ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠴᠢᠮᠡᠭᠡ ᠵᠠᠩᠭᠢ ᠶᠢ ᠢᠯᠡ ᠨᠡᠶᠢᠲᠡᠯᠡᠬᠦ ᠳᠦᠷᠢᠮ | ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠥᠷᠥ ᠶᠢᠨ ᠶᠠᠪᠤᠳᠠᠯ ᠤᠨ ᠬᠤᠷᠢᠶᠠᠨ ᠤ ᠵᠠᠷᠯᠠᠯ | 492 ᠳ᠋ᠤᠭᠠᠷ ᠲᠣᠭᠠᠲᠤ | ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠤᠨ ᠣᠷᠳᠤᠨ ᠤ ᠴᠢᠮᠡᠭᠡ ᠵᠠᠩᠭᠢ ᠶᠢ ᠢᠯᠡ | ᠨᠡᠶᠢᠲᠡᠯᠡᠬᠦ ᠳᠦᠷᠢᠮ︾ ᠢ 2007 ᠣᠨ ᠤ 1 ᠰᠠᠷ᠎ᠠ ᠶᠢᠨ 17 ᠳᠤ ᠲᠥᠷᠥ ᠶᠢᠨ ᠶᠠᠪᠤᠳᠠᠯ ᠤᠨ ᠬᠤᠷᠢᠶ᠎ᠠ ᠶᠢᠨ | 165 ᠳ᠋ᠤᠭᠠᠷ ᠤᠳᠠᠭᠠᠨ ᠤ ᠪᠠᠶᠢᠩᠭᠤ ᠶᠢᠨ ᠬᠤᠷᠠᠯ ᠢᠶᠠᠷ ᠪᠠᠲᠤᠯᠠᠨ ᠨᠡᠶᠢᠲᠡᠯᠡᠵᠦ᠂ 2008 ᠣᠨ ᠤ 5 ᠰᠠᠷ᠎ᠠ ᠶᠢᠨ | 1 ᠠᠴᠠ ᠡᠬᠢᠯᠡᠵᠦ ᠬᠡᠷᠡᠭᠵᠢᠭᠦᠯᠦᠨ᠎ᠡ᠃ | ᠶᠡᠷᠦᠩᠬᠡᠢ ᠰᠠᠶᠢᠳ ᠸᠧᠨ ᠵᠢᠶᠠ ᠪᠣᠣ | 2007 ᠣᠨ ᠤ 4 ᠰᠠᠷ᠎ᠠ ᠶᠢᠨ 5 | | ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ | ᠵᠠᠰᠠᠭ ᠤᠨᠣᠷᠳᠤᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠳᠦᠷᠢᠮ | | ᠨᠢᠭᠡᠳᠦᠭᠡᠷ ᠪᠦᠯᠦᠭ ᠶᠡᠷᠦᠩᠬᠡᠢ ᠳᠦᠷᠢᠮ | ᠨᠢᠭᠡᠳᠦᠭᠡᠷ ᠵᠣᠷᠪᠤᠰ ᠡᠷᠬᠡᠲᠦ ᠠᠷᠠᠳ᠂ ᠬᠠᠤᠯᠢ ᠶᠢᠨ ᠡᠷᠬᠡᠲᠡᠨ ᠵᠢᠴᠢ ᠪᠣᠰᠤᠳ ᠵᠣᠬᠢᠶᠠᠨ ᠪᠠᠶᠢᠭᠤᠯᠤᠯᠲᠠ | ᠬᠠᠤᠯᠢ ᠶᠣᠰᠤᠭᠠᠷ ᠵᠠᠰᠠᠭ ᠤᠨ ᠣᠷᠳᠤᠨ ᠤ ᠴᠢᠮᠡᠭᠡ ᠵᠠᠩᠭᠢ ᠶᠢ ᠬᠦᠯᠢᠶᠡᠨ ᠠᠪᠬᠤ ᠶᠢ ᠪᠠᠲᠤᠯᠠᠵᠤ᠂ ᠵᠠᠰᠠᠭ ᠤᠨ | ᠣᠷᠳᠤᠨ ᠤ ᠠᠵᠢᠯ ᠤᠨ ᠢᠯᠡ ᠲᠣᠳᠣ ᠴᠢᠨᠠᠷ ᠢ ᠳᠡᠭᠡᠭᠰᠢᠯᠡᠭᠦᠯᠦᠨ᠂ ᠬᠠᠤᠯᠢ ᠪᠠᠷ ᠵᠠᠰᠠᠭ ᠪᠠᠷᠢᠬᠤ ᠶᠢ ᠠᠬᠢᠭᠤᠯᠵᠤ᠂ | ᠠᠷᠠᠳ ᠣᠯᠠᠨ ᠤ ᠦᠢᠯᠡᠳᠪᠦᠷᠢᠯᠡᠯ ᠠᠮᠢᠳᠤᠷᠠᠯ ᠪᠣᠯᠤᠨ ᠠᠵᠤ ᠠᠬᠤᠢ ᠨᠡᠶᠢᠭᠡᠮ ᠤᠨ ᠠᠵᠢᠯᠯᠠᠭᠠᠨ ᠳᠤᠮᠳᠠᠬᠢ | ᠵᠠᠰᠠᠭ ᠤᠨ ᠣᠷᠳᠤᠨ ᠤ ᠴᠢᠮᠡᠭᠡ ᠵᠠᠩᠭᠢ ᠶᠢᠨ ᠦᠢᠯᠡᠴᠢᠯᠡᠭᠡᠨ ᠤ ᠦᠢᠯᠡᠳᠦᠯ ᠢ ᠭᠦᠢᠴᠡᠳ ᠪᠠᠳᠠᠷᠠᠭᠤᠯᠬᠤ ᠶᠢᠨ | ᠲᠦᠯᠦᠭᠡ᠂ ᠲᠤᠰ ᠳᠦᠷᠢᠮ ᠢ ᠲᠣᠭᠲᠠᠭᠠᠪᠠ᠃ | ᠬᠤᠶᠠᠳᠤᠭᠠᠷ ᠵᠣᠷᠪᠤᠰ ᠲᠤᠰ ᠳᠦᠷᠢᠮ ᠳᠤ ᠳᠤᠷᠠᠳᠴᠤ ᠪᠠᠶᠢᠭ᠎ᠠ ᠵᠠᠰᠠᠭ ᠤᠨ ᠣᠷᠳᠤᠨ ᠤ ᠴᠢᠮᠡᠭᠡ ᠵᠠᠩᠭᠢ | ᠭᠡᠳᠡᠭ ᠨᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠡᠭᠦᠷᠭᠡ ᠲᠤᠰᠢᠶᠠᠯ ᠢᠶᠠᠨ ᠭᠦᠢᠴᠡᠳᠬᠡᠬᠦ ᠶᠠᠪᠤᠴᠠ ᠳᠤ | ᠨᠠᠶᠢᠷᠠᠭᠤᠯᠵᠤ ᠪᠢᠴᠢᠭᠰᠡᠨ ᠪᠣᠶᠤ ᠣᠯᠤᠭᠰᠠᠨ᠂ ᠲᠡᠮᠳᠡᠭᠯᠡᠵᠦ ᠬᠠᠳᠠᠭᠠᠯᠠᠭᠰᠠᠨ ᠴᠢᠮᠡᠭᠡ ᠵᠠᠩᠭᠢ ᠶᠢ ᠬᠡᠯᠡᠨ᠎ᠡ᠃ | ᠭᠤᠷᠪᠠᠳᠤᠭᠠᠷ ᠵᠣᠷᠪᠤᠰ ᠡᠯ᠎ᠡ ᠱᠠᠲᠤᠨ ᠤ ᠠᠷᠠᠳ ᠤᠨ ᠵᠠᠰᠠᠭ ᠤᠨ ᠣᠷᠳᠤᠨ ᠠᠴᠠ ᠵᠠᠰᠠᠭ ᠤᠨ ᠣᠷᠳᠤᠨ ᠤ | ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ ᠵᠣᠬᠢᠶᠠᠨ ᠪᠠᠶᠢᠭᠤᠯᠤᠯᠲᠠ ᠪᠠ ᠤᠳᠤᠷᠢᠳᠤᠯᠭ᠎ᠠ ᠪᠠᠨ ᠴᠢᠩᠭᠠᠳᠬᠠᠬᠤ | ᠬᠡᠷᠡᠭᠲᠡᠢ᠃ | ᠲᠥᠷᠥ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠪᠣᠯ ᠪᠦᠬᠦ ᠤᠯᠤᠰ ᠤᠨ ᠵᠠᠰᠠᠭ ᠤᠨ ᠣᠷᠳᠤᠨ ᠤ ᠴᠢᠮᠡᠭᠡ | ᠵᠠᠩᠭᠢ ᠶᠢ ᠢᠯᠡ ᠨᠡᠶᠢᠲᠡᠯᠡᠬᠦ ᠠᠵᠢᠯ ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠪᠠᠶᠢᠵᠤ᠂ ᠪᠦᠬᠦ ᠤᠯᠤᠰ ᠤᠨ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠢ ᠠᠬᠢᠭᠤᠯᠬᠤ᠂ ᠵᠢᠯᠤᠭᠤᠳᠬᠤ᠂ | ᠵᠣᠬᠢᠴᠠᠭᠤᠯᠬᠤ ᠵᠢᠴᠢ ᠬᠢᠨᠠᠯᠲᠠ ᠲᠠᠯᠪᠢᠬᠤ ᠠᠵᠢᠯ ᠢ ᠬᠠᠷᠢᠭᠤᠴᠠᠨ᠎ᠠ᠃ | ᠰᠢᠶᠠᠨ ᠤ ᠳᠡᠰ ᠠᠴᠠ ᠳᠡᠭᠡᠭᠰᠢᠬᠢ ᠣᠷᠤᠨ ᠨᠤᠲᠤᠭ ᠤᠨ ᠠᠷᠠᠳ ᠤᠨ ᠵᠠᠰᠠᠭ ᠤᠨ ᠣᠷᠳᠤᠨ ᠤ ᠠᠯᠪᠠᠨ ᠲᠢᠩᠬᠢᠮ ︵ | ᠭᠡᠷ︶ ᠪᠣᠶᠤ ᠠᠷᠠᠳ ᠤᠨ ᠵᠠᠰᠠᠭ ᠤᠨ ᠣᠷᠳᠤᠨ ᠠᠴᠠ ᠲᠣᠭᠲᠠᠭᠠᠭᠰᠠᠨ ᠵᠠᠰᠠᠭ ᠤᠨ ᠣᠷᠳᠤᠨ ᠤ ᠴᠢᠮᠡᠭᠡ ᠵᠠᠩᠭᠢ ᠶᠢ | ᠢᠯᠡ ᠨᠡᠶᠢᠲᠡᠯᠡᠬᠦ ᠠᠵᠢᠯ ᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠠᠴᠠ ᠲᠤᠰ ᠵᠠᠰᠠᠭ ᠵᠠᠬᠢᠷᠭᠠᠨ ᠤ ᠣᠷᠤᠨ ᠤ | ᠵᠠᠰᠠᠭ ᠤᠨ ᠣᠷᠳᠤᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠢ ᠠᠬᠢᠭᠤᠯᠬᠤ᠂ ᠵᠢᠯᠤᠭᠤᠳᠬᠤ᠂ | ᠵᠣᠬᠢᠴᠠᠭᠤᠯᠬᠤ ᠵᠢᠴᠢ ᠬᠢᠨᠠᠯᠲᠠ ᠲᠠᠯᠪᠢᠬᠤ ᠠᠵᠢᠯ ᠢ ᠬᠠᠷᠢᠭᠤᠴᠠᠨ᠎ᠠ᠃ | ᠳᠦᠷᠪᠡᠳᠦᠭᠡᠷ ᠵᠣᠷᠪᠤᠰ ᠡᠯ᠎ᠡ ᠱᠠᠲᠤᠨ ᠤ ᠠᠷᠠᠳ ᠤᠨ ᠵᠠᠰᠠᠭ ᠤᠨ ᠣᠷᠳᠤᠨ ᠵᠢᠴᠢ ᠰᠢᠶᠠᠨ ᠤ ᠳᠡᠰ ᠠᠴᠠ | ᠳᠡᠭᠡᠭᠰᠢᠬᠢ ᠣᠷᠤᠨ ᠨᠤᠲᠤᠭ ᠤᠨ ᠠᠷᠠᠳ ᠤᠨ ᠵᠠᠰᠠᠭ ᠤᠨ ᠣᠷᠳᠤᠨ ᠤ ᠰᠠᠯᠠᠭ᠎ᠠ ᠮᠦᠴᠢᠷ ᠠᠴᠠ ᠲᠤᠰ ᠵᠠᠰᠠᠭ | ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠣᠷᠳᠤᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ ᠳᠦᠷᠢᠮ ᠢ | ᠪᠠᠶᠢᠭᠤᠯᠤᠨ ᠲᠡᠭᠦᠯᠳᠡᠷᠵᠢᠭᠦᠯᠵᠦ᠂ ᠲᠣᠭᠲᠠᠭᠰᠠᠨ ᠪᠠᠶᠢᠭᠤᠯᠤᠮᠵᠢ ︵ᠳᠣᠷᠤᠭᠰᠢ ᠵᠠᠰᠠᠭ ᠤᠨ ᠣᠷᠳᠤᠨ ᠤ ᠴᠢᠮᠡᠭᠡ | ᠵᠠᠩᠭᠢ ᠶᠢ ᠢᠯᠡ ᠨᠡᠶᠢᠲᠡᠯᠡᠬᠦ ᠠᠵᠢᠯ ᠤᠨ ᠪᠠᠶᠢᠭᠤᠯᠤᠮᠵᠢ ᠭᠡᠶ᠎ᠡ︶ ᠭᠠᠷᠭᠠᠨ᠂ ᠲᠤᠰ ᠵᠠᠰᠠᠭ ᠵᠠᠬᠢᠷᠭᠠᠨ ᠤ ᠣᠷᠤᠨ ᠤ | ᠵᠠᠰᠠᠭ ᠤᠨ ᠣᠷᠳᠤᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ ᠡᠳᠦᠷ ᠲᠣᠳᠣᠮ ᠤᠨ ᠠᠵᠢᠯ ᠢ | ᠬᠠᠷᠢᠭᠤᠴᠠᠨ᠎ᠠ᠃ | ᠵᠠᠰᠠᠭ ᠤᠨ ᠣᠷᠳᠤᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ ᠪᠠᠶᠢᠭᠤᠯᠤᠮᠵᠢ ᠶᠢᠨ ᠪᠣᠳᠠᠲᠠᠢ | ᠬᠠᠷᠢᠭᠤᠴᠠᠯᠭ᠎ᠠ ᠪᠣᠯ᠄ | ︵ᠨᠢᠭᠡ︶ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠣᠷᠳᠤᠨ ᠤ ᠴᠢᠮᠡᠭᠡ ᠵᠠᠩᠭᠢ ᠶᠢ ᠢᠯᠡ | ᠨᠡᠶᠢᠲᠡᠯᠡᠬᠦ ᠵᠦᠢᠯᠡᠰ ᠢ ᠪᠣᠳᠠᠲᠠᠢ ᠬᠠᠷᠢᠭᠤᠴᠠᠨ᠎ᠠ︔ | ︵ᠬᠤᠶᠠᠷ︶ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠢᠯᠡ ᠨᠡᠶᠢᠲᠡᠯᠡᠭᠰᠡᠨ ᠵᠠᠰᠠᠭ ᠤᠨ ᠣᠷᠳᠤᠨ ᠤ ᠴᠢᠮᠡᠭᠡ | ᠵᠠᠩᠭᠢ ᠶᠢ ᠬᠠᠮᠠᠭᠠᠯᠠᠬᠤ ᠪᠠ ᠰᠢᠨᠡᠳᠬᠡᠨ᠎ᠡ︔ | ︵ᠭᠤᠷᠪᠠ︶ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠣᠷᠳᠤᠨ ᠤ ᠴᠢᠮᠡᠭᠡ ᠵᠠᠩᠭᠢ ᠶᠢ ᠢᠯᠡ | ᠨᠡᠶᠢᠲᠡᠯᠡᠬᠦ ᠵᠦᠭᠯᠡᠭᠦᠷ᠂ ᠭᠠᠷᠴᠠᠭ ᠵᠢᠴᠢ ᠵᠠᠰᠠᠭ ᠤᠨ ᠣᠷᠳᠤᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ | ᠣᠨ ᠤ ᠮᠡᠳᠡᠭᠦᠯᠦᠯᠲᠡ ᠵᠡᠷᠭᠡ ᠶᠢ ᠵᠣᠬᠢᠶᠠᠨ ᠪᠠᠶᠢᠭᠤᠯᠤᠨ ᠲᠤᠭᠤᠷᠪᠢᠨ᠎ᠠ︔ | ︵ᠳᠥᠷᠪᠡ︶ ᠢᠯᠡ ᠨᠡᠶᠢᠲᠡᠯᠡᠬᠦ ᠪᠠᠷ ᠲᠤᠭᠤᠷᠪᠢᠭᠰᠠᠨ ᠵᠠᠰᠠᠭ ᠤᠨ ᠣᠷᠳᠤᠨ ᠤ ᠴᠢᠮᠡᠭᠡ ᠵᠠᠩᠭᠢ ᠳᠤ ᠨᠢᠭᠤᠴᠠ ᠶᠢ | ᠬᠠᠮᠠᠭᠠᠯᠠᠬᠤ ᠬᠢᠨᠠᠨ ᠪᠠᠶᠢᠴᠠᠭᠠᠯᠲᠠ ᠬᠢᠨ᠎ᠡ︔ | ︵ᠲᠠᠪᠤ︶ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠲᠣᠭᠲᠠᠭᠠᠭᠰᠠᠨ ᠵᠠᠰᠠᠭ ᠤᠨ ᠣᠷᠳᠤᠨ ᠤ ᠴᠢᠮᠡᠭᠡ | ᠵᠠᠩᠭᠢ ᠶᠢ ᠢᠯᠡ ᠨᠡᠶᠢᠲᠡᠯᠡᠬᠦ ᠳᠤ ᠬᠤᠯᠪᠣᠭᠳᠠᠯ ᠲᠠᠢ ᠪᠤᠰᠤᠳ ᠬᠠᠷᠢᠭᠤᠴᠠᠯᠭ᠎ᠠ ᠶᠢ ᠬᠠᠷᠢᠭᠤᠴᠠᠬᠤ ᠬᠡᠷᠡᠭᠲᠡᠢ︔ | ᠲᠠᠪᠤᠳᠤᠭᠠᠷ ᠵᠣᠷᠪᠤᠰ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠵᠠᠰᠠᠭ ᠤᠨ ᠣᠷᠳᠤᠨ ᠤ ᠴᠢᠮᠡᠭᠡ ᠵᠠᠩᠭᠢ ᠶᠢ | ᠢᠯᠡ ᠨᠡᠶᠢᠲᠡᠯᠡᠬᠦ ᠳᠤ ᠡᠷᠬᠡ ᠲᠡᠭᠰᠢ᠂ ᠲᠥᠪ ᠭᠤᠣᠯᠴᠢ ᠵᠢᠴᠢ ᠠᠷᠠᠳ ᠲᠤ ᠳᠦᠭᠦᠮ ᠦᠵᠡᠭᠦᠯᠬᠦ ᠵᠠᠷᠴᠢᠮ ᠢ | ᠪᠠᠷᠢᠮᠲᠠᠯᠠᠬᠤ ᠬᠡᠷᠡᠭᠲᠡᠢ᠃ | ᠵᠢᠷᠭᠤᠳᠤᠭᠠᠷ ᠵᠣᠷᠪᠤᠰ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠵᠠᠰᠠᠭ ᠤᠨ ᠣᠷᠳᠤᠨ ᠤ ᠴᠢᠮᠡᠭᠡ ᠵᠠᠩᠭᠢ ᠶᠢ | ᠴᠠᠭ ᠲᠤᠬᠠᠢ ᠳᠤᠨᠢ᠂ ᠵᠥᠪ ᠣᠨᠤᠪᠴᠢᠲᠠᠢ ᠢᠯᠡ ᠨᠡᠶᠢᠲᠡᠯᠡᠬᠦ ᠬᠡᠷᠡᠭᠲᠡᠢ᠃ ᠵᠠᠰᠠᠭ ᠵᠠᠬᠢᠷᠭᠠᠨ ᠤ ᠪᠠᠶᠢᠭᠤᠯᠭ᠎ᠠ ᠠᠴᠠ | ᠨᠡᠶᠢᠭᠡᠮ ᠤᠨ ᠠᠮᠤᠷ ᠲᠣᠭᠲᠠᠭᠤᠨ ᠢ ᠨᠥᠯᠥᠭᠡᠯᠡᠭᠰᠡᠨ ᠪᠣᠶᠤ ᠨᠥᠯᠥᠭᠡᠯᠡᠬᠦ ᠪᠣᠯᠤᠯᠴᠠᠭ᠎ᠠ ᠲᠠᠢ ᠪᠠ ᠨᠡᠶᠢᠭᠡᠮ ᠤᠨ | ᠬᠠᠮᠢᠶᠠᠷᠤᠯᠲᠠ ᠶᠢᠨ ᠡᠮᠬᠢ ᠲᠢᠭᠯᠢᠮ ᠢ ᠰᠠᠮᠠᠭᠤᠷᠠᠭᠤᠯᠤᠭᠰᠠᠨ ᠬᠤᠳᠠᠯ ᠬᠠᠭᠤᠷᠮᠠᠭ ᠪᠣᠶᠤ ᠳᠤᠲᠠᠭᠤ ᠳᠣᠷᠭᠤᠨ ᠴᠢᠮᠡᠭᠡ | ᠵᠠᠩᠭᠢ ᠶᠢ ᠢᠯᠡᠷᠡᠭᠦᠯᠪᠡᠯ᠂ ᠡᠭᠦᠷᠭᠡ ᠬᠠᠷᠢᠭᠤᠴᠠᠯᠭ᠎ᠠ ᠶᠢᠨ ᠢᠶᠠᠨ ᠬᠠᠮᠤᠷᠤᠭᠳᠠᠬᠤ ᠬᠡᠪᠴᠢᠶᠡᠨ ᠳᠤ ᠵᠦᠪ ᠣᠨᠤᠪᠴᠢᠲᠠᠢ | ᠴᠢᠮᠡᠭᠡ ᠵᠠᠩᠭᠢ ᠶᠢ ᠨᠡᠶᠢᠲᠡᠯᠡᠬᠦ ᠬᠡᠷᠡᠭᠲᠡᠢ᠃ | ᠳᠣᠯᠣᠳᠤᠭᠠᠷ ᠵᠣᠷᠪᠤᠰ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠵᠠᠰᠠᠭ ᠤᠨ ᠣᠷᠳᠤᠨ ᠤ ᠴᠢᠮᠡᠭᠡ ᠵᠠᠩᠭᠢ ᠶᠢ | ᠨᠡᠶᠢᠲᠡᠯᠡᠨ ᠵᠣᠬᠢᠴᠠᠭᠤᠯᠬᠤ ᠲᠣᠭᠲᠠᠯᠴᠠᠭ᠎ᠠ ᠶᠢ ᠪᠠᠶᠢᠭᠤᠯᠤᠨ ᠲᠡᠭᠦᠯᠳᠡᠷᠵᠢᠭᠦᠯᠬᠦ ᠬᠡᠷᠡᠭᠲᠡᠢ᠃ ᠵᠠᠰᠠᠭ ᠵᠠᠬᠢᠷᠭᠠᠨ ᠤ | ᠪᠠᠶᠢᠭᠤᠯᠭ᠎ᠠ ᠶᠢᠨ ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ ᠵᠠᠩᠭᠢ ᠨᠢ ᠪᠣᠰᠤᠳ ᠵᠠᠰᠠᠭ ᠵᠠᠬᠢᠷᠭᠠᠨ ᠤ ᠪᠠᠶᠢᠭᠤᠯᠭ᠎ᠠ | ᠲᠠᠢ ᠬᠤᠯᠪᠤᠭ᠎ᠠ ᠲᠠᠢ ᠪᠣᠯ᠂ ᠬᠤᠯᠪᠤᠭᠳᠠᠯ ᠪᠦᠬᠦᠢ ᠵᠠᠰᠠᠭ ᠵᠠᠬᠢᠷᠭᠠᠨ ᠤ ᠪᠠᠶᠢᠭᠤᠯᠭ᠎ᠠ ᠲᠠᠢ ᠬᠠᠷᠢᠯᠴᠠᠵᠤ | ᠵᠦᠪᠰᠢᠶᠡᠷᠡᠭᠦᠯᠦᠭᠡᠳ᠂ ᠵᠦᠪ ᠣᠨᠤᠪᠴᠢᠲᠠᠢ ᠨᠢᠭᠡᠲᠦᠯᠲᠠᠢ ᠪᠠᠶᠢᠬᠤ ᠶᠢ ᠪᠠᠲᠤᠯᠠᠨ᠎ᠠ᠃ | ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ ᠵᠠᠩᠭᠢ ᠨᠢ ᠤᠯᠤᠰ ᠤᠨ ᠬᠠᠮᠢᠶ᠎ᠠ | ᠪᠦᠬᠦᠢ ᠳᠦᠷᠢᠮ ᠲᠣᠭᠲᠠᠭᠠᠯ ᠢᠶᠠᠷ ᠵᠦᠪᠰᠢᠶᠡᠷᠡᠭᠳᠡᠵᠦ᠂ ᠵᠦᠪᠰᠢᠶᠡᠷᠡᠯ ᠢ ᠳᠠᠮᠵᠢᠬᠤ ᠦᠭᠡᠢ ᠪᠠᠷ ᠨᠡᠶᠢᠲᠡᠯᠡᠵᠦ ᠪᠣᠯᠬᠤ | ᠦᠭᠡᠢ᠃ | ᠨᠠᠢᠮᠠᠳᠤᠭᠠᠷ ᠵᠣᠷᠪᠣᠰ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠵᠠᠰᠠᠭ ᠤᠨ ᠣᠷᠳᠣᠨ ᠤ ᠴᠢᠮᠡᠭᠡ ᠵᠠᠩᠭᠢ ᠶᠢ | ᠢᠯᠡ ᠨᠡᠶᠢᠲᠡᠯᠡᠬᠦ ᠳᠤ᠂ ᠤᠯᠤᠰ ᠤᠨ ᠠᠮᠤᠷ ᠲᠥᠪᠰᠢᠨ᠂ ᠣᠯᠠᠨ ᠨᠡᠶᠢᠲᠡ ᠶᠢᠨ ᠠᠮᠤᠷ ᠲᠥᠪᠰᠢᠨ᠂ ᠠᠵᠤ | ᠠᠬᠤᠢ ᠶᠢᠨ ᠠᠮᠤᠷ ᠲᠥᠪᠰᠢᠨ ᠵᠢᠴᠢ ᠨᠡᠶᠢᠭᠡᠮ ᠤᠨ ᠠᠮᠤᠷ ᠲᠣᠭᠲᠠᠭᠤᠨ ᠳᠤ ᠠᠶᠤᠯ ᠲᠦᠭᠰᠢᠭᠦᠷᠢ ᠤᠴᠠᠷᠠᠭᠤᠯᠵᠤ | ᠪᠣᠯᠬᠤ ᠦᠭᠡᠢ᠃ | | ᠬᠤᠶᠠᠳᠤᠭᠠᠷ ᠪᠦᠯᠦᠭ ᠢᠯᠡ ᠨᠡᠶᠢᠲᠡᠯᠡᠬᠦ ᠬᠦᠷᠢᠶ᠎ᠡ ᠬᠡᠪᠴᠢᠶ᠎ᠡ | ᠶᠢᠰᠦᠳᠦᠭᠡᠷ ᠵᠣᠷᠪᠣᠰ ᠵᠠᠰᠠᠭ ᠵᠠᠬᠢᠷᠭᠠᠨ ᠤ ᠪᠠᠶᠢᠭᠤᠯᠭ᠎ᠠ ᠳᠣᠣᠷᠠᠬᠢ ᠦᠨᠳᠦᠰᠦᠨ ᠱᠠᠭᠠᠷᠳᠠᠯᠭ᠎ᠠ ᠶᠢᠨ ᠠᠯᠢ | ᠨᠢᠭᠡᠨ ᠳᠤ ᠨᠢ ᠨᠡᠶᠢᠴᠡᠭᠰᠡᠨ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠳᠡᠪᠬᠢᠲᠠᠢ ᠢᠯᠡ ᠨᠡᠶᠢᠲᠡᠯᠡᠬᠦ ᠬᠡᠷᠡᠭᠲᠡᠢ᠄ | ︵ᠨᠢᠭᠡ︶ ᠡᠷᠬᠡᠲᠦ ᠠᠷᠠᠳ᠂ ᠬᠠᠤᠯᠢ ᠶᠢᠨ ᠡᠷᠬᠡᠲᠡᠨ ᠪᠣᠶᠤ ᠪᠣᠰᠤᠳ ᠵᠣᠬᠢᠶᠠᠨ ᠪᠠᠶᠢᠭᠤᠯᠤᠯᠲᠠ ᠶᠢᠨ ᠲᠤᠰ | ᠪᠡᠶ᠎ᠡ ᠶᠢᠨ ᠠᠰᠢᠭ ᠲᠤᠰᠠ ᠳᠤ ᠬᠤᠯᠪᠤᠭᠳᠠᠭᠰᠠᠨ︔ | ︵ᠬᠤᠶᠠᠷ︶ ᠣᠯᠠᠨ ᠨᠡᠶᠢᠲᠡ ᠶᠢᠨ ᠥᠷᠭᠡᠨ ᠢᠶᠠᠷ ᠮᠡᠳᠡᠬᠦ ᠪᠣᠶᠤ ᠣᠷᠤᠯᠴᠠᠬᠤ ᠶᠢ ᠱᠠᠭᠠᠷᠳᠠᠭᠰᠠᠨ︔ | ︵ᠭᠤᠷᠪᠠ︶ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠪᠠᠶᠢᠭᠤᠯᠤᠮᠵᠢ ᠶᠢᠨ ᠪᠠᠶᠢᠷᠢᠰᠢᠭᠤᠯᠤᠯ᠂ ᠴᠢᠳᠠᠪᠬᠢ᠂ | ᠬᠡᠷᠡᠭ ᠶᠠᠪᠤᠳᠠᠯ ᠰᠢᠢᠳᠪᠦᠷᠢᠯᠡᠬᠦ ᠠᠯᠬᠤᠮ ᠶᠠᠪᠤᠴᠠ ᠶᠢ ᠲᠤᠰᠬᠠᠭᠰᠠᠨ ᠵᠡᠷᠭᠡ ᠪᠠᠶᠢᠳᠠᠯ︔ | ︵ᠳᠥᠷᠪᠡ︶ ᠪᠣᠰᠤᠳ ᠬᠠᠤᠯᠢ ᠴᠠᠭᠠᠵᠠ᠂ ᠬᠠᠤᠯᠢ ᠳᠦᠷᠢᠮ ᠪᠠ ᠤᠯᠤᠰ ᠤᠨ ᠬᠤᠯᠪᠤᠭᠳᠠᠯ ᠪᠦᠬᠦᠢ ᠳᠦᠷᠢᠮ | ᠲᠣᠭᠲᠠᠭᠠᠯ ᠶᠣᠰᠤᠭᠠᠷ ᠢᠳᠡᠪᠬᠢᠲᠠᠢ ᠢᠯᠡ ᠨᠡᠶᠢᠲᠡᠯᠡᠬᠦ ᠵᠦᠢᠯ︔ | ᠠᠷᠪᠠᠳᠤᠭᠠᠷ ᠵᠣᠷᠪᠤᠰ ᠰᠢᠶᠠᠨ ᠤ ᠳᠡᠰ ᠠᠴᠠ ᠳᠡᠭᠡᠭᠰᠢᠬᠢ ᠡᠯ᠎ᠡ ᠱᠠᠲᠤᠨ ᠤ ᠠᠷᠠᠳ ᠤᠨ ᠵᠠᠰᠠᠭ ᠤᠨ ᠣᠷᠳᠣᠨ | ᠵᠢᠴᠢ ᠲᠡᠭᠦᠨ ᠤ ᠰᠠᠯᠠᠭ᠎ᠠ ᠮᠦᠴᠢᠷ ᠨᠢ ᠲᠤᠰ ᠳᠦᠷᠢᠮ ᠤᠨ ᠶᠢᠰᠦᠳᠦᠭᠡᠷ ᠵᠣᠷᠪᠤᠰ ᠤᠨ ᠲᠣᠭᠲᠠᠭᠠᠯ ᠶᠣᠰᠤᠭᠠᠷ᠂ | ᠥᠪᠡᠷᠰᠡᠳ ᠤᠨ ᠢᠶᠠᠨ ᠡᠭᠦᠷᠭᠡ ᠬᠠᠷᠢᠭᠤᠴᠠᠯᠭ᠎ᠠ ᠶᠢᠨ ᠬᠦᠷᠢᠶ᠎ᠡ ᠬᠡᠪᠴᠢᠶᠡᠨ ᠳᠤ ᠢᠳᠡᠪᠬᠢᠲᠠᠢ ᠢᠯᠡ ᠨᠡᠶᠢᠲᠡᠯᠡᠬᠦ | ᠵᠠᠰᠠᠭ ᠤᠨ ᠣᠷᠳᠣᠨ ᠤ ᠴᠢᠮᠡᠭᠡ ᠵᠠᠩᠭᠢ ᠶᠢᠨ ᠪᠣᠳᠠᠲᠠᠢ ᠠᠭᠤᠯᠭ᠎ᠠ ᠶᠢ ᠲᠣᠭᠲᠠᠭᠠᠬᠤ ᠶᠢᠨ ᠳᠠᠭᠠᠤ᠂ ᠳᠣᠣᠷᠠᠬᠢ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠭᠤᠣᠯᠳᠠᠯᠭ᠎ᠠ ᠲᠠᠢ ᠢᠯᠡ ᠨᠡᠶᠢᠲᠡᠯᠡᠨ᠎ᠡ᠄ | ︵ᠨᠢᠭᠡ︶ ᠵᠠᠰᠠᠭ ᠵᠠᠬᠢᠷᠭᠠᠨ ᠤ ᠬᠠᠤᠯᠢ ᠴᠠᠭᠠᠵᠠ᠂ ᠳᠦᠷᠢᠮ ᠲᠣᠭᠲᠠᠭᠠᠯ ᠵᠢᠴᠢ ᠳᠦᠷᠢᠮᠵᠢᠭᠰᠡᠨ ᠴᠢᠨᠠᠷᠲᠠᠢ ᠪᠢᠴᠢᠭ | ᠮᠠᠲ᠋ᠧᠷᠢᠶᠠᠯ︔ | ︵ᠬᠤᠶᠠᠷ︶ ᠤᠯᠤᠰ ᠠᠷᠠᠳ ᠤᠨ ᠠᠵᠤ ᠠᠬᠤᠢ ᠪᠠ ᠨᠡᠶᠢᠭᠡᠮ ᠤᠨ ᠬᠦᠭᠵᠢᠯᠲᠡ ᠶᠢᠨ ᠲᠦᠯᠦᠪᠵᠢᠭᠦᠯᠭᠡ᠂ ᠲᠤᠰᠬᠠᠢ | ᠲᠦᠯᠦᠪᠵᠢᠭᠦᠯᠭᠡ᠂ ᠣᠷᠣᠨ ᠨᠤᠲᠤᠭ ᠤᠨ ᠲᠦᠯᠦᠪᠵᠢᠭᠦᠯᠭᠡ ᠵᠢᠴᠢ ᠬᠠᠮᠢᠶ᠎ᠠ ᠪᠦᠬᠦᠢ ᠲᠥᠷᠥ ᠶᠢᠨ ᠪᠣᠳᠤᠯᠭ᠎ᠠ︔ | ︵ᠭᠤᠷᠪᠠ︶ ᠤᠯᠤᠰ ᠠᠷᠠᠳ ᠤᠨ ᠠᠵᠤ ᠠᠬᠤᠢ ᠪᠠ ᠨᠡᠶᠢᠭᠡᠮ ᠤᠨ ᠬᠦᠭᠵᠢᠯᠲᠡ ᠶᠢᠨ ᠪᠦᠷᠢᠳᠬᠡᠯ ᠤᠨ ᠴᠢᠮᠡᠭᠡ | ᠵᠠᠩᠭᠢ︔ | ︵ᠳᠥᠷᠪᠡ︶ ᠡᠳ᠋ ᠤᠨ ᠵᠠᠰᠠᠭ ᠤᠨ ᠲᠥᠰᠥᠪ ᠪᠠ ᠲᠥᠰᠥᠪ ᠤᠨ ᠭᠦᠢᠴᠡᠳᠬᠡᠯ ᠤᠨ ᠮᠡᠳᠡᠭᠦᠯᠦᠯᠲᠡ︔ | ︵ᠲᠠᠪᠤ︶ ᠵᠠᠰᠠᠭ ᠵᠠᠬᠢᠷᠭᠠᠨ ᠤ ᠠᠵᠢᠯ ᠦᠢᠯᠡᠰ ᠤᠨ ᠴᠢᠨᠠᠷᠲᠠᠢ ᠰᠦᠢᠳᠬᠡᠯ ᠬᠤᠷᠢᠶᠠᠬᠤ ᠲᠥᠷᠥᠯ ᠵᠦᠢᠯ᠂ ᠪᠠᠷᠢᠮᠲᠠ | ᠂ ᠪᠠᠷᠢᠮᠵᠢᠶ᠎ᠠ︔ | ︵ᠵᠢᠷᠭᠤᠭ᠎ᠠ︶ ᠵᠠᠰᠠᠭ ᠤᠨ ᠣᠷᠳᠣᠨ ᠤ ᠲᠦᠪᠯᠡᠷᠡᠩᠭᠦᠢ ᠬᠤᠳᠠᠯᠳᠤᠨ ᠠᠪᠬᠤ ᠲᠥᠷᠥᠯ ᠵᠦᠢᠯ ᠤᠨ ᠭᠠᠷᠴᠠᠭ᠂ | ᠪᠠᠷᠢᠮᠵᠢᠶ᠎ᠠ ᠵᠢᠴᠢ ᠬᠡᠷᠡᠭᠵᠢᠭᠦᠯᠦᠭᠳᠡᠭᠰᠡᠨ ᠪᠠᠶᠢᠳᠠᠯ︔ | ︵ᠳᠣᠯᠤᠭ᠎ᠠ︶ ᠵᠠᠰᠠᠭ ᠵᠠᠬᠢᠷᠭᠠᠨ ᠤ ᠵᠦᠪᠰᠢᠶᠡᠷᠡᠯ ᠤᠨ ᠵᠦᠢᠯᠡᠰ᠂ ᠪᠠᠷᠢᠮᠲᠠ᠂ ᠨᠦᠬᠦᠴᠡᠯ᠂ ᠲᠤᠭ᠎ᠠ ᠬᠡᠮᠵᠢᠶ᠎ᠡ᠂ | ᠶᠠᠪᠤᠴᠠ᠂ ᠴᠠᠭ ᠤᠨ ᠬᠢᠵᠠᠭᠠᠷᠯᠠᠯ ᠵᠢᠴᠢ ᠵᠠᠰᠠᠭ ᠵᠠᠬᠢᠷᠭᠠᠨ ᠤ ᠵᠦᠪᠰᠢᠶᠡᠷᠡᠯ ᠣᠯᠬᠤ ᠪᠠᠷ ᠭᠤᠶᠤᠴᠢᠯᠠᠭᠰᠠᠨ | ᠪᠦᠬᠦᠶᠢᠯᠡ ᠮᠠᠲ᠋ᠧᠷᠢᠶᠠᠯ ᠤᠨ ᠭᠠᠷᠴᠠᠭ ᠪᠠ ᠭᠦᠢᠴᠡᠳᠬᠡᠭᠰᠡᠨ ᠪᠠᠶᠢᠳᠠᠯ︔ | ︵ᠨᠠᠢᠮᠠ︶ ᠴᠢᠬᠤᠯᠠ ᠶᠡᠭᠡ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ ᠵᠦᠪᠰᠢᠶᠡᠷᠡᠯ ᠪᠠ | ᠪᠠᠶᠢᠭᠤᠯᠤᠭᠳᠠᠭᠰᠠᠨ ᠶᠠᠪᠤᠴᠠ︔ | ︵ᠶᠢᠰᠦ︶ ᠶᠠᠳᠠᠭᠤ ᠶᠢ ᠲᠡᠳᠬᠦᠬᠦ᠂ ᠰᠤᠷᠭᠠᠨ ᠬᠦᠮᠦᠵᠢᠯ᠂ ᠡᠮ ᠡᠮᠨᠡᠯᠭᠡ᠂ ᠨᠡᠶᠢᠭᠡᠮ ᠤᠨ ᠪᠠᠲᠤᠯᠠᠭ᠎ᠠ᠂ ᠠᠵᠢᠯ | ᠣᠯᠭᠤᠯᠲᠠ ᠶᠢ ᠠᠬᠢᠭᠤᠯᠬᠤ ᠵᠡᠷᠭᠡ ᠲᠠᠯ᠎ᠠ ᠶᠢᠨ ᠲᠥᠷᠥ ᠶᠢᠨ ᠪᠣᠳᠤᠯᠭ᠎ᠠ᠂ ᠠᠷᠭ᠎ᠠ ᠬᠡᠮᠵᠢᠶ᠎ᠡ ᠵᠢᠴᠢ | ᠬᠡᠷᠡᠭᠵᠢᠭᠦᠯᠦᠭᠳᠡᠭᠰᠡᠨ ᠪᠠᠶᠢᠳᠠᠯ︔ | ︵ᠠᠷᠪᠠ︶ ᠭᠡᠨᠡᠳᠲᠡ ᠶᠢᠨ ᠤᠯᠠᠨ ᠨᠡᠶᠢᠲᠡ ᠶᠢᠨ ᠬᠡᠷᠡᠭ ᠶᠠᠪᠤᠳᠠᠯ ᠢ ᠪᠠᠴᠢᠮ ᠠᠷᠭᠠᠴᠠᠭᠠᠬᠤ ᠲᠥᠰᠥᠪ᠂ | ᠤᠷᠢᠳᠴᠢᠯᠡᠨ ᠰᠡᠷᠡᠮᠵᠢᠯᠡᠭᠦᠯᠬᠦ ᠴᠢᠮᠡᠭᠡ ᠵᠠᠩᠭᠢ ᠵᠢᠴᠢ ᠠᠷᠭᠠᠴᠠᠭᠠᠭᠰᠠᠨ ᠪᠠᠶᠢᠳᠠᠯ︔ | ︵ᠠᠷᠪᠠᠨ ᠨᠢᠭᠡ︶ ᠣᠷᠴᠢᠨ ᠲᠣᠭᠤᠷᠢᠨ ᠤ ᠬᠠᠮᠠᠭᠠᠯᠠᠯᠲᠠ᠂ ᠣᠯᠠᠨ ᠨᠡᠶᠢᠲᠡ ᠶᠢᠨ ᠡᠷᠡᠭᠦᠯ ᠬᠠᠮᠠᠭᠠᠯᠠᠯ᠂ ᠠᠶᠤᠯ | ᠦᠭᠡᠢ ᠦᠢᠯᠡᠳᠪᠦᠷᠢᠯᠡᠯ᠂ ᠢᠳᠡᠭᠡᠨ ᠤᠮᠳᠠᠭᠠᠨ ᠡᠮ ᠤᠨ ᠵᠦᠢᠯᠡᠰ᠂ ᠪᠦᠲᠦᠭᠡᠭᠳᠡᠬᠦᠨ ᠤ ᠶᠠᠰᠤ ᠴᠢᠨᠠᠷ ᠤᠨ ᠬᠢᠨᠠᠨ | ᠪᠠᠶᠢᠴᠠᠭᠠᠯᠲᠠ ᠵᠡᠷᠭᠡ ᠪᠠᠶᠢᠳᠠᠯ︔ | ᠠᠷᠪᠠᠨ ᠨᠢᠭᠡᠳᠦᠭᠡᠷ ᠵᠣᠷᠪᠣᠰ ᠣᠷᠣᠨ ᠬᠤᠪᠢᠶᠠᠷᠢᠯᠠᠭᠰᠠᠨ ᠬᠤᠲᠠ ᠶᠢᠨ ᠳᠡᠰ ᠤᠨ ᠠᠷᠠᠳ ᠤᠨ ᠵᠠᠰᠠᠭ ᠤᠨ | ᠣᠷᠳᠣᠨ᠂ ᠰᠢᠶᠠᠨ ᠤ ᠳᠡᠰ ᠤᠨ ᠠᠷᠠᠳ ᠤᠨ ᠵᠠᠰᠠᠭ ᠤᠨ ᠣᠷᠳᠣᠨ ᠵᠢᠴᠢ ᠲᠡᠭᠦᠨ ᠤ ᠰᠠᠯᠠᠭ᠎ᠠ ᠮᠦᠴᠢᠷ ᠠᠴᠠ | ᠭᠤᠣᠯᠳᠠᠯᠭ᠎ᠠ ᠲᠠᠢ ᠢᠯᠡ ᠪᠣᠯᠭᠠᠭᠰᠠᠨ ᠵᠠᠰᠠᠭ ᠤᠨ ᠣᠷᠳᠣᠨ ᠤ ᠴᠢᠮᠡᠭᠡ ᠵᠠᠩᠭᠢ ᠳᠤ ᠳᠣᠣᠷᠠᠬᠢ ᠬᠡᠳᠦᠨ ᠲᠠᠯ᠎ᠠ ᠶᠢ | ᠪᠠᠭᠲᠠᠭᠠᠨ᠎ᠠ᠄ | ︵ᠨᠢᠭᠡ︶ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠪᠠ ᠬᠠᠮᠢᠶᠠᠷᠤᠯᠲᠠ ᠶᠢᠨ ᠴᠢᠬᠤᠯᠠ ᠶᠡᠭᠡ ᠬᠡᠷᠡᠭ | ᠶᠠᠪᠤᠳᠠᠯ︔ | ︵ᠬᠤᠶᠠᠷ︶ ᠨᠡᠶᠢᠭᠡᠮ ᠤᠨ ᠣᠯᠠᠨ ᠨᠡᠶᠢᠲᠡ ᠶᠢᠨ ᠠᠰᠠᠷᠠᠮᠵᠢ ᠶᠢᠨ ᠦᠢᠯᠡᠰ ᠤᠨ ᠪᠦᠲᠦᠭᠡᠨ ᠪᠠᠶᠢᠭᠤᠯᠤᠯᠲᠠ ᠶᠢᠨ | ᠪᠠᠶᠢᠳᠠᠯ︔ | ︵ᠭᠤᠷᠪᠠ︶ ᠲᠠᠲᠠᠪᠦᠷᠢᠯᠠᠬᠤ ᠪᠣᠶᠤ ᠭᠠᠵᠠᠷ ᠰᠢᠷᠤᠢ ᠲᠠᠲᠠᠪᠦᠷᠢᠯᠠᠨ ᠬᠡᠷᠡᠭᠯᠡᠬᠦ᠂ ᠭᠡᠷ ᠪᠠᠶᠢᠰᠢᠩ ᠨᠤᠷᠠᠭᠠᠵᠤ ᠨᠡᠭᠦᠯᠭᠡᠬᠦ | ᠵᠢᠴᠢ ᠲᠡᠭᠦᠨ ᠤ ᠨᠦᠬᠦᠪᠦᠷᠢ ᠪᠠ ᠲᠡᠳᠬᠦᠮᠵᠢ ᠶᠢᠨ ᠮᠥᠩᠭᠦ ᠶᠢᠨ ᠲᠠᠷᠬᠠᠭᠠᠯᠲᠠ ᠪᠠ ᠬᠡᠷᠡᠭᠯᠡᠯᠲᠡ ᠶᠢᠨ ᠪᠠᠶᠢᠳᠠᠯ︔ | ︵ᠳᠥᠷᠪᠡ︶ ᠠᠶᠤᠯ ᠢ ᠡᠰᠡᠷᠭᠦᠴᠡᠨ ᠭᠠᠮᠰᠢᠭ ᠠᠴᠠ ᠠᠪᠤᠷᠠᠬᠤ᠂ ᠠᠰᠠᠷᠠᠵᠤ ᠬᠠᠷᠠᠭᠠᠯᠵᠠᠬᠤ᠂ ᠲᠤᠰᠠᠯᠠᠵᠤ | ᠲᠡᠳᠬᠦᠬᠦ᠂ ᠨᠡᠶᠢᠭᠡᠮ ᠤᠨ ᠲᠤᠰᠠᠯᠠᠮᠵᠢ ᠦᠵᠡᠭᠦᠯᠬᠦ ᠵᠡᠷᠭᠡ ᠵᠣᠭᠤᠰ ᠮᠦᠩᠭᠦᠨ ᠤ ᠬᠠᠮᠢᠶᠠᠷᠤᠯᠲᠠ᠂ ᠬᠡᠷᠡᠭᠯᠡᠯᠲᠡ | ᠵᠢᠴᠢ ᠬᠤᠪᠢᠶᠠᠷᠢᠯᠠᠯᠲᠠ ᠶᠢᠨ ᠪᠠᠶᠢᠳᠠᠯ︔ | ᠠᠷᠪᠠᠨ ᠬᠤᠶᠠᠳᠤᠭᠠᠷ ᠵᠣᠷᠪᠣᠰ ᠰᠢᠶᠠᠩ ︵ ᠪᠠᠯᠭᠠᠰᠤ︶ ᠤᠨ ᠠᠷᠠᠳ ᠤᠨ ᠵᠠᠰᠠᠭ ᠤᠨ ᠣᠷᠳᠣᠨ ᠲᠣᠰ | ᠳᠦᠷᠢᠮ ᠤᠨ ᠶᠢᠰᠦᠳᠦᠭᠡᠷ ᠵᠣᠷᠪᠤᠰ ᠤᠨ ᠲᠣᠭᠲᠠᠭᠠᠯ ᠶᠣᠰᠤᠭᠠᠷ᠂ ᠥᠪᠡᠷᠰᠡᠳ ᠤᠨ ᠡᠭᠦᠷᠭᠡ ᠬᠠᠷᠢᠭᠤᠴᠠᠯᠭ᠎ᠠ ᠶᠢᠨ | ᠬᠦᠷᠢᠶ᠎ᠡ ᠬᠡᠪᠴᠢᠶᠡᠨ ᠳᠤ ᠪᠠᠨ ᠢᠳᠡᠪᠬᠢᠲᠠᠢ ᠢᠯᠡ ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ ᠵᠠᠩᠭᠢ ᠶᠢᠨ | ᠪᠣᠳᠠᠲᠠᠢ ᠠᠭᠤᠯᠭ᠎ᠠ ᠶᠢ ᠲᠣᠭᠲᠠᠭᠠᠬᠤ ᠶᠢᠨ ᠳᠠᠭᠠᠤ᠂ ᠳᠣᠣᠷᠠᠬᠢ ᠵᠠᠰᠠᠭ ᠤᠨ ᠣᠷᠳᠣᠨ ᠤ ᠴᠢᠮᠡᠭᠡ ᠵᠠᠩᠭᠢ ᠶᠢ | ᠭᠤᠣᠯᠳᠠᠯᠭ᠎ᠠ ᠲᠠᠢ ᠢᠯᠡ ᠨᠡᠶᠢᠲᠡᠯᠡᠨ᠎ᠡ᠄ | ︵ᠨᠢᠭᠡ︶ ᠤᠯᠤᠰ ᠤᠨ ᠬᠦᠳᠡᠭᠡ ᠲᠤᠰᠬᠤᠨ ᠤ ᠠᠵᠢᠯ ᠤᠨ ᠲᠥᠷᠥ ᠶᠢᠨ ᠪᠣᠳᠤᠯᠭ᠎ᠠ ᠶᠢᠨ ᠬᠡᠷᠡᠭᠵᠢᠭᠦᠯᠦᠭᠳᠡᠭᠰᠡᠨ | ᠪᠠᠶᠢᠳᠠᠯ︔ | ︵ᠬᠤᠶᠠᠷ︶ ᠡᠳ᠋ ᠤᠨ ᠵᠠᠰᠠᠭ ᠤᠨ ᠣᠷᠤᠯᠭ᠎ᠠ ᠵᠠᠷᠤᠯᠭ᠎ᠠ᠂ ᠲᠤᠰᠬᠠᠢ ᠲᠥᠷᠥᠯ ᠤᠨ ᠪᠡᠯᠡ ᠮᠦᠩᠭᠦᠨ ᠤ | ᠬᠠᠮᠢᠶᠠᠷᠤᠯᠲᠠ ᠪᠠ ᠬᠡᠷᠡᠭᠯᠡᠯᠲᠡ ᠶᠢᠨ ᠪᠠᠶᠢᠳᠠᠯ︔ | ︵ᠭᠤᠷᠪᠠ︶ ᠰᠢᠶᠠᠩ ︵ᠪᠠᠯᠭᠠᠰᠤ︶ ᠤᠨ ᠭᠠᠵᠠᠷ ᠰᠢᠷᠤᠢ ᠶᠢ ᠠᠰᠢᠭᠯᠠᠬᠤ ᠪᠦᠬᠦ ᠲᠠᠯ᠎ᠠ ᠶᠢᠨ ᠲᠦᠯᠦᠪᠵᠢᠭᠦᠯᠭᠡ᠂ | ᠭᠡᠷ ᠪᠠᠶᠢᠰᠢᠩ ᠤᠨ ᠰᠠᠭᠤᠷᠢ ᠶᠢ ᠠᠰᠢᠭᠯᠠᠬᠤ ᠬᠢᠨᠠᠨ ᠵᠦᠪᠰᠢᠶᠡᠷᠡᠯᠲᠡ ᠶᠢᠨ ᠪᠠᠶᠢᠳᠠᠯ︔ | ︵ᠳᠥᠷᠪᠡ︶ ᠲᠠᠲᠠᠪᠦᠷᠢᠯᠠᠬᠤ ᠪᠣᠶᠤ ᠭᠠᠵᠠᠷ ᠰᠢᠷᠤᠢ ᠲᠠᠲᠠᠪᠦᠷᠢᠯᠠᠨ ᠬᠡᠷᠡᠭᠯᠡᠬᠦ᠂ ᠭᠡᠷ ᠪᠠᠶᠢᠰᠢᠩ ᠨᠤᠷᠠᠭᠠᠵᠤ | ᠨᠡᠭᠦᠯᠭᠡᠬᠦ ᠵᠢᠴᠢ ᠲᠡᠭᠦᠨ ᠤ ᠨᠦᠬᠦᠪᠦᠷᠢ ᠪᠠ ᠲᠡᠳᠬᠦᠮᠵᠢ ᠶᠢᠨ ᠮᠥᠩᠭᠦ ᠶᠢᠨ ᠲᠠᠷᠬᠠᠭᠠᠯᠲᠠ ᠪᠣᠯᠤᠨ ᠬᠡᠷᠡᠭᠯᠡᠯᠲᠡ ᠶᠢᠨ | ᠪᠠᠶᠢᠳᠠᠯ︔ | ︵ᠲᠠᠪᠤ︶ ᠰᠢᠶᠠᠩ ︵ᠪᠠᠯᠭᠠᠰᠤ︶ ᠤᠨ ᠠᠪᠴᠠᠭ᠎ᠠ ᠥᠭᠴᠡᠭᠡ᠂ ᠵᠣᠭᠤᠰ ᠮᠥᠩᠭᠦ ᠪᠠ ᠬᠦᠳᠡᠯᠮᠦᠷᠢ ᠬᠦᠴᠦ | ᠬᠤᠷᠠᠮᠳᠤᠭᠤᠯᠤᠨ ᠴᠤᠭᠯᠠᠭᠤᠯᠤᠭᠰᠠᠨ ᠪᠠᠶᠢᠳᠠᠯ︔ | ︵ᠵᠢᠷᠭᠤᠭ᠎ᠠ︶ ᠠᠶᠤᠯ ᠢ ᠡᠰᠡᠷᠭᠦᠴᠡᠨ ᠭᠠᠮᠰᠢᠭ ᠠᠴᠠ ᠠᠪᠤᠷᠠᠬᠤ᠂ ᠠᠰᠠᠷᠠᠵᠤ ᠬᠠᠷᠠᠭᠠᠯᠵᠠᠬᠤ᠂ ᠲᠤᠰᠠᠯᠠᠵᠤ | ᠲᠡᠳᠬᠦᠬᠦ᠂ ᠨᠡᠶᠢᠭᠡᠮ ᠤᠨ ᠲᠤᠰᠠᠯᠠᠮᠵᠢ ᠦᠵᠡᠭᠦᠯᠬᠦ ᠵᠡᠷᠭᠡ ᠵᠣᠭᠤᠰ ᠮᠦᠩᠭᠦᠨ ᠤ ᠲᠤᠰᠠᠯᠠᠮᠵᠢ ᠶᠢᠨ | ᠲᠠᠷᠬᠠᠭᠠᠯᠲᠠ ᠶᠢᠨ ᠪᠠᠶᠢᠳᠠᠯ︔ | ︵ᠳᠣᠯᠤᠭ᠎ᠠ︶ ᠰᠢᠶᠠᠩ ᠪᠠᠯᠭᠠᠰᠤ ᠶᠢᠨ ᠬᠠᠮᠲᠤ ᠶᠢᠨ ᠠᠵᠤ ᠠᠬᠤᠶᠢᠯᠠᠯ ᠵᠢᠴᠢ ᠪᠣᠰᠤᠳ ᠰᠢᠶᠠᠩ ᠪᠠᠯᠭᠠᠰᠤ ᠶᠢᠨ | ᠠᠵᠤ ᠠᠬᠤᠢ ᠶᠢᠨ ᠪᠣᠳᠠᠲᠤ ᠴᠣᠭᠴᠠ ᠶᠢ ᠳᠠᠭᠠᠭᠠᠴᠢᠯᠠᠬᠤ᠂ ᠳᠦᠷᠢᠶᠡᠰᠦᠯᠡᠬᠦ ᠵᠢᠴᠢ ᠦᠨ᠎ᠡ ᠬᠠᠶᠠᠯᠴᠠᠨ | ᠬᠤᠳᠠᠯᠳᠤᠬᠤ ᠵᠡᠷᠭᠡ ᠪᠠᠶᠢᠳᠠᠯ︔ | ︵ᠨᠠᠢᠮᠠ︶ ᠲᠥᠯᠥᠪᠯᠡᠭᠡᠲᠦ ᠦᠷᠡᠵᠢᠯ ᠤᠨ ᠲᠥᠷᠥ ᠶᠢᠨ ᠪᠣᠳᠤᠯᠭ᠎ᠠ ᠶᠢᠨ ᠬᠡᠷᠡᠭᠵᠢᠭᠦᠯᠦᠭᠳᠡᠭᠰᠡᠨ ᠪᠠᠶᠢᠳᠠᠯ᠃ | ᠠᠷᠪᠠᠨ ᠭᠤᠷᠪᠠᠳᠤᠭᠠᠷ ᠵᠣᠷᠪᠤᠰ ᠲᠤᠰ ᠳᠦᠷᠢᠮ ᠤᠨ ᠶᠢᠰᠦᠳᠦᠭᠡᠷ᠂ ᠠᠷᠪᠠᠳᠤᠭᠠᠷ᠂ ᠠᠷᠪᠠᠨ ᠨᠢᠭᠡᠳᠦᠭᠡᠷ᠂ | ᠠᠷᠪᠠᠨ ᠬᠤᠶᠠᠳᠤᠭᠠᠷ ᠵᠣᠷᠪᠣᠰ ᠤᠨ ᠲᠣᠭᠲᠠᠭᠠᠯ ᠳᠤ ᠲᠣᠭᠲᠠᠭᠠᠭᠰᠠᠨ ᠵᠠᠰᠠᠭ ᠵᠠᠬᠢᠷᠭᠠᠨ ᠤ ᠪᠠᠶᠢᠭᠤᠯᠭ᠎ᠠ ᠠᠴᠠ | ᠢᠳᠡᠪᠬᠢᠲᠠᠢ ᠢᠯᠡ ᠨᠡᠶᠢᠲᠡᠯᠡᠭᠰᠡᠨ ᠵᠠᠰᠠᠭ ᠤᠨ ᠣᠷᠳᠣᠨ ᠤ ᠴᠢᠮᠡᠭᠡ ᠵᠠᠩᠭᠢ ᠠᠴᠠ ᠭᠠᠳᠠᠨ᠎ᠠ᠂ ᠡᠷᠬᠡᠲᠦ ᠠᠷᠠᠳ᠂ | ᠬᠠᠤᠯᠢ ᠶᠢᠨ ᠡᠷᠬᠡᠲᠡᠨ ᠵᠢᠴᠢ ᠪᠣᠰᠤᠳ ᠵᠣᠬᠢᠶᠠᠨ ᠪᠠᠶᠢᠭᠤᠯᠤᠯᠲᠠ ᠪᠠᠰᠠ ᠥᠪᠡᠷ ᠤᠨ ᠲᠤᠰ ᠪᠡᠶ᠎ᠡ ᠶᠢᠨ | ᠦᠢᠯᠡᠳᠪᠦᠷᠢᠯᠡᠯ ᠠᠮᠢᠳᠤᠷᠠᠯ᠂ ᠡᠷᠳᠡᠮ ᠰᠢᠨᠵᠢᠯᠡᠭᠡᠨ ᠵᠡᠷᠭᠡ ᠲᠠᠯ᠎ᠠ ᠶᠢᠨ ᠣᠨᠴᠠᠭᠠᠢ ᠱᠠᠭᠠᠷᠳᠠᠯᠭ᠎ᠠ ᠪᠠᠨ | ᠦᠨᠳᠦᠰᠦᠯᠡᠵᠦ᠂ ᠲᠥᠷᠥ ᠶᠢᠨ ᠶᠠᠪᠤᠳᠠᠯ ᠤᠨ ᠬᠤᠷᠢᠶᠠᠨ ᠤ ᠰᠠᠯᠠᠭ᠎ᠠ ᠮᠦᠴᠢᠷ᠂ ᠣᠷᠣᠨ ᠨᠤᠲᠤᠭ ᠤᠨ ᠡᠯ᠎ᠡ | ᠱᠠᠲᠤᠨ ᠤ ᠠᠷᠠᠳ ᠤᠨ ᠵᠠᠰᠠᠭ ᠤᠨ ᠣᠷᠳᠣᠨ ᠵᠢᠴᠢ ᠰᠢᠶᠠᠨ ᠤ ᠳᠡᠰ ᠠᠴᠠ ᠳᠡᠭᠡᠭᠰᠢᠬᠢ ᠣᠷᠣᠨ ᠨᠤᠲᠤᠭ ᠤᠨ | ᠠᠷᠠᠳ ᠤᠨ ᠵᠠᠰᠠᠭ ᠤᠨ ᠣᠷᠳᠣᠨ ᠤ ᠰᠠᠯᠠᠭ᠎ᠠ ᠮᠦᠴᠢᠷ ᠲᠤ ᠭᠤᠶᠤᠴᠢᠯᠠᠨ᠂ ᠬᠤᠯᠪᠤᠭᠳᠠᠯ ᠪᠦᠬᠦᠢ ᠵᠠᠰᠠᠭ ᠤᠨ | ᠣᠷᠳᠣᠨ ᠤ ᠴᠢᠮᠡᠭᠡ ᠵᠠᠩᠭᠢ ᠣᠯᠬᠤ ᠬᠡᠷᠡᠭᠲᠡᠢ᠃ | ᠠᠷᠪᠠᠨ ᠳᠥᠷᠪᠡᠳᠥᠭᠡᠷ ᠵᠣᠷᠪᠤᠰ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠵᠠᠰᠠᠭ ᠤᠨ ᠣᠷᠳᠣᠨ ᠤ ᠴᠢᠮᠡᠭᠡ | ᠵᠠᠩᠭᠢ ᠶᠢ ᠨᠡᠶᠢᠲᠡᠯᠡᠬᠦ ᠨᠢᠭᠤᠴᠠ ᠶᠢ ᠬᠠᠮᠠᠭᠠᠯᠠᠬᠤ ᠬᠢᠨᠠᠨ ᠪᠠᠶᠢᠴᠠᠭᠠᠯᠲᠠ ᠶᠢᠨ ᠲᠣᠭᠲᠠᠯᠴᠠᠭ᠎ᠠ ᠶᠢ ᠪᠠᠶᠢᠭᠤᠯᠤᠨ | ᠲᠡᠭᠦᠯᠳᠡᠷᠵᠢᠭᠦᠯᠵᠦ᠂ ᠬᠢᠨᠠᠨ ᠪᠠᠶᠢᠴᠠᠭᠠᠬᠤ ᠶᠠᠪᠤᠴᠠ ᠪᠠ ᠬᠠᠷᠢᠭᠤᠴᠠᠯᠭ᠎ᠠ ᠪᠠᠨ ᠲᠣᠳᠤᠷᠬᠠᠢ ᠪᠣᠯᠭᠠᠬᠤ ᠬᠡᠷᠡᠭᠲᠡᠢ᠃ | ᠵᠠᠰᠠᠭ ᠵᠠᠬᠢᠷᠭᠠᠨ ᠤ ᠪᠠᠶᠢᠭᠤᠯᠭ᠎ᠠ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠴᠠ ᠡᠮᠦᠨ᠎ᠡ᠂ ︽ | ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠤᠰ ᠤᠨ ᠨᠢᠭᠤᠴᠠ ᠶᠢ ᠬᠠᠮᠠᠭᠠᠯᠠᠬᠤ ᠬᠠᠤᠯᠢ︾ ᠵᠢᠴᠢ | ᠪᠣᠰᠤᠳ ᠬᠠᠤᠯᠢ ᠴᠠᠭᠠᠵᠠ᠂ ᠬᠠᠤᠯᠢ ᠳᠦᠷᠢᠮ ᠪᠠ ᠤᠯᠤᠰ ᠤᠨ ᠬᠠᠮᠢᠶ᠎ᠠ ᠪᠦᠬᠦᠢ ᠳᠦᠷᠢᠮ ᠲᠣᠭᠲᠠᠭᠠᠯ ᠢ | ᠦᠨᠳᠦᠰᠦᠯᠡᠵᠦ᠂ ᠢᠯᠡ ᠨᠡᠶᠢᠲᠡᠯᠡᠬᠦ ᠪᠠᠷ ᠵᠢᠱᠢᠭᠰᠡᠨ ᠵᠠᠰᠠᠭ ᠤᠨ ᠣᠷᠳᠣᠨ ᠤ ᠴᠢᠮᠡᠭᠡ ᠵᠠᠩᠭᠢ ᠳᠤ ᠬᠢᠨᠠᠨ | ᠪᠠᠶᠢᠴᠠᠭᠠᠯᠲᠠ ᠬᠢᠬᠦ ᠬᠡᠷᠡᠭᠲᠡᠢ᠃ | ᠵᠠᠰᠠᠭ ᠵᠠᠬᠢᠷᠭᠠᠨ ᠤ ᠪᠠᠶᠢᠭᠤᠯᠭ᠎ᠠ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠵᠦ ᠪᠣᠯᠬᠤ ᠡᠰᠡᠬᠦ ᠶᠢ | ᠲᠣᠭᠲᠠᠭᠠᠵᠤ ᠳᠡᠶᠢᠯᠬᠦ ᠦᠭᠡᠢ ᠦᠶ᠎ᠡ ᠳᠤ᠂ ᠬᠠᠤᠯᠢ ᠴᠠᠭᠠᠵᠠ᠂ ᠬᠠᠤᠯᠢ ᠳᠦᠷᠢᠮ ᠪᠠ ᠤᠯᠤᠰ ᠤᠨ ᠬᠠᠮᠢᠶ᠎ᠠ ᠪᠦᠬᠦᠢ | ᠳᠦᠷᠢᠮ ᠲᠣᠭᠲᠠᠭᠠᠯ ᠶᠣᠰᠤᠭᠠᠷ᠂ ᠬᠤᠯᠪᠤᠭᠳᠠᠯ ᠪᠦᠬᠦᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠪᠣᠶᠤ ᠠᠳᠠᠯᠢ | ᠱᠠᠲᠤᠨ ᠤ ᠨᠢᠭᠤᠴᠠ ᠶᠢ ᠬᠠᠮᠠᠭᠠᠯᠠᠬᠤ ᠠᠵᠢᠯ ᠤᠨ ᠰᠠᠯᠠᠭ᠎ᠠ ᠮᠦᠴᠢᠷ ᠲᠤ ᠮᠡᠳᠡᠭᠦᠯᠵᠦ ᠲᠣᠭᠲᠠᠭᠠᠨ᠎ᠠ᠃ | ᠵᠠᠰᠠᠭ ᠵᠠᠬᠢᠷᠭᠠᠨ ᠤ ᠪᠠᠶᠢᠭᠤᠯᠭ᠎ᠠ ᠤᠯᠤᠰ ᠤᠨ ᠨᠢᠭᠤᠴᠠ᠂ ᠬᠤᠳᠠᠯᠳᠤᠭᠠᠨ ᠤ ᠨᠢᠭᠤᠴᠠ ᠵᠢᠴᠢ ᠬᠤᠪᠢ ᠶᠢᠨ | ᠨᠢᠭᠤᠴᠠ ᠲᠠᠢ ᠬᠤᠯᠪᠤᠭᠳᠠᠭᠰᠠᠨ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠵᠦ ᠪᠣᠯᠬᠤ ᠦᠭᠡᠢ᠃ | ᠭᠡᠪᠡᠴᠦ᠂ ᠬᠤᠯᠪᠤᠭᠳᠠᠯ ᠪᠦᠬᠦᠢ ᠬᠦᠮᠦᠰ ᠠᠴᠠ ᠢᠯᠡ ᠨᠡᠶᠢᠲᠡᠯᠡᠬᠦ ᠶᠢ ᠵᠦᠪᠰᠢᠶᠡᠷᠡᠭᠰᠡᠨ ᠪᠣᠶᠤ ᠵᠠᠰᠠᠭ ᠵᠠᠬᠢᠷᠭᠠᠨ ᠤ | ᠪᠠᠶᠢᠭᠤᠯᠭ᠎ᠠ ᠠᠴᠠ ᠢᠯᠡ ᠨᠡᠶᠢᠲᠡᠯᠡᠬᠦ ᠦᠭᠡᠢ ᠪᠣᠯ ᠣᠯᠠᠨ ᠨᠡᠶᠢᠲᠡ ᠶᠢᠨ ᠠᠰᠢᠭ ᠲᠤᠰᠠ ᠶᠢ ᠬᠦᠨᠳᠦ ᠨᠣᠴᠢᠲᠠᠢ | ᠨᠦᠯᠦᠭᠡᠯᠡᠵᠦ ᠮᠡᠳᠡᠬᠦ ᠬᠤᠳᠠᠯᠳᠤᠭᠠᠨ ᠤ ᠨᠢᠭᠤᠴᠠ ᠪᠠ ᠬᠤᠪᠢ ᠶᠢᠨ ᠨᠢᠭᠤᠴᠠ ᠳᠤ ᠬᠤᠯᠪᠤᠭᠳᠠᠭᠰᠠᠨ ᠵᠠᠰᠠᠭ ᠤᠨ | ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠵᠦ ᠪᠣᠯᠤᠨ᠎ᠠ᠃ | | ᠭᠤᠷᠪᠠᠳᠤᠭᠠᠷ ᠪᠦᠯᠦᠭ ᠢᠯᠡ ᠨᠡᠶᠢᠲᠡᠯᠡᠬᠦ ᠠᠷᠭ᠎ᠠ ᠮᠠᠶ᠋ᠢᠭ ᠪᠠ ᠶᠠᠪᠤᠴᠠ | ᠠᠷᠪᠠᠨ ᠲᠠᠪᠤᠳᠤᠭᠠᠷ ᠵᠣᠷᠪᠣᠰ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠢᠯᠡ ᠨᠡᠶᠢᠲᠡᠯᠡᠭᠰᠡᠨ ᠵᠠᠰᠠᠭ ᠤᠨ | ᠣᠷᠳᠣᠨ ᠤ ᠴᠢᠮᠡᠭᠡ ᠵᠠᠩᠭᠢ ᠶᠢ ᠵᠠᠰᠠᠭ ᠤᠨ ᠣᠷᠳᠣᠨ ᠤ ᠠᠯᠪᠠᠨ ᠮᠡᠳᠡᠭᠡ᠂ ᠵᠠᠰᠠᠭ ᠤᠨ ᠣᠷᠳᠣᠨ ᠤ ᠰᠦᠯᠵᠢᠶ᠎ᠡ᠂ | ᠰᠣᠨᠢᠨ ᠮᠡᠳᠡᠭᠡ ᠨᠡᠶᠢᠲᠡᠯᠡᠬᠦ ᠬᠤᠷᠠᠯ ᠵᠢᠴᠢ ᠰᠣᠨᠢᠨ ᠰᠡᠳᠬᠦᠯ᠂ ᠷᠠᠳᠢᠤ᠋ ᠨᠡᠪᠲᠡᠷᠡᠭᠦᠯᠭᠡ᠂ ᠲᠧᠯᠸᠢᠰ ᠵᠡᠷᠭᠡ ᠣᠯᠠᠨ | ᠲᠦᠮᠡᠨ ᠤ ᠠᠮᠠᠷᠬᠠᠨ ᠣᠶᠢᠯᠠᠭᠠᠬᠤ ᠠᠷᠭ᠎ᠠ ᠬᠡᠯᠪᠡᠷᠢ ᠪᠠᠷ ᠢᠯᠡ ᠨᠡᠶᠢᠲᠡᠯᠡᠬᠦ ᠬᠡᠷᠡᠭᠲᠡᠢ᠃ | ᠠᠷᠪᠠᠨ ᠵᠢᠷᠭᠤᠳᠤᠭᠠᠷ ᠵᠣᠷᠪᠤᠰ ᠡᠯ᠎ᠡ ᠱᠠᠲᠤᠨ ᠤ ᠠᠷᠠᠳ ᠤᠨ ᠵᠠᠰᠠᠭ ᠤᠨ ᠣᠷᠳᠣᠨ ᠠᠴᠠ ᠤᠯᠤᠰ ᠤᠨ | ᠳᠠᠩᠰᠠ ᠡᠪᠬᠡᠮᠡᠯ ᠤᠨ ᠣᠷᠳᠣᠨ ᠪᠠ ᠨᠡᠶᠢᠲᠡ ᠶᠢᠨ ᠨᠣᠮ ᠤᠨ ᠰᠠᠩ ᠳᠤ ᠵᠠᠰᠠᠭ ᠤᠨ ᠣᠷᠳᠣᠨ ᠤ ᠴᠢᠮᠡᠭᠡ ᠵᠠᠩᠭᠢ ᠶᠢ | ᠡᠷᠢᠵᠦ ᠤᠩᠰᠢᠬᠤ ᠲᠠᠯᠠᠪᠤᠷ ᠭᠠᠷᠭᠠᠵᠤ᠂ ᠲᠣᠨᠤᠭ ᠲᠦᠬᠦᠭᠡᠷᠦᠮᠵᠢ ᠳᠣᠬᠢᠷᠠᠭᠤᠯᠤᠨ᠂ ᠡᠷᠬᠡᠲᠦ ᠠᠷᠠᠳ᠂ | ᠬᠠᠤᠯᠢ ᠶᠢᠨ ᠡᠷᠬᠡᠲᠡᠨ ᠪᠣᠶᠤ ᠪᠣᠰᠤᠳ ᠵᠣᠬᠢᠶᠠᠨ ᠪᠠᠶᠢᠭᠤᠯᠤᠯᠲᠠ ᠠᠴᠠ ᠵᠠᠰᠠᠭ ᠤᠨ ᠣᠷᠳᠣᠨ ᠤ ᠴᠢᠮᠡᠭᠡ ᠵᠠᠩᠭᠢ ᠶᠢ | ᠬᠦᠯᠢᠶᠡᠨ ᠣᠯᠬᠤ ᠳᠤ ᠳᠦᠭᠦᠮ ᠦᠵᠡᠭᠦᠯᠦᠨ᠎ᠡ᠃ | ᠵᠠᠰᠠᠭ ᠵᠠᠬᠢᠷᠭᠠᠨ ᠤ ᠪᠠᠶᠢᠭᠤᠯᠭ᠎ᠠ ᠱᠠᠭᠠᠷᠳᠠᠯᠭ᠎ᠠ ᠬᠡᠷᠡᠭᠴᠡᠭᠡ ᠪᠠᠨ ᠦᠨᠳᠦᠰᠦᠯᠡᠨ᠂ ᠤᠩᠰᠢᠯᠭ᠎ᠠ ᠶᠢᠨ ᠲᠠᠰᠤᠭ᠂ | ᠮᠠᠲ᠋ᠧᠷᠢᠶᠠᠯ ᠡᠷᠢᠬᠦ ᠴᠢᠭ᠂ ᠴᠢᠮᠡᠭᠡ ᠵᠠᠩᠭᠢ ᠶᠢᠨ ᠠᠯᠪᠠᠨ ᠨᠡᠶᠢᠲᠡᠯᠡᠯ ᠤᠨ ᠪᠣᠯᠤᠩ᠂ ᠡᠯᠧᠺᠲᠷᠤᠨ ᠴᠢᠮᠡᠭᠡ ᠵᠠᠩᠭᠢ ᠶᠢᠨ | ᠳᠡᠯᠭᠡᠴᠡ ᠵᠡᠷᠭᠡ ᠲᠠᠯᠠᠪᠤᠷ ᠭᠠᠷᠭᠠᠬᠤ ᠪᠠ ᠲᠣᠨᠤᠭ ᠲᠦᠬᠦᠭᠡᠷᠦᠮᠵᠢ ᠳᠣᠬᠢᠷᠠᠭᠤᠯᠵᠤ᠂ ᠵᠠᠰᠠᠭ ᠤᠨ ᠣᠷᠳᠣᠨ ᠤ | ᠴᠢᠮᠡᠭᠡ ᠵᠠᠩᠭᠢ ᠶᠢ ᠢᠯᠡ ᠨᠡᠶᠢᠲᠡᠯᠡᠨ᠎ᠡ᠃ | ᠵᠠᠰᠠᠭ ᠵᠠᠬᠢᠷᠭᠠᠨ ᠤ ᠪᠠᠶᠢᠭᠤᠯᠭ᠎ᠠ ᠢᠯᠡ ᠨᠡᠶᠢᠲᠡᠯᠡᠭᠰᠡᠨ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠴᠠᠭ ᠲᠤᠬᠠᠢ | ᠳᠤᠨᠢ ᠤᠯᠤᠰ ᠤᠨ ᠳᠠᠩᠰᠠ ᠡᠪᠬᠡᠮᠡᠯ ᠤᠨ ᠣᠷᠳᠣᠨ ᠪᠠ ᠨᠡᠶᠢᠲᠡ ᠶᠢᠨ ᠨᠣᠮ ᠤᠨ ᠰᠠᠩ ᠵᠡᠷᠭᠡ ᠭᠠᠵᠠᠷ ᠲᠤ | ᠬᠠᠩᠭᠠᠬᠤ ᠬᠡᠷᠡᠭᠲᠡᠢ᠃ | ᠠᠷᠪᠠᠨ ᠳᠣᠯᠣᠳᠣᠭᠠᠷ ᠵᠣᠷᠪᠣᠰ ᠵᠠᠰᠠᠭ ᠵᠠᠬᠢᠷᠭᠠᠨ ᠤ ᠪᠠᠶᠢᠭᠤᠯᠭ᠎ᠠ ᠪᠢᠴᠢᠭᠰᠡᠨ ᠵᠠᠰᠠᠭ ᠤᠨ ᠣᠷᠳᠣᠨ ᠤ ᠴᠢᠮᠡᠭᠡ | ᠵᠠᠩᠭᠢ ᠶᠢ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠬᠠᠷᠢᠭᠤᠴᠠᠨ ᠢᠯᠡ ᠪᠣᠯᠭᠠᠨ᠎ᠠ︔ ᠡᠷᠬᠡᠲᠦ ᠠᠷᠠᠳ᠂ | ᠬᠠᠤᠯᠢ ᠶᠢᠨ ᠡᠷᠬᠡᠲᠡᠨ ᠪᠣᠶᠤ ᠪᠣᠰᠤᠳ ᠵᠣᠬᠢᠶᠠᠨ ᠪᠠᠶᠢᠭᠤᠯᠤᠯᠲᠠ ᠠᠴᠠ ᠣᠯᠤᠭᠰᠠᠨ ᠵᠠᠰᠠᠭ ᠤᠨ ᠣᠷᠳᠣᠨ ᠤ ᠴᠢᠮᠡᠭᠡ | ᠵᠠᠩᠭᠢ ᠶᠢ ᠬᠠᠳᠠᠭᠠᠯᠠᠭᠰᠠᠨ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠬᠠᠷᠢᠭᠤᠴᠠᠨ ᠢᠯᠡ ᠨᠡᠶᠢᠲᠡᠯᠡᠨ᠎ᠡ᠃ ᠬᠠᠤᠯᠢ | ᠴᠠᠭᠠᠵᠠ᠂ ᠬᠠᠤᠯᠢ ᠳᠦᠷᠢᠮ ᠳᠤ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠡᠷᠬᠡ ᠶᠢᠨ | ᠬᠢᠵᠠᠭᠠᠷᠯᠠᠯ ᠤᠨ ᠪᠣᠰᠤᠳ ᠲᠣᠭᠲᠠᠭᠠᠯ ᠪᠠᠶᠢᠪᠠᠯ᠂ ᠲᠡᠷᠡ ᠲᠣᠭᠲᠠᠭᠠᠯ ᠶᠣᠰᠤᠭᠠᠷ ᠶᠠᠪᠤᠭᠳᠠᠭᠤᠯᠬᠤ ᠬᠡᠷᠡᠭᠲᠡᠢ᠃ | ᠠᠷᠪᠠᠨ ᠨᠠᠢᠮᠠᠳᠤᠭᠠᠷ ᠵᠣᠷᠪᠣᠰ ᠢᠳᠡᠪᠬᠢᠲᠠᠢ ᠢᠯᠡ ᠨᠡᠶᠢᠲᠡᠯᠡᠬᠦ ᠬᠦᠷᠢᠶ᠎ᠡ ᠬᠡᠪᠴᠢᠶᠡᠨ ᠳᠤ ᠬᠠᠷᠢᠶᠠᠯᠠᠭᠳᠠᠬᠤ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠪᠣᠢ ᠪᠣᠯᠤᠭᠰᠠᠨ ᠪᠣᠶᠤ ᠬᠤᠪᠢᠷᠠᠭᠤᠯᠤᠭᠰᠠᠨ ᠡᠳᠦᠷ ᠠᠴᠠ ᠨᠢ ᠡᠬᠢᠯᠡᠵᠦ | 20 ᠠᠵᠢᠯᠯᠠᠬᠤ ᠡᠳᠦᠷ ᠤᠨ ᠳᠣᠲᠤᠷ᠎ᠠ ᠢᠯᠡ ᠨᠡᠶᠢᠲᠡᠯᠡᠵᠦ ᠪᠣᠯᠤᠨ᠎ᠠ᠃ ᠬᠠᠤᠯᠢ ᠴᠠᠭᠠᠵᠠ᠂ ᠬᠠᠤᠯᠢ ᠳᠦᠷᠢᠮ ᠳᠤ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠡᠷᠬᠡ ᠶᠢᠨ ᠬᠢᠵᠠᠭᠠᠷᠯᠠᠯ ᠤᠨ ᠪᠣᠰᠤᠳ ᠲᠣᠭᠲᠠᠭᠠᠯ | ᠪᠠᠶᠢᠪᠠᠯ᠂ ᠲᠡᠷᠡ ᠲᠣᠭᠲᠠᠭᠠᠯ ᠶᠣᠰᠤᠭᠠᠷ ᠶᠠᠪᠤᠭᠳᠠᠭᠤᠯᠬᠤ ᠬᠡᠷᠡᠭᠲᠡᠢ᠃ | ᠠᠷᠪᠠ ᠶᠢᠰᠦᠳᠦᠭᠡᠷ ᠵᠣᠷᠪᠤᠰ ᠵᠠᠰᠠᠭ ᠵᠠᠬᠢᠷᠭᠠᠨ ᠤ ᠪᠠᠶᠢᠭᠤᠯᠭ᠎ᠠ ᠵᠠᠰᠠᠭ ᠤᠨ ᠣᠷᠳᠣᠨ ᠤ ᠴᠢᠮᠡᠭᠡ ᠵᠠᠩᠭᠢ ᠶᠢ | ᠢᠯᠡ ᠨᠡᠶᠢᠲᠡᠯᠡᠬᠦ ᠵᠦᠭᠯᠡᠭᠦᠷ ᠪᠠ ᠭᠠᠷᠴᠠᠭ ᠢ ᠨᠠᠶᠢᠷᠠᠭᠤᠯᠤᠨ ᠨᠡᠶᠢᠲᠡᠯᠡᠵᠦ᠂ ᠴᠠᠭ ᠲᠤᠬᠠᠢ ᠳᠤᠨᠢ ᠰᠢᠨᠡᠳᠬᠡᠬᠦ ᠬᠡᠷᠡᠭᠲᠡᠢ | ᠃ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠵᠦᠭᠯᠡᠭᠦᠷ ᠲᠤ ᠵᠠᠰᠠᠭ ᠤᠨ ᠣᠷᠳᠣᠨ ᠤ ᠴᠢᠮᠡᠭᠡ | ᠵᠠᠩᠭᠢ ᠶᠢᠨ ᠲᠦᠷᠦᠯ ᠠᠩᠭᠢᠯᠠᠯ᠂ ᠨᠠᠶᠢᠷᠠᠭᠤᠯᠵᠤ ᠵᠢᠭᠰᠠᠭᠠᠬᠤ ᠲᠣᠭᠲᠠᠯᠴᠠᠭ᠎ᠠ᠂ ᠴᠢᠮᠡᠭᠡ ᠵᠠᠩᠭᠢ ᠣᠯᠬᠤ ᠠᠷᠭ᠎ᠠ | ᠮᠠᠶ᠋ᠢᠭ᠂ ᠢᠯᠡ ᠨᠡᠶᠢᠲᠡᠯᠡᠬᠦ ᠠᠵᠢᠯ ᠤᠨ ᠪᠠᠶᠢᠭᠤᠯᠤᠮᠵᠢ ᠶᠢᠨ ᠨᠡᠷᠡᠶᠢᠳᠦᠯ᠂ ᠠᠵᠢᠯᠯᠠᠬᠤ ᠭᠠᠵᠠᠷ ᠤᠨ ᠬᠠᠶ᠋ᠢᠭ᠂ | ᠠᠵᠢᠯᠯᠠᠬᠤ ᠴᠠᠭ᠂ ᠬᠠᠷᠢᠯᠴᠠᠬᠤ ᠤᠲᠠᠰᠤ᠂ ᠳᠦᠷᠰᠦ ᠳᠠᠮᠵᠢᠭᠤᠯᠬᠤ ᠨᠣᠮᠧᠷ᠂ ᠡᠯᠧᠺᠲᠷᠤᠨ ᠵᠠᠬᠢᠳᠠᠯ ᠤᠨ | ᠬᠠᠶᠢᠷᠴᠠᠭ ᠵᠡᠷᠭᠡ ᠠᠭᠤᠯᠭ᠎ᠠ ᠶᠢ ᠪᠠᠭᠲᠠᠭᠠᠨ᠎ᠠ᠃ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠭᠠᠷᠴᠠᠭ ᠲᠤ ᠵᠠᠰᠠᠭ ᠤᠨ ᠣᠷᠳᠣᠨ ᠤ ᠴᠢᠮᠡᠭᠡ | ᠵᠠᠩᠭᠢ ᠶᠢᠨ ᠬᠡᠯᠬᠢᠶᠡᠰᠦ᠂ ᠨᠡᠷᠡᠶᠢᠳᠦᠯ᠂ ᠠᠭᠤᠯᠭ᠎ᠠ ᠶᠢᠨ ᠲᠣᠪᠴᠢ᠂ ᠪᠣᠢ ᠪᠣᠯᠤᠭᠰᠠᠨ ᠴᠠᠭ ᠬᠤᠭᠤᠴᠠᠭ᠎ᠠ ᠵᠡᠷᠭᠡ | ᠠᠭᠤᠯᠭ᠎ᠠ ᠶᠢ ᠪᠠᠭᠲᠠᠭᠠᠨ᠎ᠠ᠃ | ᠬᠤᠷᠢᠳᠤᠭᠠᠷ ᠵᠣᠷᠪᠣᠰ ᠡᠷᠬᠡᠲᠦ ᠠᠷᠠᠳ᠂ ᠬᠠᠤᠯᠢ ᠶᠢᠨ ᠡᠷᠬᠡᠲᠡᠨ ᠪᠣᠶᠤ ᠪᠣᠰᠤᠳ ᠵᠣᠬᠢᠶᠠᠨ ᠪᠠᠶᠢᠭᠤᠯᠤᠯᠲᠠ | ᠲᠤᠰ ᠳᠦᠷᠢᠮ ᠤᠨ ᠠᠷᠪᠠᠨ ᠭᠤᠷᠪᠠᠳᠤᠭᠠᠷ ᠵᠣᠷᠪᠤᠰ ᠤᠨ ᠲᠣᠭᠲᠠᠭᠠᠯ ᠶᠣᠰᠤᠭᠠᠷ ᠵᠠᠰᠠᠭ ᠵᠠᠬᠢᠷᠭᠠᠨ ᠤ | ᠪᠠᠶᠢᠭᠤᠯᠭ᠎ᠠ ᠠᠴᠠ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠪᠢᠴᠢᠭ ᠢᠶᠠᠷ ︵ᠲᠤᠭ᠎ᠠ ᠪᠠᠷᠢᠮᠲᠠ ᠶᠢᠨ ᠴᠠᠬᠢᠯᠭᠠᠨ | ᠮᠡᠳᠡᠭᠡ ᠶᠢ ᠪᠠᠭᠲᠠᠭᠠᠨ᠎ᠠ︶ ᠭᠤᠶᠤᠴᠢᠯᠠᠨ᠎ᠠ︔ ᠪᠢᠴᠢᠭ ᠢᠶᠠᠷ ᠭᠤᠶᠤᠴᠢᠯᠠᠵᠤ ᠳᠡᠶᠢᠯᠬᠦ ᠦᠭᠡᠢ ᠪᠣᠯ᠂ ᠠᠮᠠ ᠪᠠᠷ | ᠭᠤᠶᠤᠴᠢᠯᠠᠵᠤ᠂ ᠭᠤᠶᠤᠴᠢᠯᠠᠯ ᠢ ᠬᠦᠯᠢᠶᠡᠵᠦ ᠠᠪᠤᠭᠰᠠᠨ ᠵᠠᠰᠠᠭ ᠵᠠᠬᠢᠷᠭᠠᠨ ᠤ ᠪᠠᠶᠢᠭᠤᠯᠭ᠎ᠠ ᠣᠷᠤᠯᠠᠨ ᠭᠤᠶᠤᠴᠢᠯᠠᠨ᠎ᠠ | ᠃ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠶᠢ ᠭᠤᠶᠤᠴᠢᠯᠠᠬᠤ ᠳᠤ ᠲᠣᠣᠷᠠᠬᠢ ᠬᠡᠳᠦᠨ | ᠠᠭᠤᠯᠭ᠎ᠠ ᠶᠢ ᠪᠠᠭᠲᠠᠭᠠᠨ᠎ᠠ᠄ | ︵ᠨᠢᠭᠡ︶ ᠭᠤᠶᠤᠴᠢᠯᠠᠭᠴᠢ ᠶᠢᠨ ᠣᠪᠣᠭ ᠨᠡᠷ᠎ᠡ ᠪᠣᠶᠤ ᠨᠡᠷᠡᠶᠢᠳᠦᠯ᠂ ᠬᠠᠷᠢᠯᠴᠠᠬᠤ ᠠᠷᠭ᠎ᠠ︔ | ︵ᠬᠤᠶᠠᠷ︶ ᠭᠤᠶᠤᠴᠢᠯᠠᠭᠰᠠᠨ ᠢᠯᠡ ᠨᠡᠶᠢᠲᠡᠯᠡᠬᠦ ᠵᠠᠰᠠᠭ ᠵᠠᠬᠢᠷᠭᠠᠨ ᠤ ᠴᠢᠮᠡᠭᠡ ᠵᠠᠩᠭᠢ ᠶᠢᠨ ᠠᠭᠤᠯᠭ᠎ᠠ ᠶᠢᠨ | ᠲᠣᠭᠠᠴᠢᠯᠲᠠ︔ | ︵ᠭᠤᠷᠪᠠ︶ ᠭᠤᠶᠤᠴᠢᠯᠠᠭᠰᠠᠨ ᠢᠯᠡ ᠨᠡᠶᠢᠲᠡᠯᠡᠬᠦ ᠵᠠᠰᠠᠭ ᠵᠠᠬᠢᠷᠭᠠᠨ ᠤ ᠴᠢᠮᠡᠭᠡ ᠵᠠᠩᠭᠢ ᠶᠢᠨ ᠬᠡᠯᠪᠡᠷᠢ ᠶᠢᠨ | ᠱᠠᠭᠠᠷᠳᠠᠯᠭ᠎ᠠ︔ | ᠬᠤᠷᠢᠨ ᠨᠢᠭᠡᠳᠦᠭᠡᠷ ᠵᠣᠷᠪᠣᠰ ᠭᠤᠶᠤᠴᠢᠯᠠᠭᠰᠠᠨ ᠢᠯᠡ ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ | ᠵᠠᠩᠭᠢ ᠳᠤ᠂ ᠵᠠᠰᠠᠭ ᠵᠠᠬᠢᠷᠭᠠᠨ ᠤ ᠪᠠᠶᠢᠭᠤᠯᠭ᠎ᠠ ᠳᠣᠣᠷᠠᠬᠢ ᠪᠠᠶᠢᠳᠠᠯ ᠤᠳ ᠢ ᠦᠨᠳᠦᠰᠦᠯᠡᠵᠦ ᠲᠤᠰ ᠲᠤᠰ | ᠬᠠᠷᠢᠭᠤᠯᠲᠠ ᠦᠭᠭᠦᠨ᠎ᠡ᠄ | ︵ᠨᠢᠭᠡ︶ ᠢᠯᠡ ᠨᠡᠶᠢᠲᠡᠯᠡᠬᠦ ᠬᠦᠷᠢᠶ᠎ᠡ ᠬᠡᠪᠴᠢᠶᠡᠨ ᠳᠠᠬᠢ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠣᠯᠬᠤ | ᠠᠷᠭ᠎ᠠ ᠮᠠᠶ᠋ᠢᠭ ᠪᠠ ᠵᠠᠮ ᠢ ᠭᠤᠶᠤᠴᠢᠯᠠᠭᠰᠠᠳ ᠲᠤ ᠮᠡᠳᠡᠭᠦᠯᠬᠦ ᠬᠡᠷᠡᠭᠲᠡᠢ︔ | ︵ᠬᠤᠶᠠᠷ︶ ᠢᠯᠡ ᠨᠡᠶᠢᠲᠡᠯᠡᠵᠦ ᠪᠣᠯᠬᠤ ᠦᠭᠡᠢ ᠬᠦᠷᠢᠶ᠎ᠡ ᠬᠡᠪᠴᠢᠶᠡᠨ ᠳᠠᠬᠢ ᠵᠠᠰᠠᠭ ᠤᠨ ᠣᠷᠳᠣᠨ ᠤ ᠴᠢᠮᠡᠭᠡ | ᠵᠠᠩᠭᠢ ᠶᠢ ᠭᠤᠶᠤᠴᠢᠯᠠᠭᠰᠠᠳ ᠲᠤ ᠮᠡᠳᠡᠭᠳᠡᠵᠦ᠂ ᠤᠴᠢᠷ ᠰᠢᠯᠲᠠᠭᠠᠨ ᠢ ᠨᠢ ᠲᠤᠳᠤᠷᠬᠠᠶᠢᠯᠠᠬᠤ ᠬᠡᠷᠡᠭᠲᠡᠢ︔ | ︵ᠭᠤᠷᠪᠠ︶ ᠬᠠᠤᠯᠢ ᠶᠣᠰᠤᠭᠠᠷ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠢᠯᠡ ᠨᠡᠶᠢᠲᠡᠯᠡᠬᠦ ᠡᠷᠬᠡ ᠳᠤ | ᠬᠠᠷᠢᠶᠠᠯᠠᠭᠳᠠᠬᠤ ᠦᠭᠡᠢ ᠪᠣᠶᠤ ᠲᠤᠰ ᠵᠠᠰᠠᠭ ᠤᠨ ᠣᠷᠳᠣᠨ ᠤ ᠴᠢᠮᠡᠭᠡ ᠵᠠᠩᠭᠢ ᠦᠭᠡᠢ ᠪᠣᠯ᠂ ᠭᠤᠶᠤᠴᠢᠯᠠᠭᠰᠠᠳ ᠲᠤ | ᠮᠡᠳᠡᠭᠳᠡᠬᠦ ᠶᠢᠨ ᠳᠠᠭᠠᠤ ᠲᠤᠰ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠵᠦ ᠪᠣᠯᠬᠤ ᠡᠰᠡᠬᠦ ᠶᠢ | ᠲᠣᠭᠲᠠᠭᠠᠵᠤ ᠳᠡᠶᠢᠯᠬᠦ ᠪᠠᠶᠢᠭᠤᠯᠭ᠎ᠠ ᠶᠢᠨ ᠨᠡᠷᠡᠶᠢᠳᠦᠯ ᠪᠠ ᠬᠠᠷᠢᠯᠴᠠᠬᠤ ᠠᠷᠭ᠎ᠠ ᠶᠢ ᠭᠤᠶᠤᠴᠢᠯᠠᠭᠰᠠᠳ ᠲᠤ ᠮᠡᠳᠡᠭᠳᠡᠬᠦ | ᠬᠡᠷᠡᠭᠲᠡᠢ︔ | ︵ᠳᠥᠷᠪᠡ︶ ᠭᠤᠶᠤᠴᠢᠯᠠᠭᠰᠠᠨ ᠠᠭᠤᠯᠭ᠎ᠠ ᠨᠢ ᠲᠣᠳᠤᠷᠬᠠᠢ ᠦᠭᠡᠢ ᠪᠣᠯ ᠭᠤᠶᠤᠴᠢᠯᠠᠭᠰᠠᠳ ᠲᠤ ᠵᠠᠰᠠᠵᠤ | ᠵᠠᠯᠠᠷᠠᠭᠤᠯᠬᠤ ᠪᠠ ᠨᠦᠬᠦᠬᠦ ᠶᠢ ᠮᠡᠳᠡᠭᠳᠡᠬᠦ ᠬᠡᠷᠡᠭᠲᠡᠢ᠃ | ᠬᠤᠷᠢᠨ ᠬᠤᠶᠠᠳᠤᠭᠠᠷ ᠵᠣᠷᠪᠣᠰ ᠢᠯᠡ ᠨᠡᠶᠢᠲᠡᠯᠡᠬᠦ ᠪᠠᠷ ᠭᠤᠶᠤᠴᠢᠯᠠᠭᠰᠠᠨ ᠵᠠᠰᠠᠭ ᠤᠨ ᠣᠷᠳᠣᠨ ᠤ ᠴᠢᠮᠡᠭᠡ | ᠵᠠᠩᠭᠢ ᠳᠤ ᠢᠯᠡ ᠨᠡᠶᠢᠲᠡᠯᠡᠵᠦ ᠪᠣᠯᠬᠤ ᠦᠭᠡᠢ ᠠᠭᠤᠯᠭ᠎ᠠ ᠪᠠᠭᠲᠠᠭᠰᠠᠨ ᠪᠣᠯᠪᠠᠴᠤ ᠡᠨᠡᠬᠦ ᠠᠭᠤᠯᠭ᠎ᠠ ᠶᠢ ᠲᠣᠳᠤᠷᠬᠠᠢ | ᠢᠯᠭᠠᠵᠤ ᠳᠡᠶᠢᠯᠪᠡᠯ᠂ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠭᠤᠶᠤᠴᠢᠯᠠᠭᠰᠠᠳ ᠲᠤ ᠢᠯᠡ ᠨᠡᠶᠢᠲᠡᠯᠡᠵᠦ ᠪᠣᠯᠬᠤ | ᠠᠭᠤᠯᠭ᠎ᠠ ᠶᠢ ᠨᠢ ᠬᠠᠩᠭᠠᠵᠤ ᠥᠭᠬᠦ ᠬᠡᠷᠡᠭᠲᠡᠢ᠃ | ᠬᠤᠷᠢᠨ ᠭᠤᠷᠪᠠᠳᠤᠭᠠᠷ ᠵᠣᠷᠪᠣᠰ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠭᠤᠶᠤᠴᠢᠯᠠᠭᠰᠠᠨ ᠢᠯᠡ ᠨᠡᠶᠢᠲᠡᠯᠡᠬᠦ | ᠵᠠᠰᠠᠭ ᠤᠨ ᠣᠷᠳᠣᠨ ᠤ ᠴᠢᠮᠡᠭᠡ ᠵᠠᠩᠭᠢ ᠨᠢ ᠬᠤᠳᠠᠯᠳᠤᠭᠠᠨ ᠤ ᠨᠢᠭᠤᠴᠠ ᠪᠠ ᠬᠤᠪᠢ ᠶᠢᠨ ᠨᠢᠭᠤᠴᠠ ᠳᠤ | ᠬᠤᠯᠪᠤᠭᠳᠠᠵᠤ᠂ ᠢᠯᠡ ᠨᠡᠶᠢᠲᠡᠯᠡᠭᠰᠡᠨ ᠤ ᠳᠠᠷᠠᠭ᠎ᠠ ᠭᠤᠷᠪᠠᠳᠠᠭᠴᠢ ᠡᠲᠡᠭᠡᠳ ᠤᠨ ᠬᠠᠤᠯᠢ ᠶᠣᠰᠤᠨ ᠤ ᠡᠷᠬᠡ ᠠᠰᠢᠭ ᠢ | ᠬᠤᠬᠢᠷᠠᠭᠤᠯᠤᠨ᠎ᠠ ᠭᠡᠵᠦ ᠦᠵᠡᠵᠦ ᠪᠠᠶᠢᠪᠠᠯ᠂ ᠭᠤᠷᠪᠠᠳᠠᠭᠴᠢ ᠡᠲᠡᠭᠡᠳ ᠲᠤ ᠪᠢᠴᠢᠭ ᠢᠶᠠᠷ ᠮᠡᠳᠡᠭᠳᠡᠨ ᠰᠠᠨᠠᠯ ᠢ ᠨᠢ | ᠬᠤᠷᠢᠶᠠᠬᠤ ᠬᠡᠷᠡᠭᠲᠡᠢ︔ ᠭᠤᠷᠪᠠᠳᠠᠭᠴᠢ ᠡᠲᠡᠭᠡᠳ ᠵᠦᠪᠰᠢᠶᠡᠷᠡᠬᠦ ᠦᠭᠡᠢ ᠪᠣᠯ ᠢᠯᠡ ᠨᠡᠶᠢᠲᠡᠯᠡᠵᠦ ᠪᠣᠯᠬᠤ ᠦᠭᠡᠢ᠃ | ᠭᠡᠪᠡᠴᠦ᠂ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠢᠯᠡ ᠨᠡᠶᠢᠲᠡᠯᠡᠬᠦ ᠦᠭᠡᠢ ᠪᠣᠯ ᠣᠯᠠᠨ ᠨᠡᠶᠢᠲᠡ ᠶᠢᠨ ᠠᠰᠢᠭ | ᠲᠤᠰᠠ ᠳᠤ ᠬᠦᠨᠳᠦ ᠨᠣᠴᠢᠲᠠᠢ ᠨᠥᠯᠥᠭᠡ ᠪᠣᠯᠤᠨ᠎ᠠ ᠭᠡᠵᠦ ᠦᠵᠡᠵᠦ ᠪᠠᠶᠢᠪᠠᠯ ᠢᠯᠡ ᠨᠡᠶᠢᠲᠡᠯᠡᠵᠦ᠂ ᠢᠯᠡ | ᠨᠡᠶᠢᠲᠡᠯᠡᠬᠦ ᠪᠠᠷ ᠲᠣᠭᠲᠠᠭᠰᠠᠨ ᠵᠠᠰᠠᠭ ᠤᠨ ᠣᠷᠳᠣᠨ ᠤ ᠴᠢᠮᠡᠭᠡ ᠵᠠᠩᠭᠢ ᠶᠢᠨ ᠠᠭᠤᠯᠭ᠎ᠠ ᠪᠠ ᠤᠴᠢᠷ ᠰᠢᠯᠲᠠᠭᠠᠨ ᠢ | ᠪᠢᠴᠢᠭ ᠢᠶᠠᠷ ᠭᠤᠷᠪᠠᠳᠠᠭᠴᠢ ᠡᠲᠡᠭᠡᠳ ᠲᠤ ᠮᠡᠳᠡᠭᠳᠡᠬᠦ ᠬᠡᠷᠡᠭᠲᠡᠢ᠃ | ᠬᠤᠷᠢᠨ ᠳᠥᠷᠪᠡᠳᠥᠭᠡᠷ ᠵᠣᠷᠪᠤᠰ ᠵᠠᠰᠠᠭ ᠵᠠᠬᠢᠷᠭᠠᠨ ᠤ ᠪᠠᠶᠢᠭᠤᠯᠭ᠎ᠠ ᠢᠯᠡ ᠨᠡᠶᠢᠲᠡᠯᠡᠬᠦ ᠪᠠᠷ ᠭᠤᠶᠤᠴᠢᠯᠠᠭᠰᠠᠨ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠬᠦᠯᠢᠶᠡᠨ ᠠᠪᠤᠭᠰᠠᠨ ᠳᠠᠷᠤᠢ ᠳᠤᠨᠢ ᠬᠠᠷᠢᠭᠤ ᠦᠭᠴᠦ ᠪᠣᠯᠤᠨ᠎ᠠ᠃ | ᠬᠦᠯᠢᠶᠡᠨ ᠠᠪᠤᠭᠰᠠᠨ ᠳᠠᠷᠤᠢ ᠳᠤᠨᠢ ᠬᠠᠷᠢᠭᠤ ᠦᠭᠴᠦ ᠳᠡᠶᠢᠯᠬᠦ ᠦᠭᠡᠢ ᠪᠣᠯ᠂ ᠬᠦᠯᠢᠶᠡᠨ ᠠᠪᠤᠭᠰᠠᠨ ᠤ ᠳᠠᠷᠠᠭᠠᠬᠢ | 15 ᠠᠵᠢᠯᠯᠠᠬᠤ ᠡᠳᠦᠷ ᠤᠨ ᠳᠣᠲᠤᠷ᠎ᠠ ᠬᠠᠷᠢᠭᠤ ᠥᠭᠬᠦ ᠬᠡᠷᠡᠭᠲᠡᠢ︔ ᠬᠠᠷᠢᠭᠤ ᠥᠭᠬᠦ ᠬᠤᠭᠤᠴᠠᠭ᠎ᠠ ᠶᠢ | ᠤᠷᠲᠤᠳᠬᠠᠬᠤ ᠭᠡᠪᠡᠯ᠂ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ | ᠪᠠᠶᠢᠭᠤᠯᠤᠮᠵᠢ ᠶᠢᠨ ᠬᠠᠷᠢᠭᠤᠴᠠᠯᠭᠠᠲᠠᠨ ᠵᠦᠪᠰᠢᠶᠡᠷᠡᠵᠦ᠂ ᠭᠤᠶᠤᠴᠢᠯᠠᠭᠰᠠᠳ ᠲᠤ ᠮᠡᠳᠡᠭᠳᠡᠭᠰᠡᠨ ᠤ ᠳᠠᠷᠠᠭ᠎ᠠ᠂ | ᠤᠷᠲᠤᠳᠬᠠᠬᠤ ᠡᠳᠦᠷ ᠢ 15 ᠠᠵᠢᠯᠯᠠᠬᠤ ᠡᠳᠦᠷ ᠠᠴᠠ ᠬᠡᠲᠦᠷᠡᠭᠦᠯᠵᠦ ᠪᠣᠯᠬᠤ ᠦᠭᠡᠢ᠃ | ᠭᠤᠶᠤᠴᠢᠯᠠᠭᠰᠠᠨ ᠢᠯᠡ ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ ᠵᠠᠩᠭᠢ ᠨᠢ ᠭᠤᠷᠪᠠᠳᠠᠭᠴᠢ ᠡᠲᠡᠭᠡᠳ ᠤᠨ | ᠡᠷᠬᠡ ᠠᠰᠢᠭ ᠲᠤ ᠬᠤᠯᠪᠤᠭᠳᠠᠭᠰᠠᠨ ᠪᠣᠯ᠂ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠭᠤᠷᠪᠠᠳᠠᠭᠴᠢ ᠡᠲᠡᠭᠡᠳ ᠤᠨ | ᠰᠠᠨᠠᠯ ᠢ ᠠᠪᠬᠤ ᠳᠤ ᠬᠡᠷᠡᠭᠰᠡᠬᠦ ᠴᠠᠭ ᠨᠢ ᠲᠤᠰ ᠵᠣᠷᠪᠤᠰ ᠤᠨ ᠬᠤᠶᠠᠳᠤᠭᠠᠷ ᠲᠣᠭᠲᠠᠭᠠᠯ ᠤᠨ ᠴᠠᠭ ᠤᠨ | ᠬᠢᠵᠠᠭᠠᠷᠯᠠᠯ ᠳᠤ ᠪᠠᠭᠲᠠᠬᠤ ᠦᠭᠡᠢ᠃ | ᠬᠤᠷᠢᠨ ᠲᠠᠪᠤᠳᠤᠭᠠᠷ ᠵᠣᠷᠪᠣᠰ ᠡᠷᠬᠡᠲᠦ ᠠᠷᠠᠳ᠂ ᠬᠠᠤᠯᠢ ᠶᠢᠨ ᠡᠷᠬᠡᠲᠡᠨ ᠪᠣᠶᠤ ᠪᠣᠰᠤᠳ ᠵᠣᠬᠢᠶᠠᠨ | ᠪᠠᠶᠢᠭᠤᠯᠤᠯᠲᠠ ᠠᠴᠠ ᠵᠠᠰᠠᠭ ᠵᠠᠬᠢᠷᠭᠠᠨ ᠤ ᠪᠠᠶᠢᠭᠤᠯᠭ᠎ᠠ ᠳᠤ ᠲᠤᠰ ᠪᠡᠶ᠎ᠡ ᠶᠢᠨ ᠬᠤᠯᠪᠤᠭᠳᠠᠯ ᠪᠦᠬᠦᠢ ᠭᠠᠶᠢᠯᠢ | ᠲᠠᠲᠠᠪᠦᠷᠢ᠂ ᠨᠡᠶᠢᠭᠡᠮ ᠤᠨ ᠪᠠᠲᠤᠯᠠᠭ᠎ᠠ᠂ ᠡᠮ ᠡᠮᠨᠡᠯᠭᠡ ᠡᠷᠡᠭᠦᠯ ᠬᠠᠮᠠᠭᠠᠯᠠᠯ ᠵᠡᠷᠭᠡ ᠲᠠᠯ᠎ᠠ ᠶᠢᠨ ᠵᠠᠰᠠᠭ ᠤᠨ ᠣᠷᠳᠣᠨ ᠤ | ᠴᠢᠮᠡᠭᠡ ᠵᠠᠩᠭᠢ ᠬᠠᠩᠭᠠᠬᠤ ᠶᠢ ᠭᠤᠶᠤᠴᠢᠯᠠᠬᠤ ᠳᠤ᠂ ᠬᠦᠴᠦᠨ ᠲᠠᠢ ᠪᠡᠶ᠎ᠡ ᠶᠢᠨ ᠦᠨᠡᠮᠯᠡᠯ ᠪᠣᠶᠤ ᠭᠡᠷᠡᠴᠢ ᠮᠠᠲ᠋ᠧᠷᠢᠶᠠᠯ | ᠦᠵᠡᠭᠦᠯᠬᠦ ᠬᠡᠷᠡᠭᠲᠡᠢ᠃ | ᠡᠷᠬᠡᠲᠦ ᠠᠷᠠᠳ᠂ ᠬᠠᠤᠯᠢ ᠶᠢᠨ ᠡᠷᠬᠡᠲᠡᠨ ᠪᠣᠶᠤ ᠪᠣᠰᠤᠳ ᠵᠣᠬᠢᠶᠠᠨ ᠪᠠᠶᠢᠭᠤᠯᠤᠯᠲᠠ ᠠᠴᠠ ᠵᠠᠰᠠᠭ ᠵᠠᠬᠢᠷᠭᠠᠨ ᠤ | ᠪᠠᠶᠢᠭᠤᠯᠭ᠎ᠠ ᠳᠤ ᠬᠠᠩᠭᠠᠭᠰᠠᠨ ᠲᠤᠰ ᠪᠡᠶ᠎ᠡ ᠶᠢᠨ ᠬᠤᠯᠪᠤᠭᠳᠠᠯ ᠪᠦᠬᠦᠢ ᠵᠠᠰᠠᠭ ᠤᠨ ᠣᠷᠳᠣᠨ ᠤ ᠴᠢᠮᠡᠭᠡ ᠵᠠᠩᠭᠢ ᠶᠢᠨ | ᠲᠡᠮᠳᠡᠭᠯᠡᠯ ᠨᠢ ᠣᠨᠤᠪᠴᠢ ᠦᠭᠡᠢ ᠪᠠᠶᠢᠬᠤ ᠶᠢ ᠭᠡᠷᠡᠴᠢᠯᠡᠬᠦ ᠭᠡᠷᠡᠴᠢ ᠪᠠᠷᠢᠮᠲᠠ ᠲᠠᠢ ᠪᠣᠯ᠂ ᠲᠣᠰ ᠵᠠᠰᠠᠭ ᠵᠠᠬᠢᠷᠭᠠᠨ ᠤ | ᠪᠠᠶᠢᠭᠤᠯᠭ᠎ᠠ ᠳᠤ ᠵᠠᠰᠠᠨ ᠵᠠᠯᠠᠷᠠᠭᠤᠯᠬᠤ ᠱᠠᠭᠠᠷᠳᠠᠯᠭ᠎ᠠ ᠳᠤᠷᠠᠳᠬᠤ ᠡᠷᠬᠡ ᠲᠠᠢ᠃ ᠲᠤᠰ ᠵᠠᠰᠠᠭ ᠵᠠᠬᠢᠷᠭᠠᠨ ᠤ | ᠪᠠᠶᠢᠭᠤᠯᠭ᠎ᠠ ᠵᠠᠰᠠᠨ ᠵᠠᠯᠠᠷᠠᠭᠤᠯᠬᠤ ᠡᠷᠬᠡ ᠦᠭᠡᠢ ᠪᠣᠯ᠂ ᠵᠠᠰᠠᠨ ᠵᠠᠯᠠᠷᠠᠭᠤᠯᠬᠤ ᠡᠷᠬᠡ ᠲᠠᠢ ᠵᠠᠰᠠᠭ ᠵᠠᠬᠢᠷᠭᠠᠨ ᠤ | ᠪᠠᠶᠢᠭᠤᠯᠭ᠎ᠠ ᠳᠤ ᠰᠢᠯᠵᠢᠭᠦᠯᠦᠨ ᠦᠭᠴᠦ ᠰᠢᠢᠳᠪᠦᠷᠢᠯᠡᠭᠦᠯᠬᠦ ᠶᠢᠨ ᠳᠠᠭᠠᠤ ᠭᠤᠶᠤᠴᠢᠯᠠᠭᠰᠠᠳ ᠲᠤ ᠮᠡᠳᠡᠭᠳᠡᠬᠦ | ᠬᠡᠷᠡᠭᠲᠡᠢ᠃ | ᠬᠤᠷᠢᠨ ᠵᠢᠷᠭᠤᠳᠤᠭᠠᠷ ᠵᠣᠷᠪᠤᠰ ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠭᠰᠠᠳ ᠤᠨ ᠱᠠᠭᠠᠷᠳᠠᠭᠰᠠᠨ | ᠬᠡᠯᠪᠡᠷᠢ ᠪᠠᠷ ᠢᠯᠡ ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠬᠠᠩᠭᠠᠬᠤ ᠬᠡᠷᠡᠭᠲᠡᠢ︔ | ᠭᠤᠶᠤᠴᠢᠯᠠᠭᠰᠠᠳ ᠤᠨ ᠱᠠᠭᠠᠷᠳᠠᠭᠰᠠᠨ ᠬᠡᠯᠪᠡᠷᠢ ᠪᠠᠷ ᠬᠠᠩᠭᠠᠵᠤ ᠳᠡᠶᠢᠯᠬᠦ ᠦᠭᠡᠢ ᠪᠣᠯ᠂ ᠭᠤᠶᠤᠴᠢᠯᠠᠭᠰᠠᠳ ᠲᠤ | ᠬᠠᠮᠢᠶ᠎ᠠ ᠪᠦᠬᠦᠢ ᠮᠠᠲ᠋ᠧᠷᠢᠶᠠᠯ ᠡᠷᠢᠬᠦ ᠳᠤ ᠳᠦᠭᠦᠮ ᠦᠵᠡᠭᠦᠯᠬᠦ᠂ ᠳᠠᠷᠤᠮᠠᠯᠯᠠᠭᠰᠠᠨ ᠬᠡᠪ ᠢ ᠥᠭᠬᠦ ᠪᠣᠶᠤ ᠪᠣᠰᠤᠳ | ᠵᠣᠬᠢᠴᠠᠭᠰᠠᠨ ᠬᠡᠯᠪᠡᠷᠢ ᠪᠠᠷ ᠴᠢᠮᠡᠭᠡ ᠵᠠᠩᠭᠢ ᠬᠠᠩᠭᠠᠬᠤ ᠬᠡᠷᠡᠭᠲᠡᠢ᠃ | ᠬᠤᠷᠢᠨ ᠳᠣᠯᠤᠳᠤᠭᠠᠷ ᠵᠣᠷᠪᠣᠰ ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠭᠰᠠᠨ ᠶᠣᠰᠤᠭᠠᠷ ᠢᠯᠡ | ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠬᠠᠩᠭᠠᠬᠤ ᠳᠤ᠂ ᠤᠩᠰᠢᠵᠤ ᠡᠷᠢᠬᠦ᠂ ᠳᠠᠷᠤᠮᠠᠯᠯᠠᠬᠤ ᠪᠠ | ᠰᠢᠤᠳᠠᠨ ᠢᠶᠠᠷ ᠢᠯᠡᠭᠡᠬᠦ ᠵᠡᠷᠭᠡ ᠰᠦᠢᠳᠬᠡᠯ ᠬᠤᠷᠢᠶᠠᠬᠤ ᠠᠴᠠ ᠭᠠᠳᠠᠨ᠎ᠠ᠂ ᠪᠤᠰᠤᠳ ᠵᠦᠢᠯ ᠤᠨ ᠰᠦᠢᠳᠬᠡᠯ | ᠬᠤᠷᠢᠶᠠᠵᠤ ᠪᠣᠯᠬᠤ ᠦᠭᠡᠢ᠃ ᠵᠠᠰᠠᠭ ᠵᠠᠬᠢᠷᠭᠠᠨ ᠤ ᠪᠠᠶᠢᠭᠤᠯᠭ᠎ᠠ ᠪᠣᠰᠤᠳ ᠵᠣᠬᠢᠶᠠᠨ ᠪᠠᠶᠢᠭᠤᠯᠤᠯᠲᠠ ᠪᠣᠶᠤ ᠬᠤᠪᠢ | ᠬᠦᠮᠦᠨ ᠢᠶᠠᠷ ᠳᠠᠮᠵᠢᠵᠤ᠂ ᠲᠦᠯᠦᠪᠦᠷᠢᠲᠦ ᠦᠢᠯᠡᠴᠢᠯᠡᠭᠡᠨ ᠤ ᠬᠡᠯᠪᠡᠷᠢ ᠪᠠᠷ ᠵᠠᠰᠠᠭ ᠤᠨ ᠣᠷᠳᠣᠨ ᠤ ᠴᠢᠮᠡᠭᠡ ᠵᠠᠩᠭᠢ | ᠬᠠᠩᠭᠠᠵᠤ ᠪᠣᠯᠬᠤ ᠦᠭᠡᠢ᠃ | ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠤᠩᠰᠢᠵᠤ ᠡᠷᠢᠬᠦ᠂ ᠳᠠᠷᠤᠮᠠᠯᠯᠠᠬᠤ ᠪᠠ ᠰᠢᠤᠳᠠᠨ ᠢᠶᠠᠷ ᠢᠯᠡᠭᠡᠬᠦ ᠵᠡᠷᠭᠡ | ᠰᠦᠢᠳᠬᠡᠯ ᠬᠤᠷᠢᠶᠠᠬᠤ ᠪᠠᠷᠢᠮᠵᠢᠶ᠎ᠠ ᠶᠢ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠦᠨ᠎ᠡ ᠬᠠᠩᠰᠢ ᠶᠢ ᠭᠤᠣᠯᠯᠠᠨ | ᠬᠠᠮᠢᠶᠠᠷᠬᠤ ᠰᠠᠯᠠᠭ᠎ᠠ ᠮᠦᠴᠢᠷ ᠪᠠ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠡᠳ᠋ ᠤᠨ ᠵᠠᠰᠠᠭ ᠤᠨ ᠰᠠᠯᠠᠭ᠎ᠠ ᠮᠦᠴᠢᠷ | ᠬᠠᠮᠲᠤᠪᠠᠷ ᠲᠣᠭᠲᠠᠭᠠᠨ᠎ᠠ᠃ | ᠬᠤᠷᠢᠨ ᠨᠠᠢᠮᠠᠳᠤᠭᠠᠷ ᠵᠣᠷᠪᠣᠰ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠶᠢ | ᠭᠤᠶᠤᠴᠢᠯᠠᠭᠰᠠᠳ ᠠᠵᠤ ᠠᠬᠤᠢ ᠶᠢᠨ ᠲᠠᠯ᠎ᠠ ᠪᠠᠷ ᠦᠨᠡᠨᠬᠦ ᠬᠦᠴᠢᠷᠳᠡᠯᠲᠠᠢ ᠪᠣᠯ᠂ ᠲᠤᠰ ᠬᠦᠮᠦᠨ ᠤ | ᠭᠤᠶᠤᠴᠢᠯᠠᠭ᠎ᠠ ᠪᠠᠷ᠂ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ | ᠬᠠᠷᠢᠭᠤᠴᠠᠯᠭᠠᠲᠠᠨ ᠠᠴᠠ ᠬᠢᠨᠠᠨ ᠵᠦᠪᠰᠢᠶᠡᠷᠡᠭᠰᠡᠨ ᠤ ᠳᠠᠷᠠᠭ᠎ᠠ᠂ ᠬᠤᠯᠪᠤᠭᠳᠠᠯ ᠪᠦᠬᠦᠢ ᠰᠦᠢᠳᠬᠡᠯ ᠢ ᠨᠢ | ᠬᠡᠯᠲᠦᠷᠢᠭᠦᠯᠵᠦ ᠪᠣᠯᠤᠨ᠎ᠠ᠃ | ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠶᠢ ᠭᠤᠶᠤᠴᠢᠯᠠᠭᠰᠠᠳ ᠤᠩᠰᠢᠨ ᠣᠶᠢᠯᠠᠭᠠᠬᠤ ᠳᠤ | ᠬᠦᠴᠢᠷᠳᠡᠬᠦ ᠪᠣᠶᠤ ᠰᠣᠨᠤᠷ ᠰᠡᠷᠡᠯ ᠵᠡᠮᠳᠡᠭ ᠪᠣᠯ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠬᠠᠪᠰᠤᠷᠤᠯᠭ᠎ᠠ ᠳᠡᠮᠵᠢᠯᠭᠡ | ᠦᠵᠡᠭᠦᠯᠬᠦ ᠬᠡᠷᠡᠭᠲᠡᠢ᠃ | | ᠳᠥᠷᠪᠡᠳᠥᠭᠡᠷ ᠪᠦᠯᠦᠭ ᠬᠢᠨᠠᠯᠲᠠ ᠪᠠ ᠪᠠᠲᠤᠯᠠᠭ᠎ᠠ | ᠬᠤᠷᠢᠨ ᠶᠢᠰᠦᠳᠦᠭᠡᠷ ᠵᠣᠷᠪᠣᠰ ᠡᠯ᠎ᠡ ᠱᠠᠲᠤᠨ ᠤ ᠠᠷᠠᠳ ᠤᠨ ᠵᠠᠰᠠᠭ ᠤᠨ ᠣᠷᠳᠣᠨ ᠠᠴᠠ ᠵᠠᠰᠠᠭ ᠤᠨ | ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠢ ᠬᠢᠨᠠᠨ ᠰᠢᠯᠭᠠᠬᠤ ᠳᠦᠷᠢᠮ᠂ ᠨᠡᠶᠢᠭᠡᠮ ᠤᠨ ᠵᠦᠪᠯᠡᠨ | ᠲᠣᠭᠲᠠᠭᠠᠬᠤ ᠳᠦᠷᠢᠮ ᠵᠢᠴᠢ ᠬᠠᠷᠢᠭᠤᠴᠠᠯᠭ᠎ᠠ ᠨᠡᠬᠡᠮᠵᠢᠯᠡᠬᠦ ᠳᠦᠷᠢᠮ ᠵᠡᠷᠭᠡ ᠶᠢ ᠪᠠᠶᠢᠭᠤᠯᠤᠨ ᠲᠡᠭᠦᠯᠳᠡᠷᠵᠢᠭᠦᠯᠵᠦ᠂ | ᠲᠣᠭᠲᠠᠭᠰᠠᠨ ᠴᠠᠭ ᠲᠠᠢ ᠬᠢᠨᠠᠨ ᠰᠢᠯᠭᠠᠵᠤ᠂ ᠵᠦᠪᠳᠡᠯᠴᠡᠨ ᠲᠣᠭᠲᠠᠭᠠᠬᠤ ᠬᠡᠷᠡᠭᠲᠡᠢ᠃ | ᠭᠤᠴᠢᠳᠤᠭᠠᠷ ᠵᠣᠷᠪᠣᠰ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠢ ᠭᠤᠣᠯᠯᠠᠨ | ᠬᠠᠮᠢᠶᠠᠷᠬᠤ ᠰᠠᠯᠠᠭ᠎ᠠ ᠮᠦᠴᠢᠷ ᠪᠣᠯᠤᠨ ᠬᠢᠨᠠᠨ ᠪᠠᠶᠢᠴᠠᠭᠠᠬᠤ ᠪᠠᠶᠢᠭᠤᠯᠭ᠎ᠠ ᠶᠢᠨ ᠬᠠᠷᠢᠭᠤᠴᠠᠯᠭᠠᠲᠠᠨ ᠠᠴᠠ ᠵᠠᠰᠠᠭ | ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠭᠰᠡᠨ ᠪᠠᠶᠢᠳᠠᠯ ᠳᠤ ᠬᠢᠨᠠᠨ | ᠪᠠᠶᠢᠴᠠᠭᠠᠯᠲᠠ ᠬᠢᠬᠦ ᠬᠡᠷᠡᠭᠲᠡᠢ᠃ | ᠭᠤᠴᠢᠨ ᠨᠢᠭᠡᠳᠦᠭᠡᠷ ᠵᠣᠷᠪᠣᠰ ᠡᠯ᠎ᠡ ᠱᠠᠲᠤᠨ ᠤ ᠵᠠᠰᠠᠭ ᠵᠠᠬᠢᠷᠭᠠᠨ ᠤ ᠪᠠᠶᠢᠭᠤᠯᠭ᠎ᠠ ᠵᠢᠯ ᠪᠦᠷᠢ ᠶᠢᠨ 3 | ᠰᠠᠷ᠎ᠠ ᠶᠢᠨ 31 ᠤ ᠡᠳᠦᠷ ᠠᠴᠠ ᠡᠮᠦᠨ᠎ᠡ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠣᠷᠳᠣᠨ ᠤ | ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ ᠣᠨ ᠤ ᠮᠡᠳᠡᠭᠦᠯᠦᠯᠲᠡ ᠶᠢ ᠨᠡᠶᠢᠲᠡᠯᠡᠬᠦ ᠬᠡᠷᠡᠭᠲᠡᠢ᠃ | ᠭᠤᠴᠢᠨ ᠬᠤᠶᠠᠳᠤᠭᠠᠷ ᠵᠣᠷᠪᠣᠰ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ | ᠣᠨ ᠤ ᠮᠡᠳᠡᠭᠦᠯᠦᠯᠲᠡ ᠳᠤ ᠳᠣᠣᠷᠠᠬᠢ ᠠᠭᠤᠯᠭ᠎ᠠ ᠶᠢ ᠪᠠᠭᠲᠠᠭᠠᠬᠤ ᠬᠡᠷᠡᠭᠲᠡᠢ᠄ | ︵ᠨᠢᠭᠡ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠢᠳᠡᠪᠬᠢᠲᠠᠢ ᠢᠯᠡ ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ | ᠵᠠᠩᠭᠢ ᠶᠢᠨ ᠪᠠᠶᠢᠳᠠᠯ︔ | ︵ᠬᠤᠶᠠᠷ︶ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠭᠤᠶᠤᠴᠢᠯᠠᠯᠲᠠ ᠪᠠᠷ ᠢᠯᠡ ᠨᠡᠶᠢᠲᠡᠯᠡᠬᠦ ᠵᠠᠰᠠᠭ ᠤᠨ | ᠣᠷᠳᠣᠨ ᠤ ᠴᠢᠮᠡᠭᠡ ᠵᠠᠩᠭᠢ ᠪᠣᠯᠤᠨ ᠢᠯᠡ ᠨᠡᠶᠢᠲᠡᠯᠡᠵᠦ ᠪᠣᠯᠬᠤ ᠦᠭᠡᠢ ᠵᠠᠰᠠᠭ ᠤᠨ ᠣᠷᠳᠣᠨ ᠤ ᠴᠢᠮᠡᠭᠡ ᠵᠠᠩᠭᠢ ᠶᠢᠨ | ᠪᠠᠶᠢᠳᠠᠯ︔ | ︵ᠭᠤᠷᠪᠠ︶ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠳᠤ ᠰᠦᠢᠳᠬᠡᠯ ᠬᠤᠷᠢᠶᠠᠭᠰᠠᠨ ᠪᠠ | ᠬᠡᠯᠲᠦᠷᠢᠭᠦᠯᠦᠭᠰᠡᠨ ᠪᠠᠶᠢᠳᠠᠯ︔ | ︵ᠳᠥᠷᠪᠡ︶ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠴᠠ ᠪᠣᠯᠤᠭᠰᠠᠨ ᠵᠠᠰᠠᠭ ᠵᠠᠬᠢᠷᠭᠠᠨ ᠤ | ᠳᠠᠬᠢᠨ ᠵᠦᠪᠯᠡᠬᠦ ᠭᠤᠶᠤᠴᠢᠯᠠᠯᠲᠠ ᠪᠠ ᠵᠠᠰᠠᠭ ᠵᠠᠬᠢᠷᠭᠠᠨ ᠤ ᠵᠠᠷᠭᠤᠯᠳᠤᠭᠠᠨ ᠤ ᠪᠠᠶᠢᠳᠠᠯ︔ | ︵ᠲᠠᠪᠤ︶ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ ᠶᠠᠪᠤᠴᠠ ᠳᠤ ᠣᠷᠤᠰᠢᠵᠤ | ᠪᠠᠶᠢᠭ᠎ᠠ ᠭᠤᠣᠯ ᠠᠰᠠᠭᠤᠳᠠᠯ ᠵᠢᠴᠢ ᠰᠠᠶᠢᠵᠢᠷᠠᠭᠤᠯᠤᠭᠰᠠᠨ ᠪᠠᠶᠢᠳᠠᠯ︔ | ︵ᠵᠢᠷᠭᠤᠭ᠎ᠠ︶ ᠪᠤᠰᠤᠳ ᠮᠡᠳᠡᠭᠦᠯᠬᠦ ᠴᠢᠬᠤᠯᠠ ᠲᠠᠢ ᠵᠦᠢᠯᠡᠰ︔ | ᠭᠤᠴᠢᠨ ᠭᠤᠷᠪᠠᠳᠤᠭᠠᠷ ᠵᠣᠷᠪᠣᠰ ᠡᠷᠬᠡᠲᠦ ᠠᠷᠠᠳ᠂ ᠬᠠᠤᠯᠢ ᠶᠢᠨ ᠡᠷᠬᠡᠲᠡᠨ ᠪᠣᠶᠤ ᠪᠣᠰᠤᠳ ᠵᠣᠬᠢᠶᠠᠨ | ᠪᠠᠶᠢᠭᠤᠯᠤᠯᠲᠠ ᠠᠴᠠ ᠵᠠᠰᠠᠭ ᠵᠠᠬᠢᠷᠭᠠᠨ ᠤ ᠪᠠᠶᠢᠭᠤᠯᠭ᠎ᠠ ᠬᠠᠤᠯᠢ ᠶᠣᠰᠤᠭᠠᠷ ᠵᠠᠰᠠᠭ ᠤᠨ ᠣᠷᠳᠣᠨ ᠤ ᠴᠢᠮᠡᠭᠡ | ᠵᠠᠩᠭᠢ ᠶᠢ ᠢᠯᠡ ᠨᠡᠶᠢᠲᠡᠯᠡᠬᠦ ᠡᠭᠦᠷᠭᠡ ᠪᠠᠨ ᠭᠦᠢᠴᠡᠳᠬᠡᠵᠦ ᠪᠠᠶᠢᠬᠤ ᠦᠭᠡᠢ ᠭᠡᠵᠦ ᠦᠵᠡᠵᠦ ᠪᠠᠶᠢᠪᠠᠯ᠂ ᠳᠡᠭᠡᠷ᠎ᠡ | ᠱᠠᠲᠤᠨ ᠤ ᠵᠠᠰᠠᠭ ᠵᠠᠬᠢᠷᠭᠠᠨ ᠤ ᠪᠠᠶᠢᠭᠤᠯᠭ᠎ᠠ᠂ ᠬᠢᠨᠠᠨ ᠪᠠᠶᠢᠴᠠᠭᠠᠬᠤ ᠪᠠᠶᠢᠭᠤᠯᠭ᠎ᠠ ᠪᠣᠶᠤ ᠵᠠᠰᠠᠭ ᠤᠨ ᠣᠷᠳᠣᠨ ᠤ | ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠲᠤ ᠢᠯᠡᠴᠢᠯᠡᠨ | ᠮᠡᠳᠡᠭᠦᠯᠵᠦ ᠪᠣᠯᠤᠨ᠎ᠠ᠃ ᠢᠯᠡᠴᠢᠯᠡᠡ ᠮᠡᠳᠡᠭᠦᠯᠬᠦ ᠶᠢ ᠬᠦᠯᠢᠶᠡᠵᠦ ᠠᠪᠤᠭᠰᠠᠨ ᠪᠠᠶᠢᠭᠤᠯᠭ᠎ᠠ ᠠᠴᠠ ᠪᠠᠶᠢᠴᠠᠭᠠᠯᠲᠠ ᠬᠢᠵᠦ | ᠰᠢᠢᠳᠪᠦᠷᠢᠯᠡᠬᠦ ᠬᠡᠷᠡᠭᠲᠡᠢ᠃ | ᠡᠷᠬᠡᠲᠦ ᠠᠷᠠᠳ᠂ ᠬᠠᠤᠯᠢ ᠶᠢᠨ ᠡᠷᠬᠡᠲᠡᠨ ᠪᠣᠶᠤ ᠪᠣᠰᠤᠳ ᠵᠣᠬᠢᠶᠠᠨ ᠪᠠᠶᠢᠭᠤᠯᠤᠯᠲᠠ ᠠᠴᠠ ᠵᠠᠰᠠᠭ ᠵᠠᠬᠢᠷᠭᠠᠨ ᠤ | ᠪᠠᠶᠢᠭᠤᠯᠭ᠎ᠠ ᠶᠢᠨ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯ ᠤᠨ ᠳᠤᠮᠳᠠᠬᠢ ᠪᠣᠳᠠᠲᠠᠢ | ᠵᠠᠰᠠᠭ ᠵᠠᠬᠢᠷᠭᠠᠨ ᠤ ᠠᠵᠢᠯᠯᠠᠭ᠎ᠠ ᠨᠢ ᠲᠡᠳᠡᠨ ᠤ ᠬᠠᠤᠯᠢ ᠶᠣᠰᠤᠨ ᠤ ᠡᠷᠬᠡ ᠠᠰᠢᠭ ᠲᠤ ᠬᠠᠯᠳᠠᠵᠠᠢ ᠭᠡᠵᠦ ᠦᠵᠡᠵᠦ | ᠪᠠᠶᠢᠪᠠᠯ᠂ ᠬᠠᠤᠯᠢ ᠶᠣᠰᠤᠭᠠᠷ ᠵᠠᠰᠠᠭ ᠵᠠᠬᠢᠷᠭᠠᠨ ᠤ ᠳᠠᠬᠢᠨ ᠵᠦᠪᠯᠡᠬᠦ ᠭᠤᠶᠤᠴᠢᠯᠠᠭ᠎ᠠ ᠪᠣᠶᠤ ᠵᠠᠰᠠᠭ ᠵᠠᠬᠢᠷᠭᠠᠨ ᠤ | ᠵᠠᠷᠭᠤᠯᠳᠤᠯᠭᠠ ᠳᠤᠷᠠᠳᠴᠤ ᠪᠣᠯᠤᠨ᠎ᠠ᠃ | ᠭᠤᠴᠢᠨ ᠳᠥᠷᠪᠡᠳᠥᠭᠡᠷ ᠵᠣᠷᠪᠣᠰ ᠵᠠᠰᠠᠭ ᠵᠠᠬᠢᠷᠭᠠᠨ ᠤ ᠪᠠᠶᠢᠭᠤᠯᠭ᠎ᠠ ᠲᠣᠰ ᠵᠣᠷᠪᠣᠰ ᠤᠨ ᠲᠣᠭᠲᠠᠭᠠᠯ ᠢ | ᠵᠦᠷᠢᠴᠡᠵᠦ᠂ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠨᠡᠶᠢᠲᠡᠯᠡᠬᠦ ᠨᠢᠭᠤᠴᠠ ᠶᠢ ᠬᠠᠮᠠᠭᠠᠯᠠᠬᠤ ᠬᠢᠨᠠᠨ | ᠪᠠᠶᠢᠴᠠᠭᠠᠯᠲᠠ ᠶᠢᠨ ᠲᠣᠭᠲᠠᠯᠴᠠᠭ᠎ᠠ ᠪᠠᠶᠢᠭᠤᠯᠵᠤ ᠲᠡᠭᠦᠯᠳᠡᠷᠵᠢᠭᠦᠯᠦᠭᠰᠡᠨ ᠦᠭᠡᠢ ᠪᠣᠯ᠂ ᠬᠢᠨᠠᠨ ᠪᠠᠶᠢᠴᠠᠭᠠᠬᠤ | ᠪᠠᠶᠢᠭᠤᠯᠭ᠎ᠠ ᠪᠠ ᠳᠡᠭᠡᠷ᠎ᠡ ᠨᠢᠭᠡ ᠱᠠᠲᠤᠨ ᠤ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠠᠯᠪᠠᠳᠠᠨ ᠵᠠᠰᠠᠨ | ᠵᠠᠯᠠᠷᠠᠭᠤᠯᠤᠭᠤᠯᠬᠤ ᠬᠡᠷᠡᠭᠲᠡᠢ︔ ᠪᠠᠶᠢᠳᠠᠯ ᠨᠢ ᠬᠦᠨᠳᠦ ᠨᠣᠴᠢᠲᠠᠢ ᠪᠣᠯ᠂ ᠵᠠᠰᠠᠭ ᠵᠠᠬᠢᠷᠭᠠᠨ ᠤ ᠪᠠᠶᠢᠭᠤᠯᠭ᠎ᠠ ᠶᠢᠨ | ᠭᠤᠣᠯᠯᠠᠬᠤ ᠬᠠᠷᠢᠭᠤᠴᠠᠯᠭᠠᠲᠠᠨ ᠳᠤ ᠬᠠᠤᠯᠢ ᠶᠣᠰᠤᠭᠠᠷ ᠰᠢᠢᠳᠬᠡᠯ ᠣᠯᠭᠤᠨ᠎ᠠ᠃ | ᠭᠤᠴᠢᠨ ᠲᠠᠪᠤᠳᠤᠭᠠᠷ ᠵᠣᠷᠪᠣᠰ ᠵᠠᠰᠠᠭ ᠵᠠᠬᠢᠷᠭᠠᠨ ᠤ ᠪᠠᠶᠢᠭᠤᠯᠭ᠎ᠠ ᠲᠣᠰ ᠵᠣᠷᠪᠣᠰ ᠤᠨ ᠲᠣᠭᠲᠠᠭᠠᠯ ᠢ | ᠵᠦᠷᠢᠴᠡᠵᠦ᠂ ᠳᠣᠣᠷᠠᠬᠢ ᠪᠠᠶᠢᠳᠠᠯ ᠳᠤ᠂ ᠬᠢᠨᠠᠨ ᠪᠠᠶᠢᠴᠠᠭᠠᠬᠤ ᠪᠠᠶᠢᠭᠤᠯᠭ᠎ᠠ ᠪᠠ ᠳᠡᠭᠡᠷ᠎ᠡ ᠨᠢᠭᠡ ᠱᠠᠲᠤᠨ ᠤ ᠵᠠᠰᠠᠭ | ᠵᠠᠬᠢᠷᠭᠠᠨ ᠤ ᠪᠠᠶᠢᠭᠤᠯᠭ᠎ᠠ ᠠᠴᠠ ᠠᠯᠪᠠᠳᠠᠨ ᠵᠠᠰᠠᠨ ᠵᠠᠯᠠᠷᠠᠭᠤᠯᠤᠭᠤᠯᠤᠨ᠎ᠠ︔ ᠪᠠᠶᠢᠳᠠᠯ ᠨᠢ ᠬᠦᠨᠳᠦ ᠨᠣᠴᠢᠲᠠᠢ ᠶᠢ ᠨᠢ᠂ | ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠤᠣᠯᠯᠠᠬᠤ ᠬᠠᠷᠢᠭᠤᠴᠠᠯᠭᠠᠲᠠᠨ ᠪᠠ ᠪᠣᠰᠤᠳ ᠰᠢᠭᠤᠳ ᠬᠠᠷᠢᠭᠤᠴᠠᠭᠴᠢ ᠳᠤ | ᠬᠠᠤᠯᠢ ᠶᠣᠰᠤᠭᠠᠷ ᠰᠢᠢᠳᠬᠡᠯ ᠣᠯᠭᠤᠬᠤ ᠬᠡᠷᠡᠭᠲᠡᠢ︔ ᠶᠠᠯ᠎ᠠ ᠳᠤ ᠬᠦᠷᠦᠭᠰᠡᠨ ᠪᠣᠯ᠂ ᠬᠠᠤᠯᠢ ᠶᠣᠰᠤᠭᠠᠷ | ᠡᠷᠡᠭᠦᠦ ᠶᠢᠨ ᠬᠡᠷᠡᠭ ᠤᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠄ | ︵ᠨᠢᠭᠡ︶ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ ᠡᠭᠦᠷᠭᠡ ᠪᠠᠨ ᠬᠠᠤᠯᠢ ᠪᠠᠷ | ᠭᠦᠢᠴᠡᠳᠬᠡᠭᠰᠡᠨ ᠦᠭᠡᠢ︔ | ︵ᠬᠤᠶᠠᠷ︶ ᠢᠯᠡ ᠨᠡᠶᠢᠲᠡᠯᠡᠬᠦ ᠵᠠᠰᠠᠭ ᠤᠨ ᠣᠷᠳᠣᠨ ᠤ ᠴᠢᠮᠡᠭᠡ ᠵᠠᠩᠭᠢ ᠶᠢᠨ ᠠᠭᠤᠯᠭ᠎ᠠ᠂ ᠵᠦᠭᠯᠡᠭᠦᠷ ᠵᠢᠴᠢ | ᠭᠠᠷᠴᠠᠭ ᠢ ᠴᠠᠭ ᠲᠤᠬᠠᠢ ᠳᠤᠨᠢ ᠰᠢᠨᠡᠳᠬᠡᠭᠰᠡᠨ ᠦᠭᠡᠢ︔ | ︵ᠭᠤᠷᠪᠠ︶ ᠲᠣᠭᠲᠠᠭᠠᠯ ᠢ ᠵᠦᠷᠢᠴᠡᠨ ᠰᠦᠢᠳᠬᠡᠯ ᠬᠤᠷᠢᠶᠠᠭᠰᠠᠨ︔ | ︵ᠳᠥᠷᠪᠡ︶ ᠪᠣᠰᠤᠳ ᠵᠣᠬᠢᠶᠠᠨ ᠪᠠᠶᠢᠭᠤᠯᠤᠯᠲᠠ ᠪᠣᠶᠤ ᠬᠤᠪᠢ ᠬᠦᠮᠦᠨ ᠢᠶᠠᠷ ᠳᠠᠮᠵᠢᠵᠤ ᠲᠦᠯᠦᠪᠦᠷᠢᠲᠦ | ᠦᠢᠯᠡᠴᠢᠯᠡᠭᠡᠨ ᠬᠠᠩᠭᠠᠵᠤ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠪᠣᠯᠭᠠᠭᠰᠠᠨ︔ | ︵ᠲᠠᠪᠤ︶ ᠢᠯᠡ ᠪᠣᠯᠭᠠᠵᠤ ᠪᠣᠯᠬᠤ ᠦᠭᠡᠢ ᠵᠠᠰᠠᠭ ᠤᠨ ᠣᠷᠳᠣᠨ ᠤ ᠴᠢᠮᠡᠭᠡ ᠵᠠᠩᠭᠢ ᠶᠢ ᠢᠯᠡ ᠨᠡᠶᠢᠲᠡᠯᠡᠬᠦ︔ | ︵ᠵᠢᠷᠭᠤᠭ᠎ᠠ︶ ᠲᠤᠰ ᠵᠣᠷᠪᠤᠰ ᠤᠨ ᠲᠣᠭᠲᠠᠭᠠᠯ ᠢ ᠵᠦᠷᠢᠴᠡᠭᠰᠡᠨ ᠪᠣᠰᠤᠳ ᠠᠵᠢᠯᠯᠠᠭ᠎ᠠ᠃ | | ᠲᠠᠪᠤᠳᠤᠭᠠᠷ ᠪᠦᠯᠦᠭ ᠳᠠᠭᠠᠯᠳᠤᠭᠤᠯᠤᠭᠰᠠᠨ ᠵᠦᠢᠯ | ᠭᠤᠴᠢᠨ ᠵᠢᠷᠭᠤᠳᠤᠭᠠᠷ ᠵᠣᠷᠪᠣᠰ ᠬᠠᠤᠯᠢ ᠴᠠᠭᠠᠵᠠ᠂ ᠬᠠᠤᠯᠢ ᠳᠥᠷᠢᠮ ᠠᠴᠠ ᠡᠷᠬᠡ ᠣᠯᠭᠤᠭᠰᠠᠨ ᠣᠯᠠᠨ | ᠨᠡᠶᠢᠲᠡ ᠶᠢᠨ ᠶᠠᠪᠤᠳᠠᠯ ᠢ ᠬᠠᠮᠢᠶᠠᠷᠬᠤ ᠴᠢᠳᠠᠪᠬᠢ ᠲᠠᠢ ᠵᠣᠬᠢᠶᠠᠨ ᠪᠠᠶᠢᠭᠤᠯᠤᠯᠲᠠ ᠠᠴᠠ ᠵᠠᠰᠠᠭ ᠤᠨ ᠣᠷᠳᠣᠨ ᠤ | ᠴᠢᠮᠡᠭᠡ ᠵᠠᠩᠭᠢ ᠶᠢ ᠢᠯᠡ ᠨᠡᠶᠢᠲᠡᠯᠡᠬᠦ ᠠᠵᠢᠯᠯᠠᠭ᠎ᠠ ᠳᠤ ᠲᠤᠰ ᠳᠦᠷᠢᠮ ᠢ ᠬᠡᠷᠡᠭᠯᠡᠨ᠎ᠡ᠃ | ᠭᠤᠴᠢᠨ ᠳᠣᠯᠤᠳᠤᠭᠠᠷ ᠵᠣᠷᠪᠣᠰ ᠰᠤᠷᠭᠠᠨ ᠬᠦᠮᠦᠵᠢᠯ᠂ ᠡᠮ ᠡᠮᠨᠡᠯᠭᠡ ᠡᠷᠡᠭᠦᠯ ᠬᠠᠮᠠᠭᠠᠯᠠᠯ᠂ ᠲᠥᠯᠥᠪᠯᠡᠭᠡᠲᠦ | ᠦᠷᠡᠵᠢᠯ᠂ ᠤᠰᠤᠨ ᠬᠠᠩᠭᠠᠯᠲᠠ᠂ ᠴᠠᠬᠢᠯᠭᠠᠨ ᠬᠠᠩᠭᠠᠯᠲᠠ᠂ ᠬᠡᠢ ᠬᠠᠩᠭᠠᠯᠲᠠ᠂ ᠳᠤᠯᠠᠭᠠᠯᠠᠮᠵᠢ ᠬᠠᠩᠭᠠᠯᠲᠠ᠂ | ᠣᠷᠴᠢᠨ ᠬᠠᠮᠠᠭᠠᠯᠠᠯᠲᠠ ᠵᠢᠴᠢ ᠣᠯᠠᠨ ᠨᠡᠶᠢᠲᠡ ᠶᠢᠨ ᠵᠠᠮ ᠬᠠᠷᠢᠯᠴᠠᠭ᠎ᠠ ᠵᠡᠷᠭᠡ ᠠᠷᠠᠳ ᠣᠯᠠᠨ ᠤ ᠠᠰᠢᠭ ᠲᠤᠰᠠ ᠲᠠᠢ | ᠨᠢᠭᠲᠠ ᠬᠤᠯᠪᠤᠭᠳᠠᠭᠰᠠᠨ᠂ ᠣᠯᠠᠨ ᠨᠡᠶᠢᠲᠡ ᠶᠢᠨ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠶᠢᠨ | ᠨᠡᠶᠢᠭᠡᠮ ᠤᠨ ᠦᠢᠯᠡᠴᠢᠯᠡᠭᠡᠨ ᠤ ᠶᠠᠪᠤᠴᠠ ᠳᠤᠮᠳᠠ ᠵᠣᠬᠢᠶᠠᠨ ᠪᠦᠲᠦᠭᠡᠭᠰᠡᠨ ᠪᠣᠶᠤ ᠣᠯᠤᠭᠰᠠᠨ ᠴᠢᠮᠡᠭᠡ ᠵᠠᠩᠭᠢ ᠶᠢ | ᠢᠯᠡ ᠨᠡᠶᠢᠲᠡᠯᠡᠬᠦ ᠳᠤ ᠲᠤᠰ ᠳᠦᠷᠢᠮ ᠢᠶᠠᠷ ᠯᠠᠪᠯᠠᠯᠲᠠ ᠪᠣᠯᠭᠠᠨ᠎ᠠ᠂ ᠪᠣᠲᠠᠲᠠᠢ ᠠᠷᠭ᠎ᠠ ᠬᠡᠮᠵᠢᠶ᠎ᠡ ᠶᠢ ᠲᠥᠷᠥ ᠶᠢᠨ | ᠶᠠᠪᠤᠳᠠᠯ ᠤᠨ ᠬᠤᠷᠢᠶᠠᠨ ᠤ ᠬᠠᠮᠢᠶ᠎ᠠ ᠪᠦᠬᠦᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠪᠣᠶᠤ ᠪᠠᠶᠢᠭᠤᠯᠤᠮᠵᠢ | ᠲᠣᠭᠲᠠᠭᠠᠨ᠎ᠠ᠃ | ᠭᠤᠴᠢᠨ ᠨᠠᠢᠮᠠᠳᠤᠭᠠᠷ ᠵᠣᠷᠪᠣᠰ ᠲᠤᠰ ᠳᠦᠷᠢᠮ ᠢ 2008 ᠣᠨ ᠤ 5 ᠰᠠᠷ᠎ᠠ ᠶᠢᠨ 1 ᠤ ᠡᠳᠦᠷ ᠠᠴᠠ | ᠡᠬᠢᠯᠡᠵᠦ ᠬᠡᠷᠡᠭᠵᠢᠭᠦᠯᠦᠨ᠎ᠡ᠃ |