| ᠠᠪᠤ ᠶᠢᠨ ᠬᠠᠶᠢᠷ᠎ᠠ | | ᠭᠡᠭᠡᠨᠵᠤᠯᠠ | | ᠨᠠᠳᠠ ᠳᠤ ᠶᠡᠷᠦ ᠠᠴᠠ ᠭᠡᠤᠭᠡᠯᠳᠠᠢ ᠪᠠᠶᠢᠬᠰᠠᠨ ᠦᠭᠡᠢ᠃ ᠤᠴᠢᠷ ᠨᠢ ᠪᠢ ᠪᠠᠭ᠎ᠠ ᠠᠴᠠ ᠪᠠᠨ ᠭᠦᠤᠴᠤᠤᠯ | ᠲᠠᠢ ᠴᠤᠭ ᠨᠠᠭᠠᠳᠴᠦ ᠲᠤᠬᠯᠠᠬᠤ ᠲᠤᠷᠠᠳᠠᠢ᠃ ᠤᠳᠤ ᠲᠡᠶᠢᠮᠦ ᠪᠢᠰᠢ ᠪᠤᠯᠵᠠᠢ᠂ ᠪᠢ ᠭᠡᠤᠭᠡᠯᠳᠠᠢ ᠠᠪᠤᠶ᠎ᠠ ᠭᠡᠵᠦ | ᠮᠠᠰᠢ ᠶᠡᠭᠡ ᠪᠤᠳᠤᠨ᠎ᠠ᠃ ᠲᠡᠭᠡᠭᠡᠳ ᠡᠨᠡ ᠤᠳᠠᠭ᠎ᠠ ᠲᠡᠭᠦᠦ ᠪᠠᠨ ᠦᠵᠡᠭᠦ ᠵᠠᠪᠰᠢᠶᠠᠨ ᠢᠶᠠᠷ ᠨᠢᠭᠡ ᠭᠡᠤᠭᠡᠯᠳᠠᠢ ᠠᠪᠤᠯ᠎ᠠ | ᠃ | ᠲᠡᠷᠡ ᠨᠢ ᠨᠢᠭᠡᠨ ᠭᠠᠷᠠᠭ ᠤᠨ ᠠᠮᠠᠷᠠᠯᠳᠠ ᠪᠠᠶᠢᠵᠦ ᠪᠢᠯᠠ᠃ ᠪᠢ ᠠᠪᠤ ᠲᠠᠢ ᠪᠠᠨ ᠬᠤᠶᠠᠭᠤᠯᠠ ᠲᠡᠭᠦᠦ | ᠪᠠᠨ ᠦᠵᠡᠭᠡᠳ ᠢᠷᠡᠭᠦ ᠵᠠᠮ ᠳᠤ ᠪᠠᠨ ᠲᠡᠯᠭᠡᠭᠦᠷ ᠲᠤ ᠤᠷᠤᠵᠦ ᠠᠪᠤ ᠨᠠᠳᠠ ᠳᠤ ᠭᠡᠤᠭᠡᠯᠳᠠᠢ ᠠᠪᠴᠦ ᠦᠭᠭᠦ ᠪᠠᠷ | ᠪᠤᠯᠪᠠ᠃ ᠲᠡᠭᠡᠭᠡᠳ ᠡᠨᠡᠭᠦ ᠭᠡᠤᠭᠡᠯᠳᠠᠢ ᠶᠢ ᠠᠪᠬᠤ ᠶᠢᠨ ᠲᠦᠯᠦᠭᠡ ᠲᠠᠪᠤᠨ ᠲᠡᠯᠭᠡᠭᠦᠷ ᠲᠤᠭᠤᠷᠢᠵᠦ ᠪᠠᠶᠢᠭᠠᠳ ᠰᠠᠶ᠋ᠢ | ᠤᠯᠤᠬᠰᠠᠨ ᠮᠦᠷᠳᠡᠭᠡᠨ ᠠᠪᠤ ᠲᠠᠢ ᠪᠠᠨ ᠡᠰᠡ ᠯᠠ ᠭᠡᠷ ᠲᠤ ᠪᠠᠨ ᠬᠠᠷᠢᠬᠤ ᠲᠡᠷᠭᠡᠨ ᠳᠤ ᠰᠠᠭᠤᠬᠤ ᠠᠴᠠ ᠬᠤᠴᠦᠷᠬᠤ | ᠰᠢᠬᠠᠬᠰᠠᠨ᠃ ᠪᠢ ᠭᠠᠴᠢᠬᠳᠠᠵᠦ ᠰᠠᠨᠳᠤᠷᠬᠤ ᠳᠤ ᠠᠪᠤ ᠮᠢᠨᠢ ᠬᠠᠷᠢᠨ ︽ᠬᠠᠮᠢᠶ᠎ᠠ ᠦᠭᠡᠢ᠂ ᠬᠤᠴᠤᠷᠪᠠᠯ ᠪᠠᠰᠠ ᠨᠢᠭᠡ | ᠬᠤᠨᠤᠭᠠᠳ ᠶᠠᠪᠤᠴᠢᠬᠠᠬᠤ ᠦᠭᠡᠢ ᠤᠤ︾ ᠭᠡᠨ᠎ᠡ᠃ ᠮᠢᠨᠦ ᠲᠦᠷᠦᠭᠰᠡᠨ ᠡᠳᠦᠷ ᠠᠪᠤ ᠮᠢᠨᠢ ᠨᠠᠳᠠ ᠳᠤ ᠪᠠᠰᠠ ᠨᠢᠭᠡ | ᠭᠡᠤᠭᠡᠯᠳᠠᠢ ᠠᠪᠴᠦ ᠦᠭᠪᠡ᠃ ᠮᠢᠨᠦ ᠪᠠᠶᠠᠷᠯᠠᠬᠰᠠᠨ ᠢ ᠦᠭᠡ ᠪᠠᠷ ᠵᠦᠢᠷᠯᠡᠭᠦ ᠳᠤ ᠪᠡᠷᠭᠡ᠃ ᠡᠭᠦᠨ ᠳᠤ ᠠᠪᠤ ᠮᠢᠨᠢ | ᠨᠠᠳᠠ ᠳᠤ ︽ᠪᠢᠴᠢᠭ ᠢᠶᠠᠨ ᠰᠠᠶᠢᠨ ᠰᠤᠷᠪᠠᠯ ᠨᠢᠭᠡ ᠪᠦᠳᠦᠭᠦᠨ ᠭᠡᠤᠭᠡᠯᠳᠠᠢ ᠠᠪᠴᠦ ᠦᠭᠭᠦᠨ᠎ᠡ︾ ᠭᠡᠯᠡ᠃ ᠡᠨᠡ | ᠪᠠᠶᠢᠳᠠᠯ ᠢ ᠦᠵᠡᠭᠰᠡᠨ ᠡᠮᠡᠭᠡ᠄ ︽ᠭᠡᠤᠭᠡᠳ ᠢ ᠭᠡᠳᠦᠷᠭᠡᠢ ᠰᠤᠯᠠ ᠲᠠᠯᠪᠢᠵᠦ ᠪᠠᠶᠢᠨ᠎ᠠ︾ ᠭᠡᠭᠦ ᠳᠤ ᠠᠪᠤ ᠮᠢᠨᠢ᠄ ︽ | ᠬᠠᠮᠢᠶ᠎ᠠ ᠦᠭᠡᠢ᠂ ᠭᠡᠤᠭᠡᠳ ᠪᠠᠭ᠎ᠠ ᠪᠠᠶᠢᠬᠰᠠᠭᠠᠷ︾ ᠭᠡᠵᠦ ᠭᠡᠯᠡᠳᠡᠭ᠃ ᠠᠪᠤ ᠮᠢᠨᠢ ᠨᠠᠳᠠ ᠳᠤ ᠲᠤᠩ ᠶᠡᠭᠡ | ᠬᠠᠶᠢᠷᠠᠳᠠᠢ ᠶᠤᠮ ᠪᠠᠶᠢᠨ᠎ᠠ᠂ ᠪᠢ ᠡᠨᠡ ᠲᠡᠷᠡ ᠢ ᠠᠪᠤᠨ᠎ᠠ ᠭᠡᠭᠰᠡᠭᠡᠷ ᠠᠪᠤ ᠮᠢᠨᠢ ᠠᠪᠴᠦ ᠦᠭᠳᠡᠭ᠃ ᠤᠬᠠᠭᠠᠨ ᠦᠭᠡᠢ | ᠂ ᠲᠤᠮᠤᠭ᠎ᠠ ᠦᠭᠡᠢ ᠠᠭᠠᠰᠢᠯᠠᠪᠠᠯ ᠰᠠᠶᠢᠬᠠᠨ ᠦᠭᠡ ᠪᠠᠷ ᠠᠷᠭᠠᠳᠠᠵᠦ ᠰᠠᠭᠠᠳᠠᠭᠤᠯᠳᠠᠭ᠃ ᠰᠤᠷᠭᠠᠭᠤᠯᠢ ᠲᠠᠷᠬᠠᠭᠠᠳ | ᠭᠡᠷ ᠲᠤ ᠪᠠᠨ ᠬᠠᠷᠢᠪᠠᠯ ︽ᠤᠷᠤᠯᠭ᠎ᠠ ᠴᠢᠨᠢ ᠶᠠᠮᠠᠷ ᠪᠠᠶᠢᠨ᠎ᠠ︖ ᠬᠢᠷᠢ ᠵᠡᠷᠭᠡ ᠪᠠᠶᠢᠨ᠎ᠠ︖︾ ᠭᠡᠭᠦ ᠮᠡᠳᠦᠴᠢᠯᠡᠨ | ᠬᠠᠯᠠᠮᠵᠢᠯᠠᠨ ᠠᠰᠠᠭᠤᠳᠠᠭ᠃ ᠪᠢ ᠵᠠᠷᠢᠮ ᠳᠤ ᠪᠠᠨ ︽ᠲᠠᠪᠠᠭᠤ ᠪᠠᠶᠢᠨ᠎ᠠ᠂ ᠶᠡᠭᠡ ᠰᠠᠶᠢᠨ ᠪᠠᠶᠢᠨ᠎ᠠ︾ ᠭᠡᠪᠡᠯ ᠠᠪᠤ | ᠮᠢᠨᠢ ᠴᠦ ᠲᠠᠭᠠᠭᠠᠳ ᠪᠠᠶᠠᠷᠯᠠᠳᠠᠭ᠃ ᠵᠠᠷᠢᠮ ᠳᠤ ᠪᠠᠨ ︽ᠭᠤᠷᠢ ᠦᠭᠡᠢ ᠪᠠᠶᠢᠨ᠎ᠠ᠂ ᠭᠦᠴᠢᠷᠳᠡᠵᠦ ᠪᠠᠶᠢᠨ᠎ᠠ︾ ᠭᠡᠪᠡᠯ | ᠠᠪᠤ ᠮᠢᠨᠢ᠄ ︽ᠭᠡᠤᠭᠡ᠂ ᠴᠢᠷᠮᠠᠢ ᠳ᠋ᠠ᠂ ᠠᠪᠤ ᠲᠠᠢ ᠪᠠᠨ ᠠᠳᠠᠯᠢ ᠨᠢᠭᠡ ᠮᠠᠯᠴᠢᠨ ᠪᠤᠯᠪᠠᠯ ᠠᠮᠠᠷ ᠦᠭᠡᠢ ᠰᠢᠦ ᠳ᠋ᠠ︾ | ᠭᠡᠵᠦ ᠭᠡᠯᠡᠳᠡᠭ᠃ | ᠠᠪᠤ ᠮᠢᠨᠢ ᠨᠠᠳᠠ ᠳᠤ ᠲᠤᠩ ᠬᠠᠶᠢᠷᠠᠳᠠᠢ᠃ ᠦᠷ᠎ᠡ ᠨᠠᠳᠠ ᠶᠢ ᠪᠠᠨ ᠰᠠᠶᠢᠨ ᠰᠠᠶᠢᠬᠠᠨ ᠢᠷᠡᠭᠡᠳᠦᠢ ᠲᠠᠢ | ᠪᠤᠯᠤᠭᠠᠰᠠᠢ ᠭᠡᠵᠦ ᠭᠦᠰᠡᠨ ᠲᠠᠭᠠᠳᠬᠠᠳᠠᠭ᠃ ᠪᠢ ᠴᠦ ᠠᠪᠤ ᠳᠤ ᠪᠠᠨ ᠬᠠᠶᠢᠷᠠᠳᠠᠢ᠂ ᠠᠪᠤ ᠶᠢᠨ ᠭᠦᠰᠡᠯ ᠢ | ᠭᠦᠰᠡᠷᠳᠡᠭᠦᠯᠭᠦ ᠦᠭᠡᠢ ᠶᠢᠨ ᠲᠦᠯᠦᠭᠡ ᠴᠢᠷᠮᠠᠶᠢᠨ ᠰᠤᠷᠤᠯᠴᠠᠨ᠎ᠠ᠃ | ᠠᠪᠤ ᠡ᠂ ᠪᠢ ᠲᠠᠠ ᠳᠤ ᠬᠠᠶᠢᠷᠠᠳᠠᠢ᠃ | ᠲᠠᠪᠤ ᠶᠢᠨ ᠨᠢᠭᠡ | |