᠢᠯᠳᠦᠬᠦᠨ ᠤ ᠠᠯᠪᠠᠨ ᠲᠤᠰᠢᠶᠠᠯ ᠠᠴᠠ | ᠪᠠᠭᠤᠬᠤ ᠭᠤᠶᠤᠴᠢᠯᠠᠯ ᠢ ᠬᠦᠯᠢᠶᠡᠵᠤ ᠠᠪᠤᠭᠰᠠᠨ ᠡᠳᠦᠷ ᠠᠴᠠ ᠪᠤᠳᠤᠨ ᠶᠡᠷᠡᠨ ᠡᠳᠦᠷ ᠤᠨ ᠲᠤᠳᠤᠷ᠎ᠠ ᠬᠢᠨᠠᠨ | ᠵᠦᠪᠰᠢᠶᠡᠷᠡᠬᠦ ᠭᠡᠷᠡᠭᠳᠡᠢ᠃ ᠨᠠᠶᠠᠨ ᠨᠢᠭᠡᠳᠦᠭᠡᠷ ᠵᠦᠢᠯ ᠠᠯᠪᠠᠳᠠᠨ ᠲᠤᠤᠷᠠᠬᠢ ᠪᠠᠶᠢᠳᠠᠯ ᠤᠨ ᠨᠢᠭᠡ ᠨᠢ ᠪᠠᠶᠢᠪᠠᠯ ᠠᠯᠪᠠᠨ | ᠲᠤᠰᠢᠶᠠᠯ ᠠᠴᠠ ᠪᠠᠨ ᠪᠠᠭᠤᠵᠤ ᠪᠤᠯᠬᠤ ᠦᠭᠡᠢ᠄ ︵ᠨᠢᠭᠡ︶ ᠤᠯᠤᠰ ᠤᠨ ᠲᠤᠭᠳᠠᠭᠠᠯ ᠤᠨ ᠬᠠᠮᠤᠭ ᠤᠬᠤᠷ | ᠦᠢᠯᠡᠴᠢᠯᠡᠬᠦ ᠬᠤᠭᠤᠴᠠᠭ᠎ᠠ ᠨᠢ ᠲᠤᠯᠤᠭᠠᠳᠠᠢ︔ ︵ᠬᠤᠶᠠᠷ︶ ᠤᠯᠤᠰ ᠤᠨ ᠨᠢᠭᠤᠴᠠ ᠳᠤ ᠬᠤᠯᠪᠤᠭᠳᠠᠬᠤ ᠤᠨᠴᠠᠭᠠᠢ | ᠲᠤᠰᠢᠶᠠᠯ ᠤᠨ ᠪᠠᠶᠢᠷᠢ ᠲᠡᠭᠡᠷ᠎ᠡ ᠲᠤᠰᠢᠶᠠᠯ ᠬᠠᠷᠢᠭᠤᠴᠠᠵᠤ ᠪᠠᠶᠢᠬᠤ ᠪᠤᠶᠤ ᠲᠡᠭᠡᠷ᠎ᠡ ᠲᠤᠷᠠᠳᠤᠭᠰᠠᠨ ᠠᠵᠢᠯ ᠤᠨ | ᠪᠠᠶᠢᠷᠢ ᠠᠴᠠ ᠰᠠᠯᠬᠤ ᠤᠯᠤᠰ ᠠᠴᠠ ᠲᠤᠭᠳᠠᠭᠰᠠᠨ ᠨᠢᠭᠤᠴᠠ ᠬᠠᠮᠠᠭᠠᠯᠠᠬᠤ ᠬᠤᠭᠤᠴᠠᠭ᠎ᠠ ᠬᠢᠵᠠᠭᠠᠷ ᠨᠢ ᠲᠤᠯᠤᠭᠠᠳᠤᠢ | ︔ ︵ᠭᠤᠷᠪᠠ︶ ᠬᠦᠨᠳᠦ ᠴᠢᠬᠤᠯᠨ ᠠᠯᠪᠠᠨ ᠶᠠᠪᠤᠳᠠᠯ ᠢᠶᠠᠨ ᠰᠢᠢᠥᠨᠪᠦᠷᠢᠯᠡᠵᠦ ᠪᠠᠷᠠᠭᠠᠳᠤᠢ ᠪᠦᠭᠡᠥᠨ ᠡᠷᠭᠡᠪᠡᠰᠢ ᠲᠤᠰ | ᠬᠦᠮᠦᠨ ᠨᠢ ᠦᠷᠬᠦᠯᠵᠢᠯᠡᠨ ᠰᠢᠢᠥᠨᠪᠦᠷᠢᠯᠡᠬᠦ ᠭᠡᠷᠡᠭᠳᠡᠢ ᠪᠠᠶᠢᠬᠤ︔ ︵ᠲᠦᠷᠪᠡ︶ ᠶᠠᠭ ᠬᠢᠨᠠᠨ ᠪᠤᠳᠤᠯᠳᠠ ᠪᠠ | ᠰᠠᠬᠢᠯᠭ᠎ᠠ ᠪᠠᠳᠤ ᠶᠢᠨ ᠬᠢᠨᠠᠨ ᠪᠠᠶᠢᠴᠠᠭᠠᠯᠳᠠ ᠶᠢ ᠬᠦᠯᠢᠶᠡᠵᠦ ᠪᠠᠶᠢᠭ᠎ᠠ ᠪᠤᠶᠤ ᠶᠠᠯ᠎ᠠ ᠬᠢᠭᠰᠡᠨ ᠰᠡᠵᠢᠭᠯᠡᠯᠳᠡᠢ ᠪᠦᠭᠡᠥᠨ | ᠬᠠᠥᠯᠢ ᠶᠢᠨ ᠵᠢᠷᠤᠮ ᠢ ᠲᠡᠭᠦᠰᠭᠡᠭᠡᠳᠦᠢ︔ ︵ᠲᠠᠪᠤ︶ ᠬᠠᠥᠯᠢ᠂ ᠵᠠᠰᠠᠭ ᠵᠠᠬᠢᠷᠭᠠᠨ ᠤ ᠬᠠᠥᠯᠢ ᠲᠦᠷᠢᠮ ᠳᠤ | ᠲᠤᠭᠳᠠᠭᠠᠭᠰᠠᠨ ᠪᠤᠰᠤᠤᠨ ᠠᠯᠪᠠᠨ ᠲᠤᠰᠢᠶᠠᠯ ᠠᠴᠠ ᠪᠠᠭᠤᠵᠤ ᠪᠤᠯᠬᠤ ᠦᠭᠡᠢ ᠵᠦᠢᠯ ᠤᠨ ᠪᠠᠶᠢᠳᠠᠯ ᠲᠠᠢ᠃ ᠨᠠᠶᠠᠨ | ᠬᠤᠶᠠᠳᠤᠭᠠᠷ ᠵᠦᠢᠯ ᠤᠳᠤᠷᠢᠳᠤᠯᠭ᠎ᠠ ᠶᠢᠨ ᠲᠤᠰᠢᠶᠠᠯ ᠢ ᠡᠭᠦᠷᠭᠡᠯᠡᠵᠦ ᠪᠠᠶᠢᠭ᠎ᠠ ᠠᠯᠪᠠᠳᠠᠨ ᠠᠵᠢᠯ ᠤᠨ | ᠬᠤᠪᠢᠷᠠᠯᠳᠠ ᠠᠴᠠ ᠪᠤᠯᠵᠤ ᠬᠠᠥᠯᠢ ᠴᠠᠭᠠᠵᠠ ᠶᠢᠨ ᠲᠤᠭᠳᠠᠭᠠᠯ ᠶᠤᠰᠤᠭᠠᠷ ᠤᠳᠤ ᠶᠢᠨ ᠲᠤᠰᠢᠶᠠᠯ ᠠᠴᠠ ᠪᠠᠨ | ᠪᠠᠭᠤᠬᠤ ᠳᠤ ᠲᠤᠰᠢᠶᠠᠯ ᠠᠴᠠ ᠪᠠᠨ ᠪᠠᠭᠤᠬᠤ ᠭᠠᠷ ᠬᠦᠢᠴᠡᠥᠨᠭᠡᠯ ᠬᠢᠬᠦ ᠭᠡᠷᠡᠭᠳᠡᠢ᠃ ᠤᠳᠤᠷᠢᠥᠨᠬᠤ ᠲᠤᠰᠢᠶᠠᠯ ᠢ | ᠡᠭᠦᠷᠭᠡᠯᠡᠵᠦ ᠪᠠᠶᠢᠭ᠎ᠠ ᠠᠯᠪᠠᠳᠠᠨ ᠨᠢ ᠬᠤᠪᠢ ᠬᠦᠮᠦᠨ ᠤ ᠪᠤᠶᠤ ᠪᠤᠰᠤᠤᠨ ᠰᠢᠯᠳᠠᠭᠠᠨ ᠠᠴᠠ ᠪᠤᠯᠵᠤ᠂ ᠦᠪᠡᠷ ᠤᠨ | ᠲᠤᠷ᠎ᠠ ᠠᠴᠠ ᠪᠠᠨ ᠤᠳᠤᠷᠢᠥᠨᠬᠤ ᠲᠤᠰᠢᠶᠠᠯ ᠠᠴᠠ ᠪᠠᠨ ᠪᠠᠭᠤᠬᠤ ᠶᠢ ᠲᠤᠷᠠᠥᠨᠴᠤ ᠪᠤᠯᠤᠨ᠎ᠠ᠃ ᠤᠳᠤᠷᠢᠥᠨᠬᠤ | ᠪᠦᠷᠢᠯᠳᠦᠬᠦᠨ ᠠᠵᠢᠯ ᠤᠨ ᠬᠦᠨᠳᠦ ᠠᠯᠳᠠᠭ᠎ᠠ ᠭᠠᠷᠭᠠᠵᠤ᠂ ᠬᠠᠷᠢᠭᠤᠴᠠᠯᠭ᠎ᠠ ᠪᠠᠨ ᠠᠯᠳᠠᠵᠤ ᠬᠦᠨᠳᠦ ᠶᠡᠭᠡ ᠬᠤᠬᠢᠷᠠᠯ | ᠭᠠᠷᠭᠠᠭᠰᠠᠨ ᠪᠤᠶᠤ ᠨᠡᠶᠢᠭᠡᠮ ᠳᠤ ᠮᠠᠭᠤ ᠨᠦᠯᠦᠭᠡ ᠦᠵᠡᠬᠦᠯᠦᠭᠰᠡᠨ᠂ ᠡᠰᠡᠬᠦᠯ᠎ᠡ ᠲᠤᠮᠤ ᠶᠡᠭᠡ ᠠᠳᠡᠯ ᠳᠤ | ᠤᠳᠤᠷᠢᠥᠨᠬᠤ ᠬᠠᠷᠢᠭᠤᠴᠠᠯᠭ᠎ᠠ ᠲᠠᠢ ᠪᠠᠶᠢᠪᠠᠯ ᠪᠤᠷᠤᠭᠤ ᠪᠠᠨ ᠮᠡᠳᠡᠷᠡᠵᠦ ᠤᠳᠤᠷᠢᠥᠨᠬᠤ ᠲᠤᠰᠢᠶᠠᠯ ᠠᠴᠠ ᠪᠠᠨ ᠪᠠᠭᠤᠬᠤ | ᠭᠡᠷᠡᠭᠳᠡᠢ᠃ ᠤᠳᠤᠷᠢᠥᠨᠬᠤ ᠪᠦᠷᠢᠯᠳᠦᠬᠦᠨ ᠠᠯᠳᠠᠭ᠎ᠠ ᠪᠤᠷᠤᠭᠤ ᠪᠠᠨ ᠮᠡᠳᠡᠷᠡᠵᠦ ᠲᠤᠰᠢᠶᠠᠯ ᠠᠴᠠ ᠪᠠᠨ ᠪᠠᠭᠤᠬᠤ | ᠶᠤᠰᠤᠳᠠᠢ ᠪᠤᠶᠤ ᠪᠤᠰᠤᠤᠨ ᠰᠢᠯᠳᠠᠭᠠᠨ ᠠᠴᠠ ᠪᠤᠯᠵᠤ ᠤᠳᠤ ᠶᠢᠨ ᠤᠳᠤᠷᠢᠥᠨᠬᠤ ᠲᠤᠰᠢᠶᠠᠯ ᠢᠶᠠᠨ ᠡᠭᠦᠷᠭᠡᠯᠡᠬᠦ ᠳᠤ | ᠲᠤᠬᠢᠷᠠᠬᠤ ᠪᠠᠨ ᠪᠤᠯᠢᠭᠰᠠᠨ ᠪᠠᠶᠢᠳᠠᠯ᠎ᠠ ᠬᠤᠪᠢ ᠬᠦᠮᠦᠨ ᠨᠢ ᠲᠤᠰᠢᠶᠠᠯ ᠠᠴᠠ ᠪᠠᠨ ᠪᠠᠭᠤᠬᠤ ᠶᠢ ᠲᠤᠷᠠᠥᠨᠬᠤ ᠦᠭᠡᠢ | ᠪᠠᠶᠢᠪᠠᠯ ᠲᠡᠬᠦᠨ ᠢ ᠤᠳᠤᠷᠢᠥᠨᠬᠤ ᠲᠤᠰᠢᠶᠠᠯ ᠠᠴᠠ ᠪᠠᠭᠤᠬᠤ ᠭᠡᠷᠡᠭᠳᠡᠢ ᠭᠡᠵᠦ ᠠᠯᠪᠠᠳᠠᠨ ᠱᠠᠭᠠᠷᠳᠠᠬᠤ ᠭᠡᠷᠡᠭᠳᠡᠢ᠃ | ᠨᠠᠶᠠᠨ ᠭᠤᠷᠪᠠᠳᠤᠭᠠᠷ ᠵᠦᠢᠯ ᠠᠯᠪᠠᠳᠠᠨ ᠳᠤ ᠲᠤᠤᠷᠠᠬᠢ ᠪᠠᠶᠢᠳᠠᠯ ᠤᠨ ᠨᠢᠭᠡ ᠨᠢ ᠪᠠᠶᠢᠪᠠᠯ ᠠᠵᠢᠯ ᠠᠴᠠ ᠨᠢ | ᠵᠤᠭᠰᠤᠭᠠᠬᠤ ᠭᠡᠷᠡᠭᠳᠡᠢ᠄ ︵ᠨᠢᠭᠡ︶ ᠵᠢᠯ ᠤᠨ ᠡᠴᠦᠰ ᠤᠨ ᠬᠢᠨᠠᠨ ᠰᠢᠯᠭᠠᠯᠳᠠ ᠳᠤ ᠬᠤᠶᠠᠷ ᠵᠢᠯ ᠲᠠᠷᠠᠭᠠᠯᠠᠨ | ᠲᠤᠰᠢᠶᠠᠯ ᠳᠠᠭᠠᠨ ᠦᠯᠦ ᠲᠡᠩᠴᠡᠬᠦ ᠪᠠᠷ ᠲᠤᠭᠳᠠᠭᠠᠭᠳᠠᠭᠰᠠᠥᠨ︔ ︵ᠬᠤᠶᠠᠷ︶ ᠤᠳᠤᠬᠢ ᠲᠤᠰᠢᠶᠠᠯ ᠤᠨ | ᠠᠵᠢᠯ ᠢᠶᠠᠨ ᠬᠦᠢᠴᠡᠥᠨᠭᠡᠵᠦ ᠴᠢᠳᠠᠬᠤ ᠦᠭᠡᠢ ᠪᠦᠭᠡᠥᠨ ᠪᠤᠰᠤᠤᠨ ᠲᠤᠬᠢᠷᠠᠭᠤᠯᠤᠯᠳᠠ ᠶᠢ ᠡᠰᠡ ᠬᠦᠯᠢᠶᠡᠭᠰᠡᠨ︔ ︵ | ᠭᠤᠷᠪᠠ︶ ᠤᠤᠯ ᠨᠢᠭᠡᠴᠡ ᠶᠢ ᠨᠢ ᠲᠤᠬᠢᠷᠠᠭᠤᠯᠤᠯᠳᠠ ᠬᠢᠭᠰᠡᠨ᠂ ᠬᠠᠰᠤᠭᠰᠠᠨ᠂ ᠨᠡᠶᠢᠯᠡᠬᠦᠯᠦᠭᠰᠡᠨ ᠪᠤᠶᠤ ᠠᠵᠢᠯᠳᠠᠨ ᠤ | ᠤᠷᠤᠨ ᠲᠤᠭ᠎ᠠ ᠶᠢ ᠪᠠᠭᠠᠰᠬᠠᠭᠰᠠᠨ ᠠᠴᠠ ᠪᠤᠯᠵᠤ ᠠᠵᠢᠯ ᠲᠤᠬᠢᠷᠠᠭᠤᠯᠬᠤ ᠳᠤ ᠲᠤᠰ ᠬᠦᠮᠦᠨ ᠨᠢ ᠵᠦᠢ ᠵᠤᠬᠢᠰᠳᠠᠢ | ᠲᠤᠬᠢᠷᠠᠭᠤᠯᠤᠯᠳᠠ ᠶᠢ ᠡᠰᠡ ᠵᠦᠪᠰᠢᠶᠡᠷᠡᠭᠰᠡᠨ︔ ︵ᠲᠦᠷᠪᠡ︶ ᠠᠯᠪᠠᠳᠠᠨ ᠤ ᠡᠭᠦᠷᠭᠡ ᠶᠢ ᠬᠦᠢᠴᠡᠥᠨᠭᠡᠬᠦ ᠦᠭᠡᠢ᠂ | ᠠᠯᠪᠠᠳᠠᠨ ᠤ ᠰᠠᠬᠢᠯᠭ᠎ᠠ ᠪᠠᠳᠤ ᠶᠢ ᠵᠢᠷᠤᠮᠯᠠᠬᠤ ᠦᠭᠡᠢ᠂ ᠤᠯᠠᠨᠳᠠ ᠰᠤᠷᠭᠠᠪᠠᠴᠤ ᠵᠠᠰᠠᠷᠠᠬᠤ ᠦᠭᠡᠢ ᠪᠦᠭᠡᠥᠨ | ᠪᠠᠶᠢᠭᠤᠯᠭ᠎ᠠ ᠳᠤ ᠦᠷᠬᠦᠯᠵᠢᠯᠡᠨ ᠠᠵᠢᠯᠯᠠᠬᠤ ᠳᠤ ᠲᠤᠬᠢᠷᠠᠬᠤ ᠦᠭᠡᠢ ᠪᠤᠯᠵᠤ᠂ ᠪᠠᠰᠠ ᠠᠵᠢᠯ ᠠᠴᠠ ᠨᠢ ᠬᠦᠭᠡᠭᠡᠬᠦ | ᠰᠢᠥᠨᠭᠡᠯ ᠦᠭᠬᠦ ᠳᠤ ᠦᠯᠦ ᠵᠤᠬᠢᠴᠠᠭᠰᠠᠥᠨ︔ ︵ᠲᠠᠪᠤ︶ ᠠᠵᠢᠯ ᠰᠠᠭᠠᠳᠠᠭᠰᠠᠨ ᠪᠤᠶᠤ ᠠᠯᠪᠠᠨ ᠶᠠᠪᠤᠳᠠᠯ ᠢᠶᠠᠷ | ᠭᠠᠳᠠᠭᠰᠢ ᠭᠠᠷᠬᠤ ᠪᠠ ᠡᠷᠭᠡ ᠴᠢᠯᠦᠭᠡ ᠭᠤᠶᠤᠭᠰᠠᠨ ᠬᠤᠭᠤᠴᠠᠭ᠎ᠠ ᠨᠢ ᠲᠤᠯᠤᠭᠠᠠᠥᠨ ᠵᠦᠢ ᠶᠤᠰᠤᠨ ᠤ ᠤᠴᠢᠷ | ᠰᠢᠯᠳᠠᠭᠠᠨ ᠦᠭᠡᠢ ᠪᠠᠷ ᠴᠢᠯᠦᠭᠡ ᠠᠴᠠ ᠪᠠᠨ ᠭᠡᠳᠦᠷᠡᠭᠡᠥᠨ ᠢᠷᠡᠬᠦ ᠦᠭᠡᠢ ᠵᠠᠯᠭᠠᠯᠳᠤᠭᠠᠪᠠᠷ ᠠᠷᠪᠠᠨ ᠲᠠᠪᠤᠨ ᠡᠳᠦᠷ | ᠬᠡᠳᠦᠷᠡᠭᠰᠡᠨ᠂ ᠡᠰᠡᠬᠦᠯ᠎ᠡ ᠨᠢᠭᠡ ᠵᠢᠯ ᠳᠤ ᠨᠡᠶᠢᠳᠡ ᠭᠤᠴᠢᠨ ᠡᠳᠦᠷ ᠠᠴᠠ ᠭᠡᠳᠦᠷᠡᠭᠰᠡᠨ᠃ ᠨᠠᠶᠠᠨ ᠲᠦᠷᠪᠡᠳᠦᠭᠡᠷ | ᠵᠦᠢᠯ ᠠᠯᠪᠠᠳᠠᠨ ᠳᠤ ᠲᠤᠤᠷᠠᠬᠢ ᠪᠠᠶᠢᠳᠠᠯ ᠤᠨ ᠨᠢᠭᠡ ᠨᠢ ᠪᠠᠶᠢᠪᠠᠯ ᠠᠵᠢᠯ ᠠᠴᠠ ᠨᠢ ᠵᠤᠭᠰᠤᠭᠠᠵᠤ ᠪᠤᠯᠬᠤ ᠦᠭᠡᠢ᠄ ︵ | ᠨᠢᠭᠡ︶ ᠠᠯᠪᠠᠨ ᠤᠴᠢᠷ ᠠᠴᠠ ᠪᠤᠯᠵᠤ ᠵᠡᠮᠳᠡᠭ ᠪᠤᠯᠵᠤ ᠠᠵᠢᠯᠯᠠᠬᠤ ᠴᠢᠳᠠᠪᠤᠷᠢ ᠪᠠᠨ ᠠᠯᠳᠠᠭᠰᠠᠨ ᠪᠤᠶᠤ ᠭᠡᠰᠡᠭ | ᠲᠠᠯ᠎ᠠ ᠪᠠᠷ ᠠᠯᠳᠠᠭᠰᠠᠨ ᠭᠡᠵᠦ ᠨᠤᠳᠠᠯᠠᠨ ᠲᠤᠭᠳᠠᠭᠠᠭᠰᠠᠨ︔ ︵ᠬᠤᠶᠠᠷ︶ ᠡᠪᠡᠥᠨᠴᠢᠯᠡᠭᠰᠡᠨ ᠪᠤᠶᠤ ᠰᠢᠷᠬᠠᠳᠤᠵᠤ᠂ | ᠲᠤᠭᠳᠠᠭᠭᠠᠭᠰᠠ ᠡᠮᠴᠢᠯᠡᠬᠦ ᠬᠤᠭᠤᠴᠠᠭᠠᠨ ᠳᠤ ᠪᠠᠶᠢᠭ᠎ᠠ︔ ︵ᠭᠤᠷᠪᠠ︶ ᠡᠮᠡᠭᠳᠡᠢ ᠠᠯᠪᠠᠳᠠᠨ ᠵᠢᠷᠮᠤᠰᠤᠯᠡᠭᠰᠡᠨ | ᠬᠤᠭᠤᠴᠠᠭ᠎ᠠ᠂ ᠬᠦᠡᠭᠭᠡᠵᠢᠬᠦ ᠴᠢᠯᠦᠭᠡ ᠪᠠ ᠬᠦᠬᠦᠬᠦᠯᠬᠦ ᠬᠤᠭᠤᠴᠠᠭᠠᠨ ᠳᠤ ᠪᠠᠶᠢᠬᠤ︔ ︵ᠲᠦᠷᠪᠡ︶ ᠬᠠᠥᠯᠢ | ᠴᠠᠭᠠᠵᠠ᠂ ᠵᠠᠰᠠᠭ ᠵᠠᠬᠢᠷᠭᠠᠨ ᠤ ᠬᠠᠥᠯᠢ ᠪᠠᠷ ᠲᠤᠭᠳᠠᠭᠠᠭᠰᠠᠨ ᠪᠤᠰᠤᠤᠨ ᠲᠠᠯ᠎ᠠ ᠶᠢᠨ ᠠᠵᠢᠯ ᠠᠴᠠ ᠨᠢ ᠵᠤᠭᠰᠤᠭᠠᠵᠤ | ᠦᠯᠦ ᠪᠤᠯᠬᠤ ᠪᠠᠶᠢᠳᠠᠯ ᠲᠠᠢ ᠪᠠᠶᠢᠬᠤ᠃ ᠨᠠᠶᠠᠨ ᠲᠠᠪᠤᠳᠤᠭᠠᠷ ᠵᠦᠢᠯ ᠠᠯᠪᠠᠳᠠᠨ ᠢ ᠠᠵᠢᠯ ᠠᠴᠠ ᠨᠢ ᠵᠤᠭᠰᠤᠭᠠᠬᠤ ᠳᠤ | ᠬᠠᠮᠢᠶᠠᠷᠣᠯᠳᠡ ᠶᠢᠨ ᠡᠷᠭᠡ ᠮᠡᠳᠡᠯ ᠤᠨ ᠭᠡᠪᠴᠢᠶ᠎ᠡ ᠶᠤᠰᠤᠭᠠᠷ ᠲᠤᠭᠳᠠᠭᠠᠨ᠎ᠠ᠃ ᠠᠵᠢᠯ ᠠᠴᠠ ᠨᠢ ᠵᠤᠭᠰᠤᠭᠠᠬᠤ | ᠰᠢᠢᠥᠨᠪᠦᠷᠢ ᠶᠢ ᠪᠢᠴᠢᠭ ᠤᠨ ᠭᠡᠯᠪᠡᠷᠢ ᠪᠠᠷ ᠠᠵᠢᠯ ᠠᠴᠠ ᠨᠢ ᠵᠤᠭᠰᠤᠭᠠᠬᠤ ᠠᠯᠪᠠᠳᠠᠨ ᠳᠤ ᠮᠡᠳᠡᠭᠳᠡᠬᠦ ᠭᠡᠷᠡᠭᠳᠡᠢ︔ | ᠠᠵᠢᠯ ᠠᠴᠠ ᠪᠠᠨ ᠵᠤᠭᠰᠤᠭᠠᠭᠳᠠᠭᠰᠠᠨ ᠠᠯᠪᠠᠳᠠᠨ᠂ ᠠᠵᠢᠯ ᠠᠴᠠ ᠵᠤᠭᠰᠤᠭᠰᠠᠨ ᠰᠦᠢᠥᠨᠭᠡᠯ ᠠᠪᠬᠤ ᠪᠤᠶᠤ ᠡᠰᠡᠬᠦᠯ᠎ᠡ | ᠤᠯᠤᠰ ᠤᠨ ᠬᠤᠯᠪᠤᠭᠳᠠᠯ ᠪᠦᠬᠦᠢ ᠲᠤᠭᠳᠠᠭᠠᠯ ᠢ ᠦᠨᠳᠦᠰᠦᠯᠡᠵᠦ ᠠᠵᠢᠯ ᠠᠯᠳᠠᠭᠰᠠᠨ ᠲᠠᠭᠠᠥᠨᠬᠠᠯ ᠬᠦᠷᠳᠡᠵᠦ | ᠪᠤᠯᠤᠨ᠎ᠠ᠃ ᠨᠠᠶᠠᠨ ᠵᠢᠷᠭᠤᠳᠤᠭᠠᠷ ᠵᠦᠢᠯ ᠠᠯᠪᠠᠳᠠᠨ ᠲᠤᠰᠢᠶᠠᠯ ᠠᠴᠠ ᠪᠠᠨ ᠪᠠᠭᠤᠬᠤ ᠪᠤᠶᠤ ᠠᠵᠢᠯ ᠠᠴᠠ ᠪᠠᠨ | ᠵᠤᠭᠰᠤᠭᠠᠭᠳᠠᠬᠤ ᠳᠤ᠂ ᠲᠤᠰᠢᠶᠠᠯ ᠠᠴᠠ ᠪᠠᠨ ᠰᠠᠯᠬᠤ ᠠᠴᠠ ᠡᠮᠦᠨ᠎ᠡ ᠠᠯᠪᠠᠨ ᠶᠠᠪᠤᠳᠠᠯ ᠢ ᠲᠤᠰᠢᠶᠠᠬᠤ ᠪᠠ ᠬᠦᠯᠢᠶᠡᠨ | ᠠᠪᠤᠭᠤᠯᠬᠤ ᠭᠠᠷ ᠬᠦᠢᠴᠡᠥᠨᠭᠡᠯ ᠬᠢᠵᠦ᠂ ᠴᠢᠬᠤᠯᠠᠳᠠᠢ ᠦᠶ᠎ᠡ ᠳᠤ ᠲᠤᠭᠳᠠᠭᠠᠯ ᠶᠤᠰᠤᠭᠠᠷ ᠬᠢᠨᠠᠨ ᠪᠤᠳᠤᠬᠤ ᠶᠢ | ᠬᠦᠯᠢᠶᠡᠬᠦ ᠭᠡᠷᠡᠭᠳᠡᠢ᠃ ᠠᠷᠪᠠᠨ ᠲᠦᠷᠪᠡᠳᠦᠭᠡᠷ ᠪᠦᠯᠦᠭ ᠠᠵᠢᠯ ᠠᠴᠠ ᠪᠠᠨ ᠠᠮᠠᠷᠠᠬᠤ ᠨᠠᠶᠠᠨ ᠲᠤᠯᠤᠳᠤᠭᠠᠷ ᠵᠦᠢᠯ | ᠠᠯᠪᠠᠳᠠᠨ ᠤᠯᠤᠰ ᠠᠴᠠ ᠲᠤᠭᠳᠠᠭᠠᠭᠰᠠᠨ ᠠᠵᠢᠯ ᠠᠴᠠ ᠠᠮᠠᠷᠠᠬᠤ ᠨᠠᠰᠤᠨ ᠳᠤ ᠬᠦᠷᠦᠭᠰᠡᠨ ᠪᠤᠶᠤ ᠠᠵᠢᠯᠯᠠᠬᠤ | ᠴᠢᠳᠠᠪᠤᠷᠢ ᠪᠠᠨ ᠪᠦᠷᠢᠮᠦᠰᠦᠨ ᠠᠯᠳᠠᠭᠰᠠᠨ ᠪᠤᠯ ᠠᠵᠢᠯ ᠠᠴᠠ ᠪᠠᠨ ᠠᠮᠠᠷᠠᠬᠤ ᠭᠡᠷᠡᠭᠳᠡᠢ᠃ ᠨᠠᠶᠠᠨ ᠨᠠᠢᠮᠠᠳᠤᠭᠠᠷ ᠵᠦᠢᠯ | ᠠᠯᠪᠠᠳᠠᠨ ᠲᠤᠤᠷᠠᠬᠢ ᠨᠦᠬᠦᠴᠡᠯ ᠤᠨ ᠨᠢᠭᠡ ᠳᠤᠨᠢ ᠨᠡᠶᠢᠴᠡᠪᠡᠯ ᠲᠤᠰ ᠬᠦᠮᠦᠨ ᠦᠪᠡᠷ ᠤᠨ ᠰᠠᠶᠢᠨ ᠲᠤᠷ᠎ᠠ ᠠᠴᠠ ᠪᠠᠨ | ᠭᠤᠶᠤᠴᠢᠯᠠᠵᠤ ᠲᠤᠮᠢᠯᠠᠵᠤ ᠪᠠᠭᠤᠯᠭᠠᠬᠤ ᠪᠠᠶᠢᠭᠤᠯᠭ᠎ᠠ ᠪᠠᠷ ᠵᠦᠪᠰᠢᠶᠡᠷᠡᠬᠦᠯᠪᠡᠯ ᠤᠷᠢᠥᠨᠴᠢᠯᠠᠨ ᠠᠵᠢᠯ ᠠᠴᠠ ᠪᠠᠨ | ᠠᠮᠠᠷᠠᠵᠤ ᠪᠤᠯᠤᠨ᠎ᠠ᠄ ︵ᠨᠢᠭᠡ︶ ᠠᠵᠢᠯᠯᠠᠭᠰᠠᠨ ᠤᠨ ᠵᠢᠯ ᠨᠢ ᠪᠦᠬᠦᠯᠢ ᠭᠤᠴᠢᠨ ᠵᠢᠯ ᠪᠤᠯᠤᠭᠰᠠᠨ︔ ︵ᠬᠤᠶᠠᠷ︶ | ᠤᠯᠤᠰ ᠠᠴᠠ ᠲᠤᠭᠳᠠᠭᠠᠭᠰᠠᠨ ᠠᠵᠢᠯ ᠠᠴᠠ ᠪᠠᠨ ᠠᠮᠠᠷᠠᠬᠤ ᠨᠠᠰᠤᠨ ᠳᠤ ᠬᠦᠷᠳᠡᠯ᠎ᠡ ᠲᠠᠪᠤᠨ ᠵᠢᠯ ᠬᠦᠷᠬᠦ ᠦᠭᠡᠢ | ᠪᠦᠭᠡᠥᠨ ᠠᠵᠢᠯᠯᠠᠭᠰᠠᠨ ᠤᠨ ᠵᠢᠯ ᠨᠢ ᠪᠦᠬᠦᠯᠢ ᠬᠤᠷᠢᠨ ᠵᠢᠯ ᠪᠤᠯᠤᠭᠰᠠᠨ︔ ︵ᠭᠤᠷᠪᠠ︶ ᠤᠯᠤᠰ ᠠᠴᠠ | ᠲᠤᠭᠳᠠᠭᠠᠭᠰᠠᠨ ᠤᠷᠢᠥᠨᠴᠢᠯᠠᠨ ᠠᠵᠢᠯ ᠠᠴᠠ ᠪᠠᠨ ᠠᠮᠠᠷᠠᠵᠤ ᠪᠤᠯᠬᠤ ᠪᠤᠰᠤᠤᠨ ᠪᠠᠶᠢᠳᠠᠯ ᠲᠠᠢ ᠲᠤᠬᠢᠷᠠᠭᠰᠠᠨ᠃ ᠨᠠᠶ᠋ᠨ | ᠶᠢᠰᠦᠳᠦᠭᠡᠷ ᠵᠦᠢᠯ ᠠᠯᠪᠠᠳᠠᠨ ᠠᠵᠢᠯ ᠠᠴᠠ ᠠᠮᠠᠷᠠᠭᠰᠠᠨ ᠬᠤᠶᠢᠨ᠎ᠠ ᠤᠯᠤᠰ ᠠᠴᠠ ᠲᠤᠭᠳᠠᠭᠠᠭᠰᠠᠨ ᠠᠵᠢᠯ ᠠᠴᠠ | ᠠᠮᠠᠷᠠᠭᠰᠠᠨ ᠮᠦᠡᠭᠭᠦ ᠪᠤᠯᠤᠨ ᠪᠤᠰᠤᠤᠨ ᠤᠯᠭᠤᠮᠵᠢ ᠶᠢ ᠬᠦᠷᠳᠡᠨ᠎ᠡ︔ ᠤᠯᠤᠰ ᠠᠴᠠ ᠲᠡᠬᠦᠨ ᠤ ᠠᠮᠢᠳᠤᠷᠠᠯ ᠪᠤᠯᠤᠨ | ᠡᠷᠡᠬᠦᠯ ᠮᠡᠨᠳᠦ ᠳᠤ ᠴᠢᠬᠤᠯᠨ ᠪᠦᠬᠦᠢ ᠦᠢᠯᠡᠴᠢᠯᠡᠭᠡ ᠬᠢᠭᠡᠥᠨ ᠬᠠᠪᠰᠤᠷᠤᠯᠭ᠎ᠠ ᠦᠭᠴᠦ᠂ ᠬᠤᠪᠢ ᠬᠦᠮᠦᠨ ᠤ | ᠲᠠᠪᠠᠭᠤᠯᠢᠭ ᠢᠶᠠᠨ ᠪᠠᠳᠠᠷᠠᠭᠤᠯᠵᠤ ᠨᠡᠶᠢᠭᠡᠮ ᠤᠨ ᠬᠦᠭᠵᠢᠯᠳᠡ ᠳᠤ ᠤᠷᠤᠯᠴᠠᠬᠤ ᠶᠢ ᠵᠤᠷᠢᠠᠠᠵᠢᠭᠤᠯᠤᠨ᠎ᠠ᠃ ᠠᠷᠪᠠᠨ | ᠲᠠᠪᠤᠳᠤᠭᠠᠷ ᠪᠦᠯᠦᠭ ᠭᠤᠮᠤᠳᠠᠯ ᠲᠤᠭᠠᠴᠢᠬᠤ ᠪᠠ ᠵᠠᠭᠠᠯᠳᠤᠬᠤ ᠶᠡᠷᠡᠳᠦᠭᠡᠷ ᠵᠦᠢᠯ ᠠᠯᠪᠠᠳᠠᠨ ᠲᠤᠰ ᠪᠡᠶ᠎ᠡ ᠳᠤᠨᠢ | ᠬᠤᠯᠪᠤᠭᠳᠠᠬᠤ ᠲᠤᠤᠷᠠᠬᠢ ᠮᠡᠳᠦ ᠠᠵᠢᠯᠳᠠᠨ ᠤ ᠶᠠᠪᠤᠳᠠᠯ ᠤᠨ ᠰᠢᠢᠥᠨᠪᠦᠷᠢᠯᠡᠭᠰᠡᠨ ᠲᠤᠭᠳᠠᠭᠠᠯ ᠢ ᠵᠦᠪᠰᠢᠶᠡᠷᠡᠬᠦ ᠦᠭᠡᠢ | ᠪᠤᠯ ᠲᠤᠰ ᠠᠵᠢᠯᠳᠠᠨ ᠤ ᠶᠠᠪᠤᠳᠠᠯ ᠤᠨ ᠰᠢᠢᠥᠨᠪᠦᠷᠢ ᠶᠢ ᠮᠡᠳᠡᠭᠰᠡᠨ ᠡᠳᠦᠷ ᠠᠴᠠ ᠡᠭᠢᠯᠡᠵᠦ ᠭᠤᠴᠢᠨ ᠡᠳᠦᠷ ᠤᠨ | ᠲᠤᠳᠤᠷ᠎ᠠ ᠤᠤᠯ ᠰᠢᠢᠥᠨᠪᠦᠷᠢᠯᠡᠭᠰᠡᠨ ᠪᠠᠶᠢᠭᠤᠯᠭ᠎ᠠ ᠳᠤ ᠲᠠᠬᠢᠨ ᠬᠢᠨᠠᠭᠤᠯᠬᠤ ᠪᠠᠷ ᠭᠤᠶᠤᠴᠢᠯᠠᠯ ᠭᠠᠷᠭᠠᠨ᠎ᠠ︔ ᠲᠠᠬᠢᠨ | ᠬᠢᠨᠠᠭᠰᠠᠨ ᠦᠷ᠎ᠡ ᠳ᠋ᠥᠩ ᠢ ᠵᠦᠪᠰᠢᠶᠡᠷᠡᠬᠦ ᠦᠭᠡᠢ ᠪᠤᠯ ᠲᠠᠬᠢᠨ ᠬᠢᠨᠠᠭᠰᠠᠨ ᠲᠤᠭᠳᠠᠭᠠᠯ ᠢ ᠬᠦᠯᠢᠶᠡᠨ ᠠᠪᠤᠭᠰᠠᠨ | ᠡᠳᠦᠷ ᠠᠴᠠ ᠡᠭᠢᠯᠡᠵᠦ ᠠᠷᠪᠠᠨ ᠲᠠᠪᠤᠨ ᠡᠳᠦᠷ ᠤᠨ ᠲᠤᠳᠤᠷ᠎ᠠ ᠲᠤᠭᠳᠠᠭᠠᠯ ᠶᠤᠰᠤᠭᠠᠷ ᠠᠳᠠᠯᠢ ᠱᠠᠳᠤᠨ ᠤ | ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠪᠤᠶᠤ ᠲᠤᠰ ᠠᠵᠢᠯᠳᠠᠨ ᠤ ᠶᠠᠪᠤᠳᠠᠯ ᠢ ᠰᠢᠢᠥᠨᠪᠦᠷᠢᠯᠡᠭᠰᠡᠨ | ᠪᠠᠶᠢᠭᠤᠯᠭ᠎ᠠ ᠶᠢᠨ ᠲᠡᠭᠡᠳᠦ ᠱᠠᠳᠤᠨ ᠤ ᠪᠠᠶᠢᠭᠤᠯᠭ᠎ᠠ ᠳᠤ ᠭᠤᠮᠤᠳᠠᠯ ᠲᠤᠭᠠᠴᠠᠵᠤ ᠪᠤᠯᠤᠨ᠎ᠠ︔ ᠲᠠᠬᠢᠨ ᠬᠢᠨᠠᠬᠤ ᠶᠢ | ᠲᠠᠮᠵᠢᠬᠤ ᠦᠭᠡᠢ ᠪᠠᠷ ᠲᠤᠰ ᠠᠵᠢᠯᠳᠠᠨ ᠤ ᠶᠠᠪᠤᠳᠠᠯ ᠤᠨ ᠰᠢᠢᠥᠨᠪᠦᠷᠢᠯᠡᠭᠰᠡᠨ ᠲᠤᠭᠳᠠᠭᠠᠯ ᠢ ᠮᠡᠳᠡᠭᠰᠡᠨ ᠡᠳᠦᠷ ᠠᠴᠠ | ᠡᠭᠢᠯᠡᠵᠦ ᠭᠤᠴᠢᠨ ᠡᠳᠦᠷ ᠤᠨ ᠲᠤᠳᠤᠷ᠎ᠠ ᠰᠢᠭᠤᠤᠨ ᠭᠤᠮᠤᠳᠠᠯ ᠲᠤᠭᠠᠴᠠᠵᠤ ᠪᠠᠰᠠ ᠪᠤᠯᠤᠨ᠎ᠠ᠄ ︵ᠨᠢᠭᠡ︶ ᠰᠢᠥᠨᠭᠡᠯ | ᠦᠭᠬᠦ︔ ︵ᠬᠤᠶᠠᠷ︶ ᠠᠵᠢᠯ ᠠᠴᠠ ᠨᠢ ᠵᠤᠭᠰᠤᠭᠠᠬᠤ ᠡᠰᠡᠬᠦᠯ᠎ᠡ ᠡᠯᠰᠡᠨ ᠭᠡᠷᠡᠭᠯᠡᠬᠦ ᠶᠢ ᠬᠦᠴᠦᠨ ᠦᠭᠡᠢ ᠪᠤᠯᠭᠠᠬᠤ︔ | ︵ᠭᠤᠷᠪᠠ︶ ᠲᠤᠰᠢᠶᠠᠯ ᠢ ᠨᠢ ᠪᠠᠭᠤᠷᠠᠭᠤᠯᠬᠤ︔ ︵ᠲᠦᠷᠪᠡ︶ ᠲᠤᠭᠳᠠᠮᠠᠯ ᠬᠤᠭᠤᠴᠠᠭ᠎ᠠ ᠲᠠᠢ ᠬᠢᠨᠠᠨ | ᠰᠢᠯᠭᠠᠯᠳᠠ ᠳᠤ ᠲᠤᠰᠢᠶᠠᠯ ᠳᠠᠭᠠᠨ ᠦᠯᠦ ᠲᠡᠩᠴᠡᠬᠦ ᠪᠠᠷ ᠲᠤᠭᠳᠠᠬᠤ︔ ︵ᠲᠠᠪᠤ︶ ᠲᠤᠰᠢᠶᠠᠯ ᠠᠴᠠ ᠨᠢ | ᠤᠭᠴᠠᠷᠠᠭᠤᠯᠤᠭᠰᠠ︔ ︵ᠵᠢᠷᠭᠤᠭ᠎ᠠ︶ ᠲᠤᠰᠢᠶᠠᠯ ᠠᠴᠠ ᠪᠠᠭᠤᠬᠤ᠂ ᠤᠷᠢᠥᠨᠴᠢᠯᠠᠨ ᠠᠵᠢᠯ ᠠᠴᠠ ᠪᠠᠨ ᠠᠮᠠᠷᠠᠬᠤ ᠶᠢ | ᠭᠤᠶᠤᠴᠢᠯᠠᠭᠠᠥᠨ ᠦᠯᠦ ᠵᠦᠪᠰᠢᠶᠡᠷᠡᠭᠰᠡᠨ︔ ︵ᠲᠤᠯᠤᠭ᠎ᠠ︶ ᠴᠠᠯᠢᠩ ᠠᠰᠠᠷᠠᠮᠵᠢ ᠲᠠᠭᠠᠥᠨᠬᠠᠯ ᠤᠨ ᠤᠯᠭᠤᠮᠵᠢ ᠶᠢ | ᠲᠤᠭᠳᠠᠭᠠᠯ ᠶᠤᠰᠤᠭᠠᠷ ᠲᠤᠭᠳᠠᠭᠠᠵᠤ ᠦᠭᠬᠦᠭᠰᠡᠨ ᠦᠭᠡᠢ ᠪᠤᠶᠤ ᠬᠠᠰᠤᠭᠰᠠᠨ︔ ︵ᠨᠠᠢᠮᠨ︶ ᠬᠠᠥᠯᠢ ᠴᠠᠭᠠᠵᠠ | ᠬᠠᠥᠯᠢ ᠲᠦᠷᠢᠮ ᠳᠤ ᠲᠤᠭᠳᠠᠭᠠᠭᠰᠠᠨ ᠭᠤᠮᠤᠳᠠᠯ ᠲᠤᠭᠠᠴᠠᠵᠤ ᠪᠤᠯᠬᠤ ᠪᠤᠰᠤᠤᠨ ᠪᠠᠶᠢᠳᠠᠯ᠃ ᠮᠤᠵᠢ ᠶᠢᠨ | ᠱᠠᠳᠤᠨ ᠠᠴᠠ ᠲᠤᠷᠤᠭᠰᠢᠬᠢ ᠪᠠᠶᠢᠭᠤᠯᠭ᠎ᠠ ᠠᠴᠠ ᠭᠠᠷᠭᠠᠭᠰᠠᠨ ᠭᠤᠮᠤᠳᠠᠯ ᠲᠤᠭᠠᠴᠠᠬᠤ ᠶᠢ ᠰᠢᠢᠥᠨᠪᠦᠷᠢᠯᠡᠭᠰᠡᠨ | ᠲᠤᠭᠳᠠᠭᠠᠯ ᠢ ᠵᠦᠪᠰᠢᠶᠡᠷᠡᠬᠦ ᠦᠭᠡᠢ ᠪᠤᠯ ᠲᠤᠭᠳᠠᠭᠠᠯ ᠭᠠᠷᠭᠠᠭᠰᠠᠨ ᠪᠠᠶᠢᠭᠤᠯᠭ᠎ᠠ ᠶᠢᠨ ᠲᠡᠭᠡᠳᠦ ᠱᠠᠳᠤᠨ ᠤ | ᠪᠠᠶᠢᠭᠤᠯᠭ᠎ᠠ ᠳᠤ ᠲᠠᠬᠢᠨ ᠭᠤᠮᠤᠳᠠᠯ ᠲᠤᠭᠠᠴᠠᠵᠤ ᠪᠤᠯᠤᠨ᠎ᠠ᠃ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠠᠯᠪᠠᠳᠠᠨ | ᠰᠢᠥᠨᠭᠡᠯ ᠦᠭᠬᠦ ᠶᠢ ᠵᠦᠪᠰᠢᠶᠡᠷᠡᠬᠦ ᠦᠭᠡᠢ ᠪᠠᠶᠢᠵᠤ ᠵᠠᠰᠠᠭ ᠵᠠᠬᠢᠷᠭᠠᠨ ᠤ ᠬᠢᠨᠠᠨ ᠪᠠᠶᠢᠴᠠᠭᠠᠬᠤ ᠪᠠᠶᠢᠭᠤᠯᠭ᠎ᠠ ᠳᠤ | ᠭᠤᠮᠤᠳᠠᠯ ᠲᠤᠭᠠᠴᠠᠪᠠᠯ ︽ᠪᠦᠬᠦᠳᠠ ᠨᠠᠶᠢᠷᠠᠮᠳᠠᠬᠤ ᠲᠤᠮᠳᠠᠳᠤ ᠠᠷᠠᠥᠨ ᠤᠯᠤᠰ ᠤᠨ ᠵᠠᠰᠠᠭ ᠵᠠᠬᠢᠷᠭᠠᠨ ᠤ ᠬᠢᠨᠠᠨ | ᠪᠠᠶᠢᠴᠠᠭᠠᠬᠤ ᠬᠠᠥᠯᠢ︾ ᠶᠢᠨ ᠲᠤᠭᠳᠠᠭᠠᠯ ᠢᠶᠠᠷ ᠬᠢᠨ᠎ᠡ᠃ ᠶᠡᠷᠡᠨ ᠨᠢᠭᠡᠳᠦᠭᠡᠷ ᠵᠦᠢᠯ ᠤᠤᠯ ᠰᠢᠢᠥᠨᠪᠦᠷᠢᠯᠡᠭᠰᠡᠨ | ᠪᠠᠶᠢᠭᠤᠯᠭ᠎ᠠ ᠲᠠᠬᠢᠨ ᠬᠢᠨᠠᠬᠤ ᠭᠤᠶᠤᠴᠢᠯᠠᠯ ᠤᠨ ᠪᠢᠴᠢᠭ ᠢ ᠬᠦᠯᠢᠶᠡᠵᠤ ᠠᠪᠤᠭᠰᠠᠨ ᠭᠤᠴᠢᠨ ᠡᠳᠦᠷ ᠤᠨ ᠲᠤᠳᠤᠷ᠎ᠠ | ᠲᠠᠬᠢᠨ ᠬᠢᠨᠠᠭᠰᠠᠨ ᠲᠤᠭᠳᠠᠭᠠᠯ ᠭᠠᠷᠭᠠᠬᠤ ᠭᠡᠷᠡᠭᠳᠡᠢ᠃ ᠠᠯᠪᠠᠳᠠᠨ ᠤ ᠭᠤᠮᠤᠳᠠᠯ ᠲᠤᠭᠠᠴᠠᠯᠳᠠ ᠶᠢ ᠬᠦᠯᠢᠶᠡᠨ | ᠠᠪᠤᠭᠰᠠᠨ ᠪᠠᠶᠢᠭᠤᠯᠭ᠎ᠠ ᠨᠢ ᠬᠦᠯᠢᠶᠡᠵᠤ ᠠᠪᠤᠭᠰᠠᠨ ᠡᠳᠦᠷ ᠠᠴᠠ ᠵᠢᠷᠠᠨ ᠡᠳᠦᠷ ᠤᠨ ᠲᠤᠳᠤᠷ᠎ᠠ ᠰᠢᠢᠥᠨᠪᠦᠷᠢᠯᠡᠭᠰᠡᠨ | ᠲᠤᠭᠳᠠᠭᠠᠯ ᠭᠠᠷᠭᠠᠬᠤ ᠭᠡᠷᠡᠭᠳᠡᠢ︔ ᠭᠡᠷᠡᠭ ᠤᠨ ᠪᠠᠶᠢᠳᠠᠯ ᠨᠢ ᠪᠤᠳᠤᠯᠢᠶᠠᠨᠳᠠᠢ ᠪᠤᠯ ᠴᠠᠭ ᠬᠤᠭᠤᠴᠠᠭ᠎ᠠ ᠶᠢ ᠵᠤᠬᠢᠰᠳᠠᠢ | ᠤᠷᠳᠤᠤᠨᠬᠠᠵᠤ ᠪᠤᠯᠤᠨ᠎ᠠ᠂ ᠭᠡᠪᠡᠴᠦ ᠤᠷᠳᠤᠤᠨᠬᠠᠭᠰᠠᠨ ᠬᠤᠭᠤᠴᠠᠭ᠎ᠠ ᠨᠢ ᠭᠤᠴᠢᠨ ᠡᠳᠦᠷ ᠠᠴᠠ ᠭᠡᠳᠦᠷᠡᠵᠦ ᠪᠤᠯᠬᠤ | ᠦᠭᠡᠢ᠃ ᠲᠠᠬᠢᠨ ᠬᠢᠨᠠᠬᠤ ᠪᠠ ᠭᠤᠮᠤᠳᠠᠯ ᠲᠤᠭᠠᠴᠠᠭᠰᠠᠨ ᠬᠤᠭᠤᠴᠠᠭᠠᠨ ᠳᠤ ᠠᠵᠢᠯᠳᠠᠨ ᠤ ᠶᠠᠪᠤᠳᠠᠯ ᠤᠨ | ᠰᠢᠢᠥᠨᠪᠦᠷᠢ ᠶᠢ ᠭᠡᠷᠡᠭᠵᠢᠬᠦᠯᠬᠦ ᠪᠠᠨ ᠵᠤᠭᠰᠤᠭᠠᠬᠤ ᠦᠭᠡᠢ᠃ ᠶᠡᠷᠡᠨ ᠬᠤᠶᠠᠳᠤᠭᠠᠷ ᠵᠦᠢᠯ ᠠᠯᠪᠠᠳᠠᠨ ᠤ ᠭᠤᠮᠤᠳᠠᠯ | ᠲᠤᠭᠠᠴᠠᠬᠤ ᠶᠢ ᠬᠦᠯᠢᠶᠡᠨ ᠠᠪᠤᠭᠰᠠᠨ ᠪᠠᠶᠢᠭᠤᠯᠭ᠎ᠠ ᠠᠴᠠ ᠠᠵᠢᠯᠳᠠᠨ ᠤ ᠶᠠᠪᠤᠳᠠᠯ ᠢ ᠪᠤᠷᠤᠭᠤ ᠰᠢᠢᠥᠨᠪᠦᠷᠢᠯᠡᠭᠰᠡᠨ ᠢ | ᠬᠢᠨᠠᠨ ᠲᠤᠳᠤᠯᠤᠭᠰᠠᠨ ᠪᠤᠯ ᠤᠤᠯ ᠰᠢᠢᠥᠨᠪᠦᠷᠢᠯᠡᠭᠰᠡᠨ ᠪᠠᠶᠢᠭᠤᠯᠭ᠎ᠠ ᠵᠠᠪᠠᠯ ᠴᠠᠭ ᠲᠤᠬᠠᠢ ᠳᠤᠨᠢ ᠵᠠᠯᠠᠷᠠᠭᠤᠯᠬᠤ | ᠭᠡᠷᠡᠭᠳᠡᠢ᠃ ᠶᠡᠷᠡᠨ ᠭᠤᠷᠪᠠᠳᠤᠭᠠᠷ ᠵᠦᠢᠯ ᠠᠯᠪᠠᠳᠠᠨ ᠠᠴᠠ ᠪᠠᠶᠢᠭᠤᠯᠭ᠎ᠠ ᠬᠢᠭᠡᠥᠨ ᠲᠡᠬᠦᠨ ᠤ ᠤᠳᠤᠷᠢᠥᠨᠬᠤ ᠬᠦᠮᠦᠨ | ᠦᠪᠡᠷ ᠤᠨ ᠬᠢᠨᠢ ᠬᠠᠥᠯᠢ ᠶᠤᠰᠤᠨ ᠤ ᠡᠷᠭᠡ ᠠᠰᠢᠭ ᠲᠤ ᠬᠠᠯᠳᠠᠭᠰᠠᠨ ᠭᠡᠵᠦ ᠦᠵᠡᠪᠡᠯ ᠬᠠᠥᠯᠢ ᠶᠤᠰᠤᠭᠠᠷ ᠲᠡᠭᠡᠳᠦ | ᠱᠠᠳᠤᠨ ᠤ ᠪᠠᠶᠢᠭᠤᠯᠭ᠎ᠠ ᠪᠤᠶᠤ ᠡᠰᠡᠬᠦᠯ᠎ᠡ ᠬᠠᠮᠢᠶ᠎ᠠ ᠲᠠᠢ ᠲᠤᠰᠬᠠᠢ ᠪᠠᠶᠢᠭᠤᠯᠤᠮᠵᠢ ᠳᠤ ᠵᠠᠭᠠᠯᠳᠤᠯᠭ᠎ᠠ ᠬᠢᠵᠦ ᠪᠤᠯᠤᠨ᠎ᠠ᠃ | ᠵᠠᠭᠠᠯᠳᠤᠯᠭ᠎ᠠ ᠶᠢ ᠬᠦᠯᠢᠶᠡᠵᠦ ᠠᠪᠤᠭᠰᠠᠨ ᠪᠠᠶᠢᠭᠤᠯᠭ᠎ᠠ ᠲᠤᠭᠳᠠᠭᠠᠯ ᠶᠤᠰᠤᠭᠠᠷ ᠴᠠᠭ ᠲᠠᠷᠤᠢ ᠳᠤᠨᠢ ᠰᠢᠢᠥᠨᠪᠦᠷᠢᠯᠡᠬᠦ | ᠭᠡᠷᠡᠭᠳᠡᠢ᠃ ᠵᠢᠷᠡᠨ ᠲᠦᠷᠪᠡᠳᠦᠭᠡᠷ ᠵᠦᠢᠯ ᠠᠯᠪᠠᠳᠠᠨ ᠭᠤᠮᠤᠳᠠᠯ ᠲᠤᠭᠠᠴᠢᠬᠤ ᠪᠠ ᠵᠠᠭᠠᠯᠳᠤᠯᠭ᠎ᠠ ᠭᠠᠷᠭᠠᠬᠤ ᠳᠠᠭᠠᠨ | ᠬᠤᠳᠠᠯ ᠭᠡᠷᠡᠭ ᠵᠤᠬᠢᠶᠠᠵᠤ ᠪᠤᠰᠤᠤᠨ ᠢ ᠬᠦᠥᠨᠭᠡᠵᠦ ᠬᠤᠤᠷᠯᠠᠵᠤ ᠪᠤᠯᠬᠤ ᠦᠭᠡᠢ᠃ ᠠᠷᠪᠠᠨ ᠵᠢᠷᠭᠤᠳᠤᠭᠠᠷ ᠪᠦᠯᠦᠭ | ᠲᠤᠰᠢᠶᠠᠯ ᠤᠨ ᠪᠠᠶᠢᠷᠢ ᠳᠤ ᠤᠷᠢᠨ ᠲᠤᠮᠢᠯᠠᠬᠤ ᠶᠡᠷᠡᠨ ᠲᠠᠪᠤᠳᠤᠭᠠᠷ ᠵᠦᠢᠯ ᠪᠠᠶᠢᠭᠤᠯᠭ᠎ᠠ ᠨᠢ ᠠᠵᠢᠯ ᠤᠨ | ᠭᠡᠷᠡᠭᠴᠡᠭᠡ ᠪᠠᠨ ᠦᠨᠳᠦᠰᠦᠯᠡᠨ᠂ ᠮᠤᠵᠢ ᠶᠢᠨ ᠱᠠᠳᠤᠨ ᠠᠴᠠ ᠲᠡᠭᠡᠭᠰᠢᠬᠢ ᠠᠯᠪᠠᠳᠠᠨ ᠢ ᠭᠤᠤᠯᠯᠠᠨ ᠬᠠᠮᠢᠶᠠᠷᠬᠤ | ᠰᠠᠯᠠᠭ᠎ᠠ ᠮᠦᠴᠢᠷ ᠢᠶᠠᠷ ᠵᠦᠪᠰᠢᠶᠡᠷᠡᠬᠦᠯᠦᠨ ᠲᠤᠰᠬᠠᠢ ᠮᠡᠷᠭᠡᠵᠢᠯ ᠤᠨ ᠴᠢᠨᠠᠷ ᠢᠶᠠᠷ ᠨᠡᠯᠢᠶᠡᠥᠨ ᠴᠢᠩᠭ᠎ᠠ ᠲᠤᠰᠢᠶᠠᠯ ᠤᠨ | ᠪᠠᠶᠢᠷᠢ ᠪᠠ ᠲᠤᠰᠠᠯᠠᠬᠤ ᠴᠢᠨᠠᠷ ᠲᠠᠢ ᠲᠤᠰᠢᠶᠠᠯ ᠤᠨ ᠪᠠᠶᠢᠷᠢ ᠳᠤ ᠤᠷᠢᠨ ᠲᠤᠮᠢᠯᠠᠬᠤ ᠲᠦᠷᠢᠮ ᠢ ᠭᠡᠷᠡᠭᠵᠢᠬᠦᠯᠵᠦ | ᠪᠤᠯᠤᠨ᠎ᠠ᠃ ᠡᠮᠦᠨᠡᠬᠢ ᠵᠤᠷᠪᠤᠰ ᠲᠤ ᠵᠢᠭᠰᠠᠭᠠᠭᠰᠠᠨ ᠲᠤᠰᠢᠶᠠᠯ ᠤᠨ ᠪᠠᠶᠢᠷᠢ ᠨᠢ ᠤᠯᠤᠰ ᠤᠨ ᠨᠢᠭᠤᠴᠠ ᠳᠤ | ᠬᠤᠯᠪᠤᠭᠳᠠᠪᠠᠯ ᠤᠷᠢᠨ ᠲᠤᠮᠢᠯᠠᠬᠤ ᠲᠦᠷᠢᠮ ᠢ ᠭᠡᠷᠡᠭᠵᠢᠬᠦᠯᠬᠦ ᠦᠭᠡᠢ᠃ ᠶᠡᠷᠡᠨ ᠵᠢᠷᠭᠤᠳᠤᠭᠠᠷ ᠵᠦᠢᠯ | ᠪᠠᠶᠢᠭᠤᠯᠭ᠎ᠠ ᠠᠴᠠ ᠠᠯᠪᠠᠳᠠᠨ ᠢ ᠤᠷᠢᠨ ᠲᠤᠮᠢᠯᠠᠬᠤ ᠳᠤ ᠠᠯᠪᠠᠳᠠᠨ ᠢ ᠰᠢᠯᠭᠠᠨ ᠡᠯᠰᠡᠬᠦ ᠵᠢᠷᠤᠮ ᠢᠶᠠᠷ ᠯᠠᠪᠯᠠᠯᠳᠠ | ᠪᠤᠯᠭᠠᠵᠤ ᠢᠯᠨ ᠪᠠᠷ ᠤᠷᠢᠨ ᠡᠯᠰᠡᠵᠦ ᠪᠤᠯᠤᠨ᠎ᠠ᠂ ᠨᠦᠬᠦᠴᠡᠯ ᠬᠦᠷᠦᠭᠰᠡᠨ ᠬᠦᠮᠦᠰ ᠤᠨ ᠲᠤᠮᠳᠠ ᠠᠴᠠ ᠰᠢᠭᠤᠤᠨ | ᠰᠤᠩᠭᠤᠨ ᠤᠷᠢᠵᠤ ᠪᠠᠰᠠ ᠪᠤᠯᠤᠨ᠎ᠠ᠃ ᠪᠠᠶᠢᠭᠤᠯᠭ᠎ᠠ ᠠᠴᠠ ᠠᠯᠪᠠᠳᠠᠨ ᠢ ᠤᠷᠢᠨ ᠲᠤᠮᠢᠯᠠᠬᠤ ᠳᠤ ᠲᠤᠭᠳᠠᠭᠰᠠᠨ | ᠤᠷᠤᠨ ᠲᠤᠭ᠎ᠠ ᠪᠤᠯᠤᠨ ᠴᠠᠯᠢᠩ ᠤᠨ ᠵᠠᠷᠤᠳᠠᠯ ᠤᠨ ᠬᠢᠵᠠᠭᠠᠷᠯᠠᠭᠰᠠᠨ ᠲᠤᠭ᠎ᠠ ᠲᠤᠳᠤᠷ᠎ᠠ ᠶᠠᠪᠤᠭᠤᠯᠬᠤ ᠭᠡᠷᠡᠭᠳᠡᠢ᠃ | ᠶᠡᠷᠡᠨ ᠲᠤᠯᠤᠳᠤᠭᠠᠷ ᠵᠦᠢᠯ ᠪᠠᠶᠢᠭᠤᠯᠭ᠎ᠠ ᠠᠴᠠ ᠠᠯᠪᠠᠳᠠᠨ ᠢ ᠤᠷᠢᠨ ᠲᠤᠮᠢᠯᠠᠬᠤ ᠳᠤ ᠵᠠᠪᠠᠯ ᠡᠷᠭᠡ ᠲᠡᠭᠰᠢ ᠰᠠᠶᠢᠨ | ᠲᠤᠷ᠎ᠠ ᠠᠴᠠ᠂ ᠵᠦᠪᠳᠡᠯᠴᠡᠨ ᠨᠢᠭᠡᠳᠦᠯᠳᠡᠢ ᠪᠠᠶᠢᠬᠤ ᠵᠠᠷᠴᠢᠮ ᠤᠨ ᠶᠤᠰᠤᠭᠠᠷ ᠪᠢᠴᠢᠭ ᠤᠨ ᠬᠡᠯᠪᠡᠷᠢ ᠪᠠᠷ ᠤᠷᠢᠨ | ᠲᠤᠮᠢᠯᠠᠬᠤ ᠭᠡᠷ᠎ᠡ ᠲᠤᠭᠳᠠᠨ᠂ ᠪᠠᠶᠢᠭᠤᠯᠭ᠎ᠠ ᠪᠠ ᠤᠷᠢᠭᠳᠠᠭᠰᠠᠨ ᠠᠯᠪᠠᠳᠠᠨ ᠬᠤᠶᠠᠷ ᠲᠠᠯ᠎ᠠ ᠶᠢᠨ ᠡᠷᠭᠡ ᠪᠠ | ᠡᠭᠦᠷᠭᠡ ᠶᠢ ᠲᠤᠳᠤᠷᠬᠠᠢᠢᠯᠠᠨ᠎ᠠ᠃ ᠬᠤᠶᠠᠷ ᠲᠠᠯ᠎ᠠ ᠪᠠᠷ ᠢᠶᠠᠨ ᠵᠦᠪᠳᠡᠯᠴᠡᠨ ᠨᠢᠭᠡᠥᠨᠪᠡᠯ ᠤᠷᠢᠨ ᠲᠤᠮᠢᠯᠠᠬᠤ ᠭᠡᠷ᠎ᠡ ᠶᠢ | ᠬᠤᠪᠢᠷᠠᠭᠠᠬᠤ ᠦᠭᠡᠢ ᠪᠤᠶᠤ ᠬᠦᠴᠦᠨ ᠦᠭᠡᠢ ᠪᠤᠯᠭᠠᠵᠤ ᠪᠤᠯᠤᠨ᠎ᠠ᠃ ᠤᠷᠢᠨ ᠲᠤᠮᠢᠯᠠᠬᠤ ᠭᠡᠷ᠎ᠡ ᠲᠤᠭᠳᠠᠭᠠᠬᠤ᠂ | ᠬᠤᠪᠢᠷᠠᠭᠠᠬᠤ ᠪᠤᠶᠤ ᠬᠦᠴᠦᠨ ᠦᠭᠡᠢ ᠪᠤᠯᠭᠠᠬᠤ ᠳᠤ ᠵᠠᠪᠠᠯ ᠠᠳᠠᠯᠢ ᠱᠠᠳᠤᠨ ᠤ ᠠᠯᠪᠠᠳᠠᠨ ᠢ ᠭᠤᠤᠯᠯᠠᠨ ᠬᠠᠮᠢᠶᠠᠷᠬᠤ | ᠰᠠᠯᠠᠭ᠎ᠠ ᠮᠦᠴᠢᠷ ᠲᠤ ᠮᠡᠳᠡᠬᠦᠯᠵᠦ ᠲᠠᠩᠰᠠᠯᠠᠭᠤᠯᠤᠨ᠎ᠠ · ᠶᠡᠷᠡᠨ ᠨᠠᠢᠮᠠᠳᠤᠭᠠᠷ ᠵᠦᠢᠯ ᠤᠷᠢᠨ ᠲᠤᠮᠢᠯᠠᠬᠤ ᠭᠡᠷ᠎ᠡ ᠨᠢ | ᠵᠠᠪᠠᠯ ᠭᠡᠷ᠎ᠡ ᠶᠢᠨ ᠬᠤᠭᠤᠴᠠᠭ᠎ᠠ᠂ ᠲᠤᠰᠢᠶᠠᠯ ᠤᠨ ᠪᠠᠶᠢᠷᠢ ᠵᠢᠴᠢ ᠲᠡᠬᠦᠨ ᠤ ᠡᠭᠦᠷᠭᠡ ᠬᠠᠷᠢᠭᠤᠴᠠᠯᠭ᠎ᠠ ᠶᠢᠨ | ᠱᠠᠭᠠᠷᠳᠠᠯᠭ᠎ᠠ᠂ ᠴᠠᠯᠢᠩ ᠠᠰᠠᠷᠠᠮᠵᠢ ᠲᠠᠭᠠᠥᠨᠬᠠᠯ ᠤᠨ ᠤᠯᠭᠤᠮᠵᠢ᠂ ᠪᠤᠯᠵᠤᠭ᠎ᠠ ᠠᠴᠠ ᠵᠦᠷᠢᠴᠡᠭᠰᠡᠨ ᠬᠠᠷᠢᠭᠤᠴᠠᠯᠭ᠎ᠠ | ᠵᠡᠷᠭᠡ ᠵᠦᠢᠯ ᠢ ᠪᠦᠷᠢᠯᠳᠦᠬᠦᠯᠬᠦ ᠭᠡᠷᠡᠭᠳᠡᠢ᠃ ᠤᠷᠢᠨ ᠲᠤᠮᠢᠯᠠᠬᠤ ᠭᠡᠷ᠎ᠡ ᠶᠢᠨ ᠬᠤᠭᠤᠴᠠᠭ᠎ᠠ ᠨᠢ ᠨᠢᠭᠡ ᠵᠢᠯ ᠠᠴᠠ | ᠲᠠᠪᠤᠨ ᠵᠢᠯ ᠪᠠᠶᠢᠵᠤ ᠪᠤᠯᠤᠨ᠎ᠠ᠃ ᠤᠷᠢᠨ ᠲᠤᠮᠢᠯᠠᠬᠤ ᠭᠡᠷ᠎ᠡ ᠳᠤ ᠲᠤᠷᠰᠢᠨ ᠭᠡᠷᠡᠭᠯᠡᠬᠦ ᠬᠤᠭᠤᠴᠠᠭ᠎ᠠ ᠲᠤᠭᠳᠠᠭᠠᠵᠤ | ᠪᠤᠯᠤᠨ᠎ᠠ᠂ ᠲᠤᠷᠰᠢᠨ ᠭᠡᠷᠡᠭᠯᠡᠬᠦ ᠬᠤᠭᠤᠴᠠᠭ᠎ᠠ ᠨᠢ ᠨᠢᠭᠡ ᠰᠠᠷ᠎ᠠ ᠠᠴᠠ ᠵᠢᠷᠭᠤᠭᠠᠨ ᠰᠠᠷ᠎ᠠ ᠪᠤᠯᠤᠨ᠎ᠠ᠃ ᠤᠷᠢᠨ | ᠲᠤᠮᠢᠯᠠᠬᠤ ᠲᠦᠷᠢᠮᠳᠤ ᠠᠯᠪᠠᠳᠠᠨ ᠳᠤ ᠤᠯᠤᠰ ᠤᠨ ᠲᠤᠭᠳᠠᠭᠠᠯ ᠶᠤᠰᠤᠭᠠᠷ ᠭᠡᠯᠡᠯᠴᠡᠭᠡᠷ ᠢᠶᠠᠷ ᠦᠭᠬᠦ ᠴᠠᠯᠢᠩ ᠤᠨ | ᠲᠦᠷᠢᠮ ᠢ ᠭᠡᠷᠡᠭᠵᠢᠬᠦᠯᠦᠨ᠎ᠡ᠂ ᠪᠤᠳᠠᠳᠤ ᠠᠷᠭ᠎ᠠ ᠶᠢ ᠲᠦᠪ ᠤᠨ ᠠᠯᠪᠠᠳᠠᠨ ᠤ ᠭᠤᠤᠯᠯᠠᠨ ᠬᠠᠮᠢᠶᠠᠷᠬᠤ ᠰᠠᠯᠠᠭ᠎ᠠ | ᠮᠦᠴᠢᠷ ᠠᠴᠠ ᠲᠤᠭᠳᠠᠭᠠᠨ᠎ᠠ᠃ ᠶᠡᠷᠡ ᠶᠢᠰᠦᠳᠦᠭᠡᠷ ᠵᠦᠢᠯ ᠪᠠᠶᠢᠭᠤᠯᠭ᠎ᠠ ᠨᠢ ᠲᠤᠰ ᠬᠠᠥᠯᠢ ᠬᠢᠭᠡᠥᠨ ᠤᠷᠢᠨ | ᠲᠤᠮᠢᠯᠠᠬᠤ ᠭᠡᠷ᠎ᠡ ᠶᠢ ᠦᠨᠳᠦᠰᠦᠯᠡᠵᠦ ᠤᠷᠢᠵᠤ ᠭᠡᠷᠡᠭᠯᠡᠭᠰᠡᠨ ᠠᠯᠪᠠᠳᠠᠨ ᠳᠤ ᠬᠠᠮᠢᠶᠠᠷᠤᠯᠳᠠ ᠭᠢᠨ᠎ᠡ᠃ ᠵᠠᠭᠤᠳᠤᠭᠠᠷ | ᠵᠦᠢᠯ ᠤᠯᠤᠰ ᠠᠴᠠ ᠠᠵᠢᠯᠳᠠᠨ ᠤ ᠶᠠᠪᠤᠳᠠᠯ ᠤᠨ ᠮᠠᠷᠭᠤᠭᠠᠨ ᠢ ᠬᠦᠨᠳᠡᠯᠡᠨ ᠠᠴᠠ ᠲᠠᠰᠤᠯᠬᠤ ᠲᠦᠷᠢᠮ ᠢ | ᠪᠠᠶᠢᠭᠤᠯᠤᠨ᠎ᠠ᠃ ᠠᠵᠢᠯᠳᠠᠨ ᠤ ᠶᠠᠪᠤᠳᠠᠯ ᠤᠨ ᠮᠠᠷᠭᠤᠭᠠᠨ ᠢ ᠬᠦᠨᠳᠡᠯᠡᠨ ᠠᠴᠠ ᠲᠠᠰᠤᠯᠬᠤ ᠳᠤ ᠵᠠᠪᠠᠯ ᠬᠠᠥᠯᠢ ᠳᠤ | ᠨᠡᠶᠢᠴᠡᠬᠦ᠂ ᠲᠦᠪ ᠭᠤᠤᠯᠴᠢ᠂ ᠲᠠᠷᠦ᠋ᠢᠬᠠᠨ ᠰᠢᠢᠥᠨᠪᠦᠷᠢᠯᠡᠬᠦ ᠵᠠᠷᠴᠢᠮ ᠢ ᠦᠨᠳᠦᠰᠦᠯᠡᠵᠦ᠂ ᠮᠠᠷᠭᠤᠭᠠᠨ ᠲᠠᠢ ᠬᠤᠶᠠᠷ | ᠲᠠᠯ᠎ᠠ ᠶᠢᠨ ᠬᠠᠥᠯᠢ ᠶᠤᠰᠤᠨ ᠤ ᠡᠷᠭᠡ ᠠᠰᠢᠭ ᠢ ᠬᠠᠥᠯᠢ ᠪᠠᠷ ᠬᠠᠮᠠᠭᠠᠯᠠᠨ᠎ᠠ᠃ ᠠᠵᠢᠯᠳᠠᠨ ᠤ ᠶᠠᠪᠤᠳᠠᠯ ᠤᠨ | ᠮᠠᠷᠭᠤᠭᠠᠨ ᠢ ᠬᠦᠨᠳᠡᠯᠡᠨ ᠠᠴᠠ ᠲᠠᠰᠤᠯᠬᠤ ᠵᠦᠪᠯᠡᠯ ᠢ ᠭᠡᠷᠡᠭᠴᠡᠭᠡ ᠪᠠᠨ ᠦᠨᠳᠦᠰᠦᠯᠡᠵᠦ ᠪᠠᠶᠢᠭᠤᠯᠤᠨ᠎ᠠ᠃ | ᠠᠵᠢᠯᠳᠠᠨ ᠤ ᠶᠠᠪᠤᠳᠠᠯ ᠤᠨ ᠮᠠᠷᠭᠤᠭᠠᠨ ᠢ ᠬᠦᠨᠳᠡᠯᠡᠨ ᠠᠴᠠ ᠲᠠᠰᠤᠯᠬᠤ ᠵᠦᠪᠯᠡᠯ ᠨᠢ ᠠᠯᠪᠠᠳᠠᠨ ᠢ ᠭᠤᠤᠯᠯᠠᠨ | ᠬᠠᠮᠢᠶᠠᠷᠬᠤ ᠰᠠᠯᠠᠭ᠎ᠠ ᠮᠦᠴᠢᠷ ᠤᠨ ᠲᠦᠯᠦᠭᠡᠯᠡᠭᠴᠢ᠂ ᠤᠷᠢᠨ ᠭᠡᠷᠡᠭᠯᠡᠬᠦ ᠪᠠᠶᠢᠭᠤᠯᠭ᠎ᠠ ᠶᠢᠨ ᠲᠦᠯᠦᠭᠡᠯᠡᠭᠴᠢ᠂ ᠤᠷᠢᠨ | ᠲᠤᠮᠢᠯᠠᠬᠤ ᠲᠦᠷᠢᠮᠳᠤ ᠠᠯᠪᠠᠳᠠᠨ ᠤ ᠲᠦᠯᠦᠭᠡᠯᠡᠭᠴᠢ ᠵᠢᠴᠢ ᠬᠠᠥᠯᠢ ᠴᠠᠭᠠᠵᠠ ᠶᠢᠨ ᠮᠡᠷᠭᠡᠵᠢᠯᠳᠡᠨ ᠢᠶᠠᠷ ᠪᠦᠷᠢᠯᠳᠦᠨ᠎ᠡ᠃ | ᠤᠷᠢᠨ ᠲᠤᠮᠢᠠᠯᠬᠤ ᠲᠦᠷᠢᠮᠳᠤ ᠠᠯᠪᠠᠳᠠᠨ ᠬᠢᠭᠡᠥᠨ ᠲᠡᠬᠦᠨ ᠤ ᠠᠵᠢᠯᠯᠠᠵᠤ ᠪᠠᠶᠢᠭ᠎ᠠ ᠪᠠᠶᠢᠭᠤᠯᠭ᠎ᠠ ᠶᠢᠨ | ᠬᠤᠭᠤᠷᠤᠨᠳᠤ ᠪᠠᠨ ᠤᠷᠢᠨ ᠲᠤᠮᠢᠯᠠᠬᠤ ᠭᠡᠷ᠎ᠡ ᠶᠢᠨ ᠭᠡᠷᠡᠭᠵᠢᠬᠦᠯᠬᠦ ᠲᠠᠯ᠎ᠠ ᠪᠠᠷ ᠮᠠᠷᠭᠤᠭᠠᠨ ᠡᠭᠦᠰᠦᠭᠰᠡᠨ ᠪᠤᠯ | ᠮᠠᠷᠭᠤᠭᠠᠨ ᠡᠭᠦᠰᠦᠭᠰᠡᠨ ᠡᠳᠦᠷ ᠠᠴᠠ ᠡᠭᠢᠯᠡᠵᠦ ᠵᠢᠷᠠᠨ ᠡᠳᠦᠷ ᠤᠨ ᠲᠤᠳᠤᠷ᠎ᠠ ᠠᠵᠢᠯᠳᠠᠨ ᠤ ᠶᠠᠪᠤᠳᠠᠯ ᠤᠨ | ᠮᠠᠷᠭᠤᠭᠠᠨ ᠢ ᠬᠦᠨᠳᠡᠯᠡᠨ ᠠᠴᠠ ᠲᠠᠰᠤᠯᠬᠤ ᠵᠦᠪᠯᠡᠯ ᠳᠤ ᠬᠦᠨᠳᠡᠯᠡᠨ ᠠᠴᠠ ᠲᠠᠰᠤᠯᠬᠤ ᠭᠤᠶᠤᠴᠢᠯᠠᠯ ᠭᠠᠷᠭᠠᠵᠤ | ᠪᠤᠯᠤᠨ᠎ᠠ᠃ ᠲᠤᠬᠠᠢ ᠶᠢᠨ ᠬᠦᠮᠦᠨ ᠬᠦᠨᠳᠡᠯᠡᠨ ᠠᠴᠠ ᠲᠠᠰᠤᠯᠬᠤ ᠲᠠᠰᠤᠯᠤᠯᠳᠠ ᠶᠢ ᠵᠦᠪᠰᠢᠶᠡᠷᠡᠬᠦ ᠦᠭᠡᠢ ᠪᠤᠯ | ᠬᠦᠨᠳᠡᠯᠡᠨ ᠠᠴᠠ ᠲᠠᠰᠤᠯᠬᠤ ᠲᠠᠰᠤᠯᠠᠯᠳᠠ ᠶᠢᠨ ᠪᠢᠴᠢᠭ ᠢ ᠬᠦᠯᠢᠶᠡᠵᠤ ᠠᠪᠤᠭᠰᠠᠨ ᠡᠳᠦᠷ ᠠᠴᠠ ᠡᠭᠢᠯᠡᠨ ᠠᠷᠪᠠᠨ | ᠲᠠᠪᠤᠨ ᠡᠳᠦᠷ ᠤᠨ ᠲᠤᠳᠤᠷ᠎ᠠ ᠠᠷᠠᠥᠨ ᠤᠨ ᠰᠢᠬᠦᠬᠦ ᠬᠤᠷᠢᠶᠠᠨ ᠳᠤ ᠵᠠᠷᠭᠤ ᠬᠢᠵᠦ ᠪᠤᠯᠤᠨ᠎ᠠ᠃ ᠬᠦᠨᠳᠡᠯᠡᠨ ᠠᠴᠠ | ᠲᠠᠰᠤᠯᠬᠤ ᠲᠠᠰᠤᠯᠤᠯᠳᠠ ᠬᠦᠴᠦᠨ ᠲᠠᠢ ᠪᠤᠯᠤᠭᠰᠠᠨ ᠤ ᠬᠤᠶᠢᠨ᠎ᠠ᠂ ᠨᠢᠭᠡ ᠲᠠᠯ᠎ᠠ ᠶᠢᠨ ᠲᠤᠬᠠᠢ ᠶᠢᠨ ᠬᠦᠮᠦᠨ | ᠭᠡᠷᠡᠭᠵᠢᠬᠦᠯᠬᠦ ᠦᠭᠡᠢ ᠪᠠᠶᠢᠪᠠᠯ ᠨᠦᠬᠦᠭᠡ ᠨᠢᠭᠡ ᠲᠠᠯ᠎ᠠ ᠶᠢᠨ ᠲᠤᠬᠠᠢ ᠶᠢᠨ ᠬᠦᠮᠦᠨ ᠠᠴᠠ ᠠᠷᠠᠥᠨ ᠤᠨ ᠰᠢᠬᠦᠬᠦ | ᠬᠤᠷᠢᠶᠠᠨ ᠳᠤ ᠭᠡᠷᠡᠭᠵᠢᠬᠦᠯᠬᠦ ᠶᠢ ᠭᠤᠶᠤᠴᠢᠯᠠᠵᠤ ᠪᠤᠯᠤᠨ᠎ᠠ᠃ ᠠᠷᠪᠠᠨ ᠲᠤᠯᠤᠳᠤᠭᠠᠷ ᠪᠦᠯᠦᠭ ᠬᠠᠥᠯᠢ ᠶᠢᠨ | ᠬᠠᠷᠢᠭᠤᠴᠠᠯᠭ᠎ᠠ ᠵᠠᠭᠤ ᠪᠦᠭᠡᠥᠨ ᠨᠢᠭᠡᠳᠦᠭᠡᠷ ᠵᠦᠢᠯ ᠲᠤᠰ ᠬᠠᠥᠯᠢ ᠶᠢᠨ ᠲᠤᠭᠳᠠᠭᠠᠯ ᠢ ᠵᠦᠷᠢᠴᠡᠭᠰᠡᠨ ᠲᠤᠤᠷᠠᠬᠢ | ᠪᠠᠶᠢᠳᠠᠯ ᠤᠳ ᠪᠠᠶᠢᠪᠠᠯ ᠰᠢᠶᠠᠨ ᠤ ᠱᠠᠳᠤᠨ ᠠᠴᠠ ᠲᠡᠭᠡᠭᠰᠢ ᠤᠳᠤᠷᠢᠥᠨᠬᠤ ᠪᠠᠶᠢᠭᠤᠯᠭ᠎ᠠ ᠪᠤᠶᠤ ᠠᠯᠪᠠᠳᠠᠨ ᠢ ᠭᠤᠤᠯᠯᠠᠨ | ᠬᠠᠮᠢᠶᠠᠷᠬᠤ ᠰᠠᠯᠠᠭ᠎ᠠ ᠮᠦᠴᠢᠷ ᠠᠴᠠ ᠬᠠᠮᠢᠶᠠᠷᠣᠯᠳᠡ ᠶᠢᠨ ᠡᠷᠭᠡ ᠮᠡᠳᠡᠯ ᠤᠨ ᠬᠡᠪᠴᠢᠶ᠎ᠡ ᠶᠤᠰᠤᠭᠠᠷ ᠠᠳᠠᠯᠢ ᠪᠤᠰᠤ | ᠪᠠᠶᠢᠳᠠᠯ ᠢ ᠢᠯᠭᠠᠨ ᠰᠠᠯᠭᠠᠵᠤ᠂ ᠲᠤᠰ ᠲᠤᠰ ᠵᠠᠷᠯᠢᠭᠳᠠᠨ ᠵᠠᠯᠠᠷᠠᠭᠤᠯᠬᠤ ᠪᠤᠶᠤ ᠬᠦᠴᠦᠨ ᠦᠭᠡᠢ ᠪᠤᠯᠭᠠᠬᠤ ᠪᠠᠷ | ᠨᠡᠶᠢᠳᠡᠯᠡᠨ᠎ᠡ︔ ᠬᠠᠷᠢᠭᠤᠴᠠᠯᠭ᠎ᠠ ᠲᠠᠢ ᠤᠳᠤᠷᠢᠥᠨᠬᠤ ᠬᠦᠮᠦᠨ ᠪᠠ ᠰᠢᠭᠤᠤᠨ ᠬᠠᠷᠢᠭᠤᠴᠠᠯᠭ᠎ᠠ ᠲᠠᠢ ᠠᠵᠢᠯᠳᠠᠠ ᠢ | ᠦᠢᠯᠨ ᠪᠠᠶᠢᠳᠠᠯ ᠤᠨ ᠬᠦᠨᠳᠦ ᠬᠦᠡᠭᠭᠡᠨ ᠢ ᠦᠨᠳᠦᠰᠦᠯᠡᠵᠦ ᠰᠢᠬᠦᠮᠵᠢᠯᠡᠨ ᠰᠤᠷᠭᠠᠬᠤ ᠪᠤᠶᠤ ᠰᠢᠥᠨᠭᠡᠯ ᠦᠭᠬᠦ ᠭᠡᠷᠡᠭᠳᠡᠢ | ︔ ᠶᠠᠯ᠎ᠠ ᠬᠢᠭᠰᠡᠨ ᠭᠡᠮᠵᠢᠶᠡᠨ ᠳᠤ ᠬᠦᠷᠪᠡᠯ ᠬᠠᠥᠯᠢ ᠶᠤᠰᠤᠭᠠᠷ ᠡᠷᠡᠬᠦᠦ ᠶᠢᠨ ᠬᠠᠷᠢᠭᠤᠴᠠᠯᠭ᠎ᠠ ᠨᠡᠭᠡᠮᠵᠢᠯᠡᠨ᠎ᠡ᠄ ︵ᠨᠢᠭᠡ | ︶ ᠤᠷᠤᠨ ᠲᠤᠭ᠎ᠠ ᠶᠢᠨ ᠬᠢᠵᠠᠭᠠᠷᠯᠠᠭᠰᠠᠨ ᠲᠤᠭ᠎ᠠ᠂ ᠲᠤᠰᠢᠶᠠᠯ ᠤᠨ ᠲᠤᠭ᠎ᠠ ᠪᠤᠶᠤ ᠲᠤᠰᠢᠶᠠᠯ ᠳᠤ ᠲᠤᠮᠢᠯᠠᠬᠤ ᠬᠢᠷᠢ | ᠭᠡᠮ ᠤᠨ ᠨᠦᠬᠦᠴᠡᠯ ᠶᠤᠰᠤᠭᠠᠷ ᠠᠯᠪᠠᠳᠠᠨ ᠢ ᠡᠯᠰᠡᠨ ᠭᠡᠷᠡᠭᠯᠡᠭᠰᠡᠨ ᠦᠭᠡᠢ᠂ ᠰᠢᠯᠵᠢᠬᠦᠯᠦᠨ ᠲᠤᠮᠢᠯᠠᠭᠰᠠᠨ ᠦᠭᠡᠢ᠂ | ᠬᠠᠯᠠᠨ ᠲᠤᠮᠢᠯᠠᠭᠰᠠᠨ ᠦᠭᠡᠢ᠂ ᠤᠷᠢᠨ ᠲᠤᠮᠢᠯᠠᠭᠰᠠᠨ ᠦᠭᠡᠢ ᠪᠠ ᠲᠡᠪᠰᠢᠬᠦᠯᠦᠭᠰᠡᠨ ᠦᠭᠡᠢ︔ ︵ᠬᠤᠶᠠᠷ︶ | ᠠᠯᠪᠠᠳᠠᠨ ᠢ ᠱᠠᠩᠨᠠᠵᠤ ᠰᠢᠥᠨᠭᠡᠬᠦ᠂ ᠵᠠᠶᠢᠯᠠᠭᠤᠯᠬᠤ ᠪᠠ ᠠᠵᠢᠯ ᠠᠴᠠ ᠪᠠᠨ ᠠᠮᠠᠷᠠᠬᠤ ᠬᠦᠢᠴᠡᠥᠨᠭᠡᠯ ᠢ ᠲᠤᠭᠳᠠᠭᠠᠭᠰᠠᠨ | ᠨᠦᠬᠦᠴᠡᠯ ᠶᠤᠰᠤᠭᠠᠷ ᠬᠢᠭᠰᠡᠨ ᠦᠭᠡᠢ︔ ︵ᠭᠤᠷᠪᠠ︶ ᠠᠯᠪᠠᠳᠠᠨ ᠢ ᠡᠯᠰᠡᠨ ᠭᠡᠷᠡᠭᠯᠡᠬᠦ᠂ ᠰᠢᠯᠵᠢᠬᠦᠯᠦᠨ ᠲᠤᠮᠢᠯᠠᠬᠤ᠂ | ᠬᠠᠯᠠᠨ ᠲᠤᠮᠢᠯᠠᠬᠤ᠂ ᠤᠷᠢᠨ ᠲᠤᠮᠢᠯᠠᠬᠤ᠂ ᠲᠡᠪᠰᠢᠬᠦᠯᠬᠦ᠂ ᠠᠵᠢᠯ ᠤᠨ ᠪᠠᠶᠢᠷᠢ ᠳᠤ ᠦᠷᠢᠰᠦᠯᠳᠦᠨ ᠭᠠᠷᠬᠤ᠂ | ᠢᠯᠨ ᠪᠠᠷ ᠰᠢᠯᠢᠨ ᠲᠡᠪᠰᠢᠬᠦᠯᠬᠦ ᠵᠢᠴᠢ ᠬᠢᠨᠠᠨ ᠰᠢᠯᠭᠠᠬᠤ᠂ ᠱᠠᠩᠨᠠᠵᠤ ᠰᠢᠥᠨᠭᠡᠬᠦ ᠳᠤ ᠲᠤᠭᠳᠠᠭᠠᠭᠰᠠᠨ ᠵᠢᠷᠤᠮ | ᠶᠤᠰᠤᠭᠠᠷ ᠬᠢᠭᠰᠡᠨ ᠦᠭᠡᠢ︔ ︵ᠲᠦᠷᠪᠡ︶ ᠤᠯᠤᠰ ᠤᠨ ᠲᠤᠭᠳᠠᠭᠠᠯ ᠢ ᠵᠦᠷᠢᠴᠡᠵᠦ ᠠᠯᠪᠠᠳᠠᠨ ᠤ ᠴᠠᠯᠢᠩ᠂ | ᠠᠰᠠᠷᠠᠮᠵᠢ᠂ ᠲᠠᠭᠠᠥᠨᠬᠠᠯ ᠤᠨ ᠤᠯᠭᠤᠮᠵᠢ ᠶᠢᠨ ᠪᠠᠷᠢᠮᠵᠢᠶ᠎ᠠ ᠶᠢ ᠬᠤᠪᠢᠷᠠᠭᠤᠯᠤᠭᠰᠠᠨ︔ ︵ᠲᠠᠪᠤ︶ ᠡᠯᠰᠡᠨ ᠭᠡᠷᠡᠭᠯᠡᠬᠦ᠂ | ᠠᠵᠢᠯ ᠤᠨ ᠪᠠᠶᠢᠷᠢ ᠳᠤ ᠦᠷᠢᠰᠦᠯᠳᠦᠨ ᠭᠠᠷᠬᠤ᠂ ᠢᠯᠨ ᠪᠠᠷ ᠰᠢᠯᠢᠨ ᠲᠡᠪᠰᠢᠬᠦᠯᠬᠦ ᠲᠤᠮᠳᠠ ᠰᠢᠯᠭᠠᠯᠳᠠ ᠶᠢᠨ | ᠰᠡᠳᠦᠪ ᠢ ᠵᠠᠳᠠᠷᠠᠭᠤᠯᠤᠭᠰᠠᠨ᠂ ᠰᠢᠯᠭᠠᠯᠳᠠ ᠶᠢᠨ ᠲᠠᠯᠠᠪᠠᠢ ᠶᠢᠨ ᠰᠠᠬᠢᠯᠭ᠎ᠠ ᠠᠴᠠ ᠵᠦᠷᠢᠴᠡᠭᠰᠡᠨ ᠬᠢᠭᠡᠥᠨ ᠢᠯᠨ᠂ | ᠲᠦᠪ ᠭᠤᠤᠯᠴᠢ ᠪᠠᠶᠢᠬᠤ ᠶᠢ ᠬᠦᠨᠳᠦ ᠨᠤᠴᠢᠳᠠᠢ ᠨᠦᠯᠦᠭᠡᠯᠡᠭᠰᠡᠨ ᠪᠤᠰᠤᠤᠨ ᠪᠠᠶᠢᠳᠠᠯ ᠪᠠᠶᠢᠬᠤ︔ ︵ᠵᠢᠷᠭᠤᠭ᠎ᠠ︶ | ᠠᠯᠪᠠᠳᠠᠨ ᠤ ᠭᠤᠮᠤᠳᠠᠯ ᠲᠤᠭᠠᠴᠢᠬᠤ ᠪᠠ ᠵᠠᠭᠠᠯᠳᠤᠬᠤ ᠶᠢ ᠲᠤᠭᠳᠠᠭᠠᠯ ᠶᠤᠰᠤᠭᠠᠷ ᠬᠦᠯᠢᠶᠡᠨ ᠠᠪᠴᠤ | ᠰᠢᠢᠥᠨᠪᠦᠷᠢᠯᠡᠭᠰᠡᠨ ᠦᠭᠡᠢ︔ ︵ᠲᠤᠯᠤᠭ᠎ᠠ︶ ᠲᠤᠰ ᠬᠠᠥᠯᠢ ᠶᠢᠨ ᠲᠤᠭᠳᠠᠭᠠᠯ ᠢ ᠵᠦᠷᠢᠴᠡᠭᠰᠡᠨ ᠪᠤᠰᠤᠤᠨ | ᠪᠠᠶᠢᠳᠠᠯ ᠤᠳ᠃ ᠵᠠᠭᠤ ᠪᠦᠭᠡᠥᠨ ᠬᠤᠶᠠᠳᠤᠭᠠᠷ ᠵᠦᠢᠯ ᠠᠯᠪᠠᠳᠠᠨ ᠠᠯᠪᠠᠨ ᠲᠤᠰᠢᠶᠠᠯ ᠠᠴᠠ ᠪᠠᠨ ᠪᠠᠭᠤᠬᠤ ᠪᠤᠶᠤ | ᠡᠰᠡᠬᠦᠯ᠎ᠡ ᠠᠵᠢᠯ ᠠᠴᠠ ᠠᠮᠠᠷᠠᠪᠠᠯ ᠤᠤᠯ ᠨᠢ ᠤᠳᠤᠷᠢᠥᠨᠬᠤ ᠪᠦᠷᠢᠯᠳᠦᠬᠦᠨ ᠪᠠᠶᠢᠭᠰᠠᠨ ᠠᠯᠪᠠᠳᠠᠨ | ᠲᠤᠰᠢᠶᠠᠯ ᠠᠴᠠ ᠪᠠᠨ ᠰᠠᠯᠤᠭᠰᠠᠨ ᠭᠤᠷᠪᠠᠨ ᠵᠢᠯ ᠤᠨ ᠲᠤᠳᠤᠷ᠎ᠠ᠂ ᠪᠤᠰᠤᠤᠨ ᠠᠯᠪᠠᠳᠠᠨ ᠲᠤᠰᠢᠶᠠᠯ ᠠᠴᠠ ᠰᠠᠯᠤᠭᠰᠠᠨ | ᠬᠤᠶᠠᠷ ᠵᠢᠯ ᠤᠨ ᠲᠤᠳᠤᠷ᠎ᠠ ᠤᠤᠯ ᠤᠨ ᠲᠤᠬᠠᠢᠢᠯᠠᠭᠰᠠᠨ ᠠᠵᠢᠯ ᠲᠠᠢ ᠰᠢᠭᠤᠤᠨ ᠬᠤᠯᠪᠤᠭᠳᠠᠬᠤ ᠠᠵᠤ ᠠᠬᠤᠢᠢᠯᠠᠯ | ᠪᠤᠶᠤ ᠪᠤᠰᠤᠤᠨ ᠡᠵᠡᠩᠨᠡᠯ ᠤᠨ ᠴᠢᠨᠠᠷ ᠲᠠᠢ ᠵᠤᠬᠢᠶᠠᠨ ᠪᠠᠶᠢᠭᠤᠯᠤᠯᠳᠠ ᠳᠤ ᠲᠤᠰᠢᠶᠠᠯ ᠡᠭᠦᠷᠭᠡᠯᠡᠵᠦ ᠪᠤᠯᠬᠤ ᠦᠭᠡᠢ᠃ | ᠤᠤᠯ ᠤᠨ ᠲᠤᠬᠠᠢᠢᠯᠠᠭᠰᠠᠨ ᠠᠵᠢᠯ ᠲᠠᠢ ᠰᠢᠭᠤᠤᠨ ᠬᠤᠯᠪᠤᠭ᠎ᠠ ᠲᠠᠢ ᠡᠵᠡᠩᠨᠡᠯ ᠤᠨ ᠴᠢᠨᠠᠷ ᠲᠠᠢ ᠠᠵᠢᠯ ᠬᠢᠵᠦ ᠪᠤᠯᠬᠤ | ᠦᠭᠡᠢ ᠠᠯᠪᠠᠳᠠᠨ ᠠᠯᠪᠠᠨ ᠲᠤᠰᠢᠶᠠᠯ ᠠᠴᠠ ᠪᠠᠨ ᠪᠠᠭᠤᠬᠤ ᠪᠤᠶᠤ ᠠᠵᠢᠯ ᠠᠴᠠ ᠠᠮᠠᠷᠠᠭᠰᠠᠨ ᠤ ᠲᠠᠷᠠᠭ᠎ᠠ ᠲᠡᠭᠡᠷᠡᠬᠢ | ᠲᠤᠭᠳᠠᠭᠠᠯ ᠢ ᠵᠦᠷᠢᠴᠡᠭᠰᠡᠨ ᠠᠵᠢᠯᠯᠠᠭ᠎ᠠ ᠲᠠᠢ ᠪᠤᠯ ᠤᠤᠯ ᠤᠨ ᠪᠠᠶᠢᠭᠤᠯᠭ᠎ᠠ ᠶᠢᠨ ᠠᠳᠠᠯᠢ ᠱᠠᠳᠤᠨ ᠤ ᠠᠯᠪᠠᠳᠠᠨ ᠢ | ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠵᠠᠷᠯᠢᠭᠳᠠᠵᠤ ᠪᠠᠶᠢᠭᠠᠥᠨ ᠲᠤᠭᠳᠠᠭᠰᠠᠨ ᠬᠤᠭᠤᠴᠠᠭᠠᠨ ᠳᠤ ᠵᠠᠯᠠᠷᠠᠭᠤᠯᠤᠨ᠎ᠠ | ︔ ᠬᠤᠭᠤᠴᠠᠭ᠎ᠠ ᠦᠡᠭᠭᠡᠷᠡᠭᠡᠥᠨ ᠵᠠᠯᠠᠷᠠᠭᠤᠯᠬᠤ ᠦᠭᠡᠢ ᠪᠤᠯ ᠰᠢᠶᠠᠨ ᠤ ᠱᠠᠳᠤᠨ ᠠᠴᠠ ᠲᠡᠭᠡᠭᠰᠢᠬᠢ ᠦᠢᠯᠡᠥᠨᠪᠦᠷᠢ | ᠬᠤᠳᠠᠯᠳᠤᠭᠠᠨ ᠤ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠠᠴᠠ ᠲᠤᠰ ᠬᠦᠮᠦᠨ ᠤ ᠠᠵᠢᠯ | ᠡᠷᠬᠢᠯᠡᠭᠰᠡᠨ ᠬᠤᠭᠤᠴᠠᠭᠠᠨ ᠳᠠᠬᠢ ᠬᠠᠥᠯᠢ ᠪᠤᠰᠤ ᠤᠷᠤᠯᠭ᠎ᠠ ᠶᠢ ᠬᠤᠷᠢᠶᠠᠨ ᠠᠪᠴᠤ᠂ ᠬᠦᠯᠢᠶᠡᠨ ᠠᠪᠤᠭᠰᠠᠨ | ᠨᠢᠭᠡᠴᠡ ᠶᠢ ᠵᠠᠷᠯᠢᠭᠳᠠᠵᠤ ᠪᠠᠶᠢᠭᠠᠥᠨ ᠲᠤᠰ ᠠᠵᠢᠯᠳᠠᠨ ᠢ ᠪᠤᠴᠠᠭᠠᠨ᠎ᠠ᠂ ᠭᠡᠬᠦ ᠮᠦᠷᠳᠡᠭᠡᠨ ᠦᠢᠯᠨ ᠪᠠᠶᠢᠳᠠᠯ ᠤᠨ | ᠬᠦᠨᠳᠦ ᠬᠦᠡᠭᠭᠡᠨ ᠢ ᠦᠨᠳᠦᠰᠦᠯᠡᠵᠦ᠂ ᠬᠦᠯᠢᠶᠡᠵᠤ ᠠᠪᠤᠭᠰᠠᠨ ᠨᠢᠭᠡᠴᠡ ᠶᠢ ᠲᠤᠷᠭᠤᠭᠠᠭᠳᠠᠭᠰᠠᠨ ᠬᠦᠮᠦᠨ ᠤ ᠬᠠᠥᠯᠢ | ᠪᠤᠰᠤ ᠤᠷᠤᠯᠭ᠎ᠠ ᠶᠢᠨ ᠬᠢᠨᠢ ᠨᠢᠭᠡ ᠲᠠᠬᠢᠨ ᠠᠴᠠ ᠲᠡᠭᠡᠭᠰᠢ ᠲᠠᠪᠤᠨ ᠲᠠᠬᠢᠨ ᠠᠴᠠ ᠲᠤᠷᠤᠭᠰᠢ ᠮᠦᠡᠭᠭᠦ ᠪᠠᠷ ᠲᠤᠷᠭᠠᠨ᠎ᠠ | ᠃ ᠵᠠᠭᠤ ᠪᠦᠭᠡᠥᠨ ᠭᠤᠷᠪᠠᠳᠤᠭᠠᠷ ᠵᠦᠢᠯ ᠪᠠᠶᠢᠭᠤᠯᠭ᠎ᠠ ᠠᠴᠠ ᠪᠤᠳᠠᠳᠤ ᠠᠵᠢᠯᠳᠠᠨ ᠤ ᠶᠠᠪᠤᠳᠠᠯ ᠤᠨ ᠪᠤᠷᠤᠭᠤ | ᠰᠢᠢᠥᠨᠪᠦᠷᠢᠯᠡᠯᠳᠡ ᠠᠴᠠ ᠪᠤᠯᠵᠤ ᠠᠯᠪᠠᠳᠠᠨ ᠤ ᠨᠡᠷ᠎ᠡ ᠲᠦᠷᠦ ᠶᠢ ᠨᠢ ᠬᠤᠬᠢᠷᠠᠭᠤᠯᠤᠭᠰᠠᠨ ᠪᠠᠶᠢᠪᠠᠯ ᠪᠤᠷᠤᠭᠤ | ᠭᠦᠯᠢᠶᠡᠵᠦ ᠨᠡᠷ᠎ᠡ ᠲᠦᠷᠦ ᠶᠢ ᠨᠢ ᠰᠡᠷᠬᠦᠭᠡᠵᠦ᠂ ᠨᠦᠯᠦᠭᠡ ᠶᠢ ᠠᠷᠢᠯᠭᠠᠬᠤ ᠭᠡᠷᠡᠭᠳᠡᠢ︔ ᠠᠵᠤ ᠠᠬᠤᠢ ᠶᠢᠨ ᠬᠤᠬᠢᠷᠠᠯ | ᠤᠴᠠᠷᠠᠭᠤᠯᠤᠭᠰᠠᠨ ᠪᠠᠶᠢᠪᠠᠯ ᠬᠠᠥᠯᠢ ᠶᠤᠰᠤᠭᠠᠷ ᠲᠦᠯᠦᠭᠦ ᠭᠡᠷᠡᠭᠳᠡᠢ᠃ ᠵᠠᠭᠤ ᠪᠦᠭᠡᠥᠨ ᠲᠦᠷᠪᠡᠳᠦᠭᠡᠷ ᠵᠦᠢᠯ | ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ ᠠᠵᠢᠯᠳᠠᠨ ᠲᠤᠰ ᠬᠠᠥᠯᠢ ᠶᠢ ᠵᠦᠷᠢᠴᠡᠵᠦ ᠡᠷᠭᠡ ᠪᠠᠨ | ᠲᠤᠷ᠎ᠠ ᠪᠠᠷ ᠢᠶᠠᠨ ᠭᠡᠷᠡᠭᠯᠡᠨ᠂ ᠲᠤᠰᠢᠶᠠᠯ ᠢᠶᠠᠨ ᠭᠤᠳᠤᠭᠠᠵᠤ᠂ ᠬᠤᠪᠢ ᠶᠢᠨ ᠨᠠᠶᠢᠷ ᠢᠶᠠᠷ ᠬᠠᠥᠯᠢ ᠶᠤᠰᠤ ᠶᠢ | ᠵᠦᠷᠢᠴᠡᠵᠦ ᠶᠠᠯ᠎ᠠ ᠬᠢᠬᠦ ᠭᠡᠮᠵᠢᠶᠡᠨ ᠳᠤ ᠬᠦᠷᠦᠭᠰᠡᠨ ᠪᠤᠯ ᠬᠠᠥᠯᠢ ᠶᠤᠰᠤᠭᠠᠷ ᠡᠷᠡᠬᠦᠦ ᠶᠢᠨ ᠬᠠᠷᠢᠭᠤᠴᠠᠯᠭ᠎ᠠ | ᠨᠡᠭᠡᠮᠵᠢᠯᠡᠨ᠎ᠡ᠃ ᠶᠠᠯ᠎ᠠ ᠬᠢᠬᠦ ᠭᠡᠮᠵᠢᠶᠡᠨ ᠳᠤ ᠬᠦᠷᠦᠭᠰᠡᠨ ᠦᠭᠡᠢ ᠳᠤᠨᠢ ᠰᠢᠥᠨᠭᠡᠯ ᠦᠭᠬᠦᠨ᠎ᠡ᠃ ᠠᠷᠪᠠᠨ ᠨᠠᠢᠮᠠᠳᠤᠭᠠᠷ | ᠪᠦᠯᠦᠭ ᠲᠠᠭᠠᠯᠳᠤᠭᠤᠯᠤᠯ ᠲᠦᠷᠢᠮ ᠵᠠᠭᠤ ᠪᠦᠭᠡᠥᠨ ᠲᠠᠪᠤᠳᠤᠭᠠᠷ ᠵᠦᠢᠯ ᠲᠤᠰ ᠬᠠᠥᠯᠢ ᠳᠤ ᠨᠡᠷᠡᠶᠢᠥᠨᠴᠦ ᠪᠠᠶᠢᠭ᠎ᠠ | ᠤᠳᠤᠷᠢᠥᠨᠬᠤ ᠪᠦᠷᠢᠯᠳᠦᠬᠦᠨ ᠭᠡᠳᠡᠭ ᠪᠤᠯ ᠪᠠᠶᠢᠭᠤᠯᠭ᠎ᠠ ᠶᠢᠨ ᠤᠳᠤᠷᠢᠥᠨᠬᠤ ᠬᠦᠮᠦᠨ ᠢ ᠵᠢᠭᠠᠵᠤ ᠪᠠᠶᠢᠨ᠎ᠠ᠂ | ᠪᠠᠶᠢᠭᠤᠯᠭ᠎ᠠ ᠶᠢᠨ ᠲᠤᠳᠤᠭᠠᠳᠤ ᠳᠤ ᠲᠤᠬᠢᠷᠠᠭᠤᠯᠤᠭᠰᠠᠨ ᠪᠠᠶᠢᠭᠤᠯᠤᠮᠵᠢ ᠳᠤ ᠤᠳᠤᠷᠢᠥᠨᠬᠤ ᠲᠤᠰᠢᠶᠠᠯ ᠬᠠᠷᠢᠭᠤᠴᠠᠵᠤ | ᠪᠠᠶᠢᠭ᠎ᠠ ᠬᠦᠮᠦᠰ ᠢ ᠪᠠᠭᠳᠠᠭᠠᠬᠤ ᠦᠭᠡᠢ᠃ ᠵᠠᠭᠤ ᠪᠦᠭᠡᠥᠨ ᠵᠢᠷᠭᠤᠳᠤᠭᠠᠷ ᠵᠦᠢᠯ ᠬᠠᠥᠯᠢ ᠲᠦᠷᠢᠮ᠂ ᠬᠠᠥᠯᠢ | ᠲᠤᠭᠳᠠᠭᠠᠯ ᠠᠴᠠ ᠡᠷᠭᠡ ᠤᠯᠭᠤᠵᠤ ᠤᠯᠠᠨ ᠨᠡᠶᠢᠳᠡ ᠶᠢᠨ ᠶᠠᠪᠤᠳᠠᠯ ᠤᠨ ᠬᠠᠮᠢᠶᠠᠷᠤᠯᠳᠠ ᠶᠢᠨ ᠡᠭᠦᠷᠭᠡ ᠴᠢᠳᠠᠪᠤᠷᠢ ᠲᠠᠢ | ᠠᠵᠢᠯ ᠦᠢᠯᠡᠰ ᠤᠨ ᠨᠢᠭᠡᠴᠡ ᠳᠠᠬᠢ ᠠᠵᠢᠯᠴᠢᠨ ᠦᠢᠯᠡᠴᠢᠯᠡᠭᠴᠢᠥᠨ ᠠᠴᠠ ᠪᠤᠰᠤᠤᠨ ᠠᠵᠢᠯᠳᠠᠨ ᠳᠤ | ᠵᠦᠪᠰᠢᠶᠡᠷᠡᠯ ᠢᠶᠠᠷ ᠲᠠᠮᠵᠢᠵᠤ ᠲᠤᠰ ᠬᠠᠥᠯᠢ ᠪᠠᠷ ᠯᠠᠪᠯᠠᠯᠳᠠ ᠪᠤᠯᠭᠠᠵᠤ ᠬᠠᠮᠢᠶᠠᠷᠤᠯᠳᠠ ᠶᠠᠪᠤᠭᠤᠯᠤᠨ᠎ᠠ᠃ ᠵᠠᠭᠤ | ᠪᠦᠭᠡᠥᠨ ᠲᠤᠯᠤᠳᠤᠭᠠᠷ ᠵᠦᠢᠯ ᠲᠤᠰ ᠬᠠᠥᠯᠢ 2006 ᠤᠨ ᠤ 1 ᠰᠠᠷ᠎ᠠ ᠶᠢᠨ 1 ᠤ ᠡᠳᠦᠷ ᠠᠴᠠ ᠡᠭᠢᠯᠡᠨ | ᠭᠡᠷᠡᠭᠵᠢᠬᠦᠯᠦᠨ᠎ᠡ᠃ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶ᠎ᠠ ᠠᠴᠠ 1957 ᠤᠨ ᠤ 10 ᠰᠠᠷ᠎ᠠ ᠶᠢᠨ 23 ᠤ ᠡᠳᠦᠷ ᠪᠠᠳᠤᠯᠠᠭᠠᠥᠨ᠂ ᠲᠦᠷᠦ ᠶᠢᠨ ᠶᠠᠪᠤᠳᠠᠯ ᠤᠨ | ᠬᠤᠷᠢᠶᠠᠨ ᠠᠴᠠ 1957 ᠤᠨ ᠤ 10 ᠰᠠᠷ᠎ᠠ ᠶᠢᠨ 26 ᠤ ᠡᠳᠦᠷ ᠨᠡᠶᠢᠳᠡᠯᠡᠭᠰᠡᠨ ︽ᠤᠯᠤᠰ ᠤᠨ ᠵᠠᠰᠠᠭ | ᠵᠠᠬᠢᠷᠭᠠᠨ ᠤ ᠪᠠᠶᠢᠭᠤᠯᠭ᠎ᠠ ᠶᠢᠨ ᠠᠵᠢᠯᠳᠠᠨ ᠢ ᠱᠠᠩᠨᠠᠵᠤ ᠰᠢᠥᠨᠭᠡᠬᠦ ᠲᠤᠬᠠᠢ ᠲᠦᠷ ᠭᠡᠷᠡᠭᠵᠢᠬᠦᠯᠬᠦ ᠲᠤᠭᠳᠠᠭᠠᠯ︾᠂ | 1993 ᠤᠨ ᠤ 8 ᠰᠠᠷ᠎ᠠ ᠶᠢᠨ 14 ᠤ ᠡᠳᠦᠷ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠨᠡᠶᠢᠳᠡᠯᠡᠭᠰᠡᠨ ︽ | ᠲᠦᠷᠦ ᠶᠢᠨ ᠠᠯᠪᠠᠳᠠᠨ ᠤ ᠲᠦᠷ ᠭᠡᠷᠡᠭᠵᠢᠬᠦᠯᠬᠦ ᠲᠦᠷᠢᠮ︾ ᠢ ᠬᠠᠮᠳᠤ ᠳᠤᠨᠢ ᠬᠦᠴᠦᠨ ᠦᠭᠡᠢ ᠪᠤᠯᠭᠠᠨ᠎ᠠ᠃ |