| | ᠬᠠᠯᠳᠠᠪᠣᠷᠢᠳᠣ ᠬᠠᠮᠣᠭᠤ | | ᠠᠹᠷᠢᠺᠠ ᠶᠢᠨ ᠨᠢᠭᠡ ᠣᠯᠣᠰ ᠤᠨ ᠨᠢᠭᠡᠨ ᠬᠡᠯᠳᠡᠰ ᠤᠨ ᠲᠠᠷᠤᠭ᠎ᠠ ᠡᠸᠦ᠋ᠷᠦᠹᠠ ᠪᠠᠷ ᠠᠶᠢᠯᠠᠴᠢᠯᠠᠬᠤ | ᠳᠠᠭᠠᠨ ᠮᠦᠨ ᠨᠢᠭᠡ ᠣᠯᠣᠰ ᠤᠨ ᠨᠢᠭᠡᠨ ᠬᠡᠯᠳᠡᠰ ᠤᠨ ᠲᠠᠷᠤᠭ᠎ᠠ ᠶᠢᠨ ᠳᠤ ᠲᠣᠭᠤᠷᠢᠨ ᠬᠦᠷᠴᠠᠢ᠃ | ᠡᠸᠦ᠋ᠷᠦᠹᠠ ᠬᠡᠯᠳᠡᠰ ᠤᠨ ᠲᠠᠷᠤᠭ᠎ᠠ ᠶᠢᠨ ᠣᠷᠣᠨ ᠰᠠᠭᠤᠴᠠ ᠭᠡᠵᠦ ᠴᠡᠴᠡᠷᠯᠢᠭ ᠰᠢᠦᠬᠠᠨ ᠰᠠᠶᠢᠬᠠᠨ | ᠪᠦᠭᠡᠳ ᠬᠤᠪᠢ ᠪᠠᠷ ᠢᠶᠠᠨ ᠡᠭᠴᠡ ᠨᠢᠰᠬᠦ ᠨᠢᠰᠭᠡᠯ ᠲᠠᠢ ᠪᠠᠶᠢᠬᠤ ᠶᠢ ᠬᠠᠷᠠᠭᠠᠳ ᠠᠹᠷᠢᠺᠠ ᠬᠡᠯᠳᠡᠰ ᠤᠨ ᠲᠠᠷᠤᠭ᠎ᠠ | ᠨᠢᠭᠡᠮᠦᠰᠦᠨ ᠭᠠᠶᠢᠬᠠᠨ ᠪᠢᠰᠢᠷᠡᠵᠣ᠂ ᠠᠳᠠᠭ᠎ᠠ ᠬᠦᠳᠡᠯᠡᠭᠡᠳ᠄ | —— ᠲᠠ ᠴᠢᠨᠢ ᠡᠪᠦᠭᠡ ᠲᠡᠭᠡᠳᠦᠰ ᠠᠴᠠ ᠪᠠᠨ ᠪᠠᠶᠠᠨ ᠲᠠᠷᠭᠤᠨ ᠣᠯᠣᠰ ᠦᠦ︖ ᠡᠰᠡ ᠲᠡᠭᠡᠪᠡᠯ ᠶᠠᠭᠠᠬᠢᠬᠤ | ᠳᠠᠭᠠᠨ ᠢᠩᠬᠢᠵᠦ ᠪᠠᠶᠠᠵᠢᠪᠠ︖ ᠭᠡᠵᠦ ᠲᠡᠰᠭᠡᠯ ᠦᠭᠡᠢ ᠠᠰᠠᠭᠤᠵᠠᠢ᠃ ᠡᠸᠦ᠋ᠷᠦᠹᠠ ᠬᠡᠯᠳᠡᠰ ᠤᠨ ᠲᠠᠷᠤᠭ᠎ᠠ | ᠯᠠᠷᠵᠠᠳᠠᠶᠢᠬᠠᠨ ᠢᠶᠠᠷ᠄ | —— ᠭᠡᠷ ᠤᠨ ᠠᠷᠣ ᠪᠠᠷ ᠬᠢ ᠦᠨᠳᠦᠷ ᠬᠤᠷᠳᠣᠴᠠᠳᠣ ᠵᠠᠰᠠᠮᠠᠯ ᠵᠡᠮ ᠢ ᠬᠠᠷᠠᠪᠠᠣ ᠭᠡᠪᠡ᠃ ᠠᠹᠷᠢᠺᠠ ᠬᠡᠯᠳᠡᠰ | ᠤᠨ ᠲᠠᠷᠤᠭ᠎ᠠ᠄ | —— ᠦᠵᠡᠭᠰᠡᠨ ᠡ︕ ᠭᠡᠳ ᠣᠶᠢᠯᠭᠠᠵᠣ ᠶᠠᠳᠠᠨ ᠨᠦᠭᠦᠭᠡᠳᠡᠬᠢ ᠪᠠᠨ ᠠᠵᠢᠨ᠎ᠠ᠃ ᠡᠸᠦ᠋ᠷᠦᠹᠠ ᠬᠡᠯᠳᠡᠰ ᠤᠨ | ᠲᠠᠷᠤᠭ᠎ᠠ᠄ | —— ᠡᠨᠡ300 ᠳ᠋ᠣᠩᠰᠢᠭᠤᠷ ᠵᠣᠭᠤᠰᠣᠨ ᠤ ᠶᠡᠭᠡ ᠠᠵᠢᠯ ᠢ ᠨᠢᠭᠡ ᠯᠡ ᠺᠣᠮᠫᠠᠨᠢ ᠳᠤ ᠲᠠᠭᠠᠭᠠᠴᠢᠯᠠᠨ | ᠦᠭᠭᠦᠭᠰᠡᠨ ᠶᠣᠮ ᠭᠡᠳ ᠮᠦᠷᠦ ᠪᠠᠨ ᠬᠠᠪᠴᠢᠰᠬᠢᠨ᠄ | —— ᠢᠩᠬᠢᠭᠡᠳ ᠯᠡ᠂᠂᠂᠂ ᠶᠠᠪᠣᠳᠠᠯ ᠣᠴᠢᠷ ᠡᠶᠢᠮᠦ ᠯᠡ ᠬᠢᠯᠪᠠᠷᠬᠠᠨ ᠰᠢᠳᠠ ᠭᠡᠵᠡᠢ᠃ | ᠭᠤᠷᠪᠠᠨ ᠵᠢᠯ ᠤᠨ ᠲᠠᠷᠠᠭ᠎ᠠ ᠡᠸᠦ᠋ᠷᠦᠹᠠ ᠬᠡᠯᠳᠡᠰ ᠤᠨ ᠲᠠᠷᠤᠭ᠎ᠠ ᠠᠹᠷᠢᠺᠠ ᠪᠠᠷ ᠠᠶᠢᠯᠠᠴᠢᠯᠠᠬᠤ ᠳᠠᠭᠠᠨ | ᠬᠠᠭᠤᠴᠢᠨ ᠠᠬ᠎ᠠ ᠲᠡᠭᠦᠦ ᠶᠢᠨ ᠳᠡᠭᠡᠨ ᠬᠦᠷᠴᠡᠢ᠃ | ᠠᠬ᠎ᠠ ᠲᠡᠭᠦᠦ ᠶᠢᠨ ᠬᠢᠨ ᠭᠡᠷ ᠲᠡᠷᠭᠡ ᠭᠡᠵᠦ ᠶᠠᠭ ᠯᠡ ᠬᠠᠭᠠᠨ ᠤ ᠣᠷᠳᠣᠨ ᠰᠢᠭ᠋ ᠵᠠᠰᠠᠨ ᠴᠢᠮᠡᠭᠯᠡᠭᠡᠳ᠂ | ᠠᠭᠤᠵᠢᠭᠤ ᠲᠠᠯᠪᠢᠭᠤ ᠨᠢᠰᠭᠡᠯ ᠤᠨ ᠪᠠᠭᠤᠳᠠᠯ ᠲᠠᠢ ᠪᠠᠶᠢᠯ᠎ᠠ᠃ ᠡᠸᠦ᠋ᠷᠦᠹᠠ ᠬᠡᠯᠳᠡᠰ ᠤᠨ ᠲᠠᠷᠤᠭ᠎ᠠ ᠶᠡᠬᠡᠳᠡ | ᠭᠠᠶᠢᠬᠠᠯ ᠲᠦᠷᠦᠵᠦ᠂ ᠠᠹᠷᠢᠺᠠ ᠡᠶᠢᠮᠦ ᠶᠠᠳᠠᠭᠤ᠂ ᠭᠠᠳᠠᠨ᠎ᠠ ᠠᠴᠠ ᠲᠣᠰᠠᠯᠠᠭᠰᠠ ᠲᠦᠷᠦᠯ ᠵᠦᠢᠯ ᠤᠨ ᠵᠣᠭᠤᠰ ᠢᠶᠠᠷ | ᠵᠦᠳᠡᠭᠦᠬᠡᠨ ᠠᠮᠢᠳᠣᠷᠠᠵᠣ ᠪᠠᠶᠢᠭᠠᠳ ᠬᠡᠮᠡᠨ ᠰᠡᠳᠬᠢᠭᠡᠳ᠄ | —— ᠲᠠ ᠴᠢᠨᠢ ᠴᠣᠬᠤᠮ ᠶᠠᠭᠠᠬᠢᠬᠤ ᠳᠠᠭᠠᠨ ᠡᠶᠢᠮᠦ ᠲᠦᠷᠭᠡᠨ ᠪᠠᠶᠠᠴᠢᠬᠠᠪᠠ︖ ᠭᠡᠪᠡᠯ ᠠᠹᠷᠢᠺᠠ ᠬᠡᠯᠳᠡᠰ | ᠤᠨ ᠲᠠᠷᠤᠭ᠎ᠠ ᠲᠣᠭᠤᠮᠵᠢᠷ ᠦᠭᠡᠶᠢᠬᠡᠨ ᠢᠶᠠᠷ᠄ | —— ᠭᠡᠷ ᠤᠨ ᠠᠷᠣ ᠪᠠᠷ ᠬᠢ ᠦᠨᠳᠦᠷ ᠬᠤᠷᠳᠣᠴᠠᠳᠣ ᠵᠠᠰᠠᠮᠠᠯ ᠵᠠᠮ ᠢ ᠬᠠᠷᠠᠪᠠᠦ ᠭᠡᠪᠡ᠃ ᠡᠸᠦ᠋ᠷᠦᠹᠠ | ᠬᠡᠯᠳᠡᠰ ᠤᠨ ᠲᠠᠷᠤᠭ᠎ᠠ ᠶᠠᠭᠠᠬᠢᠵᠦ ᠠᠵᠢᠭᠯᠠᠭᠰᠠᠨ ᠴᠦ ᠬᠠᠷᠠᠭᠳᠠᠭ᠎ᠠ ᠦᠭᠡᠢ ᠪᠣᠯᠬᠤᠷ᠄ | —— ᠶᠠᠭᠤ ᠴᠦ ᠦᠭᠡᠢ ᠰᠢᠳᠠ ᠭᠡᠵᠦ ᠭᠠᠶᠢᠬᠠᠨ ᠬᠡᠯᠡᠪᠡ᠃ ᠠᠹᠷᠢᠺᠠ ᠬᠡᠯᠳᠡᠰ ᠤᠨ ᠲᠠᠷᠤᠭ᠎ᠠ᠄ | —— ᠲᠡᠶᠢᠮᠦ ᠰᠢᠳᠠ᠂ ᠶᠠᠭᠤ ᠴᠦ ᠦᠭᠡᠢ ᠭᠡᠳ ᠭᠤᠷᠪᠠᠨ ᠵᠢᠯ ᠤᠨ ᠡᠮᠦᠨᠡᠬᠢ ᠨᠦᠭᠦᠭᠡᠳᠡᠬᠢ ᠪᠠᠨ | ᠲᠠᠭᠤᠷᠢᠶᠠᠨ ᠮᠦᠷᠦ ᠪᠠᠨ ᠬᠠᠪᠴᠢᠰᠬᠢᠭᠠᠳ᠄ | —— ᠢᠩᠬᠢᠭᠡᠳ ᠯᠡ᠂᠂᠂᠂ ᠣᠴᠢᠷ ᠶᠠᠪᠣᠳᠠᠯ ᠭᠡᠵᠦ ᠡᠶᠢᠮᠦ ᠯᠡ ᠬᠢᠯᠪᠠᠷᠬᠠᠨ ᠰᠢᠳᠠ ᠭᠡᠵᠡᠢ᠃ |