| ᠬᠡᠯᠡᠨ ᠤ ᠲᠤᠬᠠᠢ ᠬᠡᠯᠡᠬᠦᠢ | | | ᠴᠢᠯᠠᠭᠤ | | | ᠦᠭᠡ ᠬᠡᠯᠡ ᠦᠰᠦᠭ ᠪᠢᠴᠢᠭ︕ ᠬᠡᠯᠡ ᠲᠠᠢ ᠯᠡ ᠪᠤᠯᠭᠠᠨ ᠬᠡᠯᠡᠭᠡᠥᠨ ᠪᠠᠶᠢᠳᠠᠭ᠂ ᠬᠡᠵᠢᠶ᠎ᠡ ᠢᠮᠠᠭᠳᠠ | ᠬᠡᠷᠡᠭᠯᠡᠭᠡᠥᠨ ᠪᠠᠶᠢᠳᠠᠭ ᠬᠠᠮᠤᠭ ᠡᠩ ᠤᠨ ᠨᠢᠭᠡ ᠨᠡᠷ᠎ᠡ ᠦᠭᠡ︕ ᠬᠡᠨ ᠪᠦᠬᠦᠨ ᠪᠦᠳᠦᠭᠡᠵᠦ ᠴᠢᠳᠠᠳᠠᠭ ᠦᠭᠡᠢ᠂ | ᠬᠡᠷᠡᠭ ᠠᠴᠠ ᠭᠠᠷᠭᠠᠨ ᠪᠦᠷᠢᠯᠭᠡᠵᠦ ᠴᠦ ᠲᠡᠶᠢᠯᠬᠦ ᠦᠭᠡᠢ ᠬᠠᠮᠤᠭ ᠤᠨ ᠠᠶᠤᠮᠰᠢᠭᠳᠤ ᠦᠢᠯᠡ ᠦᠭᠡ︕ | ︽ᠦᠭᠡ ᠪᠠᠨ ᠬᠡᠯᠡ︕︾ ᠭᠡᠭᠴᠢ ᠦᠪᠡᠷ ᠤᠨ ᠪᠤᠳᠤᠭᠰᠠᠨ ᠰᠠᠨᠠᠭᠰᠠᠨ ᠢᠶᠠᠨ ᠠᠮᠢᠳᠤ ᠶᠢᠨ ᠶᠤᠰᠤᠭᠠᠷ | ᠢᠯᠡᠥᠨᠬᠡᠵᠦ ᠲᠡᠪᠰᠢᠭᠦᠯᠵᠦ ᠪᠠᠢ ᠭᠡᠬᠦ ᠵᠠᠬᠢᠷᠬᠤ ᠬᠦᠰᠡᠬᠦ ᠰᠠᠨᠠᠭ᠎ᠠ︕ ︽ᠦᠰᠦᠭ ᠢᠶᠠᠨ ᠪᠢᠴᠢᠭ︕︾ ᠭᠡᠳᠡᠭ ᠨᠢ | ᠦᠷ᠎ᠡ ᠬᠤᠶᠢᠴᠢᠰ ᠲᠠᠭᠠᠨ ᠦᠯᠡᠳᠡᠭᠡᠵᠦ ᠦᠭᠭᠦᠭᠰᠡᠨ ᠬᠡᠶᠢᠮᠦᠷᠢ ᠪᠤᠰᠤᠭ᠎ᠠ ᠰᠤᠶᠤᠯ ᠢᠶᠠᠷ ᠲᠡᠦᠬᠡ ᠶᠢᠨ ᠵᠠᠢ ᠳᠤ | ᠲᠡᠳᠡ ᠶᠠᠭᠤ ᠨᠢᠭᠡᠨ ᠢ ᠲᠡᠮᠳᠡᠭᠯᠡᠵᠦ ᠪᠢᠴᠢᠵᠦ ᠪᠠᠶᠢᠭᠰᠠᠨ ᠭᠡᠰᠡᠨ ᠤᠬᠠᠭ᠎ᠠ︕ | ᠬᠡᠵᠢᠶ᠎ᠡ ᠠᠴᠠ ᠢ ᠪᠦᠦ ᠮᠡᠳᠡ ᠮᠠᠨᠠᠶᠢᠬᠢᠨ ᠬᠡᠯᠡ ᠪᠠᠨ ᠬᠠᠵᠠᠵᠤ ᠬᠡᠷᠡᠭ ᠠᠴᠠ ᠵᠠᠶᠢᠯᠠᠬᠤ ᠰᠤᠷᠳᠠᠯ ᠲᠠᠢ | ᠪᠤᠯᠤᠭᠰᠠᠨ᠃ ᠬᠡᠳᠦᠢ ᠴᠢᠬᠤᠯᠠ ᠲᠠᠢ ᠦᠶ᠎ᠡ ᠳᠤ ᠲᠡᠳᠦᠢ ᠴᠢᠩᠭ᠎ᠠ ᠵᠠᠭᠤᠵᠤ᠂ ᠤᠯᠠᠭᠠᠨ ᠴᠢᠰᠤ ᠨᠢ ᠤᠷᠤᠰᠴᠤ | ᠪᠠᠶᠢᠭᠰᠠᠨ ᠴᠦ ᠲᠤᠳᠤᠭᠰᠢ ᠪᠠᠨ ᠵᠠᠯᠬᠢᠭᠠᠥᠨ ᠤᠴᠢᠷ ᠦᠭᠡᠢ ᠬᠦᠮᠦᠨ ᠰᠢᠭ ᠭᠦᠳᠦᠶᠢᠵᠦ ᠶᠠᠪᠤᠳᠠᠭ᠃ | ︽ᠪᠢᠴᠢᠶ᠎ᠡ ᠭᠡᠵᠦ ᠪᠢᠴᠢᠭᠡ ᠦᠭᠡᠢ ᠂ ᠪᠢᠴᠢᠬᠦ ᠦᠭᠡᠢ ᠪᠤᠯᠬᠤ ᠦᠭᠡᠢ ᠳᠡᠭᠡᠨ ᠪᠢᠴᠢᠯ᠎ᠡ᠃ ᠪᠢᠳᠡᠭᠦᠷᠡᠵᠦ | ᠪᠠᠶᠢᠭ᠎ᠠ ᠴᠡᠭᠡᠵᠢ ᠪᠠᠨ ᠢᠷᠠᠵᠤ ᠪᠠᠶᠢᠭᠠᠥᠨ ᠪᠢᠴᠢᠯ᠎ᠡ᠂ ᠪᠢᠯᠡᠭᠦᠳᠡᠵᠦ ᠪᠠᠶᠢᠭ᠎ᠠ ᠬᠢᠳᠤᠭᠠᠨ ᠲᠡᠭᠡᠭᠦᠷ ᠮᠦᠯᠬᠦᠵᠦ | ᠪᠠᠶᠢᠭᠠᠥᠨ ᠪᠢᠴᠢᠯ᠎ᠡ᠃︾ ᠭᠡᠳᠡᠭ ᠠᠷᠳᠠᠢ ᠪᠠᠭᠰᠢ ᠶᠢᠨ ︽ᠲᠠᠭᠠᠥᠨᠬᠠᠯ︾ ᠰᠢᠭ᠋ ᠬᠡᠯᠡ ᠰᠤᠶᠤᠯ ᠤᠨ ᠲᠤᠬᠠᠢ ᠵᠠᠷᠢᠮ | ᠤᠴᠢᠷ ᠢ ᠬᠡᠯᠡᠬᠦ ᠦᠭᠡᠢ ᠰᠠᠭᠤᠵᠤ ᠪᠤᠯᠬᠤ ᠦᠭᠡᠢ ᠪᠤᠯᠤᠯ᠎ᠠ᠃ | ︽ᠪᠦᠷᠢᠥᠨᠬᠡᠯ ᠢ ᠦᠨᠳᠦᠰᠦᠯᠡᠪᠡᠯ︾ ᠭᠡᠳᠡᠭ ᠢᠶᠠᠷ ᠶᠠᠷᠢᠭᠰᠠᠨ ᠴᠦ᠂ ᠬᠤᠳᠠ ᠶᠢᠨ ᠮᠤᠩᠭᠤᠯ ᠬᠡᠦᠬᠡᠥᠨ | ᠦᠪᠡᠷ ᠤᠨ ᠲᠦᠷᠦᠯᠬᠢ ᠬᠡᠯᠡ ᠪᠠᠨ ᠤᠷᠤᠰᠤᠮ᠎ᠠ ᠶᠠᠷᠢᠵᠤ ᠴᠢᠳᠠᠳᠠᠭ ᠨᠢ ᠵᠠᠭᠤᠨ ᠤ ᠵᠢᠷᠠ ᠳᠤ ᠴᠦ ᠬᠦᠷᠬᠦ ᠦᠭᠡᠢ | ᠪᠤᠯᠵᠤ ᠪᠠᠶᠢᠨ᠎ᠠ᠃ ᠠᠶᠤᠮᠠᠷ︕ ᠬᠤᠯᠠ ᠶᠢ ᠬᠡᠯᠡᠬᠦ ᠦᠭᠡᠢ ᠮᠠᠨ ᠤ ᠴᠤᠯᠤ ᠮᠠᠯᠵᠢᠬᠤ ᠤᠷᠤᠨ ᠤ ᠰᠤᠷᠤᠭᠴᠢᠥᠨ | ᠦᠭᠡ ᠪᠠᠨ ᠤᠷᠤᠰᠤᠮ᠎ᠠ ᠶᠠᠷᠢᠵᠤ ᠪᠠᠶᠢᠭᠰᠠᠨ ᠴᠦ ᠦᠰᠦᠭ ᠢᠶᠠᠨ ᠪᠦᠷᠢᠨ ᠵᠦᠪ ᠪᠢᠴᠢᠵᠦ ᠲᠡᠶᠢᠯᠬᠦ ᠨᠢ ᠵᠠᠭᠤᠨ ᠤ | ᠵᠢᠷᠠ ᠳᠤ ᠮᠦᠨ ᠬᠦᠷᠴᠦ ᠶᠠᠳᠠᠨ᠎ᠠ᠃ ᠠᠶᠤᠯ︕ ᠨᠡᠩ ᠢᠯᠠᠩᠭᠤᠶ᠎ᠠ ᠲᠡᠶᠢᠨ ᠢᠯᠭᠠᠯ ᠤᠨ ᠲᠠᠭᠠᠪᠤᠷᠢ ᠶᠢ | ᠭᠦᠢᠴᠡᠥᠨ ᠵᠦᠪ ᠭᠡᠷᠡᠭᠯᠡᠵᠦ ᠲᠡᠶᠢᠯᠬᠦ ᠬᠡᠦᠬᠡᠥᠨ ᠦᠨᠦ ᠡᠳᠦᠷ ᠤᠨ ᠤᠳᠤ ᠮᠡᠲᠦ᠃ ᠦᠨᠳᠦᠰᠦᠨ ᠱᠠᠳᠤᠨ ᠳᠤ | ᠠᠵᠢᠯᠯᠠᠵᠤ ᠪᠠᠶᠢᠭ᠎ᠠ ᠪᠠᠭᠰᠢ ᠨᠠᠷ ᠡᠭᠦᠨ ᠢ ᠭᠡᠷᠡᠴᠢᠯᠡᠵᠦ ᠴᠢᠳᠠᠨ᠎ᠠ ᠂ ᠦᠷ᠎ᠡ ᠳ᠋ᠦᠩ ᠨᠢ ᠦᠨᠡᠨ ᠳᠡᠭᠡᠨ ᠨᠡᠩ | ᠬᠦᠨᠳᠦ ᠨᠤᠴᠢᠳᠠᠢ ᠪᠠᠶᠢᠵᠤ ᠴᠦ ᠮᠡᠳᠡᠨ᠎ᠡ᠃ | ︽ᠬᠦᠮᠦᠨ ᠢ ᠬᠡᠯᠡᠨ᠎ᠡ ᠭᠡᠥᠨ ᠬᠡᠯᠡ ᠪᠠᠨ ᠬᠠᠵᠠᠪᠠ︾ ᠭᠡᠳᠡᠭ ᠢᠶᠠᠷ ᠬᠦᠮᠦᠨ ᠤ ᠬᠢ ᠬᠡᠯᠡᠬᠦ ᠭᠡᠥᠨ ᠬᠡᠯᠡ | ᠪᠠᠨ ᠠᠯᠳᠠᠬᠤ ᠠᠶᠤᠯ᠂ ᠦᠯᠦ ᠮᠡᠳᠡᠭ ᠤᠨ ᠲᠤᠮᠳᠠ ᠦᠨᠡᠨ ᠳᠡᠭᠡᠨ ᠨᠡᠶᠢᠳᠡᠮ ᠲᠠᠷᠬᠠᠵᠤ ᠪᠦᠷᠬᠦᠵᠡᠢ᠃ | ︽ᠬᠤᠤᠰ ᠬᠡᠯᠡᠨ︾ ᠤ ᠬᠦᠮᠦᠵᠢᠯ ᠭᠡᠳᠡᠭ ᠢᠶᠠᠨ ᠪᠢᠳᠡ ᠤᠳᠤ ︽ᠭᠤᠷᠪᠠᠨ ᠬᠡᠯᠡᠨ︾ ᠤ ᠲᠤᠷᠰᠢᠯᠳᠠ | ᠬᠢᠬᠦ ᠪᠤᠯᠤᠯ᠎ᠠ᠂ ᠡᠨᠡ ᠪᠤᠯ ᠶᠠᠷᠢᠶᠠᠨ ᠦᠭᠡᠢ ᠰᠠᠶᠢᠨ ᠦᠵᠡᠭᠳᠡᠯ᠃ ᠠᠷᠤ ᠮᠤᠩᠭᠤᠯ ᠤᠨ ᠪ᠊᠂ ᠷᠢᠨᠴᠢᠨ ᠰᠢᠭ ᠠᠷᠪᠠ | ᠬᠤᠷᠢᠨ ᠬᠡᠯᠡᠨ ᠳᠤ ᠨᠡᠪᠳᠡᠷᠡᠭᠰᠡᠨ ᠪᠠᠶᠢᠪᠠᠯ ᠶᠠᠭᠠᠬᠢᠭᠰᠠᠨ ᠰᠠᠶᠢᠬᠠᠨ︕ ᠲᠠᠶᠠᠩᠴᠢᠯᠠᠬᠤ ᠤᠷᠤᠰᠬᠠᠯ ᠴᠦ ︽ᠲᠠᠯᠠᠨ | ᠬᠡᠯᠡᠳᠡᠨ︾ ᠢ ᠱᠠᠭᠠᠷᠳᠠᠨ᠎ᠠ᠃ | ᠭᠡᠳᠡᠯ᠎ᠡ ᠡᠨᠡ ᠪᠤᠯ ᠲᠡᠭᠡᠳᠦ ᠴᠢᠳᠠᠪᠤᠷᠢᠳᠠᠨ ᠳᠤ ᠬᠠᠨᠳᠤᠭᠤᠯᠤᠭᠰᠠᠨ ᠭᠡᠳᠡᠭ ᠢ ᠡᠩ ᠲᠡᠷᠢᠭᠦᠨ ᠳᠤ ᠮᠡᠳᠡᠷᠡᠬᠦ | ᠬᠡᠷᠡᠭᠳᠡᠢ᠃ ᠲᠦᠷᠪᠡᠨ ᠮᠢᠩᠭ᠎ᠠ ᠭᠠᠷᠤᠶᠢᠬᠠᠨ ᠬᠦᠮᠦᠨ ᠲᠠᠢ ᠮᠠᠨ ᠤ ᠪᠠᠶᠠᠨ ᠠᠭᠤᠯᠠ ᠶᠢᠨ ᠬᠤᠳᠤᠭᠤᠷ ᠠᠴᠠ ᠶᠠᠫᠤᠨ | ᠳᠤ ᠶᠠᠪᠤᠭᠰᠠᠨ ᠵᠢᠱᠢᠶ᠎ᠡ ᠠᠷᠪᠠ ᠳᠠᠭᠠᠨ ᠠᠶᠠᠳᠠᠵᠤ ᠪᠤᠢ᠂ ᠬᠡᠯᠡ ᠨᠢ ᠨᠡᠪᠳᠡᠷᠡᠭᠡᠥᠨ ᠬᠡᠷᠡᠭ ᠨᠢ ᠪᠦᠳᠦᠭᠡᠥᠨ ᠦᠭᠪᠡᠯ | ᠰᠠᠶᠢᠨ ᠶᠠᠪᠤᠳᠠᠯ ᠪᠢᠰᠢᠤ᠃ ᠭᠡᠳᠡᠯ᠎ᠡ ᠬᠡᠨ ᠪᠦᠭᠦᠳᠡ ᠶᠠᠫᠤᠨ ᠳᠤ ᠶᠠᠪᠤᠳᠠᠭ ᠴᠦ ᠪᠢᠰᠢ᠂ ᠬᠡᠷᠡᠭᠯᠡᠭᠡᠳᠦ ᠰᠢᠨᠵᠢ ᠶᠢ | ᠪᠣᠳᠤᠯᠬᠢᠯᠠᠬᠤ ᠦᠭᠡᠢ ᠪᠠᠷ ᠲᠠᠩᠴᠤ ᠡᠷᠳᠡ ᠲᠡᠮᠡᠢ ᠪᠠᠯᠠᠢ ᠲᠠᠭᠤᠷᠢᠶᠠᠪᠠᠯ᠂ ᠴᠢᠳᠠᠪᠤᠷᠢ ᠲᠠᠢ ᠬᠦᠮᠦᠨ ᠢ ᠲᠠᠭᠠᠵᠤ | ᠶᠠᠳᠠᠭᠤᠷᠢ ᠲᠠᠢ ᠬᠦᠮᠦᠨ ᠮᠠᠭᠰᠢᠪᠠᠯ ︽ᠬᠡᠷᠢᠶ᠎ᠡ ᠭᠠᠯᠠᠭᠤ ᠶᠢ ᠲᠠᠭᠤᠷᠢᠶᠠᠵᠤ ᠤᠰᠤᠨ ᠳᠤ ᠤᠨᠠᠵᠤ ᠦᠬᠦᠳᠡᠭ︾ ᠤᠨ | ᠦᠯᠢᠭᠡᠷ ᠪᠤᠯᠬᠤ ᠨᠢ ᠯᠠᠪ᠃ | ᠴᠠᠭ ᠤᠨ ᠠᠰᠠᠭᠤᠳᠠᠯ ᠢ ᠵᠦᠪ ᠰᠢᠢᠥᠨᠪᠦᠷᠢᠯᠡᠬᠦ ᠪᠤᠯ ︽ᠬᠡᠯᠡ ᠪᠠᠨ ᠬᠠᠵᠠᠬᠤ︾ ᠠᠴᠠ ᠵᠠᠶᠢᠯᠠᠰᠬᠢᠬᠤ ᠶᠢᠨ | ᠨᠢᠭᠡᠨ ᠵᠠᠩᠭᠢᠯᠠᠭ᠎ᠠ ᠪᠤᠯᠬᠤ ᠶᠤᠮ᠃ ᠦᠩᠭᠡᠷᠡᠭᠰᠡᠨ ᠤᠨ ᠤᠳ ᠢᠶᠠᠷ ᠰᠤᠷᠭᠠᠨ ᠬᠦᠮᠦᠵᠢᠯ ᠤᠨ ᠬᠢᠨ ︽ᠰᠢᠨ᠎ᠡ | ᠫᠷᠦᠭᠷᠠᠮ︾ ᠭᠡᠵᠦ ᠦᠢᠮᠡᠯᠳᠦᠯᠡ᠂ ᠡᠮᠦᠨ᠎ᠡ ᠬᠤᠶᠠᠷ ᠵᠢᠯ ᠵᠢᠯ ᠠᠴᠠ ︽ᠰᠢᠨ᠎ᠡ ᠬᠢᠴᠢᠶᠡᠯᠯᠡᠭᠡ︾ ᠭᠡᠵᠦ | ᠶᠠᠭᠠᠷᠠᠯᠳᠤᠯᠠ᠃ ᠡᠭᠦᠨ ᠤ ᠳ᠋ᠦᠩ ᠳᠤ ᠬᠢᠳᠠᠥᠨ ᠬᠡᠯᠡ ᠶᠢ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ ᠠᠴᠠ | ᠡᠬᠢᠯᠡᠨ ᠰᠤᠷᠴᠤ᠂ ᠠᠩᠯᠢ ᠬᠡᠯᠡ ᠶᠢ ᠴᠦ ᠵᠠᠪᠠᠯ ᠪᠠᠭ᠎ᠠ ᠰᠤᠷᠭᠠᠭᠤᠯᠢ ᠠᠴᠠ ᠡᠬᠢᠯᠡᠵᠦ ᠰᠤᠷᠬᠤ ᠪᠤᠯᠪᠠ᠃ ᠮᠠᠨᠠᠶᠢᠬᠢᠨ | ᠳᠤ ᠤᠤᠯ ᠨᠢ ᠲᠠᠪᠤᠳᠤᠭᠠᠷ ᠤᠨ ᠠᠴᠠ ᠡᠬᠢᠯᠡᠨ ᠠᠩᠭ᠍ᠯᠢ ᠬᠡᠯᠡ ᠤᠷᠤᠵᠤ ᠪᠠᠶᠢᠭᠰᠠᠨ ᠢᠶᠠᠨ ᠤᠳᠤ ᠭᠤᠷᠪᠠᠳᠤᠭᠠᠷ | ᠤᠨ ᠠᠴᠠ ᠡᠬᠢᠯᠡᠬᠦ ᠪᠤᠯᠪᠠ᠃ | ᠨᠢᠭᠡ ᠯᠡ ᠦᠭᠡ ᠪᠠᠷ ᠬᠡᠯᠡᠪᠡᠯ ᠬᠡᠯᠡ ᠳᠤ ᠤᠷᠤᠭᠤᠳᠠ᠂ ᠰᠤᠷᠭᠠᠭᠤᠯᠢ ᠳᠤ ᠢᠷᠡᠭᠦᠳᠡ ᠬᠡᠳᠦᠨ ᠬᠡᠯᠡ ᠶᠢ | ᠵᠡᠷᠭᠡᠪᠡᠷ ᠰᠤᠷᠬᠤ ᠭᠡᠰᠡᠨ ᠦᠭᠡ︕ ᠶᠠᠭᠠᠬᠢᠭᠰᠠᠨ ᠶᠡᠭᠡ ᠠᠭᠤᠤ ᠦᠨᠳᠦᠰᠦᠳᠡᠨ ᠪᠤᠢ︖ ᠶᠠᠮᠠᠷ ᠶᠡᠭᠡ ᠠᠤᠭ᠎ᠠ | ᠲᠦᠯᠦᠪᠯᠡᠭᠡ ᠪᠤᠢ︖ ᠬᠡᠳᠦᠢ ᠵᠢᠯ ᠤᠨ ᠡᠮᠦᠨ᠎ᠡ᠂ ᠬᠡᠪ ᠴᠢᠨᠠᠷ ᠤᠨ ᠰᠤᠷᠭᠠᠨ ᠬᠦᠮᠦᠵᠢᠯ ᠭᠡᠵᠦ ᠬᠦᠯ ᠠᠪᠴᠤ | ᠪᠠᠶᠢᠭ᠎ᠠ ᠦᠶᠡᠰ᠂ ᠠᠯᠢ ᠤᠯᠠᠨ ᠭᠡᠷ ᠤᠨ ᠠᠬᠠᠮᠠᠥᠨ ᠬᠡᠦᠬᠡᠥᠨ ᠢᠶᠠᠨ ᠪᠠᠶᠠᠨ ᠬᠤᠭᠤᠷ ᠲᠠᠢ ᠬᠤᠯᠪᠤᠵᠤ ᠦᠵᠡᠯ᠎ᠡ᠂ | ᠪᠠᠰᠠ ᠵᠢᠷᠤᠭ ᠪᠦᠮᠪᠦᠭᠡ ᠲᠠᠢ ᠤᠶᠠᠵᠤ ᠦᠵᠡᠯ᠎ᠡ᠃ ᠡᠯᠧᠺᠲᠷᠦᠨ ᠬᠦᠭᠵᠢᠮ ᠭᠡᠳᠡᠯ᠎ᠡ ᠡᠯᠳᠡᠪ ᠵᠦᠢᠯ ᠤᠨ ᠲᠤᠰᠬᠠᠢ | ᠠᠩᠬᠢ ᠳᠤ ᠡᠭᠡᠯᠵᠢᠯᠡᠨ ᠰᠤᠷᠭᠠᠭᠰᠠᠨ ᠤ ᠳ᠋ᠦᠩ ᠳᠤ ᠲᠠᠩᠴᠤ ᠪᠠᠭ᠎ᠠ ᠬᠡᠦᠬᠡᠥᠨ ᠤᠳ ᠶᠠᠭᠤ ᠶᠠᠭᠤᠨ ᠳᠤ ᠨᠢ ᠴᠦ | ᠦᠭᠡᠢ ᠪᠡᠰᠡᠷᠡᠭᠳᠡᠵᠦ᠂ ᠲᠠᠭᠠᠭᠤᠯᠵᠤ ᠭᠦᠶᠦᠭᠰᠡᠨ ᠡᠴᠢᠭᠡ ᠡᠬᠡ ᠨᠢ ᠬᠠᠷᠢᠨ ᠲᠠᠪᠠᠭᠤ ᠪᠤᠯᠪᠠᠰᠤᠷᠠᠯ ᠲᠠᠢ ᠪᠤᠯᠤᠯ᠎ᠠ | ᠭᠡᠰᠡᠨ ᠱᠤᠭ ᠪᠤᠢ᠃ | ᠭᠤᠴᠢᠨ ᠵᠢᠯ ᠤᠨ ᠡᠮᠦᠨᠡᠬᠢ ᠬᠡᠦᠬᠡᠥᠨ᠂ ᠲᠡᠶᠢᠨ ᠢᠯᠭᠠᠯ ᠤᠨ ᠲᠠᠭᠠᠪᠤᠷᠢ ᠶᠢ ᠲᠡᠮᠡᠢ ᠢᠳᠡ ᠤᠷᠤᠭᠤᠯᠤᠯ | ᠦᠭᠡᠢ ᠪᠠᠷ ᠠᠶᠠᠨᠳᠠᠭᠠᠨ ᠴᠢᠳᠠᠳᠠᠭ ᠭᠡᠪᠡᠯ ᠤᠳᠤᠬᠢ ᠰᠤᠷᠤᠭᠴᠢᠥᠨ ᠤᠶᠢᠯᠠᠭᠠᠳᠠᠭ ᠦᠭᠡᠢ᠃ ᠲᠤᠬᠠᠢ ᠦᠶ᠎ᠡ ᠶᠢᠨ | ᠬᠡᠯᠡᠨ ᠤ ᠤᠷᠴᠢᠨ ᠨᠢ ᠰᠠᠶᠢᠨ ᠤ ᠬᠢ᠃ ᠦᠭᠡᠷᠡᠴᠢᠯᠡᠯᠳᠡ ᠨᠡᠭᠡᠭᠡᠯᠳᠡ ᠶᠢ ᠲᠠᠭᠠᠯᠳᠤᠭᠠᠥᠨ ᠬᠢᠳᠠᠥᠨ ᠬᠡᠯᠡ ᠶᠢ | ᠡᠷᠳᠡ ᠰᠤᠷᠬᠤᠯᠠᠷ᠂ ᠲᠤᠩ ᠤᠶᠢᠷ᠎ᠠ ᠲᠠᠰᠤᠯ ᠪᠤᠯᠵᠤ ᠲᠤᠶᠢᠯ ᠤᠨ ᠠᠮᠠᠷᠬᠠᠨ ᠡᠵᠡᠮᠰᠢᠵᠦ ᠲᠡᠶᠢᠯᠦᠭᠰᠡᠨ᠃ ᠵᠠᠷ | ᠵᠠᠬᠢᠶ᠎ᠠ ᠪᠤᠶᠤ ᠺᠢᠨᠣ᠋ ᠲᠧᠯᠸᠢᠰ ᠮᠡᠳᠦ ᠶᠢᠨ ᠠᠯᠢᠪᠠ ᠰᠤᠷᠠᠭ ᠵᠠᠩᠬᠢ ᠶᠢ ᠴᠦᠮ ᠬᠢᠳᠠᠥᠨ ᠢᠶᠠᠷ ᠬᠦᠯᠢᠶᠡᠳᠡᠭ | ᠪᠤᠰᠤᠥᠨᠴᠢ ᠰᠢᠯᠳᠠᠭᠠᠨ ᠤ ᠨᠦᠯᠦᠭᠡᠯᠡᠯ᠃ ᠵᠠᠬ᠎ᠠ ᠲᠡᠯᠭᠡᠭᠦᠷ ᠤᠨ ᠠᠵᠤ ᠠᠬᠤᠢ ᠭᠡᠥᠨ ᠤᠳᠤ ᠠᠩᠭ᠍ᠯᠢ ᠶᠠᠫᠤᠨ ᠢ | ᠰᠤᠷᠤᠯ᠎ᠠ᠂ ᠰᠤᠨᠢᠭᠤᠴᠢ ᠰᠡᠥᠨᠬᠢᠯ ᠲᠠᠢ ᠬᠡᠦᠬᠡᠥᠨ ᠤᠨ ᠲᠤᠷ᠎ᠠ ᠲᠠᠢ ᠭᠡᠳᠡᠭ ᠨᠢ ᠴᠦ ᠬᠡᠷᠡᠭ᠃ ᠭᠡᠳᠡᠯ᠎ᠡ ᠡᠭᠦᠨ ᠤ | ᠲᠠᠭᠠᠤ ᠳᠤ ᠨᠢᠭᠡ ᠮᠡᠳᠡᠬᠦᠯ᠎ᠡ ᠦᠪᠡᠷ ᠤᠨ ᠦᠭᠡ ᠪᠠᠨ ᠵᠦᠪ ᠬᠡᠯᠡᠵᠦ ᠲᠡᠶᠢᠯᠬᠦ ᠦᠭᠡᠢ᠂ ᠦᠰᠦᠭ ᠢᠶᠠᠨ ᠲᠦᠪ | ᠪᠢᠴᠢᠵᠦ ᠴᠢᠳᠠᠬᠤ ᠦᠭᠡᠢ ᠬᠡᠯᠡ ᠪᠠᠨ ᠬᠠᠵᠠᠭᠰᠠᠨ ᠡᠷᠡᠮᠳᠡᠭ ᠵᠡᠷᠡᠮᠳᠡᠭ ᠤᠯᠤᠰ ᠤᠯᠠᠮ ᠢᠶᠠᠷ ᠤᠯᠠᠰᠢᠷᠠᠭᠰᠠᠨ ᠁ | ᠲᠦᠷᠦᠯᠬᠢ ᠬᠡᠯᠡ ᠪᠠᠨ ᠰᠠᠶᠢᠨ ᠡᠵᠡᠮᠰᠢᠬᠦ ᠪᠤᠯ ᠲᠦᠮᠡᠨ ᠬᠡᠯᠡᠨ ᠳᠤ ᠨᠡᠪᠳᠡᠷᠡᠬᠦ ᠠᠩᠬᠠᠨ ᠤ ᠠᠯᠬᠤᠮ | ᠭᠡᠳᠡᠭ ᠢ ᠲᠠᠪᠳᠠᠨ ᠦᠭᠦᠯᠡᠬᠦ ᠭᠡᠰᠡᠨ ᠨᠢ ᠮᠢᠨᠣ ᠭᠤᠤᠯ ᠰᠠᠨᠠᠭ᠎ᠠ᠃ | ᠪᠠᠭ᠎ᠠ ᠰᠤᠷᠭᠠᠭᠤᠯᠢ ᠳᠤ ᠮᠤᠩᠭᠤᠯ ᠬᠡᠯᠡᠨ ᠳᠡᠭᠡᠨ ᠨᠡᠪᠳᠡᠷᠡᠵᠦ᠂ ᠠᠩᠬ᠎ᠠ ᠲᠤᠮᠳᠠᠳᠤ ᠰᠤᠷᠭᠠᠭᠤᠯᠢ ᠶᠢᠨ ᠱᠠᠳᠤᠨ | ᠳᠠᠭᠠᠨ ᠬᠢᠳᠠᠥᠨ ᠬᠡᠯᠡ ᠶᠢ ᠰᠤᠷᠤᠭᠠᠥᠨ᠂ ᠦᠨᠳᠦᠷ ᠲᠤᠮᠳᠠᠳᠤ ᠪᠤᠯᠬᠤ ᠪᠠᠷ ᠦᠪᠡᠷ ᠤᠨ ᠬᠡᠷᠡᠭᠯᠡᠭᠡᠨ ᠳᠡᠭᠡᠨ | ᠵᠤᠬᠢᠴᠠᠭᠤᠯᠤᠨ ᠬᠠᠷᠢ ᠬᠡᠯᠡ ᠶᠢ ᠰᠤᠩᠭᠤᠯᠳᠠ ᠲᠠᠢ ᠪᠠᠷ ᠰᠤᠷᠬᠤ ᠪᠤᠯ ᠦᠪᠡᠷ ᠢ ᠪᠠᠨ ᠠᠪᠤᠷᠠᠬᠤ ᠵᠦᠪ ᠵᠠᠮ ᠪᠤᠶᠤ | ᠭᠡᠵᠦ ᠪᠢ ᠪᠤᠳᠤᠳᠠᠭ᠃ | ᠦᠭᠡᠷ᠎ᠡ ᠨᠢᠭᠡ ᠵᠤᠭᠰᠤᠴᠠ ᠠᠴᠠ ᠶᠠᠷᠢᠪᠠᠯ᠂ ᠲᠠᠪᠤᠨ ᠮᠢᠩᠭᠠᠨ ᠵᠢᠯ ᠤᠨ ᠲᠡᠦᠬᠡ ᠲᠠᠢ ᠬᠢᠳᠠᠥᠨ ᠰᠤᠶᠤᠯ | ᠲᠠᠢ ᠬᠠᠷᠢᠴᠠᠭᠤᠯᠪᠠᠯ ᠴᠦᠬᠡᠨ ᠲᠤᠭᠠᠳᠤ ᠦᠨᠳᠦᠰᠦᠳᠡᠨ ᠤ ᠦᠭᠡ ᠬᠡᠯᠡ ᠦᠰᠦᠭ ᠪᠢᠴᠢᠭ᠂ ᠦᠨᠳᠦᠰᠦᠳᠡᠨ ᠤ | ᠤᠷᠤᠨ ᠤ ᠤᠨᠴᠠᠭᠠᠢ ᠲᠦᠷᠦ ᠶᠢᠨ ᠪᠤᠳᠤᠯᠭ᠎ᠠ ᠶᠢᠨ ᠬᠠᠷᠠᠭᠠᠯᠵᠠᠯ ᠨᠠᠶᠢᠳᠠᠯᠭ᠎ᠠ ᠳᠤ ᠲᠦᠰᠢᠭᠯᠡᠬᠦ ᠨᠢ ᠪᠠᠰᠠ ᠨᠢᠭᠡ | ᠤᠴᠢᠷ᠃ ᠤᠳᠤᠬᠠᠨ ᠳᠤ ᠠᠵᠢᠯ ᠤᠨ ᠴᠤᠯᠠ ᠲᠤᠭᠳᠠᠭᠠᠬᠤ ᠮᠡᠳᠦ ᠶᠢᠨ ᠠᠯᠢᠪᠠ ᠵᠦᠢᠯᠡᠰ ᠲᠤ ︽ᠨᠢᠭᠡ ᠲᠦᠷᠦᠯ | ᠤᠨ ᠭᠠᠳᠠᠭᠠᠳᠤ ᠬᠡᠯᠡ ᠮᠡᠳᠡᠬᠦ︾ ᠭᠡᠬᠦ ᠰᠢᠭ ᠱᠠᠭᠠᠷᠳᠠᠯᠭ᠎ᠠ ᠪᠤᠢ᠃ ᠮᠠᠨ ᠤ ᠮᠤᠩᠭᠤᠯ ᠦᠨᠳᠦᠰᠦᠳᠡᠨ ᠢᠶᠠᠷ | ᠦᠯᠢᠥᠨᠬᠡᠪᠡᠯ᠂ ︽ᠨᠢᠭᠡ ᠲᠦᠷᠦᠯ ᠤᠨ ᠭᠠᠳᠠᠭᠠᠳᠤ ᠬᠡᠯᠡ ᠮᠡᠳᠡᠬᠦ︾ ᠪᠤᠯᠤᠨ ︽ᠬᠤᠶᠠᠷ ᠬᠡᠯᠡᠨ ᠳᠤ ᠨᠡᠪᠳᠡᠷᠡᠬᠦ︾ | ᠭᠡᠳᠡᠭ ᠢ ᠠᠳᠠᠯᠢ ᠪᠠᠷ ᠲᠤᠭᠳᠠᠭᠠᠵᠤ᠂ ︽ᠬᠤᠤᠰ ᠬᠡᠯᠡᠨ︾ ᠳᠤ ᠨᠡᠪᠳᠡᠷᠡᠭᠰᠡᠨ ᠬᠦᠮᠦᠰ᠂ ᠭᠠᠳᠠᠭᠠᠳᠤ ᠬᠡᠯᠡᠨ ᠤ | ᠰᠢᠬᠠᠯᠳᠠ ᠶᠢ ᠬᠦᠯᠢᠶᠡᠬᠦ ᠦᠭᠡᠢ ᠪᠠᠶᠢᠵᠤ ᠪᠤᠯᠤᠨ᠎ᠠ᠃ ᠡᠰᠡᠪᠡᠯ᠂ ᠬᠢᠳᠠᠥᠨ ᠬᠡᠯᠡ ᠨᠢ ᠤᠯᠤᠰ ᠤᠨ ᠬᠡᠯᠡ᠂ ᠮᠤᠩᠭᠤᠯ | ᠬᠡᠯᠡ ᠨᠢ ᠦᠨᠳᠦᠰᠦᠳᠡᠨ ᠤ ᠭᠡᠪᠡᠯ ᠨᠠᠭᠠᠳᠤ ᠵᠠᠬ᠎ᠠ ᠳᠠᠭᠠᠨ ᠮᠤᠩᠭᠤᠯ ᠤᠯᠤᠰ ᠤᠨ ᠦᠰᠦᠭ ᠪᠢᠴᠢᠭ ᠢᠶᠠᠷ | ᠭᠠᠳᠠᠭᠠᠳᠤ ᠬᠡᠯᠡ ᠶᠢ ᠤᠷᠤᠯᠠᠭᠤᠯᠵᠤ ᠪᠤᠯᠬᠤ ᠶᠤᠮ᠃ ᠤᠴᠢᠷ ᠨᠢ᠂ ᠤᠯᠤᠰ ᠭᠦᠷᠦᠨ ᠨᠢ ᠠᠰᠳᠠᠭᠠᠨ᠂ ᠦᠰᠦᠭ | ᠪᠢᠴᠢᠭ ᠨᠢ ᠦᠭᠡᠷ᠎ᠡ ᠪᠠᠶᠢᠵᠤ᠂ ᠬᠡᠯᠡ ᠨᠡᠪᠳᠡᠷᠡᠬᠦ ᠪᠤᠯᠬᠤᠷ ᠰᠤᠷᠬᠤ ᠳᠤ ᠪᠠᠭ᠋ᠠᠨ ᠲᠦᠭᠦᠮ ᠲᠡᠳᠦᠢ ᠪᠢᠰᠢᠤ ᠳ᠋ᠠ︕ | ᠢᠩᠬᠢᠪᠡᠯ᠂ ᠪᠠᠭ᠎ᠠ ᠠᠴᠠ ᠪᠠᠨ ᠡᠬᠢᠯᠡᠵᠦ ︽ᠭᠤᠷᠪᠠᠨ ᠬᠡᠯᠡᠨ︾ ᠤ ᠬᠠᠳᠠᠭᠤ ᠪᠤᠯᠪᠠᠰᠤᠷᠠᠯ ᠳᠤ ᠰᠢᠪᠠᠷᠳᠠᠨ ︽ | ᠪᠠᠭᠠᠪᠠᠭᠠᠢ ᠰᠢᠰᠢ ᠲᠡᠭᠦᠭᠰᠡᠨ︾ ᠦᠯᠢᠭᠡᠷ ᠢ ᠭᠠᠷᠭᠠᠬᠤ ᠠᠴᠠ ᠵᠠᠶᠢᠯᠠᠰᠬᠢᠵᠤ ᠴᠢᠳᠠᠨ᠎ᠠ᠃ | | ᠤᠯᠠᠭᠠᠨ ᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤᠨ ᠤ ᠪᠠᠶᠠᠨ᠋ᠠ᠋ᠭᠤᠯᠠ ᠪᠠᠯᠭᠠᠰᠣᠨ ᠤ | ᠮᠣᠩᠭᠤᠯ ᠦᠨᠳᠦᠰᠦᠲᠡᠨ ᠤ ᠪᠠᠶᠢᠷᠢᠯᠠᠬᠤ ᠳᠦᠷᠢᠮᠳᠣ ᠰᠣᠷᠭᠠᠭᠤᠯᠢ | | | | | | |