| | ᠡᠮᠡᠭᠡ ᠪᠢᠳᠡ ᠬᠤᠶᠠᠷ | | ᠴᠠᠬᠢᠯᠤᠯ | | | ᠨᠠᠮ᠎ᠠ ᠶᠢ ᠠᠮᠳᠠᠳᠤ ᠨᠤᠶᠢᠷ ᠠᠴᠠ ᠪᠠᠨ ᠰᠤᠴᠢᠨ ᠰᠠᠷᠡᠭᠦ ᠳᠤ ᠡᠮᠡᠭᠡ ᠪᠠᠶᠢᠬᠰᠠᠨ ᠦᠭᠡᠢ᠂ ᠤᠷᠤ | ᠲᠡᠪᠢᠰᠭᠡᠷ ᠢᠶᠠᠨ ᠴᠦ ᠲᠡᠷᠢ ᠲᠡᠭᠰᠢ ᠬᠤᠷᠢᠶᠠᠴᠢᠬᠠᠬᠰᠠᠨ ᠪᠠᠶᠢᠯ᠎ᠠ᠃ ᠦᠴᠦᠭᠡᠳᠦᠷ ᠤᠷᠤᠢ ᠶᠢᠨ ᠡᠮᠡᠭᠡ ᠳᠤ | ᠦᠵᠡᠭᠦᠯᠦᠭᠰᠡᠨ ᠬᠦᠬᠢᠭᠦᠯᠦᠯ ᠤᠳ ᠪᠠᠷᠠᠭᠤᠨ ᠬᠠᠶᠠᠭᠠᠨ ᠤ ᠢᠷᠦᠭᠠᠷ ᠢᠶᠠᠷ ᠤᠨᠳᠤᠢ ᠰᠤᠨᠳᠤᠢ ᠭᠡᠪᠳᠡᠵᠡᠭᠡᠨ ᠶᠠᠭ ᠯᠠ | ᠨᠠᠮ᠎ᠠ ᠶᠢ《 ᠠᠶᠢᠯᠤᠤ ᠠᠶᠢᠯᠤᠤ ᠨᠠᠷᠠ ᠭᠠᠷᠳᠠᠯ᠎ᠠ ᠤᠨᠳᠠᠴᠢᠬᠠᠯ᠎ᠠ》 ᠭᠡᠵᠦ ᠡᠯᠡᠭᠯᠡᠨ ᠲᠤᠭᠤᠬᠢᠯᠠᠵᠦ ᠪᠠᠶᠢᠭ᠎ᠠ ᠰᠢᠭ᠋ | ᠬᠠᠷᠠᠬᠳᠠᠪᠠ᠃ | ᠪᠢ ᠰᠡᠩᠳᠡ ᠮᠠᠩᠳᠡ ᠬᠤᠪᠴᠠᠯᠠᠭᠠᠳ ᠭᠠᠷᠪᠠᠯ ᠵᠤᠨ ᠤ ᠦᠷᠯᠦᠭᠡ ᠶᠢᠨ ᠬᠤᠷᠴᠠ ᠨᠠᠷᠠ ᠨᠢᠳᠦ | ᠬᠢᠯᠠᠰᠠᠭᠤᠯᠤᠨ᠂ ᠪᠠᠷᠠᠭᠤᠨ ᠠᠭᠤᠯᠠ ᠶᠢᠨ ᠬᠠᠵᠠᠭᠤ ᠪᠠᠷ ᠦᠭᠡᠷ ᠤᠨ ᠮᠦᠭᠡᠷᠡᠭᠦ ᠲᠠᠭᠤᠨ ᠲᠠᠰᠤᠭ ᠪᠤᠰᠤᠭ | ᠰᠤᠨᠤᠰᠳᠠᠨ᠎ᠠ᠃ | ᠴᠢᠬᠢ ᠲᠠᠯᠪᠢᠨ ᠴᠢᠩᠨᠠᠪᠠᠯ ᠲᠤᠳᠤᠷ ᠭᠦᠷᠢᠶᠡᠨ ᠳᠤ ᠡᠮᠡᠭᠡ ᠶᠢᠨ ᠦᠨᠢᠶ᠎ᠡ ᠰᠠᠭᠠᠵᠦ ᠪᠠᠶᠢᠭ᠎ᠠ ᠲᠠᠭᠤᠨ | ᠦᠨᠢᠶ᠎ᠡ ᠶᠢᠨ ᠤᠤᠨᠠᠬᠤ ᠲᠠᠭᠤᠨ ᠲᠠᠢ ᠨᠡᠶᠢᠯᠡᠯᠳᠦᠨ ᠨᠠᠳᠠ ᠳᠤ ᠲᠤᠩ ᠠᠶᠠᠳᠠᠢ ᠡᠭᠡᠯᠭᠡᠨ᠂ ᠰᠡᠳᠬᠢᠯ ᠳᠤ ᠶᠠᠭᠤ | ᠨᠢᠭᠡ ᠶᠠᠭᠤᠮ᠎ᠠ ᠪᠦᠵᠢᠭᠯᠡᠵᠦ ᠪᠠᠶᠢᠭ᠎ᠠ ᠰᠢᠭ᠋ ᠪᠠᠶᠢᠯ᠎ᠠ᠃ ᠨᠠᠮ᠎ᠠ ᠶᠢ ᠮᠡᠳᠡᠭᠰᠡᠨ ᠦᠭᠡᠢ ᠭᠡᠵᠦ ᠪᠤᠳᠤᠬᠰᠠᠨ ᠪᠢᠵᠠ᠂ | ᠡᠮᠡᠭᠡ ᠲᠤᠳᠤᠷ ᠭᠦᠷᠢᠶᠡᠨ ᠠᠴᠠ《 ᠭᠡᠤᠭᠡ ᠡ᠂ ᠡᠮᠡᠭᠡ ᠨᠢ ᠠᠳᠡ ᠪᠠᠶᠢᠨ᠎ᠠ》 ᠭᠡᠵᠦ ᠲᠤᠤᠭᠠᠷᠤᠯᠠ᠃ | ᠨᠠᠮ᠎ᠠ ᠶᠢ ᠲᠤᠳᠤᠷ ᠭᠦᠷᠢᠶᠡᠨ ᠳᠤ ᠤᠷᠤᠬᠤ ᠳᠤ ᠭᠦᠭᠡᠷᠦᠭᠦᠢ ᠪᠢᠴᠢᠬᠠᠨ ᠲᠤᠭᠤᠯ ᠨᠠᠮ᠎ᠠ ᠶᠢ ᠤᠯᠵᠦ | ᠦᠵᠡᠭᠰᠡᠨ ᠦᠭᠡᠢ᠃ ᠫᠧᠩ ᠤᠨ ᠲᠤᠯᠭᠠᠭᠤᠷᠢ ᠠᠴᠠ ᠤᠶᠠᠬᠰᠠᠨ ᠲᠤᠭᠤᠯ ᠤᠨ ᠲᠠᠳᠠᠭᠠᠷᠢ ᠪᠠᠨ ᠤᠬᠤᠷᠢᠨ | ᠤᠬᠤᠷᠢᠨ ᠴᠢᠩᠭᠠᠭᠠᠵᠦ ᠵᠢᠵᠢᠭ ᠤᠯᠠᠭᠠᠨ ᠭᠡᠯᠡ ᠨᠢ ᠪᠤᠯᠳᠠᠯᠵᠠᠨ ᠬᠠᠷᠠᠬᠳᠠᠨ᠎ᠠ᠃ ᠡᠮᠡᠭᠡ ᠵᠢᠵᠢᠭ ᠰᠠᠨᠳᠠᠯᠢ ᠲᠡᠭᠡᠷ᠎ᠡ | ᠰᠠᠭᠤᠭᠠᠳ ᠦᠨᠢᠶ᠎ᠡ ᠪᠠᠨ ᠰᠢᠪᠳᠤᠷᠤᠨ᠎ᠠ᠃ ᠦᠨᠦᠴᠢᠨ ᠬᠠᠷ᠎ᠠ ᠲᠦᠷᠦᠭᠦᠦ ᠬᠤᠷᠠᠭ᠎ᠠ ᠮᠢᠨᠢ ᠡᠮᠡᠭᠡ ᠶᠢᠨ ᠬᠤᠷᠮᠦᠢ | ᠬᠤᠬᠢ ᠶᠢ ᠢᠪᠢᠨ ᠡᠷᠬᠢᠯᠳᠦᠵᠦ᠂ ᠦᠯᠦᠨ ᠭᠡᠳᠡᠰᠦᠨ ᠳᠤ ᠪᠠᠨ ᠬᠠᠯᠠᠭᠤᠨ ᠰᠦ ᠤᠷᠤᠭᠤᠯᠬᠤ ᠶᠢ ᠭᠤᠷᠢᠳᠠᠨᠠ᠃ | ᠬᠠᠷ᠎ᠠ ᠲᠦᠷᠦᠭᠦᠦ ᠬᠤᠷᠠᠭ᠎ᠠ ᠶᠢᠨ ᠮᠢᠨᠢ ᠡᠭᠡ ᠨᠢ ᠶᠠᠭᠠᠬᠢᠬᠰᠠᠨ ᠢ ᠪᠤᠤ ᠮᠡᠳᠡ᠂ ᠲᠡᠭᠦᠨ ᠢ | ᠭᠠᠷᠠᠩᠭᠤᠳᠠ ᠭᠡᠨᠡᠳᠳᠡ ᠦᠭᠦᠴᠢᠭᠡᠯᠡ ᠭᠡᠰᠡᠨ᠃ | ᠪᠢ ᠬᠠᠷ᠎ᠠ ᠲᠦᠷᠦᠭᠦᠦ ᠬᠤᠷᠠᠭ᠎ᠠ ᠪᠠᠨ ᠡᠮᠡᠭᠡ ᠪᠠᠨ ᠰᠢᠭ ᠰᠠᠨᠠᠳᠠᠭ᠃ ᠦᠵᠡᠩᠭᠦᠳᠡ ᠪᠠᠨ ᠦᠨᠦᠴᠢᠨ | ᠬᠤᠷᠠᠭ᠎ᠠ ᠪᠠᠨ ᠲᠡᠪᠡᠷᠢᠨ ᠠᠪᠤᠯ᠎ᠠ᠃ ᠠᠳᠠᠭ ᠨᠢ ᠡᠭᠡ ᠶᠢᠨ ᠢᠶᠠᠨ ᠬᠠᠯᠠᠭᠤᠨ ᠤᠭᠤᠷᠠᠭ ᠢ ᠨᠢᠭᠡ ᠡᠮᠭᠦ ᠴᠦ ᠭᠡᠰᠡᠨ | ᠰᠢᠮᠡᠵᠦ ᠲᠡᠶᠢᠯᠦᠭᠰᠡᠨ ᠦᠭᠡᠢ ᠭᠦᠭᠡᠷᠦᠭᠦᠢ ᠠᠮᠢᠳᠠᠨ ᠰᠢᠦ ︕ | ᠲᠡᠭᠡᠭᠡᠳ ᠡᠮᠡᠭᠡ ᠪᠢᠳᠡ ᠬᠤᠶᠠᠷ ᠲᠤ ᠨᠢᠭᠡ ᠠᠮᠠ ᠪᠦᠯᠢ ᠨᠡᠮᠡᠭᠳᠡᠵᠦ ᠡᠮᠡᠭᠡ ᠤᠤᠯ ᠤᠨ ᠬᠢ ᠠᠴᠠ ᠪᠠᠨ | ᠬᠤᠯᠠ ᠢᠯᠡᠭᠦᠦ ᠶᠠᠭᠠᠷᠠᠤ ᠪᠤᠯᠵᠦ᠂ ᠪᠢ ᠴᠦ ᠤᠶᠢᠳᠴᠦ ᠭᠠᠭᠴᠠᠭᠠᠷᠳᠠᠬᠤ ᠦᠭᠡᠢ ᠪᠤᠯᠤᠬᠰᠠᠨ ᠶᠤᠮ᠃ | 《 ᠰᠠᠶᠢᠨ ᠨᠢᠭᠡ ᠤᠨᠳᠠ ᠭᠡᠭᠦᠯᠡᠷ ᠶᠠᠭᠠᠬᠢᠭᠠᠳ ᠡᠶᠢᠮᠦ ᠡᠷᠳᠡ ᠪᠤᠰᠴᠢᠬᠠᠬᠰᠠᠨ ᠪᠤᠢ︖》 ᠭᠡᠵᠦ | ᠡᠮᠡᠭᠡ ᠨᠠᠳᠠ ᠠᠴᠠ ᠠᠰᠠᠭᠤᠪᠠ᠃ | 《 ᠨᠠᠷᠠ ᠭᠠᠷᠴᠢᠬᠠᠬᠰᠠᠨ ᠪᠠᠶᠢᠳᠠᠯ᠎ᠠ…》 ᠭᠡᠵᠦ ᠨᠠᠮ᠎ᠠ ᠶᠢ ᠭᠡᠯᠡᠵᠦ ᠪᠠᠷᠠᠬᠤ ᠠᠴᠠ ᠡᠮᠦᠨ᠎ᠡ《 | ᠦᠴᠦᠭᠡᠳᠦᠷᠭᠡᠨ ᠰᠠᠶ᠋ᠢ ᠵᠤᠨ ᠤ ᠠᠮᠠᠷᠠᠯᠳᠠ ᠪᠠᠷ ᠲᠠᠷᠠᠵᠦ ᠪᠠᠶᠢᠭ᠎ᠠ᠂ ᠲᠡᠭᠡᠭᠡᠳ ᠪᠠᠰᠠ ᠲᠡᠶᠢᠮᠦ ᠠᠷᠪᠢᠨ ᠱᠠᠩ ᠮᠠᠩ | ᠤᠯᠵᠦ ᠪᠠᠶᠢᠬᠤ ᠳᠤ ᠨᠢᠭᠡ ᠦᠷᠯᠦᠭᠡ ᠰᠠᠶᠢᠨ ᠨᠢᠭᠡ ᠤᠨᠳᠠ ᠭᠡᠰᠡᠨ ᠴᠢᠨᠢ》 ᠭᠡᠵᠦ ᠡᠮᠡᠭᠡ ᠶᠠᠭ ᠠᠰᠬᠠᠷᠠᠨ | ᠪᠠᠭᠤᠵᠦ ᠪᠠᠶᠢᠭ᠎ᠠ ᠦᠨᠢᠶᠡᠨ ᠤ ᠰᠦ ᠰᠢᠭ ᠵᠠᠢ ᠵᠠᠪᠰᠠᠷ ᠤᠯᠳᠠᠬᠤ ᠦᠭᠡᠢ ᠶᠠᠷᠢᠨ᠎ᠠ᠃ | ᠪᠠᠭ᠎ᠠ ᠰᠠᠭ᠎ᠠ ᠤᠯᠤᠬᠰᠠᠨ ᠰᠦ ᠪᠠᠨ ᠡᠮᠡᠭᠡ ᠨᠠᠳᠠ ᠳᠤ ᠲᠤᠮᠳᠠᠭᠤᠷ ᠠᠶᠠᠭ᠎ᠠ ᠬᠢᠵᠦ ᠦᠭᠴᠦ᠂ ᠬᠠᠷ᠎ᠠ | ᠲᠦᠷᠦᠭᠦᠦ ᠬᠤᠷᠠᠭᠠᠨ ᠳᠤ ᠨᠢᠭᠡ ᠤᠬᠵᠢ ᠪᠡᠯᠡᠳᠭᠡᠭᠡᠳ᠄《 ᠦᠯᠡᠳᠡᠭᠰᠡᠨ ᠢᠶᠠᠷ ᠨᠢ ᠡᠨᠡ ᠮᠠᠭᠤ ᠠᠮᠢᠳᠠᠨ ᠢ | ᠲᠡᠵᠢᠭᠡᠭᠦ ᠦᠭᠡᠢ ᠤᠤ ᠳ᠋ᠠ》 ᠭᠡᠵᠦ ᠬᠠᠷ᠎ᠠ ᠲᠦᠷᠦᠭᠦᠦ ᠬᠤᠷᠠᠭᠠᠨ ᠤ ᠲᠤᠯᠤᠭᠠᠢ ᠲᠡᠭᠡᠷ᠎ᠡ ᠨᠢᠭᠡ ᠲᠤᠬᠰᠢᠭᠠᠳ | ᠴᠠᠭᠠᠰᠢ ᠬᠤᠷᠭᠤ ᠤᠷᠤᠭᠤ ᠪᠠᠨ ᠬᠢᠵᠦ ᠲᠠᠯᠪᠢᠭᠠᠳ ᠬᠤᠷᠠᠭ᠎ᠠ ᠪᠠᠨ ᠤᠬᠵᠢᠪᠠ᠃ | ᠭᠡᠳᠡᠰᠦ ᠪᠠᠨ ᠲᠦᠭᠦᠷᠭᠡᠭᠰᠡᠨ ᠬᠤᠷᠠᠭ᠎ᠠ ᠪᠢᠳᠡ ᠬᠤᠶᠠᠭᠤᠯᠠ ᠡᠮᠡᠭᠡ ᠪᠠᠨ ᠲᠠᠭᠠᠵᠦ ᠭᠦᠷᠡᠭᠴᠢ ᠦᠨᠢᠶ᠎ᠡ | ᠪᠠᠨ ᠠᠷᠭᠠᠮᠵᠢᠬᠤ ᠪᠠᠷ ᠶᠠᠪᠤᠯ᠎ᠠ᠃ | ᠴᠤᠬᠤᠮ ᠶᠠᠭᠠᠬᠢᠭᠠᠳ ᠦᠨᠢᠶ᠎ᠡ ᠶᠢ ᠪᠠᠰᠠ ᠠᠷᠭᠠᠮᠵᠢᠳᠠᠭ ᠢ ᠡᠮᠡᠭᠡ ᠠᠴᠠ ᠠᠰᠠᠭᠤᠬᠤ ᠳᠤ ᠡᠮᠡᠭᠡ ᠨᠠᠮ᠎ᠠ | ᠶᠢ ᠨᠢᠭᠡ ᠬᠠᠷᠠᠨ ᠦᠨᠢᠶ᠎ᠡ ᠪᠠᠨ ᠨᠢᠭᠡ ᠬᠠᠷᠠᠨ ᠲᠤᠯᠤᠭᠠᠢ ᠤᠷᠢᠶᠠᠳᠠᠭ ᠭᠦᠭᠡ ᠠᠯᠴᠢᠭᠤᠷ ᠤᠨ ᠢᠶᠠᠨ ᠦᠵᠦᠭᠦᠷ ᠢᠶᠠᠷ | ᠨᠢᠳᠦ ᠪᠠᠨ ᠵᠦᠯᠭᠦᠳᠡᠭ ᠪᠦᠭᠡᠳ ᠠᠯᠤᠰ ᠢ ᠪᠠᠷᠠᠯᠠᠨ ᠶᠠᠭᠤ ᠴᠦ ᠲᠤᠤᠭᠠᠷᠳᠠᠭ ᠦᠭᠡᠢ ᠳᠤ ᠨᠢ ᠪᠢ ᠲᠤᠩ | ᠭᠠᠶᠢᠬᠠᠳᠠᠭ᠃ | ᠶᠠᠭᠤ ᠴᠦ ᠭᠡᠰᠡᠨ ᠡᠮᠡᠭᠡ ᠦᠨᠢᠶ᠎ᠡ ᠲᠤᠭᠤᠯ ᠢᠶᠠᠨ ᠠᠷᠭᠠᠮᠵᠢᠭᠠᠳ ᠪᠠᠷᠤᠭ ᠬᠤᠶᠠᠷ ᠵᠢᠯ ᠪᠤᠯᠴᠢᠬᠠᠴᠠᠢ᠃ | ᠪᠢ ᠴᠦ ᠲᠠᠪᠤᠳᠤᠭᠠᠷ ᠤᠨ ᠪᠤᠯᠴᠢᠬᠠᠬᠰᠠᠨ ᠶᠤᠮ ᠴᠢᠨᠢ᠃ | ᠨᠢᠭᠡ ᠤᠳᠠᠭ᠎ᠠ ᠭᠦᠷᠡᠭᠴᠢ ᠦᠨᠢᠶ᠎ᠡ ᠶᠢᠨ ᠠᠷᠭᠠᠮᠵᠢᠶ᠎ᠠ ᠨᠢ ᠲᠠᠰᠤᠷᠠᠵᠦ᠂ ᠬᠢᠳᠡᠳ ᠤᠨ ᠲᠠᠷᠢᠶᠠᠨ ᠳᠤ | ᠤᠷᠤᠭᠠᠳ ᠡᠮᠡᠭᠡ ᠶᠢ ᠲᠠᠯᠪᠢᠬᠰᠠᠨ ᠪᠠᠶᠢᠬᠰᠠᠨ ᠢ ᠨᠢ ᠠᠯᠳᠠᠭᠤᠯᠵᠦ᠂ ᠲᠦᠯᠡᠭᠦ ᠠᠴᠠ ᠪᠠᠨ ᠴᠦ ᠠᠷᠪᠢᠯᠠᠵᠦ | ᠪᠠᠶᠢᠬᠰᠠᠨ ᠪᠠᠭ᠎ᠠ ᠰᠠᠭ᠎ᠠ ᠠᠷᠭᠠᠯ ᠤᠨ ᠢᠶᠠᠨ ᠬᠠᠭᠠᠰ ᠢ ᠨᠢ ᠦᠭᠴᠦ ᠪᠠᠶᠢᠭᠠᠳ ᠦᠨᠢᠶ᠎ᠡ ᠪᠠᠨ ᠠᠪᠴᠢᠷᠠᠬᠰᠠᠨ ᠢ | ᠨᠢ ᠪᠢ ᠭᠡᠵᠢᠶᠡᠳᠡ ᠮᠡᠷᠳᠡᠵᠦ ᠴᠢᠳᠠᠬᠤ ᠦᠭᠡᠢ᠃ | ᠭᠡᠵᠢᠶ᠎ᠡ ᠨᠢᠭᠡ ᠡᠳᠦᠷ ᠦᠨᠢᠶ᠎ᠡ ᠲᠤᠭᠤᠯ ᠪᠡᠯᠴᠢᠭᠡᠷ ᠲᠤ ᠪᠠᠨ ᠲᠤᠷ᠎ᠠ ᠪᠠᠷ ᠢᠶᠠᠨ ᠪᠡᠯᠴᠢᠵᠦ ᠪᠤᠯᠳᠠᠭ ᠪᠤᠯ | ᠡ ⁈ | ᠲᠠᠪᠤᠨ ᠤ ᠨᠢᠭᠡ | |