ᠬᠤᠭᠤᠯᠳᠣ ᠭᠠᠴᠠᠭᠠᠨ ᠤ ᠰᠣᠷᠭᠠᠭᠤᠯᠢ | 1950 ᠣᠨ ᠳᠤ ᠠᠷᠣ ᠬᠤᠷᠴᠢᠨ ᠬᠤᠰᠢᠭᠤᠨ ᠤ ᠳᠣᠯᠣᠳᠣᠭᠠᠷ ᠣᠷᠣᠨ ᠤ ᠵᠠᠰᠠᠭ ᠵᠠᠬᠢᠷᠭᠠᠨ ᠳᠤ | ᠬᠠᠷᠢᠶᠠᠯᠠᠭᠳᠠᠵᠣ ᠪᠠᠶᠢᠭᠰᠠᠨ ᠬᠤᠭᠤᠯᠳᠣ ᠶᠢᠨ ᠠᠶᠢᠯ ᠨᠢ ᠲᠣᠰ ᠣᠷᠣᠨ ᠤ ᠨᠠᠮ ᠵᠠᠰᠠᠭ ᠤᠨ ᠬᠠᠯᠠᠭᠤᠨ ᠬᠠᠯᠠᠮᠵᠢᠯᠠᠯ | ᠢᠶᠠᠷ ᠬᠠᠷᠠᠴᠢᠨ ᠨᠣᠲᠤᠭ ᠲᠠᠢ ᠮᠠᠩᠭᠤᠳ ᠣᠪᠣᠭᠲᠠᠢ ᠵᠢᠮᠪᠠᠵᠠᠮᠰᠣ ︵ᠨᠣᠲᠤᠭ ᠤᠨ ᠬᠢᠨᠢ ᠮᠠ ᠰᠢᠶᠡᠨᠱᠧᠩ ᠭᠡᠵᠥ | ᠬᠥᠨᠳᠥᠳᠭᠡᠨ ᠳᠠᠭᠤᠳᠠᠳᠠᠭ︶ ᠨᠥᠬᠦᠷ ᠣᠳᠣ ᠶᠢᠨ ᠬᠤᠭᠤᠯᠳᠣ ᠭᠠᠴᠠᠭᠠᠨ ᠤ ᠠᠶᠢᠯ ᠳᠣᠮᠳᠠᠬᠢ ᠬᠠᠭᠤᠴᠢᠨ ᠬᠤᠲᠠ | ᠶᠢᠨ ᠬᠡᠷᠡᠮ ᠤᠨ ᠵᠡᠭᠦᠨ ᠬᠡᠰᠡᠭ ᠤᠨ ᠡᠩᠭᠡᠷ ᠲᠤ ᠪᠠᠶᠢᠭ᠎ᠠ ᠬᠤᠶᠠᠷ ᠲᠠᠰᠣᠯᠭ᠎ᠠ ᠭᠡᠷ ᠲᠡᠭᠡᠨ ᠬᠤᠷᠢᠭᠠᠳ ᠰᠣᠷᠣᠭᠴᠢ | ᠡᠯᠰᠡᠵᠥ᠂ ᠬᠤᠭᠤᠯᠳᠣ ᠶᠢᠨ ᠠᠶᠢᠯ ᠤᠨ ᠠᠩᠬᠠᠨ ᠤ ᠪᠠᠭ᠎ᠠ ᠰᠣᠷᠭᠠᠭᠤᠯᠢ ᠶᠢ ᠡᠷᠬᠢᠯᠡᠪᠡ᠃ | 1951 ᠣᠨ ᠤ ᠬᠠᠪᠣᠷ ᠬᠤᠭᠤᠯᠳᠣ ᠰᠥᠮ᠎ᠡ ᠶᠢᠨ ᠬᠠᠮᠤᠭ ᠰᠡᠭᠦᠯᠴᠢ ᠶᠢᠨ ᠪᠠᠭᠤᠴᠠ ᠪᠣᠯᠬᠤ ᠪᠠᠶᠢᠰᠢᠩᠳᠣ | ᠶᠢᠨ ᠬᠤᠩᠰᠢᠶᠠᠷ ᠤᠨ ᠳᠡᠪᠰᠡᠭ ︵ᠣᠳᠣ ᠶᠢᠨ ᠰᠣᠮᠣᠨ ᠤ ᠣᠢ ᠰᠢᠭᠤᠢ ᠶᠢ ᠬᠠᠮᠠᠭᠠᠯᠠᠬᠤ ᠥᠷᠳᠡᠭᠡ ᠪᠠᠶᠢᠬᠤ ᠭᠠᠵᠠᠷ | ︶ ᠳᠡᠭᠡᠷᠡᠬᠢ ᠰᠥᠮ᠎ᠡ ᠶᠢᠨ ᠭᠡᠷ ᠢᠶᠠᠷ ᠬᠢᠴᠢᠶᠡᠯ ᠤᠨ ᠭᠡᠷ ᠪᠣᠯᠭᠠᠵᠣ᠂ ᠬᠤᠷᠢ ᠠᠴᠠ ᠭᠤᠴᠢᠭᠠᠳ ᠰᠣᠷᠣᠭᠴᠢ | ᠬᠢᠴᠢᠶᠡᠯᠯᠡᠵᠥ ᠪᠠᠶᠢᠵᠠᠢ᠃ ᠳᠡᠮᠡᠢ ᠣᠳᠠᠭᠰᠠᠨ ᠥᠭᠡᠢ ᠬᠠᠷᠠᠴᠢᠨ ᠨᠣᠲᠤᠭ ᠲᠠᠢ ᠭᠤᠨᠴᠤᠭᠷᠠᠪᠵᠠᠢ ᠪᠠᠭᠰᠢ ᠢᠷᠠᠵᠣ | ᠰᠣᠷᠣᠭᠴᠢᠳ ᠲᠤ ᠬᠢᠴᠢᠶᠡᠯ ᠵᠢᠭᠠᠭᠰᠠᠨ ᠪᠠᠶᠢᠨ᠎ᠠ᠃ ᠨᠢᠭᠡ ᠮᠢᠩᠭ᠎ᠠ ᠶᠢᠰᠥᠨ ᠵᠠᠭᠤ ᠲᠠᠪᠢᠭᠠᠳ ᠣᠨ ᠠᠴᠠ ᠡᠬᠢᠯᠡᠨ | ᠬᠤᠭᠤᠯᠳᠣ ᠶᠢᠨ ᠠᠶᠢᠯ ᠨᠢ ᠪᠠᠭᠠᠷᠢᠨ ᠵᠡᠭᠦᠨ ᠬᠤᠰᠢᠭᠤᠨ ᠤ ᠵᠠᠰᠠᠭ ᠵᠠᠬᠢᠷᠭᠠᠨ ᠤ ᠬᠠᠮᠢᠶᠠᠷᠣᠯᠲᠠ ᠳᠤ | ᠬᠠᠷᠢᠶᠠᠯᠠᠭᠳᠠᠵᠣ᠂ ᠬᠤᠭᠤᠯᠳᠣ ᠪᠠᠭ᠎ᠠ ᠰᠣᠷᠭᠠᠭᠤᠯᠢ ᠶᠢ ᠰᠥᠮ᠎ᠡ ᠠᠴᠠ ᠨᠡᠭᠦᠯᠭᠡᠵᠥ ᠣᠳᠣ ᠶᠢᠨ ᠭᠠᠴᠠᠭᠠᠨ ᠤ ᠠᠷᠣ | ᠶᠢᠨ ᠬᠠᠰᠢᠶ᠎ᠠ ︵ᠣᠭ ᠤᠨ ᠰᠥ ᠶᠢᠨ ᠲᠠᠯᠬ᠎ᠠ ᠶᠢᠨ ᠥᠢᠯᠡᠳᠪᠥᠷᠢ︶ ᠳᠤ ᠰᠢᠷ᠎ᠠ ᠬᠠᠳᠠ ᠳᠤ ᠪᠠᠶᠢᠭᠰᠠᠨ ᠪᠠᠭᠠᠷᠢᠨ ᠤ | ᠠᠯᠳᠠᠷᠲᠣ ᠪᠥᠬᠡᠴᠢᠨ ᠫᠠ᠊ ᠯᠠᠮᠠ ︵ᠥᠨᠡᠨ ᠨᠡᠷ᠎ᠡ ᠨᠢ ᠡᠷᠳᠡᠨᠢᠪᠠᠳᠥ ᠭᠡᠳᠡᠭ︶ ᠪᠠ ᠪᠠᠭᠠᠷᠢᠨ ᠨᠣᠲᠤᠭ ᠲᠠᠢ ᠷᠢᠨᠴᠢᠨ᠂ | ᠣᠣᠬᠠᠨ ᠨᠣᠲᠤᠭ ᠲᠠᠢ ᠮᠢᠰᠢᠭ ᠵᠡᠷᠭᠡ ᠪᠠᠭᠰᠢ ᠢᠷᠠᠵᠣ ᠠᠵᠢᠯᠯᠠᠭᠰᠠᠨ ᠪᠠᠶᠢᠨ᠎ᠠ᠃ 1958ᠣᠨ ᠳᠤ ᠣᠳᠣ ᠶᠢᠨ | ᠰᠠᠭᠤᠷᠢᠨ ᠳᠤ ᠰᠣᠷᠭᠠᠭᠤᠯᠢ ᠪᠠᠶᠢᠭᠤᠯᠵᠣ᠂ ᠣᠷᠢᠳ ᠬᠤᠵᠢᠳ ᠷᠢᠨᠴᠢᠨ᠂ ᠮᠢᠰᠢᠭ ᠪᠠ ᠵᠢᠷᠢᠮ ᠤᠨ ᠴᠢᠭᠤᠯᠭᠠᠨ ᠤ | ᠨᠣᠲᠤᠭ ᠲᠠᠢ ᠠᠷᠰᠯᠠᠨ ᠵᠡᠷᠭᠡ ᠪᠠᠭᠰᠢ ᠢᠷᠠᠵᠣ ᠪᠠᠭᠰᠢᠯᠠᠭᠰᠠᠨ ᠪᠠᠶᠢᠨ᠎ᠠ᠃ 1963 — 1967 ᠣᠨ ᠤ | ᠰᠡᠭᠦᠯᠴᠢ ᠪᠣᠯᠲᠠᠯ᠎ᠠ ᠣᠷᠢᠳ ᠬᠤᠵᠢᠳ ᠭᠤᠨᠴᠤᠭ᠂ ᠰᠠᠶᠢᠨᠵᠢᠷᠭᠠᠯ᠂ ᠶᠢᠨ ᠵᠥ᠂ ᠬᠠᠰᠭᠡᠷᠡᠯ᠂ ᠥᠯᠵᠡᠢ᠂ ᠰᠡᠴᠡᠨ᠂ | ᠰᠠᠷᠠᠭᠤᠯ ᠵᠡᠷᠭᠡ ᠪᠠᠭᠰᠢ ᠢᠷᠠᠵᠣ ᠪᠠᠭᠰᠢᠯᠠᠭᠰᠠᠨ ᠪᠠᠶᠢᠨ᠎ᠠ᠃ ᠡᠨᠡ ᠬᠤᠭᠤᠷᠣᠨᠳᠣ 40 — 50 ᠰᠣᠷᠣᠭᠴᠢ ᠲᠠᠢ | ᠃ ᠰᠣᠶᠣᠯ ᠤᠨ ᠬᠤᠪᠢᠰᠬᠠᠯ ᠤᠨ ᠥᠶ᠎ᠡ ᠳᠤ ᠰᠣᠷᠭᠠᠭᠤᠯᠢ ᠶᠢᠨ ᠵᠢᠭᠠᠨ ᠰᠣᠷᠭᠠᠯᠲᠠ ᠪᠠᠰᠠ ᠵᠣᠬᠢᠬᠤ ᠬᠡᠮᠵᠢᠶ᠎ᠡ ᠪᠠᠷ | ᠨᠥᠯᠥᠭᠡᠯᠡᠭᠳᠡᠵᠡᠢ᠃ ᠡᠨᠡᠬᠦ ᠬᠤᠭᠤᠴᠠᠭᠠᠨ ᠳᠤ ᠵᠢᠯ ᠪᠥᠷᠢ ᠵᠥᠪᠬᠡᠨ 1— 4 ᠨᠡᠷ᠎ᠡ ᠪᠠᠭᠰᠢ ᠪᠠᠭᠰᠢᠯᠠᠵᠣ ᠪᠠᠶᠢᠵᠠᠢ | ᠃ | 1968 ᠣᠨ ᠠᠴᠠ ᠡᠬᠢᠯᠡᠵᠥ 1981ᠣᠨ ᠪᠣᠯᠲᠠᠯ᠎ᠠ ᠲᠣᠰ ᠰᠣᠷᠭᠠᠭᠤᠯᠢ ᠳᠤ ᠣᠷᠢᠳ ᠬᠤᠵᠢᠳ ᠸᠠᠩ | ᠹᠧᠩ ᠴᠢ ︵ᠰᠸᠷᠡᠩ︶᠂ ᠰᠠᠷᠠᠭᠤᠯ ︵ᠷᠧᠪᠰᠡᠯᠮᠡ︶᠂ ᠰᠡᠴᠡᠨ ᠂ ᠱᠣᠸᠠᠨᠵᠥ᠂ ᠰᠠᠶᠢᠨᠵᠢᠷᠭᠠᠯ᠂ | ᠡᠷᠳᠡᠨᠢᠲᠣᠭᠲᠠᠬᠤ᠂ ᠵᠣᠣ ᠼᠥᠨ ᠲᠢᠩ᠂ ᠪᠢᠯᠢᠭᠲᠦ᠂ ᠰᠠᠷᠠᠨ᠂ ᠵᠢᠢ ᠶᠥᠩ ᠱᠧᠩ᠂ ᠬᠠᠰᠭᠡᠷᠡᠯ᠂ ᠨᠠᠷᠠᠨᠭᠡᠷᠡᠯ᠂ | ᠥᠯᠵᠡᠢ᠂ ᠴᠣᠭᠯᠠ᠂ ᠥ᠋ ᠶᠠᠨ ᠭᠥᠸᠧ ︵ᠥ᠋ ᠴᠣᠭᠯᠠ︶ ᠵᠡᠷᠭᠡ ᠪᠠᠭᠰᠢ ᠠᠵᠢᠯᠯᠠᠵᠠᠢ᠃ ᠡᠨᠡᠬᠦ ᠬᠤᠭᠤᠴᠠᠭᠠᠨ ᠳᠤ | ᠵᠢᠯ ᠪᠥᠷᠢ 3— 8 ᠪᠠᠭᠰᠢ ᠶᠢᠨ ᠬᠤᠭᠤᠷᠣᠨᠳᠣ ᠪᠠᠶᠢᠵᠣ᠂ ᠵᠢᠯ ᠪᠥᠷᠢ 42 — 96 ᠰᠣᠷᠣᠭᠴᠢ ᠲᠠᠢ | ᠪᠥᠭᠡᠳ ᠣᠷᠢᠳ ᠬᠤᠵᠢᠳ ᠰᠠᠶᠢᠨᠵᠢᠷᠭᠠᠯ᠂ ᠸᠠᠩ ᠹᠧᠩ ᠴᠢ᠂ ᠵᠣᠣ ᠼᠥᠨ ᠲᠢᠩ᠂ ᠥᠯᠵᠡᠢ᠂ ᠵᠢᠢ ᠶᠥᠩ ᠱᠧᠩ | ᠵᠡᠷᠭᠡ ᠪᠠᠭᠰᠢ ᠣᠳᠣᠷᠢᠳᠬᠤ ᠠᠵᠢᠯ ᠢ ᠬᠠᠷᠢᠭᠤᠴᠠᠵᠣ ᠪᠠᠶᠢᠵᠠᠢ᠃ | 1982 — 1986 ᠣᠨ ᠤ 8 ᠰᠠᠷ᠎ᠠ ᠪᠣᠯᠲᠠᠯ᠎ᠠ 80 — 110 ᠰᠣᠷᠣᠭᠴᠢ ᠶᠢᠨ ᠬᠤᠭᠤᠷᠣᠨᠳᠣ | ᠪᠠᠶᠢᠵᠣ᠂ ᠣᠷᠢᠳ ᠬᠤᠵᠢᠳ ᠥᠯᠵᠡᠢ᠂ ᠰᠠᠷᠠᠨ᠂ ᠷᠢᠮᠡᠳᠮᠠ᠂ ᠲᠣᠭᠲᠠᠬᠤ᠂ ᠪᠢᠯᠢᠭᠲᠦ᠂ ᠴᠢ ᠱᠢ ᠯᠢᠥ᠂ | ᠡᠷᠳᠡᠨᠢᠪᠠᠭᠠᠲᠣᠷ᠂ ᠮᠥᠩᠬᠡ᠂ ᠯᠠᠮᠠᠵᠠᠪ᠂ ᠰᠧᠷᠡᠩᠨᠠᠮᠵᠢᠯ᠂ ᠯᠢᠥ ᠶᠥᠸᠧ᠂ ᠪᠥᠷᠢᠨᠪᠡᠳᠥ᠂ ᠨᠠᠮᠰᠠᠷᠠᠢ᠂ ᠥᠷᠡᠵᠢᠮᠢᠰ᠂ | ᠪᠠᠳᠮᠠᠨᠢᠩᠪᠥᠥ ᠵᠡᠷᠭᠡ ᠪᠠᠭᠰᠢ ᠪᠠᠭᠰᠢᠯᠠᠵᠣ ᠪᠠᠶᠢᠵᠠᠢ᠃ ᠡᠨᠡᠬᠦ ᠬᠤᠭᠤᠴᠠᠭᠠᠨ ᠳᠤ ᠵᠢᠯ ᠪᠥᠷᠢ 7— 8 ᠪᠠᠭᠰᠢ ᠲᠠᠢ | ᠪᠥᠭᠡᠳ ᠥᠯᠵᠡᠢ᠂ ᠴᠢ ᠱᠢ ᠯᠢᠥ᠂ ᠯᠡᠮᠡᠵᠠᠪ ᠣᠳᠣᠷᠢᠳᠣᠯᠭ᠎ᠠ ᠶᠢᠨ ᠠᠵᠢᠯ ᠢ ᠬᠢᠵᠥ ᠪᠠᠶᠢᠪᠠ᠃ | 1986 ᠣᠨ ᠤ 9ᠰᠠᠷ᠎ᠠ ᠠᠴᠠ 1989 ᠣᠨ ᠤ 8 ᠰᠠᠷ᠎ᠠ ᠪᠣᠯᠲᠠᠯ᠎ᠠ ᠪᠥᠷᠢᠨᠲᠡᠭᠦᠰ ᠳᠠᠷᠤᠭ᠎ᠠ ᠪᠠᠶᠢᠵᠠᠢ᠃ | 80 — 110 ᠰᠣᠷᠣᠭᠴᠢ ᠲᠠᠢ᠂ ᠵᠢᠯ ᠪᠥᠷᠢ 8— 9 ᠪᠠᠭᠰᠢ ᠲᠠᠢ᠂ ᠣᠷᠢᠳ ᠬᠤᠵᠢᠳ ᠪᠥᠷᠢᠨᠪᠡᠳᠥ᠂ | ᠰᠠᠷᠠᠨ᠂ ᠪᠢᠯᠢᠭᠲᠦ᠂ ᠰᠧᠷᠡᠩᠨᠠᠮᠵᠢᠯ᠂ ᠯᠢᠥ ᠶᠥᠸᠧ᠂ ᠳᠥᠭᠦᠷᠡᠩ᠂ ᠥᠷᠡᠵᠢᠮᠢᠰ᠂ ᠨᠠᠮᠰᠠᠷᠠᠢ᠂ ᠨᠠᠷᠠᠨᠲ᠋ᠣᠩᠭᠠᠯᠠᠭ᠂ | ᠬᠥᠥᠳᠠᠭᠤᠯᠠ᠂ ᡁᠢ ᠮᠢᠨ ᠵᠡᠷᠭᠡ ᠪᠠᠭᠰᠢ ᠠᠵᠢᠯᠯᠠᠵᠣ ᠪᠠᠶᠢᠵᠠᠢ᠃ ᠡᠨᠡᠬᠦ ᠬᠤᠭᠤᠴᠠᠭᠠᠨ ᠳᠤ ᠰᠣᠷᠭᠠᠭᠤᠯᠢ ᠶᠢᠨ | ᠬᠤᠷᠢᠶ᠎ᠠ ᠶᠢᠨ ᠬᠡᠷᠡᠮ ︵ᠰᠢᠷᠣᠢ ᠶᠢᠨ ᠬᠡᠷᠡᠮ︶ ᠢ ᠪᠠᠷᠢᠵᠣ᠂ ᠬᠥᠷᠢᠶᠡᠨ ᠳᠤ ᠪᠠᠨ ᠲᠡᠮᠥᠷ ᠡᠭᠦᠳᠡ ᠲᠠᠭᠠᠷᠠᠭᠤᠯᠵᠣ᠂ | ᠰᠣᠷᠭᠠᠭᠤᠯᠢ ᠶᠢᠨ ᠥᠩᠭᠡ ᠳᠥᠷᠰᠥ ᠪᠠ ᠵᠢᠭᠠᠨ ᠰᠣᠷᠭᠠᠯᠲᠠ ᠶᠢᠨ ᠲᠠᠯ᠎ᠠ ᠪᠠᠷ ᠳᠠᠪᠠᠭᠤ ᠳᠡᠭᠡᠭᠰᠢᠯᠡᠯᠲᠡ ᠲᠠᠢ | ᠪᠣᠯᠭᠠᠵᠠᠢ᠃ ᠣᠭ ᠲᠤ ᠪᠠᠨ ᠬᠤᠷᠢᠭᠠᠳ ᠮᠥ ᠲᠠᠷᠢᠶ᠎ᠠ ᠲᠠᠢ ᠪᠠᠶᠢᠭᠰᠠᠨ ᠠᠴᠠ ᠪᠠᠨ 60 ᠮᠥ ᠲᠠᠷᠢᠶ᠎ᠠ ᠲᠠᠢ ᠪᠣᠯᠵᠠᠢ᠃ | 1989 ᠣᠨ ᠳᠤ ᠡᠮᠥᠨᠡᠬᠢ 6 ᠲᠠᠰᠣᠯᠭ᠎ᠠ ᠸᠠᠭᠠᠷ ᠲᠣᠭᠤᠰᠬ᠎ᠠ ᠶᠢᠨ ᠪᠥᠲᠥᠴᠡ ᠲᠠᠢ ᠭᠡᠷ ᠢ ᠪᠠᠷᠢᠵᠣ᠂ 1990 | ᠣᠨ ᠳᠤ ᠬᠤᠶᠢᠨᠠᠬᠢ ᠸᠠᠭᠠᠷ ᠲᠣᠭᠤᠰᠬ᠎ᠠ ᠶᠢᠨ ᠪᠥᠲᠥᠴᠡ ᠲᠠᠢ 6ᠲᠠᠰᠣᠯᠭ᠎ᠠ ᠭᠡᠷ ᠢ ᠪᠠᠷᠢᠭᠰᠠᠨ ᠪᠠᠶᠢᠨ᠎ᠠ᠃ | 1989 ᠣᠨ ᠤ 9 ᠰᠠᠷ᠎ᠠ ᠠᠴᠠ 1991 ᠣᠨ ᠤ 1ᠰᠠᠷ᠎ᠠ ᠪᠣᠯᠲᠠᠯ᠎ᠠ ᠲᠣᠭᠲᠠᠬᠤ ᠬᠠᠷᠢᠭᠤᠴᠠᠨ | ᠥᠯᠵᠡᠶᠢᠬᠡᠰᠢᠭ᠂ ᠬᠠᠰᠪᠢᠯᠢᠭ᠌᠂ ᠪᠥᠷᠢᠨᠪᠡᠳᠥ᠂ ᡁᠢ ᠮᠢᠨ᠂ ᠪᠢᠯᠢᠭᠲᠦ᠂ ᠰᠠᠷᠠᠨ᠂ ᠯᠢᠥ ᠶᠥᠸᠧ ᠂ ᠣᠳᠬᠤᠨᠪᠠᠶᠠᠷ᠂ | ᠭᠠᠷᠪᠥᠥ ᠵᠡᠷᠭᠡ ᠪᠠᠭᠰᠢ ᠪᠠᠭᠰᠢᠯᠠᠵᠣ ᠶᠡᠷᠡᠭᠡᠳ ᠰᠣᠷᠣᠭᠴᠢ ᠲᠠᠢ ᠪᠠᠶᠢᠵᠠᠢ᠃ | 1991ᠣᠨ ᠤ 3 ᠰᠠᠷ᠎ᠠ ᠠᠴᠠ 1997 ᠣᠨ ᠤ 8ᠰᠠᠷ᠎ᠠ ᠪᠣᠯᠲᠠᠯ᠎ᠠ ᠥᠯᠵᠡᠶᠢᠬᠡᠰᠢᠭ ᠬᠠᠷᠢᠭᠤᠴᠠᠨ | ᠮᠥᠩᠬᠡᠪᠠᠶᠠᠷ᠂ ᠪᠢᠯᠢᠭᠲᠦ᠂ ᠰᠠᠷᠠᠨ᠂ ᠣᠳᠬᠤᠨᠪᠠᠶᠠᠷ᠂ ᠪᠥᠷᠢᠨᠪᠡᠳᠥ᠂ ᠭᠠᠷᠪᠥᠥ᠂ ᠮᠡᠷᠭᠡᠨ᠂ ᠴᠢ ᠱᠢ ᠯᠢᠥ᠂ | ᠪᠣᠶᠠᠨᠲᠣ᠂ ᠰᠡᠴᠡᠨ᠂ ᠥᠷᠡᠵᠢᠮᠢᠰ᠂ ᠪᠥᠷᠢᠨᠴᠢᠯᠠᠭᠤ᠂ ᠯᠢᠥ ᠶᠧ᠂ ᠰᠠᠷᠠᠨ᠎ᠠ᠂ ᠭᠤᠸ᠎ᠠ᠂ ᠦᠷᠡᠨᠳᠤᠶᠠᠭᠠ ᠵᠡᠷᠭᠡ | ᠪᠠᠭᠰᠢ ᠪᠠᠭᠰᠢᠯᠠᠵᠣ᠂ ᠶᠡᠷᠡᠭᠡᠳ ᠰᠣᠷᠣᠭᠴᠢ ᠲᠠᠢ ᠪᠠᠶᠢᠵᠠᠢ᠃ | 1995 ᠣᠨ ᠳᠤ ᠰᠠᠭᠰᠣᠨ ᠪᠥᠮᠪᠦᠭᠡ ᠶᠢᠨ ᠲᠡᠮᠥᠷ ᠵᠢᠶᠠᠰᠠ ᠶᠢ ᠪᠣᠰᠬᠠᠪᠠ᠃ 1996 ᠣᠨ ᠤ ᠵᠣᠨ | ᠡᠮᠥᠨ᠎ᠡ ᠮᠥᠷ ᠲᠤ ᠪᠠᠶᠢᠭ᠎ᠠ ᠬᠤᠶᠠᠷ ᠲᠠᠰᠣᠯᠭ᠎ᠠ ᠸᠠᠭᠠᠷ ᠲᠣᠭᠤᠰᠬ᠎ᠠ ᠶᠢᠨ ᠪᠥᠲᠥᠴᠡ ᠲᠠᠢ ᠭᠡᠷ ᠰᠢᠲᠠᠵᠣ ︵ᠭᠡᠷ ᠲᠤ | ᠨᠣᠶᠢᠲᠠᠨ ᠮᠣᠳᠣᠨ ᠬᠠᠪᠲᠠᠰᠣ ᠶᠢ ᠬᠠᠲᠠᠭᠠᠬᠤ ᠭᠡᠳ ᠭᠠᠷᠣᠭᠰᠠᠨ ᠠᠳᠡᠯ︶᠂ ᠳᠠᠬᠢᠨ ᠴᠢᠷᠮᠠᠶᠢᠨ ᠪᠠᠷᠢᠵᠠᠢ᠃ | 1997ᠣᠨ ᠳᠤ 6 ᠲᠠᠰᠣᠯᠭ᠎ᠠ ᠸᠠᠭᠠᠷ ᠲᠣᠭᠤᠰᠬ᠎ᠠ ᠶᠢᠨ ᠪᠥᠲᠥᠴᠡ ᠲᠠᠢ ᠵᠣᠷᠯᠣᠩ ᠢ ᠪᠠᠷᠢᠭᠰᠠᠨ ᠪᠠᠶᠢᠨ᠎ᠠ᠃ | 1997 ᠣᠨ ᠤ 9 ᠰᠠᠷ᠎ᠠ ᠠᠴᠠ ᠡᠬᠢᠯᠡᠵᠥ ᠡᠷᠳᠡᠨᠢᠳᠠᠯᠠᠢ ᠲᠣᠰ ᠰᠣᠷᠭᠠᠭᠤᠯᠢ ᠶᠢᠨ ᠳᠠᠷᠤᠭ᠎ᠠ ᠶᠢᠨ ᠠᠵᠢᠯ | ᠢ ᠬᠠᠷᠢᠭᠤᠴᠠᠵᠣ᠂ ᠪᠥᠷᠢᠨᠴᠢᠯᠠᠭᠤ᠂ ᠪᠢᠯᠢᠭᠲᠦ᠂ ᠰᠠᠷᠠᠨ᠂ ᠭᠠᠷᠪᠣᠣ᠂ ᠰᠣᠷᠲᠠᠯᠲᠣ᠂ ᠪᠥᠬᠡᠪᠠᠶᠠᠷ᠂ ᠪᠥᠷᠢᠨᠪᠡᠭᠠᠲᠣᠷ᠂ | ᠣᠳᠣᠨᠭᠤᠸᠠ᠂ ᠶᠠᠨ ᡁᠢ᠂ ᠮᠧᠢ ᠷᠥᠩ᠂ ᠬᠠᠰᠴᠢᠯᠠᠭᠤ ᠵᠡᠷᠭᠡ ᠪᠠᠭᠰᠢ ᠬᠡᠥᠬᠡᠳ ᠤᠨ ᠠᠩᠭᠢ ᠠᠴᠠ 5 ᠣᠨ ᠢ | ᠡᠷᠬᠢᠯᠡᠵᠥ᠂ 105 ᠰᠣᠷᠣᠭᠴᠢ ᠶᠢ ᠵᠢᠭᠠᠵᠣ ᠪᠠᠶᠢᠵᠠᠢ᠃ 1998ᠣᠨ ᠳᠤ ᠬᠤᠰᠢᠭᠤᠨ ᠤ ᠵᠠᠮ ᠬᠠᠷᠢᠯᠴᠠᠭᠠᠨ ᠤ | ᠲᠣᠪᠴᠢᠶ᠎ᠠ ᠪᠠ ᠭᠠᠴᠠᠭᠠᠨ ᠤ ᠬᠠᠪᠰᠣᠷᠣᠯᠭ᠎ᠠ ᠳᠡᠮᠵᠢᠯᠭᠡ ᠪᠠᠷ ᠬᠠᠭᠤᠴᠢᠷᠠᠭᠰᠠᠨ 12 ᠲᠠᠰᠣᠯᠭ᠎ᠠ ᠭᠡᠷ ᠤᠨ ᠳᠣᠲᠣᠷ᠎ᠠ | ᠭᠠᠳᠠᠨᠠᠬᠢ ᠶᠢ ᠰᠢᠨᠡᠳᠭᠡᠨ ᠰᠡᠯᠪᠢᠨ ᠵᠠᠰᠠᠵᠣ᠂ ᠰᠣᠷᠭᠠᠭᠤᠯᠢ ᠶᠢᠨ ᠬᠤᠷᠢᠶᠠᠨ ᠤ ᠡᠮᠥᠨ᠎ᠡ ᠬᠡᠷᠡᠮ ᠢ ᠲᠣᠭᠤᠰᠬ᠎ᠠ ᠪᠠᠷ | ᠪᠠᠷᠢᠵᠣ᠂ ᠬᠤᠷᠢᠶᠠᠨ ᠳᠤ ᠪᠠᠨ ᠰᠢᠨ᠎ᠡ ᠲᠡᠮᠥᠷ ᠡᠭᠦᠳᠡ ᠲᠠᠭᠠᠷᠠᠭᠤᠯᠵᠣ᠂ ᠰᠣᠷᠭᠠᠭᠤᠯᠢ ᠶᠢᠨ ᠥᠩᠭᠡ ᠳᠥᠷᠰᠥ ᠶᠢ | ᠰᠠᠶᠢᠵᠢᠷᠠᠭᠤᠯᠣᠨ ᠣᠯᠠᠨ ᠤ ᠬᠥᠷᠢᠶᠡᠯᠡᠯ ᠢ ᠣᠯᠣᠭᠰᠠᠨ ᠪᠠᠶᠢᠨ᠎ᠠ᠃ 1999 ᠣᠨ ᠤ ᠵᠣᠨ ᠬᠤᠶᠠᠷ ᠬᠤᠸᠠᠷ ᠤᠨ | ᠣᠩᠭᠤᠴᠠ ᠪᠠᠷᠢᠵᠠᠢ᠃ ᠲᠣᠰ ᠵᠢᠯ ᠤᠨ 9 ᠰᠠᠷ᠎ᠠ ᠳᠤ 4᠂ 5 ᠣᠨ ᠤ ᠰᠣᠷᠣᠭᠴᠢ ᠶᠢ ᠬᠠᠪᠴᠢᠯ ᠰᠣᠷᠭᠠᠭᠤᠯᠢ | ᠳᠤ ᠰᠢᠯᠵᠢᠭᠦᠯᠥᠭᠰᠡᠨ ᠪᠠᠶᠢᠨ᠎ᠠ᠃ | 1997 — 1999 ᠣᠨ ᠤ ᠥᠶ᠎ᠡ ᠪᠠᠷ ᠰᠣᠷᠭᠠᠭᠤᠯᠢ ᠳᠤ 60 ᠮᠥ ᠲᠠᠷᠢᠶ᠎ᠠ ᠲᠠᠢ ᠪᠠᠶᠢᠵᠠᠢ᠃ | 1998 ᠣᠨ ᠳᠤ ᠰᠣᠷᠭᠠᠭᠤᠯᠢ ᠶᠢᠨ ᠬᠠᠭᠤᠴᠢᠨ 6 ᠲᠠᠰᠣᠯᠭ᠎ᠠ ᠭᠡᠷ ᠢ ᠶᠡᠷᠥᠩᠬᠡᠢ ᠰᠣᠷᠭᠠᠭᠤᠯᠢ ᠪᠠ ᠭᠠᠴᠠᠭᠠᠨ | ᠵᠥᠪᠯᠡᠯ ᠲᠠᠢ ᠶᠠᠷᠢᠯᠴᠠᠨ 5000 ᠲᠥᠭᠦᠷᠢᠭ ᠢᠶᠠᠷ ᠬᠤᠳᠠᠯᠳᠣᠭᠰᠠᠨ ᠵᠣᠭᠤᠰ ᠪᠠ ᠠᠵᠢᠯᠴᠢ ᠠᠷᠪᠢᠴᠢ ᠪᠠᠷ | ᠰᠣᠷᠭᠠᠭᠤᠯᠢ ᠪᠠᠨ ᠪᠥᠲᠥᠭᠡᠨ ᠪᠠᠶᠢᠭᠤᠯᠣᠭᠰᠠᠨ ᠣᠷᠣᠯᠭ᠎ᠠ ᠪᠠᠨ ᠪᠥᠬᠦᠨ ᠢ ᠰᠣᠷᠭᠠᠭᠤᠯᠢ ᠶᠢᠨ ᠪᠥᠲᠥᠭᠡᠨ | ᠪᠠᠶᠢᠭᠤᠯᠣᠯᠲᠠ ᠪᠠ ᠵᠢᠭᠠᠨ ᠰᠣᠷᠭᠠᠯᠲᠠ ᠳᠤ ᠥᠢᠯᠡᠴᠢᠯᠡᠭᠦᠯᠥᠭᠰᠡᠨ ᠪᠠᠶᠢᠨ᠎ᠠ᠃ | 1999 ᠣᠨ ᠤ 9 ᠰᠠᠷ᠎ᠠ ᠠᠴᠠ ᠡᠬᠢᠯᠡᠵᠥ᠂ ᠰᠣᠷᠭᠠᠭᠤᠯᠢ ᠨᠢ ᠴᠡᠴᠡᠷᠯᠢᠭ᠂ 1— 3 ᠣᠨ ᠢ | ᠡᠷᠬᠢᠯᠡᠵᠥ᠂ ᠬᠡᠥᠬᠡᠳ ᠤᠨ ᠠᠩᠭᠢ 4ᠰᠣᠷᠣᠭᠴᠢ᠂ ᠨᠢᠭᠡᠳᠥᠭᠡᠷ ᠣᠨ 9 ᠰᠣᠷᠣᠭᠴᠢ᠂ ᠬᠤᠶᠠᠳᠣᠭᠠᠷ ᠣᠨ | 15ᠰᠣᠷᠣᠭᠴᠢ᠂ ᠭᠤᠷᠪᠠᠳᠣᠭᠠᠷᠣᠨ 12ᠰᠣᠷᠣᠭᠴᠢ᠃ ᠨᠡᠶᠢᠲᠡ 40 ᠰᠣᠷᠣᠭᠴᠢ ᠶᠢ ᠵᠢᠭᠠᠵᠣ ᠪᠠᠶᠢᠵᠠᠢ᠃ | 2000 ᠣᠨ ᠤ 9 ᠰᠠᠷ᠎ᠠ ᠳᠤ ᠰᠣᠷᠭᠠᠭᠤᠯᠢ ᠶᠢᠨ ᠨᠠᠰᠣᠨ ᠠᠴᠠ ᠡᠮᠣᠨᠡᠬᠢ ᠬᠡᠥᠬᠡᠳ ᠤᠨ ᠠᠩᠭᠢ 8 | ᠰᠣᠷᠣᠭᠴᠢ᠂ ᠨᠢᠭᠡᠳᠥᠭᠡᠷ ᠣᠨ 4 ᠰᠣᠷᠣᠭᠴᠢ᠂ ᠬᠤᠶᠠᠳᠣᠭᠠᠷ ᠣᠨ 9 ᠰᠣᠷᠣᠭᠴᠢ᠂ ᠭᠤᠷᠪᠠᠳᠣᠭᠠᠷ ᠣᠨ | 15ᠰᠣᠷᠣᠭᠴᠢ᠃ ᠨᠡᠶᠢᠲᠡ 36ᠰᠣᠷᠣᠭᠴᠢ ᠲᠠᠢ ᠪᠠᠶᠢᠵᠠᠢ᠃ ᠡᠷᠳᠡᠨᠢᠳᠠᠯᠠᠢ ᠬᠠᠷᠢᠭᠤᠴᠠᠨ ᠪᠥᠷᠢᠨᠪᠡᠳᠥ᠂ ᠰᠠᠷᠠᠨ᠂ | ᠪᠥᠷᠢᠨᠪᠠᠭᠠᠲᠣᠷ᠂ ᠶᠣᠸᠠᠮᠪᠣᠣ ᠵᠡᠷᠭᠡ ᠲᠠᠪᠣᠨ ᠪᠠᠭᠰᠢ ᠪᠠᠭᠰᠢᠯᠠᠵᠣ ᠪᠠᠶᠢᠪᠠ᠃ 1999ᠣᠨ ᠳᠤ ︽ᠬᠤᠶᠠᠷ | ᠥᠨᠳᠥᠰᠥᠨ︾ ᠤ ᠠᠵᠢᠯ ᠢ ᠬᠢᠭᠡᠳ ᠳᠠᠪᠠᠭᠤ ᠪᠥᠲᠥᠮᠵᠢ ᠶᠢ ᠣᠯᠵᠠᠢ᠃ ᠵᠢᠭᠠᠨ ᠰᠣᠷᠭᠠᠬᠤ ᠠᠵᠢᠯ ᠤᠨ ᠲᠠᠯ᠎ᠠ ᠪᠠᠷ | ᠢᠯᠡᠳᠲᠡ ᠲᠡᠭᠡᠭᠰᠢᠯᠡᠵᠥ᠂ ᠬᠡᠪ ᠴᠢᠨᠡᠷ ᠤᠨ ᠰᠣᠷᠭᠠᠨ ᠬᠥᠮᠥᠵᠢᠯ ᠤᠨ ᠲᠠᠯ᠎ᠠ ᠪᠠᠷ ᠵᠣᠬᠢᠬᠤ ᠠᠮᠵᠢᠯᠲᠠ ᠶᠢ ᠣᠯᠵᠠᠢ᠃ | | 2001 ᠣᠨ ᠠᠴᠠ 2004 ᠣᠨ ᠤ 10 ᠰᠠᠷ᠎ᠠ ᠪᠣᠯᠲᠠᠯ᠎ᠠ ᠡᠷᠳᠡᠨᠢᠳᠠᠯᠠᠢ ᠬᠠᠷᠢᠭᠤᠴᠠᠨ ᠪᠥᠷᠢᠨᠪᠡᠳᠥ᠂ | ᠰᠠᠷᠠᠨ᠂ ᠶᠣᠸᠠᠮᠪᠣᠣ᠂ ᠪᠥᠷᠢᠨᠪᠠᠭᠠᠲᠣᠷ᠂ ᠡᠷᠳᠡᠨᠢᠪᠢᠯᠢᠭ᠂ ᠵᠣᠣ ᠰᠠᠷᠠᠨ᠎ᠠ᠂ ᠴᠢᠳᠠᠯᠲᠣ ᠵᠡᠷᠭᠡ ᠪᠠᠭᠰᠢ ᠣᠷᠢᠳ | ᠬᠤᠵᠢᠳ ᠪᠠᠭᠰᠢᠯᠠᠵᠣ᠂ ᠪᠡᠯᠡᠳᠭᠡᠯ ᠠᠩᠭᠢ ᠪᠠ 1— 3 ᠣᠨ ᠳᠤ 30 — 40 ᠰᠣᠷᠣᠭᠴᠢ ᠪᠠᠶᠢᠵᠠᠢ᠃ | 2004 ᠣᠨ ᠤ 10ᠰᠠᠷ᠎ᠠ ᠳᠤ ᠡᠷᠳᠡᠨᠢᠳᠠᠯᠠᠢ ᠪᠠᠭᠰᠢ ᠰᠢᠨᠡᠬᠤᠲᠠ ᠰᠣᠷᠭᠠᠭᠤᠯᠢ ᠳᠤ ᠠᠵᠢᠯ ᠰᠢᠯᠵᠢᠵᠥ᠂ | ᠲᠥᠪᠰᠢᠨᠵᠢᠷᠭᠠᠯ ᠢᠷᠠᠵᠣ ᠰᠣᠷᠭᠠᠭᠤᠯᠢ ᠶᠢᠨ ᠠᠵᠢᠯ ᠢ ᠲᠥᠷ ᠣᠷᠣᠯᠠᠨ ᠬᠠᠷᠢᠭᠤᠴᠠᠭᠰᠠᠨ ᠪᠠᠶᠢᠨ᠎ᠠ᠃ | 2005 — 2007 ᠣᠨ ᠤ 8 ᠰᠠᠷ᠎ᠠ ᠪᠣᠯᠲᠠᠯ᠎ᠠ ᠲᠥᠪᠰᠢᠨᠵᠢᠷᠭᠠᠯ ᠬᠠᠷᠢᠭᠤᠴᠠᠵᠣ ᠪᠥᠷᠢᠨᠪᠡᠳᠥ᠂ | ᠰᠠᠷᠠᠨ᠂ ᠴᠢ ᠱᠢ ᠯᠢᠥ᠂ ᠵᠣᠣ ᠰᠠᠷᠠᠨ᠎ᠠ᠂ ᠴᠢᠩ ᠮᠧᠢ ᠵᠡᠷᠭᠡ ᠪᠠᠭᠰᠢ ᠠᠵᠢᠯᠯᠠᠵᠣ ᠪᠠᠶᠢᠪᠠ᠃ ᠪᠡᠯᠡᠳᠭᠡᠯ ᠠᠩᠭᠢ | ᠠᠴᠠ 1᠂ 2 ᠳ᠋ᠣᠭᠠᠷ ᠣᠨ 16 — 20 ᠰᠣᠷᠣᠭᠴᠢ ᠲᠠᠢ ᠪᠠᠶᠢᠵᠠᠢ᠃ 2005 ᠣᠨ ᠤ 9 ᠰᠠᠷ᠎ᠠ ᠳᠤ | ᠪᠥᠷᠢᠨᠪᠡᠳᠥ ᠪᠠᠭᠰᠢ ᠶᠢ ᠬᠠᠪᠴᠢᠯ ᠰᠣᠷᠭᠠᠭᠤᠯᠢ ᠳᠤ ᠠᠵᠢᠯ ᠰᠢᠯᠵᠢᠭᠦᠯᠪᠡ᠃ | 2007 ᠣᠨ ᠤ ᠨᠠᠮᠣᠷ 1᠂ 2 ᠣᠨ ᠢ ᠬᠠᠪᠴᠢᠯ ᠰᠣᠷᠭᠠᠭᠤᠯᠢ ᠳᠤ ᠰᠢᠯᠵᠢᠭᠦᠯᠪᠡ᠃ | 2007 ᠣᠨ ᠤ 9 ᠰᠠᠷ᠎ᠠ ᠳᠤ ᠪᠥᠷᠢᠨᠪᠡᠳᠥ ᠪᠠᠭᠰᠢ ᠶᠢ ᠲᠣᠰ ᠰᠣᠷᠭᠠᠭᠤᠯᠢ ᠳᠤ ᠠᠵᠢᠯ ᠰᠢᠯᠵᠢᠭᠦᠯᠥᠨ | ᠬᠠᠷᠢᠭᠤᠴᠠᠭᠤᠯᠵᠣ ᠲᠥᠪᠰᠢᠨᠵᠢᠷᠭᠠᠯ᠂ ᠵᠣᠣ ᠰᠠᠷᠠᠨ᠎ᠠ ᠶᠢ ᠬᠠᠪᠴᠢᠯ ᠰᠣᠷᠭᠠᠭᠤᠯᠢ ᠳᠤ ᠠᠵᠢᠯ ᠰᠢᠯᠵᠢᠭᠦᠯᠵᠥ | ᠡᠷᠳᠡᠨᠢᠳᠠᠯᠠᠢ᠂ ᠴᠢ ᠱᠢ ᠯᠢᠥ᠂ ᠰᠠᠷᠠᠨ᠂ ᠾᠥᠩ ᠮᠧᠢ ︵ᠣᠷᠣᠯᠠᠭᠴᠢ ᠪᠠᠭᠰᠢ︶᠂ ᠠᠰᠠᠨ᠎ᠠ ︵ᠣᠷᠣᠯᠠᠭᠴᠢ ᠪᠠᠭᠰᠢ | ︶ ᠵᠡᠷᠭᠡ ᠪᠠᠭᠰᠢ ᠠᠵᠢᠯᠯᠠᠵᠣ ᠪᠠᠶᠢᠪᠠ᠃ ᠰᠡᠭᠦᠯᠡᠷ ᠨᠢ ᠣᠷᠣᠯᠠᠭᠴᠢ ᠪᠠᠭᠰᠢ ᠶᠢ ᠬᠡᠷᠡᠭᠯᠡᠬᠦ ᠪᠠᠨ ᠪᠠᠶᠢᠵᠠᠢ᠃ | 2007ᠣᠨ ᠤ 9 ᠰᠠᠷ᠎ᠠ ᠠᠴᠠ 2012ᠣᠨ ᠤ 4ᠰᠠᠷ᠎ᠠ ᠪᠣᠯᠲᠠᠯ᠎ᠠ ᠪᠡᠯᠡᠳᠭᠡᠯ ᠠᠩᠭᠢ ᠨᠢ 8 — 18 | ᠰᠣᠷᠣᠭᠴᠢ ᠶᠢ ᠪᠠᠲᠣᠯᠠᠵᠣ᠂ ᠪᠠᠭ᠎ᠠ ᠰᠣᠷᠭᠠᠭᠤᠯᠢ ᠶᠢᠨ ᠰᠣᠷᠭᠠᠨ ᠬᠥᠮᠥᠵᠢᠯ ᠤᠨ ᠰᠠᠭᠤᠷᠢ ᠶᠢ ᠲᠥᠯᠥᠪᠯᠡᠭᠡ ᠲᠠᠢ᠂ | ᠬᠠᠷᠠᠯᠲᠠ ᠲᠠᠢ ᠪᠠᠷ ᠨᠡᠯᠢᠶᠡᠳ ᠰᠠᠶᠢᠨ ᠲᠠᠯᠪᠢᠵᠠᠢ᠃ | | | ᠪᠠᠯᠳᠠᠨᠰᠠᠩᠪᠪᠤᠦ ᠠᠴᠠ ᠬᠠᠩᠭᠠᠪᠠ᠃ |