ᠬᠠᠭᠤᠷᠮᠠᠭ ᠠᠷᠢᠭᠢᠨ ᠠᠴᠠ ᠪᠣᠯᠣᠭᠰᠠᠨ ᠬᠤᠣᠷ ᠬᠦᠨᠦᠬᠡᠯ
ᠨᠡᠶᠢᠲᠡᠯᠡᠭᠰᠡᠨ ᠴᠠᠭ᠄
2018/6/22
          ᠬᠠᠭᠤᠷᠮᠠᠭ ᠠᠷᠢᠭᠢᠨ ᠠᠴᠠ ᠪᠣᠯᠣᠭᠰᠠᠨ ᠬᠤᠣᠷ ᠬᠦᠨᠦᠬᠡᠯ    ᠶᠡᠷᠦ ᠶᠢᠨ ᠦᠬᠡᠨ ᠳᠤ ︽ᠠᠷᠢᠬᠢ ᠦᠭᠡᠢ ᠰᠢᠷᠡᠭᠡ ᠨᠠᠶᠢᠷ ᠪᠣᠯᠵᠦ ᠴᠢᠳᠠᠬᠤ ᠦᠭᠡᠢ︾᠂ ︽ᠪᠠᠩᠰᠢ ᠪᠠᠨ ᠪᠠᠷᠢᠭᠠᠳ ᠰᠠᠷᠬᠤᠳ ᠰᠢᠮᠡᠬᠦ ᠦᠭᠡᠢ ᠪᠣᠯ ᠨᠣᠬᠠᠢ ᠳᠡᠵᠢᠬᠡᠭᠰᠡᠨ ᠢ ᠬᠦᠷᠬᠦ ᠦᠭᠡᠢ︾ ᠬᠡᠳᠡᠭ ᠨᠢ ᠨᠠᠶᠢᠷᠯᠠᠵᠦ ᠬᠦᠬᠡᠷᠦᠯᠳᠦᠶ᠎ᠡ ᠭᠡᠪᠡᠯ ᠰᠣᠭᠳᠣᠷᠠᠭᠤᠯᠬᠤ ᠣᠮᠳᠠᠭᠠᠨ ᠳᠣᠳᠠᠵᠦ ᠪᠣᠯᠬᠤ ᠦᠭᠡᠢ ᠶᠢ ᠬᠡᠯᠡᠵᠡᠢ᠃ ᠬᠦᠮᠦᠨ ᠤ ᠣᠶᠣᠨ ᠰᠠᠨᠠᠭ᠎ᠠ ᠬᠦᠬᠡᠷᠦᠯᠳᠡ ᠶᠢᠨ ᠪᠠᠶᠢᠳᠠᠯ ᠳᠤ ᠣᠷᠣᠭᠰᠠᠨ ᠤ ᠳᠠᠷᠠᠭ᠎ᠠ ᠰᠡᠷᠡᠮᠵᠢᠯᠡᠬᠦ ᠣᠬᠠᠮᠰᠠᠷ ᠢᠶᠠᠨ ᠠᠯᠳᠠᠵᠦ᠂ ᠠᠯᠢ ᠨᠢᠭᠤᠵᠦ ᠬᠠᠪᠴᠢᠵᠦ ᠪᠠᠶᠢᠳᠠᠭ ᠣᠴᠢᠷ ᠢᠶᠠᠨ ᠭᠠᠶᠢᠬᠠᠭᠤᠯᠣᠨ ᠶᠠᠷᠢᠵᠦ᠂ ᠡᠷᠡᠬᠦᠯ ᠴᠠᠭ ᠲᠤ ᠪᠦᠱᠦᠬᠦᠷᠬᠡᠨ ᠳᠦᠪᠡᠭᠰᠢᠶᠡᠵᠦ ᠪᠠᠶᠢᠳᠠᠭ ᠶᠠᠪᠣᠳᠠᠯ ᠢᠶᠠᠨ ᠣᠶᠢᠯᠡᠳᠦᠴᠢᠬᠡᠳᠡᠭ ᠢ ᠠᠯᠢ ᠶᠢ ᠨᠢ ᠳᠣᠭᠠᠴᠢᠭᠠᠳ ᠪᠠᠷᠠᠬᠤ ᠪᠣᠢ᠃ ᠢᠩᠬᠢᠵᠦ ᠰᠡᠳᠬᠢᠯ ᠰᠠᠨᠠᠭ᠎ᠠ ᠳᠣᠭᠳᠣᠯᠬᠤ ᠪᠠᠶᠢᠳᠠᠯ ᠳᠤ ᠣᠷᠣᠵᠦ ᠣᠶᠣᠨ ᠣᠬᠠᠭᠠᠨ ᠬᠡᠶᠢᠷᠬᠡᠯ ᠤᠨ ᠶᠢᠷᠳᠢᠨᠴᠦ ᠳᠤ ᠳᠡᠬᠦᠯᠢᠭᠰᠡᠨ ᠠᠴᠠ ᠬᠤᠶᠢᠨ᠎ᠠ ᠠᠯᠢᠪᠠ ᠣᠯᠠᠭᠠᠨ ᠳᠣᠭᠤᠰᠣᠨ ᠤ ᠭᠤᠨᠢᠭ ᠬᠡᠮᠣᠷᠬᠡᠯ ᠢ ᠬᠠᠶᠠᠭᠠᠨ ᠳᠤᠨᠢ ᠬᠠᠶᠠᠵᠦ᠂ ᠪᠣᠢ ᠪᠦᠬᠦᠢ ᠠᠳᠠᠭ᠎ᠠ ᠵᠢᠳᠦᠬᠡ ᠬᠤᠷᠣᠰᠣᠯ ᠵᠠᠨᠣᠯ ᠢ ᠳᠦᠷ ᠴᠠᠭ ᠠᠷᠣ ᠳᠠᠭᠠᠨ ᠣᠷᠬᠢᠴᠢᠬᠠᠳᠠᠭ ᠪᠣᠯᠬᠤᠷ ᠪᠣᠳᠣᠯ ᠰᠠᠨᠠᠭ᠎ᠠ ᠭᠱᠠᠨ ᠵᠠᠭᠤᠷ᠎ᠠ ᠳᠠᠷᠣᠭᠠᠰᠣ ᠠᠴᠠ ᠮᠣᠯᠲᠤᠷᠠᠵᠤ ᠮᠢᠨᠴᠣᠬᠦᠷᠡᠮᠡᠯ ᠠᠬᠤᠢ ᠳᠤ ᠣᠷᠣᠳᠠᠭ ᠪᠠᠶᠢᠨ᠎ᠠ᠃ ᠡᠶᠢᠮᠦᠷᠬᠦ ᠳᠠᠶᠢᠪᠣᠰᠢᠷᠠᠭᠤᠯᠬᠤ ᠣᠶᠢᠯᠡᠳᠦᠯ ᠨᠢ ᠬᠦᠮᠦᠰ ᠲᠤ ᠮᠠᠰᠢ ᠳᠠᠭᠠᠯᠠᠭᠳᠠᠵᠦ ᠠᠪᠣᠨ ᠠᠪᠣᠨ ᠰᠢᠮᠡᠭᠰᠡᠬᠡᠷ ᠪᠠᠶᠢᠵᠦ ᠨᠠᠶᠢᠳᠠᠪᠣᠷᠢᠳᠦ ᠴᠢᠨᠡᠷᠳᠡᠢ ᠰᠫᠢᠷᠲ ᠤᠨ ᠬᠤᠣᠷᠳᠠᠯ ᠪᠣᠯᠣᠭᠠᠳ ᠠᠵᠢᠯ ᠠᠮᠢᠳᠣᠷᠠᠯ ᠢᠶᠠᠨ ᠬᠠᠶᠠᠵᠦ ᠡᠬᠡᠨᠡᠷ ᠬᠡᠣᠬᠡᠳ  ᠠᠴᠠ ᠪᠠᠨ ᠰᠠᠯᠣᠭᠠᠳ ᠵᠡᠬᠡᠯᠢ ᠶᠢᠨ ᠨᠣᠪᠰᠢ ᠪᠣᠯᠣᠭᠰᠠᠳ ᠮᠣᠩ ᠦᠭᠡᠢ᠃ ᠠᠷᠠᠳ ᠤᠨ ᠠᠮᠠᠨ ᠶᠠᠷᠢᠶᠠᠨ ᠳᠤ ︽ᠠᠷᠢᠬᠢ ᠬᠦᠮᠦᠨ ᠢ ᠰᠣᠭᠳᠣᠭᠠᠬᠤ ᠦᠭᠡᠢ᠂ ᠬᠦᠮᠦᠨ ᠦᠪᠡᠷᠳᠡᠬᠡᠨ ᠰᠣᠭᠳᠣᠨ᠎ᠠ︾ ᠬᠡᠳᠡᠭ᠃ ᠨᠢᠬᠡ ᠳᠦᠷᠦᠯ ᠤᠨ ᠣᠮᠳᠠᠭᠠᠨ ᠪᠣᠯᠣᠭᠰᠠᠨ ᠤ ᠬᠤᠪᠢ ᠳᠤ᠂ ᠠᠷᠢᠬᠢᠨ ᠤ ᠳᠣᠰ ᠪᠡᠶ᠎ᠡ ᠳᠤ ᠶᠠᠮᠠᠷᠴᠦ ᠠᠯᠳᠠᠭ᠎ᠠ ᠪᠠᠶᠢᠬᠤ ᠦᠭᠡᠢ᠂ ᠭᠠᠭᠴᠠᠬᠦ ᠳᠡᠬᠦᠨ ᠢ ᠡᠳ᠋ᠯᠡᠬᠦ ᠬᠦᠮᠦᠨ ᠦᠪᠡᠷ ᠤᠨ ᠣᠬᠠᠭᠠᠨ ᠰᠠᠨᠠᠭ᠎ᠠ ᠪᠠᠨ ᠵᠢᠯᠣᠭᠤᠳᠴᠦ ᠴᠢᠳᠠᠬᠤ ᠦᠭᠡᠢ ᠠᠴᠠ ᠪᠣᠯᠣᠭᠠᠳ ᠬᠡᠮᠵᠢᠶ᠎ᠡ ᠶᠢ ᠨᠢ ᠠᠬᠠᠳᠠᠭᠤᠯᠵᠦ ᠭᠠᠮᠰᠢᠭ ᠳᠠᠷᠢᠳᠠᠭ ᠢ ᠠᠳᠡ ᠣᠯᠠᠨ ᠨᠣᠷᠱᠣᠬᠤ ᠦᠭᠡᠢ᠃    ︽ᠪᠠᠭ᠎ᠠ ᠣᠣᠭᠤᠪᠠᠯ ᠪᠠᠯ᠂ ᠪᠠᠭ᠋ᠠᠨ ᠠᠬᠠᠳᠠᠭᠤᠯᠪᠠᠯ ᠪᠠᠷᠴᠢᠳ︾ ᠭᠡᠵᠤ ᠮᠠᠨᠠᠶᠢᠬᠢᠨ ᠤ ᠮᠡᠷᠬᠡᠳ ᠠᠯᠢ ᠡᠷᠳᠡ ᠰᠣᠷᠭᠠᠵᠦ ᠦᠩᠬᠡᠷᠡᠵᠡᠢ᠃ ᠠᠷᠢᠬᠢᠨ ᠤ ᠬᠡᠮᠵᠢᠶ᠎ᠡ ᠪᠠᠨ ᠡᠵᠡᠮᠳᠡᠬᠦ ᠪᠣᠯ ᠬᠡᠳᠦᠶᠢᠪᠡᠷ ᠬᠤᠪᠢ ᠬᠦᠮᠦᠨ ᠤ ᠣᠴᠢᠷ ᠪᠣᠯᠪᠠᠴᠦ ᠠᠰᠢᠭ ᠣᠯᠵᠠ ᠬᠦᠬᠡᠬᠡᠴᠡᠯᠳᠦᠭᠰᠡᠨ ᠬᠠᠷ᠎ᠠ ᠰᠡᠳᠬᠢᠯ ᠲᠠᠢ ᠠᠷᠢᠬᠢᠨ ᠤ ᠠᠵᠦ ᠠᠬᠤᠶᠢᠯᠠᠯᠳᠠᠨ ᠬᠢᠮᠳᠠ ᠦᠨ᠎ᠡ ᠪᠠᠷ ᠠᠵᠦ ᠣᠶᠢᠯᠡᠳᠪᠦᠷᠢ ᠳᠤ ᠬᠡᠷᠡᠭᠯᠡᠳᠡᠭ ᠰᠫᠢᠷᠲ ᠢ ᠣᠷᠣᠭᠤᠯᠣᠨ ᠬᠠᠭᠤᠷᠮᠠᠭ ᠠᠷᠢᠬᠢ ᠨᠠᠶᠢᠷᠠᠭᠤᠯᠣᠭᠠᠳ ᠬᠡᠷᠡᠭᠯᠡᠭᠴᠢᠳ ᠢ ᠬᠤᠬᠢᠷᠠᠭᠤᠯᠵᠦ ᠪᠠᠶᠢᠬᠤ ᠨᠢ ᠪᠠᠶᠢᠩᠭᠤ ᠶᠢᠨ ᠦᠵᠡᠭᠳᠡᠯ ᠪᠣᠯᠣᠭᠰᠠᠨ ᠦᠨᠦᠳᠦᠷ᠂ ᠵᠢᠩᠬᠢᠨᠢ ᠪᠠ ᠬᠠᠭᠤᠷᠮᠠᠭ ᠠᠷᠢᠬᠢ ᠶᠢ ᠢᠯᠭᠠᠨ ᠳᠠᠨᠢᠬᠤ ᠨᠢ ᠳᠣᠶᠢᠯ ᠤᠨ ᠴᠢᠬᠤᠯᠠ ᠶᠠᠪᠣᠳᠠᠯ ᠪᠣᠯᠣᠭᠰᠠᠨ ᠪᠠᠶᠢᠨ᠎ᠠ᠃ ᠳᠣᠣᠷ᠎ᠠ ᠪᠢ ᠠᠷᠢᠬᠢ ᠶᠢ ᠣᠶᠢᠯᠡᠳᠪᠦᠷᠢᠯᠡᠬᠦ ᠶᠠᠪᠣᠴᠠ ᠪᠣᠯᠣᠨ ᠬᠠᠭᠤᠷᠮᠠᠭ ᠠᠷᠢᠬᠢ ᠶᠢ ᠳᠠᠨᠢᠬᠤ ᠳᠦᠬᠦᠮ ᠠᠷᠭ᠎ᠠ ᠠᠴᠠ ᠳᠠᠨᠢᠯᠴᠠᠭᠤᠯᠬᠤ ᠪᠣᠯᠣᠨ᠎ᠠ᠃    ᠠᠷᠢᠬᠢᠨ ᠤ ᠭᠤᠣᠯ ᠨᠠᠶᠢᠷᠠᠯᠭ᠎ᠠ ᠪᠣᠯ ᠰᠫᠢᠷᠲ ᠪᠣᠯᠣᠨ ᠣᠰᠣ ᠪᠠᠶᠢᠵᠦ᠂ ᠠᠷᠢᠬᠢᠨ ᠳᠣᠳᠣᠷᠠᠬᠢ ᠰᠫᠢᠷᠲ ᠤᠨ ᠠᠭᠤᠯᠠᠭᠳᠠᠴᠠ ᠶᠢᠨ ᠬᠡᠮᠵᠢᠶ᠎ᠡ ᠶᠢ ᠶᠡᠷᠦᠩᠬᠡᠶᠢᠯᠡᠬᠡᠳ ︽ᠭᠷᠠᠳᠦ᠋ᠰ︾ ᠭᠡᠵᠤ ᠨᠡᠷᠡᠯᠡᠳᠡᠭ᠃ ᠵᠠᠩᠰᠢᠯ ᠢᠶᠠᠷ 50。 ᠠᠴᠠ ᠳᠡᠬᠡᠭᠰᠢᠬᠢ ᠠᠷᠢᠬᠢ ᠶᠢ ︽ᠦᠨᠳᠦᠷ ᠭᠷᠠᠳᠦ᠋ᠰ︾ ᠤᠨ ᠠᠷᠢᠬᠢ ᠬᠡᠮᠡᠵᠦ᠂ ᠳᠠᠪᠢ ᠠᠴᠠ ᠳᠣᠭᠤᠭᠰᠢ 45。ᠭᠷᠠᠳᠦ᠋ᠰ ᠬᠦᠷᠳᠡᠯᠡᠬᠢ ᠶᠢ ︽ᠳᠣᠮᠳᠠ ᠭᠷᠠᠳᠦ᠋ᠰ ᠤᠨ ᠠᠷᠢᠬᠢ︾ ᠬᠡᠮᠡᠵᠦ᠂ 45。ᠭᠷᠠᠳᠦ᠋ᠰ ᠠᠴᠠ ᠳᠣᠭᠤᠭᠰᠢᠬᠢ ᠠᠷᠢᠬᠢ ᠶᠢ ︽ᠳᠣᠣᠷ᠎ᠠ ᠭᠷᠠᠳᠦ᠋ᠰ ᠤᠨ ᠠᠷᠢᠬᠢ︾ ᠬᠡᠨ᠎ᠡ᠃ ᠠᠷᠢᠬᠢ ᠣᠣᠭᠤᠳᠠᠭ ᠯᠠ ᠪᠣᠯ ᠦᠨᠳᠦᠷ ᠭᠷᠠᠳᠦ᠋ᠰ ᠤᠨ ᠠᠷᠢᠬᠢ ᠣᠣᠭᠤᠪᠠᠯ ᠰᠠᠶᠢᠨ᠂ ᠣᠴᠢᠷ ᠨᠢ ᠳᠡᠬᠦᠨ ᠤ ᠳᠣᠳᠣᠷ᠎ᠠ ᠦᠬᠡᠷ᠎ᠡ ᠵᠣᠶᠢᠯ ᠤᠨ ᠬᠤᠣᠷᠳᠣ ᠪᠣᠳᠠᠰ ᠬᠤᠯᠢᠬᠤ  ᠶᠢᠨ ᠠᠷᠭ᠎ᠠ ᠦᠭᠡᠢ ᠪᠣᠯᠬᠤᠷ ᠰᠣᠭᠳᠣᠳᠠᠯ᠎ᠠ ᠣᠣᠭᠤᠪᠠᠴᠦ ᠬᠤᠣᠷᠳᠠᠬᠤ ᠪᠠᠷ ᠭᠠᠶᠢᠭᠤᠢ᠃ ᠮᠠᠨ ᠤ ᠣᠯᠣᠰ ᠤᠨ ᠣᠶᠢᠯᠡᠳᠪᠦᠷᠢᠯᠡᠭᠰᠡᠨ ᠠᠷᠢᠬᠢᠨ ᠤ ᠳᠦᠷᠦᠯ ᠦᠴᠢᠨᠡᠨ ᠳᠦᠴᠢᠨᠡᠨ ᠣᠯᠠᠨ ᠪᠠᠶᠢᠳᠠᠭ ᠴᠦ᠂ ᠳᠠᠪᠢᠨ ᠭᠷᠠᠳᠦ᠋ᠰ ᠠᠴᠠ ᠳᠣᠭᠤᠭᠰᠢᠬᠢ ᠠᠷᠢᠬᠢ ᠨᠢ ᠪᠦᠷ ᠰᠫᠢᠷᠲ ᠲᠤ ᠣᠰᠣ ᠪᠣᠯᠣᠨ ᠦᠨᠦᠷᠳᠦ ᠡᠳ᠋ ᠨᠡᠮᠡᠵᠦ ᠨᠠᠶᠢᠷᠠᠵᠦ ᠭᠠᠷᠭᠠᠭᠰᠠᠨ ᠪᠠᠶᠢᠳᠠᠭ᠃    ᠳᠡᠬᠡᠪᠡᠯ ᠰᠫᠢᠷᠲ ᠢ ᠶᠠᠭᠠᠬᠢᠵᠦ ᠣᠶᠢᠯᠡᠳᠦᠭᠰᠡᠨ ᠢ ᠦᠵᠡᠶ᠎ᠡ᠄    ᠨᠢᠬᠡ ᠳᠤ᠂ ᠰᠫᠢᠷᠲ ᠢ ᠴᠠᠷᠳᠠᠭᠤᠯ ᠠᠭᠤᠯᠣᠭᠰᠠᠨ ᠮᠠᠲ᠋ᠧᠷᠢᠶᠠᠯ ᠢᠶᠠᠷ ᠨᠡᠷᠡᠵᠦ ᠬᠢᠳᠡᠭ᠃ ᠭᠤᠣᠯ ᠨᠢ ᠳᠦᠮᠦᠰᠦᠨ ᠤ ᠳᠦᠷᠦᠯ᠂ ᠨᠠᠷᠢᠮᠦ ᠰᠢᠰᠢ ᠵᠡᠷᠬᠡ ᠳᠠᠪᠣᠨ ᠳᠠᠷᠢᠶᠠᠨ ᠤ ᠦᠷ᠎ᠡ᠂ ᠴᠠᠷᠳᠠᠭᠤᠯ ᠭᠠᠷᠬᠤ ᠣᠷᠭᠤᠮᠠᠯ ᠤᠨ ᠦᠷ᠎ᠡ ᠵᠡᠷᠬᠡ ᠴᠠᠷᠳᠠᠭᠤᠯ ᠪᠦᠬᠦᠢ ᠮᠠᠲ᠋ᠧᠷᠢᠶᠠᠯ ᠢ ᠢᠰᠬᠡᠵᠦ ᠵᠠᠳᠠᠷᠠᠭᠤᠯᠣᠭᠠᠳ ᠦᠵᠦᠮ ᠤᠨ ᠰᠢᠬᠢᠷ ᠪᠣᠯᠭᠠᠵᠦ ᠳᠡᠬᠦᠨ ᠢᠶᠠᠨ ᠳᠠᠬᠢᠨ ᠢᠰᠬᠡᠬᠡᠳ ᠨᠡᠷᠡᠭᠰᠡᠬᠡᠷ ᠰᠫᠢᠷᠲ ᠪᠣᠯᠴᠢᠬᠠᠳᠠᠭ᠃ ᠬᠤᠶᠡᠷ ᠲᠤ᠂ ᠰᠢᠭᠤᠳ ᠰᠢᠬᠢᠷ ᠢ ᠢᠰᠬᠡᠵᠦ ᠰᠫᠢᠷᠲ ᠨᠡᠷᠡᠨ᠎ᠡ᠃ ᠭᠤᠷᠪᠠ ᠳᠤ᠂ ᠴᠠᠭᠠᠰᠦ ᠬᠢᠬᠦ ᠣᠶᠢᠯᠡᠳᠪᠦᠷᠢ ᠶᠢᠨ ᠬᠠᠶᠠᠭᠳᠠᠮᠠᠯ ᠣᠭᠠᠳᠠᠰᠣᠨ ᠳᠤ ᠬᠦᠬᠦᠷ ᠬᠦᠴᠢᠯ ᠤᠨ ᠳᠠᠪᠣᠰᠣ ᠨᠡᠮᠡᠬᠡᠳ ᠢᠰᠬᠡᠪᠡᠯ ᠰᠫᠢᠷᠲ ᠨᠡᠷᠡᠭᠳᠡᠴᠢᠬᠡᠨ᠎ᠡ᠃ ᠢᠩᠬᠢᠵᠦ ᠨᠡᠷᠡᠭᠰᠡᠨ ᠰᠫᠢᠷᠲ ᠢ ︽ᠠᠵᠦ ᠣᠶᠢᠯᠡᠳᠪᠦᠷᠢ ᠶᠢᠨ ᠰᠫᠢᠷᠲ︾ ᠬᠡᠨ᠎ᠡ᠃ ᠡᠬᠦᠨ ᠠᠴᠠ ᠭᠠᠳᠠᠨ᠎ᠠ ᠬᠡᠣᠷᠰᠢᠬᠦᠯᠦᠭᠰᠡᠨ ᠨᠡᠬᠦᠷᠡᠰᠦ ᠶᠢ ᠣᠶᠢᠯᠡᠳᠪᠦᠷᠢᠯᠡᠬᠦ ᠳᠤ ᠭᠠᠷᠭᠠᠭᠰᠠᠨ ᠬᠠᠶᠠᠭᠳᠠᠮᠠᠯ ᠬᠡᠢ ᠶᠢ ᠬᠢᠮᠢ ᠶᠢᠨ ᠠᠷᠭ᠎ᠠ ᠪᠠᠷ ᠰᠫᠢᠷᠲ ᠪᠣᠯᠭᠠᠬᠤ᠂ ᠡᠲ᠋ᠢᠯᠧᠨ ᠢ ᠬᠦᠬᠦᠷ ᠬᠦᠴᠢᠯ ᠳᠤ ᠳᠡᠪᠳᠦᠬᠡᠬᠡᠳ ᠰᠫᠢᠷᠲ ᠭᠠᠷᠭᠠᠬᠤ ᠵᠡᠷᠬᠡ ᠠᠷᠭ᠎ᠠ ᠪᠣᠢ᠃    ᠵᠢᠩᠬᠢᠨᠢ ᠪᠣᠳᠠᠭ᠎ᠠ ᠪᠠᠷ ᠨᠡᠷᠡᠭᠰᠡᠨ ᠠᠷᠢᠬᠢ ᠪᠣᠯ ᠬᠡᠬᠡᠨ ᠳᠣᠩᠭᠠᠯᠠᠭ ᠮᠦᠷᠳᠡᠬᠡᠨ ᠵᠢᠭᠠᠬᠠᠨ ᠴᠦ ᠪᠣᠯᠠᠩᠬᠢᠷ ᠦᠭᠡᠢ ᠪᠠᠶᠢᠵᠦ ᠭᠷᠠᠳᠦ᠋ᠰ ᠨᠢ 60。ᠣᠷᠴᠢᠮ ᠪᠠᠶᠢᠳᠠᠭ᠃ ᠡᠬᠦᠪᠡᠷ ᠵᠣᠭᠰᠣᠬᠤ ᠦᠭᠡᠢ᠂ ᠪᠣᠳᠠᠭ᠎ᠠ ᠪᠠᠨ ᠢᠰᠬᠡᠬᠦ ᠳᠤ ᠠᠷᠢᠬᠢᠨ ᠤ ᠬᠦᠷᠦᠩᠬᠡ ᠬᠤᠯᠢᠳᠠᠭ ᠠᠴᠠ ᠬᠦᠷᠦᠩᠬᠡ ᠶᠢᠨ ᠦᠨᠦᠷ ᠨᠢ ᠰᠠᠯᠬᠤ ᠦᠭᠡᠢ ᠠᠵᠢ᠃ ᠪᠣᠳᠠᠭᠠᠨ ᠠᠷᠢᠬᠢ  ᠶᠢ ᠪᠣᠳᠣᠩ ᠳᠤ ᠬᠢᠵᠦ ᠪᠢᠳᠡᠬᠦᠮᠵᠢᠯᠡᠬᠡᠳ ᠭᠠᠵᠠᠷ ᠲᠤ ᠪᠣᠯᠠᠭᠠᠳ ᠣᠳᠠᠭᠠᠨ ᠵᠢᠯ ᠪᠣᠯᠪᠠᠯ ᠬᠦᠷᠦᠩᠬᠡ ᠶᠢᠨ ᠦᠨᠦᠷ  ᠨᠢ ᠠᠷᠢᠯᠵᠦ ᠰᠫᠢᠷᠲ ᠨᠢ ᠰᠠᠷᠨᠢᠭᠠᠳ ᠰᠢᠬᠢᠷ ᠤᠨ ᠵᠣᠳᠠᠩ ᠰᠢᠭ᠋ ᠨᠢᠯᠳᠠᠭ ᠦᠳᠬᠡᠨ ᠪᠣᠯᠵᠦ ᠠᠮᠳᠠ ᠨᠢ ᠡᠳᠡᠬᠡᠳ ᠰᠠᠶᠢᠬᠠᠨ ᠪᠣᠯᠣᠨ᠎ᠠ᠃ ᠬᠡᠳᠡᠯ᠎ᠡ ᠬᠠᠭᠤᠷᠮᠠᠭ ᠠᠷᠢᠬᠢ ᠶᠢ ᠢᠩᠬᠢᠵᠦ ᠪᠣᠯᠠᠪᠠᠯ ᠰᠫᠢᠷᠲ ᠨᠢ ᠰᠠᠷᠨᠢᠵᠦ ᠦᠮᠡᠬᠡᠢ ᠰᠢᠪᠠᠷ ᠬᠤᠪᠢᠯᠣᠭᠠᠳ ᠣᠭ ᠳᠦᠷᠰᠦ ᠨᠢ ᠢᠯᠡᠷᠡᠴᠢᠬᠡᠳᠡᠭ ᠪᠠᠶᠢᠨ᠎ᠠ᠃ ᠪᠣᠳᠠᠭ᠎ᠠ ᠪᠠᠷ ᠨᠡᠷᠡᠭᠰᠡᠨ ᠠᠷᠢᠬᠢ ᠨᠢ ᠬᠤᠳᠣᠭᠤᠳᠣ  ᠪᠠᠷ ᠰᠢᠩᠭᠡᠭᠡᠭᠳᠡᠵᠦ ᠡᠯᠢᠬᠡᠨ ᠳᠤ ᠬᠦᠷᠦᠬᠡᠳ ᠣᠰᠣ ᠪᠠ ᠰᠢᠬᠢᠷ ᠪᠣᠯᠣᠨ ᠵᠠᠳᠠᠷᠠᠭᠤᠯᠣᠭᠳᠠᠭᠠᠳ ᠬᠦᠮᠦᠨ ᠤ ᠪᠡᠶ᠎ᠡ ᠳᠤ ᠰᠢᠮ᠎ᠡ ᠳᠡᠵᠢᠬᠡᠯ ᠪᠣᠯᠳᠠᠭ ᠪᠠᠶᠢᠬᠤ ᠳᠤ᠂ ᠬᠠᠭᠤᠷᠮᠠᠭ ᠠᠷᠢᠬᠢ ᠨᠢ ᠡᠯᠢᠬᠡᠨ ᠳᠤ ᠬᠦᠷᠦᠬᠡᠳ ᠣᠰᠣ ᠪᠠ ᠬᠤᠣᠷᠳᠣ ᠪᠣᠳᠠᠰ ᠪᠣᠯᠣᠨ ᠵᠠᠳᠠᠷᠠᠵᠦ ᠭᠠᠳᠠᠭᠰᠢ ᠢᠯᠭᠠᠷᠠᠭᠤᠯᠵᠦ ᠳᠡᠶᠢᠯᠬᠦ ᠦᠭᠡᠢ ᠡᠯᠢᠬᠡ ᠪᠣᠯᠣᠨ ᠬᠠᠷ᠎ᠠ ᠪᠦᠬᠡᠷᠡᠨ ᠳᠤ ᠬᠤᠷᠠᠮᠳᠣᠨ ᠦᠯᠡᠳᠡᠨ᠎ᠡ᠃ ᠬᠤᠣᠷ ᠤᠨ ᠬᠡᠮᠵᠢᠶ᠎ᠡ ᠮᠠᠬᠠᠪᠣᠳ ᠤᠨ ᠳᠠᠭᠠᠭᠠᠴᠠ ᠠᠴᠠ ᠬᠡᠳᠦᠷᠡᠬᠦᠯᠡᠷ ᠵᠠᠰᠠᠰᠢ ᠦᠭᠡᠢ ᠬᠤᠣᠷᠳᠠᠯ ᠪᠣᠯᠣᠭᠠᠳ ᠡᠷᠯᠢᠭ ᠤᠨ ᠡᠬᠦᠳᠡ ᠳᠣᠭᠰᠢᠬᠤ ᠳᠤ ᠬᠦᠷᠳᠡᠭ ᠪᠠᠶᠢᠨ᠎ᠠ᠃    ᠵᠢᠩᠬᠢᠨᠢ ᠪᠣᠳᠠᠭ᠎ᠠ ᠪᠠᠷ ᠨᠡᠷᠡᠭᠰᠡᠨ ᠠᠷᠢᠬᠢᠨ ᠳᠤ ᠣᠰᠣ ᠬᠤᠯᠢᠭᠰᠠᠭᠠᠷ ᠪᠣᠯᠠᠩᠬᠢᠷ ᠪᠣᠯᠵᠦ ᠳᠣᠨᠣᠳᠠᠰᠣ ᠭᠠᠷᠳᠠᠭ᠃ ᠳᠣᠮᠳᠠᠳᠣ ᠣᠯᠣᠰ ᠤᠨ ᠳᠡᠣᠬᠡᠨ ᠳᠡᠬᠡᠷ᠎ᠡ ᠠᠷᠢᠬᠢᠨ ᠳᠠᠭᠠᠨ ᠣᠰᠣ ᠬᠤᠯᠢᠬᠤ ᠦᠵᠡᠭᠳᠡᠯ ᠠᠯᠢ ᠡᠷᠳᠡ ᠪᠠᠶᠢᠭᠰᠠᠨ ᠪᠦᠬᠡᠳ ︽ᠭᠤᠷᠪᠠᠨ ᠣᠯᠣᠰ ᠤᠨ ᠦᠯᠢᠬᠡᠷ︾ ᠤᠨ ᠡᠬᠢᠯᠡᠯᠳᠡ ᠶᠢᠨ ᠰᠢᠯᠦᠭ ᠲᠤ ︽ᠡᠷᠬᠢᠬᠦ ᠭᠤᠷᠪᠠᠨ ᠬᠤᠨᠳᠠᠭ᠎ᠠ ᠪᠣᠯᠠᠩᠬᠢᠷᠳᠦ ᠳᠠᠷᠠᠰᠣᠨ᠎ᠠ ᠰᠣᠭᠳᠣᠭᠤᠷᠠᠨ ᠬᠡᠶᠦᠷᠡᠵᠦ ᠡᠷᠢᠶᠡᠨ ᠶᠢᠷᠳᠢᠨᠴᠦ ᠶᠢᠨ ᠪᠠᠭᠠᠳᠣᠷ ᠢᠳᠡᠳᠡᠨ ᠢ ᠳᠠᠭᠤᠰᠳᠠᠯ᠎ᠠ ᠰᠢᠬᠦᠮᠵᠢᠯᠡᠮᠣᠢ︾ ᠭᠡᠵᠤ ᠳᠣᠬᠠᠢ ᠶᠢᠨ ᠦᠶ᠎ᠡ ᠳᠤ ᠠᠷᠢᠬᠢᠨ ᠳᠠᠭᠠᠨ ᠣᠰᠣ ᠬᠤᠯᠢᠭᠠᠳ ᠬᠤᠳᠠᠯᠳᠣᠵᠦ ᠪᠠᠶᠢᠭᠰᠠᠨ ᠢ ᠠᠮᠢᠳᠣᠯᠢᠭ ᠵᠢᠷᠣᠭᠯᠠᠭᠰᠠᠨ ᠪᠠᠶᠢᠵᠠᠢ᠃ᠠᠷᠢᠬᠢ ᠣᠶᠢᠯᠡᠳᠪᠦᠷᠢᠯᠡᠬᠦ ᠭᠤᠷᠪᠠᠨ ᠠᠷᠭ᠎ᠠ ᠪᠣᠯ᠄    ᠨᠢᠬᠡ᠂ ᠪᠣᠳᠠᠭ᠎ᠠ ᠪᠠᠷ ᠨᠡᠷᠡᠬᠦ᠃ ᠡᠬᠦᠨ ᠳᠤ ᠰᠢᠰᠢ᠂ ᠡᠷᠳᠡᠨᠢ ᠰᠢᠰᠢ᠂ ᠪᠣᠭᠤᠳᠠᠢ᠂ ᠳᠣᠳᠣᠷᠭ᠎ᠠ᠂ ᠸᠠᠨᠳ᠋ᠸᠣ ᠵᠡᠷᠬᠡ ᠶᠢ ᠵᠣᠬᠢᠬᠤ ᠬᠠᠷᠢᠴᠠᠯ ᠢᠶᠠᠷ ᠬᠤᠯᠢᠵᠦ ᠬᠡᠮᠬᠡᠯᠡᠨ ᠢᠰᠬᠡᠨ ᠨᠡᠷᠡᠬᠦ᠃ ᠢᠩᠬᠢᠵᠦ ᠨᠡᠷᠡᠭᠰᠡᠨ ᠠᠷᠢᠬᠢ ᠶᠢ ︽ᠬᠠᠳᠠᠭᠤ ᠪᠡᠶᠡᠳᠦ ᠪᠠᠷ ᠨᠡᠷᠡᠭᠰᠡᠨ ᠠᠷᠢᠬᠢ︾ ᠭᠡᠵᠤ ᠨᠡᠷᠡᠯᠡᠳᠡᠭ ᠪᠦᠬᠡᠳ ᠮᠠᠨ ᠤ ᠣᠯᠣᠰ ᠠᠴᠠ ᠳᠣᠰᠬᠠᠢ ᠠᠷᠢᠬᠢ ᠨᠡᠷᠡᠬᠦ ᠪᠠᠷᠢᠮᠵᠢᠶ᠎ᠠ ᠨᠣᠮᠧᠷ ᠳᠣᠭᠳᠠᠭᠠᠵᠦ ᠦᠭᠴᠠᠢ᠃ ᠳᠠᠷᠣᠢ GB/T10781--2006 ᠪᠣᠯᠣᠨ᠎ᠠ᠂ ᠡᠶᠢᠮᠦ ᠨᠣᠮᠧᠷ ᠲᠠᠢ ᠠᠷᠢᠬᠢ ᠶᠢ ᠶᠡᠭᠡ ᠳᠦᠯᠦᠪ ᠪᠣᠳᠠᠭ᠎ᠠ ᠪᠠᠷ ᠨᠡᠷᠡᠭᠰᠡᠨ ᠠᠷᠢᠬᠢ ᠭᠡᠵᠤ ᠣᠶᠢᠯᠠᠭᠠᠵᠦ ᠪᠣᠯᠣᠨ᠎ᠠ᠃    ᠬᠤᠶᠡᠷ᠂ ᠬᠠᠳᠠᠭᠤ ᠰᠢᠩᠬᠡᠨ ᠢ ᠣᠶᠠᠯᠳᠣᠭᠤᠯᠵᠦ ᠨᠡᠷᠡᠭᠰᠡᠨ ᠠᠷᠢᠬᠢ᠃ ᠪᠣᠳᠠᠭ᠎ᠠ ᠪᠠᠷ ᠨᠡᠷᠡᠬᠦ ᠠᠷᠢᠬᠢᠨ ᠳᠠᠭᠠᠨ ᠰᠫᠢᠷᠲ ᠬᠤᠯᠢᠵᠦ ᠨᠡᠷᠡᠵᠦ ᠭᠠᠷᠭᠠᠭᠰᠠᠨ ᠠᠷᠢᠬᠢ ᠨᠢ ᠶᠡᠭᠡ ᠬᠡᠮᠵᠢᠶᠡᠨ ᠤ ᠨᠡᠷᠡᠮᠡᠯ ᠣᠰᠣ ᠬᠤᠯᠢᠭᠠᠳ ᠭᠷᠠᠳᠦ᠋ᠰ ᠢ ᠳᠣᠭᠤᠭᠰᠢᠯᠠᠭᠤᠯᠬᠤ ᠳᠤ ᠳᠣᠩᠭᠠᠯᠠᠭ ᠴᠢᠨᠡᠷ ᠢᠶᠠᠨ ᠠᠯᠳᠠᠬᠤ ᠦᠭᠡᠢ᠃ ᠡᠶᠢᠮᠦᠷᠬᠦ ᠠᠷᠢᠬᠢᠨ ᠤ ᠣᠯᠣᠰ ᠠᠴᠠ ᠳᠣᠭᠳᠠᠭᠠᠭᠰᠠᠨ ᠪᠠᠷᠢᠮᠵᠢᠶ᠎ᠠ ᠨᠣᠮᠧᠷ ᠪᠣᠯ GB/T20822--2007 ᠪᠣᠯᠣᠨ᠎ᠠ᠃    ᠭᠤᠷᠪᠠ᠂ ᠴᠣᠯ ᠰᠫᠢᠷᠲᠤ ᠣᠰᠣ ᠪᠣᠯᠣᠨ ᠦᠨᠦᠷᠳᠦ ᠡᠳ᠋ ᠬᠢᠵᠦ ᠨᠠᠶᠢᠷᠠᠵᠦ ᠭᠠᠷᠭᠠᠭᠰᠠᠨ ᠠᠷᠢᠬᠢ᠃ ᠣᠳᠣ ᠣᠯᠠᠩᠬᠢ ᠠᠷᠢᠬᠢᠨ ᠣᠶᠢᠯᠡᠳᠪᠦᠷᠢ ᠨᠢ ᠦᠷᠳᠡᠭ ᠪᠠᠭ᠎ᠠ ᠣᠷᠣᠭᠤᠯᠣᠨ ᠡᠷᠬᠢᠯᠳᠡ ᠶᠢᠨ ᠬᠤᠭᠤᠴᠠᠭ᠎ᠠ ᠪᠠᠨ ᠪᠣᠭᠤᠨᠢᠰᠬᠠᠬᠤ ᠵᠣᠷᠢᠯᠭ᠎ᠠ ᠪᠠᠷ ᠠᠮᠣ ᠪᠣᠳᠠᠭ᠎ᠠ ᠢᠰᠬᠡᠵᠦ ᠨᠡᠷᠡᠬᠦ ᠪᠠᠨ ᠪᠣᠯᠢᠭᠠᠳ ᠦᠪᠡᠷ ᠤᠨ ᠳᠣᠷᠠᠪᠠᠷ ᠦᠨᠦᠷᠳᠦ ᠡᠳ᠋ ᠪᠣᠯᠣᠨ ᠰᠫᠢᠷᠲ ᠬᠤᠯᠢᠭᠰᠠᠨ ︽ᠠᠷᠢᠬᠢ︾ ᠣᠶᠢᠯᠡᠳᠪᠦᠷᠢᠯᠡᠵᠦ ᠵᠠᠬ᠎ᠠ ᠳᠡᠯᠬᠡᠬᠦᠷ ᠲᠤ ᠭᠠᠷᠭᠠᠵᠦ ᠪᠠᠶᠢᠨ᠎ᠠ᠃ ᠠᠮᠣ ᠪᠣᠳᠠᠭ᠎ᠠ ᠪᠠᠷ ᠠᠷᠢᠬᠢ ᠨᠡᠷᠡᠬᠦ ᠳᠤ ᠬᠠᠮᠤᠭ ᠬᠤᠷᠳᠣᠨ ᠳᠠᠭᠠᠨ ᠬᠠᠭᠠᠰ ᠰᠠᠷ᠎ᠠ ᠬᠡᠷᠡᠭᠯᠡᠳᠡᠭ ᠪᠠᠶᠢᠬᠤ ᠳᠤ᠂ ᠰᠫᠢᠷᠲ ᠢᠶᠠᠷ ᠬᠡᠳᠦᠬᠡᠨ ᠴᠠᠭ ᠲᠤ ᠨᠠᠶᠢᠷᠠᠭᠤᠯᠣᠨ ᠭᠠᠷᠭᠠᠵᠦ ᠪᠣᠯᠳᠠᠭ᠃ ᠡᠶᠢᠮᠦᠷᠬᠦ ᠠᠷᠢᠬᠢᠨ ᠳᠤ ᠣᠯᠣᠰ ᠠᠴᠠ ᠳᠣᠭᠳᠠᠭᠠᠭᠰᠠᠨ ᠪᠠᠷᠢᠮᠵᠢᠶ᠎ᠠ ᠨᠣᠮᠧᠷ ᠪᠣᠯ GB/T20821--2007 ᠪᠣᠯᠣᠨ᠎ᠠ᠃ ᠬᠡᠳᠡᠯ᠎ᠡ ᠬᠠᠷᠬᠢᠰ ᠬᠡᠷᠴᠡᠬᠡᠢ ᠠᠷᠠᠯᠵᠢᠶᠠᠴᠢᠳ ᠦᠪᠡᠷ ᠤᠨ ᠦᠷᠳᠡᠭ ᠢ ᠳᠣᠭᠤᠭᠰᠢᠯᠠᠭᠤᠯᠬᠤ ᠶᠢᠨ ᠳᠦᠯᠦᠬᠡ ᠬᠦᠮᠦᠨ ᠤ ᠠᠮᠢ ᠨᠠᠰᠣ ᠪᠠᠷ ᠨᠠᠭᠠᠳᠣᠮ ᠬᠢᠵᠦ᠂ ᠠᠵᠦ ᠣᠶᠢᠯᠡᠳᠪᠦᠷᠢ ᠳᠤ ᠬᠡᠷᠡᠭᠯᠡᠳᠡᠭ ᠬᠤᠣᠷᠳᠠᠢ ᠰᠫᠢᠷᠲ ᠪᠠᠷ ︽ᠠᠷᠢᠬᠢ︾ ᠨᠡᠷᠡᠵᠦ ᠠᠯᠳᠠᠷᠳᠠᠢ ᠠᠷᠢᠬᠢᠨ ᠤ ᠨᠡᠷᠡᠶᠢᠳᠦᠯ ᠬᠠᠳᠠᠭᠠᠳ ᠭᠠᠳᠠᠭᠰᠢ ᠪᠣᠷᠣᠯᠠᠭᠤᠯᠳᠠᠭ ᠪᠠᠶᠢᠨ᠎ᠠ᠃ ᠡᠶᠢᠮᠦ ᠠᠷᠢᠬᠢ ᠶᠢ ᠣᠣᠭᠤᠭᠰᠠᠨ ᠤ ᠰᠡᠬᠦᠯᠡᠷ ᠠᠮᠠ ᠬᠠᠭᠤᠷᠠᠶᠢᠰᠢᠨ ᠬᠤᠭᠤᠯᠠᠢ ᠬᠠᠳᠠᠵᠦ ᠳᠣᠯᠣᠭᠠᠢ ᠬᠠᠳᠬᠤᠯᠠᠵᠦ ᠡᠪᠡᠳᠳᠡᠭ ᠪᠦᠬᠡᠳ ᠪᠡᠶ᠎ᠡ ᠠᠴᠠ ᠭᠠᠷᠬᠤ ᠬᠦᠯᠦᠰᠦ ᠪᠣᠯᠣᠨ ᠠᠮᠠᠨ ᠤ ᠠᠮᠢᠰᠬᠤᠯ ᠪᠦᠷ ᠫᠠᠭ ᠦᠮᠡᠬᠡᠢ ᠪᠠᠶᠢᠳᠠᠭ᠃ ᠣᠴᠢᠷ ᠨᠢ ᠬᠠᠭᠤᠷᠮᠠᠭ ᠠᠷᠢᠬᠢᠨ ᠳᠤ ᠠᠭᠤᠯᠠᠭᠳᠠᠵᠦ ᠪᠦᠬᠦᠢ ᠦᠨᠦᠷᠳᠦ ᠣᠰᠣ ᠪᠣᠯᠣᠨ ᠬᠤᠣᠷᠳᠣ ᠰᠫᠢᠷᠲ ᠲᠤ ᠡᠲ᠋ᠠ ᠠᠯᠳᠧᠬᠢᠳ᠋ ᠠᠷᠪᠢᠨ ᠠᠭᠤᠯᠠᠭᠳᠠᠵᠦ ᠪᠠᠶᠢᠳᠠᠭ ᠠᠴᠠ ᠬᠦᠮᠦᠨ ᠤ ᠪᠡᠶ᠎ᠡ ᠮᠠᠬᠠᠪᠣᠳ ᠤᠨ ᠣᠰᠣ ᠶᠢ ᠶᠡᠭᠡ ᠬᠡᠮᠵᠢᠶ᠎ᠡ ᠪᠠᠷ ᠦᠬᠡᠶᠢᠳᠡᠬᠦᠯᠦᠭᠰᠡᠨ  ᠠᠴᠠ ᠪᠣᠯᠵᠠᠢ᠃ ᠡᠶᠢᠮᠦ ᠠᠷᠢᠬᠢᠨ ᠳᠤ ᠬᠡᠳᠦᠷᠡᠪᠡᠯ ᠬᠤᠣᠷᠳᠠᠵᠦ ᠦᠬᠦᠬᠦ ᠳᠤ ᠬᠢᠯᠪᠡᠷ ᠪᠦᠬᠡᠳ ᠠᠮᠢ ᠲᠠᠢ ᠭᠠᠷᠣᠭᠰᠠᠨ ᠴᠦ ᠡᠯᠢᠬᠡ ᠪᠦᠬᠡᠷ᠎ᠡ ᠬᠤᠣᠷᠳᠠᠭᠠᠳ ᠡᠷᠡᠬᠦᠯᠵᠢᠬᠦ ᠳᠤ ᠳᠣᠶᠢᠯ ᠤᠨ ᠬᠦᠴᠢᠷᠳᠡᠢ ᠪᠣᠯᠣᠨ᠎ᠠ᠃ ᠡᠶᠢᠮᠦ ᠠᠷᠢᠬᠢᠨ ᠤ ᠣᠨᠴᠠᠯᠢᠭ ᠨᠢ ᠣᠣᠭᠤᠬᠤ ᠳᠤ ᠵᠦᠬᠡᠯᠡᠨ᠂ ᠦᠨᠦᠷ ᠨᠢ ᠬᠤᠷᠴᠠ᠂ ᠠᠮᠳᠠ ᠨᠢ ᠰᠢᠬᠢᠷᠯᠢᠭ ᠪᠠᠶᠢᠳᠠᠭ  ᠠᠴᠠ ᠬᠦᠮᠦᠰ ᠠᠮᠠᠷᠬᠠᠨ ᠬᠠᠭᠤᠷᠳᠠᠵᠦ ᠠᠮᠳᠠᠰᠢᠳᠠᠭ ᠪᠠᠶᠢᠨ᠎ᠠ᠃    ᠵᠢᠩᠬᠢᠨᠢ ᠬᠠᠭᠤᠷᠮᠠᠭ ᠠᠷᠢᠬᠢ ᠶᠢ ᠢᠯᠭᠠᠨ ᠳᠠᠨᠢᠬᠤ ᠳᠤ ᠳᠣᠣᠷᠠᠬᠢ ᠬᠡᠳᠦᠨ ᠠᠷᠭ᠎ᠠ ᠶᠢ ᠬᠡᠷᠡᠭᠯᠡᠵᠦ ᠪᠣᠯᠣᠨ᠎ᠠ᠄    1. ᠠᠷᠢᠬᠢᠨ ᠯᠣᠩᠬᠤᠨ ᠳᠡᠬᠡᠷᠡᠬᠢ ᠣᠯᠣᠰ ᠠᠴᠠ ᠳᠣᠭᠳᠠᠭᠠᠭᠰᠠᠨ ᠪᠠᠷᠢᠮᠵᠢᠶ᠎ᠠ ᠨᠣᠮᠧᠷ ᠢ ᠦᠵᠡᠵᠦ ᠶᠠᠮᠠᠷ ᠳᠦᠷᠦᠯ ᠤᠨ ᠠᠷᠢᠬᠢ ᠪᠣᠯᠬᠤ ᠶᠢ ᠨᠣᠳᠠᠯᠠᠨ ᠮᠠᠭᠠᠳᠯᠠᠭᠠᠳ ᠣᠣᠭᠤᠬᠤ ᠡᠰᠡᠬᠦ ᠪᠠᠨ ᠳᠣᠭᠳᠠᠭᠠᠵᠦ ᠪᠣᠯᠣᠨ᠎ᠠ᠃ ᠳᠡᠬᠡᠬᠦ ᠳᠤ ᠵᠠᠯᠢᠬᠠᠢ ᠠᠷᠠᠯᠵᠢᠶᠠᠴᠢᠨ ᠠᠴᠠ ᠬᠠᠭᠤᠷᠮᠠᠭ ᠠᠷᠢᠬᠢᠨ ᠳᠠᠭᠠᠨ ᠪᠠᠷᠢᠮᠵᠢᠶ᠎ᠠ ᠨᠣᠮᠧᠷ ᠬᠠᠳᠠᠭᠠᠳ ᠬᠤᠳᠠᠯᠳᠣᠬᠤ ᠶᠢ ᠬᠡᠷᠡᠭᠯᠡᠭᠴᠢᠳ ᠢᠯᠭᠠᠨ ᠳᠠᠨᠢᠬᠤ ᠳᠤ ᠪᠡᠷᠬᠡᠳᠡᠢ᠃    2. ᠠᠷᠢᠬᠢᠨ ᠯᠣᠩᠬᠤ ᠶᠢ ᠬᠦᠮᠦᠷᠢᠨ ᠪᠠᠷᠢᠵᠦ ᠬᠦᠴᠦᠳᠡᠢ ᠰᠠᠵᠢᠯᠠᠭᠠᠳ ᠪᠣᠴᠠᠭᠠᠨ ᠳᠠᠯᠪᠢᠬᠤ ᠳᠤ ᠭᠠᠷᠣᠭᠰᠠᠨ ᠵᠢᠵᠢᠭ ᠬᠦᠬᠡᠰᠦᠨ ᠮᠦᠬᠦᠯᠢᠭ ᠨᠢ ᠶᠡᠭᠡ ᠪᠠᠭ᠎ᠠ ᠨᠢ ᠵᠢᠭᠳᠡ ᠮᠦᠷᠳᠡᠬᠡᠨ ᠣᠳᠠᠭᠠᠨ ᠠᠷᠢᠯᠵᠦ ᠪᠠᠶᠢᠪᠠᠯ ᠪᠣᠳᠠᠭᠠᠨ ᠨᠠᠷᠠᠮᠠᠯ ᠪᠣᠯᠣᠨ᠎ᠠ᠃ ᠬᠦᠬᠡᠰᠦᠨ ᠮᠦᠬᠦᠯᠢᠭ ᠤᠨ ᠶᠡᠭᠡ ᠪᠠᠭ᠎ᠠ ᠨᠢ ᠳᠡᠭᠰᠢ ᠪᠣᠰᠣ᠂ ᠯᠣᠩᠬᠤ ᠪᠠᠨ ᠳᠠᠯᠪᠢᠮᠠᠭᠴᠠ ᠳᠣᠣᠷ᠎ᠠ ᠪᠠᠨ ᠠᠷᠢᠯᠵᠦ ᠪᠠᠶᠢᠪᠠᠯ ᠬᠠᠭᠤᠷᠮᠠᠭ ᠠᠷᠢᠬᠢ ᠪᠣᠯᠣᠨ᠎ᠠ᠃    3. ᠭᠠᠷ ᠤᠨ ᠠᠯᠠᠭᠠᠨ ᠳᠡᠭᠡᠷ᠎ᠡ ᠪᠠᠨ ᠬᠡᠳᠦᠨ ᠳᠣᠰᠣᠯ ᠠᠷᠢᠬᠢ ᠳᠤᠰᠤᠭᠠᠵᠤ᠂ ᠠᠯᠠᠭ᠎ᠠ ᠪᠠᠨ ᠬᠠᠪᠰᠣᠷᠣᠨ ᠬᠠᠯᠠᠰᠳᠠᠯ᠎ᠠ ᠦᠷᠦᠬᠡᠳ ᠦᠨᠦᠷᠳᠦᠬᠦ ᠳᠤ ᠠᠷᠢᠬᠢᠨ ᠦᠨᠦᠷ ᠰᠠᠩ ᠳᠠᠳᠠᠵᠦ ᠪᠠᠶᠢᠪᠠᠯ ᠰᠠᠶᠢᠨ ᠠᠷᠢᠬᠢ᠂ ᠰᠢᠬᠢᠷ ᠦᠨᠦᠷᠳᠦᠵᠦ ᠪᠠᠶᠢᠪᠠᠯ ᠳᠣᠮᠳᠠ ᠳᠡᠰ ᠤᠨ ᠠᠷᠢᠬᠢ᠂ ᠭᠠᠰᠢᠭᠤᠨ ᠪᠦᠬᠡᠳ ᠦᠮᠡᠬᠡᠢ ᠦᠨᠦᠷ ᠭᠠᠷᠴᠦ ᠪᠠᠶᠢᠪᠠᠯ ᠬᠠᠭᠤᠷᠮᠠᠭ ᠠᠷᠢᠬᠢ᠃    4. ᠰᠢᠯ ᠤᠨ ᠴᠣᠮᠣᠨ ᠳᠤ ᠪᠠᠭ᠎ᠠ ᠬᠡᠮᠵᠢᠶᠡᠨ ᠤ ᠠᠷᠢᠬᠢ ᠬᠢᠬᠡᠳ ᠳᠡᠬᠡᠷ᠎ᠡ ᠨᠢ ᠠᠳᠠᠯᠢ ᠬᠡᠮᠵᠢᠶᠡᠨ ᠤ ᠣᠰᠣ ᠬᠢᠨ᠎ᠡ᠃ ᠴᠣᠮᠣ ᠪᠠᠨ ᠰᠠᠵᠢᠯᠠᠨ ᠬᠦᠳᠡᠯᠬᠡᠵᠦ ᠪᠠᠭ᠎ᠠ ᠳᠠᠯᠪᠢᠬᠤ ᠳᠤ ᠪᠣᠯᠠᠩᠬᠢᠷᠳᠦᠵᠦ ᠪᠠᠶᠢᠪᠠᠯ ᠪᠣᠳᠠᠭᠠᠨ ᠠᠷᠢᠬᠢ᠂ ᠶᠠᠮᠠᠷᠴᠦ ᠢᠯᠡᠷᠡᠯ ᠭᠠᠷᠬᠤ ᠦᠭᠡᠢ ᠪᠠᠶᠢᠪᠠᠯ ᠬᠠᠭᠤᠷᠮᠠᠭ ᠠᠷᠢᠬᠢ᠃ ᠵᠢᠩᠬᠢᠨᠢ ᠪᠣᠳᠠᠭᠠᠨ ᠠᠷᠢᠬᠢᠨ ᠳᠤ ᠠᠮᠣ ᠪᠣᠳᠠᠭᠠᠨ  ᠤ ᠦᠬᠡᠬᠦ ᠪᠣᠯᠣᠨ ᠣᠭᠤᠷᠠᠭ ᠪᠠᠶᠢᠳᠠᠭ ᠠᠴᠠ ᠳᠡᠷᠡ ᠨᠢ ᠣᠰᠣᠨ ᠳᠤ ᠠᠭᠤᠰᠬᠤ ᠦᠭᠡᠢ᠃ ᠬᠡᠳᠡᠯ᠎ᠡ ᠬᠠᠭᠤᠷᠮᠠᠭ ᠠᠷᠢᠬᠢᠨ ᠳᠤ ᠡᠶᠢᠮᠦ ᠪᠦᠷᠢᠯᠳᠦᠬᠦᠨ ᠪᠠᠶᠢᠬᠤ ᠦᠭᠡᠢ ᠳᠣᠯᠠ ᠬᠡᠳᠦᠢ ᠣᠰᠣ ᠨᠡᠮᠡᠪᠡᠴᠦ ᠳᠣᠩᠭᠠᠯᠠᠭ ᠬᠡᠪ ᠢᠶᠠᠷ ᠣᠷᠣᠰᠢᠳᠠᠭ᠃    5. ᠴᠣᠮᠣᠨ ᠳᠤ ᠠᠷᠢᠬᠢ ᠬᠢᠬᠡᠳ ᠳᠠᠬᠢᠨ ᠯᠣᠩᠬᠤᠨ ᠳᠤᠨᠢ ᠪᠣᠴᠠᠭᠠᠨ ᠴᠢᠳᠬᠤᠵᠦ ᠬᠤᠭᠤᠰᠣᠯᠠᠨ᠎ᠠ᠃ ᠠᠷ᠊  ᠪᠠᠨ ᠮᠢᠨᠦ᠋ᠲ ᠤᠨ ᠳᠠᠷᠠᠭ᠎ᠠ ᠴᠣᠮᠣ ᠪᠠᠨ ᠦᠨᠦᠷᠳᠦᠬᠦ ᠳᠤ ᠠᠷᠢᠬᠢᠨ ᠦᠨᠦᠷ ᠪᠣᠶᠣ ᠠᠷᠢᠬᠢᠨ ᠭᠦᠷᠦᠩᠬᠡ ᠶᠢᠨ ᠦᠨᠦᠷ ᠭᠠᠷᠴᠦ ᠪᠠᠶᠢᠪᠠᠯ ᠪᠣᠳᠠᠭᠠᠨ ᠨᠠᠷᠠᠮᠠᠯ ᠠᠷᠢᠬᠢ᠃ ᠶᠠᠮᠠᠷᠴᠦ ᠦᠨᠦᠷ ᠦᠭᠡᠢ ᠪᠠᠶᠢᠪᠠᠯ ᠰᠫᠢᠷᠲ ᠢᠶᠠᠷ ᠨᠡᠷᠡᠭᠰᠡᠨ ᠬᠠᠭᠤᠷᠮᠠᠭ ᠠᠷᠢᠬᠢ᠃    ᠭᠧᠷᠮᠠᠨ ᠤ ᠰᠢᠨᠵᠢᠯᠡᠬᠦ ᠣᠬᠠᠭᠠᠨᠳᠠᠨ ᠾᠸᠢᠭᠧᠯ ᠬᠡᠯᠡᠬᠦ ᠳᠡᠭᠡᠨ ︽ᠣᠷᠣᠰᠢᠬᠤᠢ ᠪᠦᠬᠦᠨ ᠵᠦᠢ ᠶᠣᠰᠣᠳᠠᠢ︾ ᠬᠡᠳᠡᠭᠴᠢᠯᠡᠨ ᠠᠷᠢᠬᠢᠨ ᠰᠣᠶᠣᠯ ᠨᠢ ᠡᠨᠡ ᠶᠢᠷᠳᠢᠨᠴᠦ ᠳᠤ ᠮᠡᠨᠳᠦᠯᠡᠭᠰᠡᠨ ᠠᠴᠠ ᠠᠪᠣᠭᠠᠳ ᠳᠠᠪᠣᠨ ᠮᠢᠩᠭᠠᠨ ᠣᠨ ᠤ ᠳᠡᠣᠬᠡ ᠲᠠᠢ ᠪᠣᠯᠪᠠ ᠭᠡᠵᠤ ᠰᠣᠳᠣᠯᠭᠠᠳᠠᠳ ᠮᠡᠷᠬᠡᠯᠡᠳᠡᠭ᠃ ᠶᠡᠭᠡ ᠳᠠᠯ᠎ᠠ ᠶᠢᠨ ᠨᠡᠬᠦᠳᠡᠯᠴᠢᠳ ᠴᠦ ᠠᠯᠢ ᠡᠷᠳᠡ ᠠᠴᠠ ᠠᠪᠣᠭᠠᠳ ᠮᠠᠯ ᠤᠨ ᠰᠦ ᠪᠠᠨ ᠢᠰᠬᠡᠵᠦ ᠪᠦᠷᠬᠡᠬᠡᠷ ᠳᠣᠭᠤᠭᠠᠨ ᠳᠤ ᠪᠣᠴᠠᠯᠭᠠᠨ ᠰᠠᠭᠠᠯᠢ ᠶᠢᠨ ᠠᠷᠢᠬᠢ ᠨᠡᠷᠡᠬᠡᠳ ᠠᠶᠢᠮᠠᠭ ᠣᠭᠰᠠᠭ᠎ᠠ ᠪᠠᠷ ᠢᠶᠠᠨ ᠨᠠᠶᠢᠷᠯᠠᠯᠳᠣᠵᠦ ᠪᠠᠶᠢᠵᠠᠢ᠃ ᠴᠣᠯ ᠰᠦ ᠪᠣᠳᠠᠭ᠎ᠠ ᠪᠠᠷ ᠨᠡᠷᠡᠭᠰᠡᠨ ᠠᠷᠢᠬᠢ ᠨᠢ ᠭᠷᠠᠳᠦ᠋ᠰ ᠦᠨᠳᠦᠷ᠂ ᠠᠭᠠᠭ ᠶᠡᠭᠡ ᠪᠠᠶᠢᠳᠠᠭ ᠠᠴᠠ ᠰᠣᠭᠳᠣᠳᠠᠯ᠎ᠠ ᠣᠣᠭᠤᠯ᠎ᠠ ᠴᠦ ᠪᠡᠶ᠎ᠡ ᠳᠤ ᠬᠤᠣᠷ ᠪᠣᠯᠳᠠᠭ ᠦᠭᠡᠢ᠃ ᠬᠡᠨ ᠨᠢᠬᠡ ᠨᠢ ᠱᠠᠯ ᠰᠣᠭᠳᠣᠭᠠᠳ ᠰᠠᠪᠠ ᠰᠠᠭᠠᠯᠢ ᠬᠡᠮᠬᠡᠴᠢᠵᠦ ᠠᠶᠢᠯ ᠵᠡᠷᠬᠡᠯᠡᠳᠡᠭᠡ ᠪᠠᠨ ᠣᠶᠢᠮᠡᠬᠦᠯᠦᠬᠡᠳ ᠪᠠᠶᠢᠪᠠᠯ ᠳᠣᠮᠣ ᠢᠰᠡᠬᠡᠢ ᠳᠤ ᠣᠷᠢᠶᠠᠭᠠᠳ ᠬᠤᠶᠢᠮᠣᠷ ᠲᠤ ᠣᠷᠬᠢᠪᠠᠯ ᠬᠤᠶᠡᠷ ᠬᠤᠨᠤᠭ ᠤᠨ ᠳᠠᠷᠠᠭ᠎ᠠ ᠡᠷᠡᠬᠦᠯᠵᠢᠬᠡᠳ ᠢᠷᠡᠨ᠎ᠡ᠃ ᠬᠡᠳᠡᠯ᠎ᠡ ᠬᠠᠭᠤᠷᠮᠠᠭ ᠠᠷᠢᠬᠢ ᠶᠢ ᠢᠩᠬᠢᠵᠦ ᠪᠠᠯᠠᠷᠠᠳᠠᠯ᠎ᠠ ᠣᠣᠭᠤᠪᠠᠯ ︽ᠳ᠋ᠧᠪᠠᠵᠠᠨ ᠤ ᠣᠷᠣᠨ︾ ᠳᠠᠭᠠᠨ ᠮᠣᠷᠢᠯᠠᠴᠢᠬᠠᠬᠤ ᠨᠢ ᠴᠦ ᠮᠦᠨᠦᠬᠡᠨ ᠳᠣᠣᠷ᠎ᠠ᠃ ᠣᠨᠴᠠᠭᠠᠢ ᠵᠠᠷᠢᠮ ᠨᠢ ᠠᠷᠢᠬᠢᠨ ᠰᠢᠷᠡᠬᠡᠨ ᠠᠴᠠ ᠪᠠᠨ ᠪᠠᠭᠤᠵᠦ ᠠᠮᠵᠢᠭᠠᠳᠣᠢ ᠪᠠᠷ ᠠᠮᠢ ᠪᠠᠨ ᠠᠯᠳᠠᠵᠦ ᠬᠠᠮᠳᠦ ᠣᠣᠭᠤᠭᠰᠠᠨ ᠠᠮᠠᠷᠠᠭ ᠠᠬ᠎ᠠ ᠳᠡᠬᠦᠦ ᠪᠠᠨ ᠦᠷᠢ ᠳᠦᠯᠦᠪᠦᠷᠢ ᠳᠤ ᠣᠷᠣᠭᠤᠯᠣᠨ ᠵᠠᠷᠭᠤ ᠬᠢᠯᠬᠡᠳᠡᠭ ᠴᠦ ᠪᠣᠢ᠃ ᠮᠠᠨ ᠤ ᠵᠠᠷᠢᠮᠠᠳ ᠨᠢ ᠬᠡᠳᠦᠬᠦᠯᠡ ᠨᠡᠶᠢᠯᠡᠵᠦ ᠬᠤᠭᠤᠯᠠᠨ ᠰᠢᠷᠡᠬᠡᠨ ᠳᠤ ᠰᠠᠭᠤᠭᠠᠳ ᠣᠮᠳᠠᠭ᠎ᠠ ᠰᠣᠩᠭᠤᠬᠤ ᠳᠠᠭᠠᠨ ᠡᠷᠢᠶᠡᠨ ᠠᠯᠠᠭ ᠣᠷᠠᠯᠠᠯ ᠲᠠᠢ ᠳᠣᠣᠷ᠎ᠠ ᠭᠷᠠᠳᠦ᠋ᠰ ᠤᠨ ᠠᠷᠢᠬᠢ ᠰᠣᠩᠭᠤᠳᠠᠭ᠂ ᠡᠨᠡ ᠨᠢ ᠳᠣᠰᠬᠠᠶᠢᠯᠠᠨ ᠰᠫᠢᠷᠲ ᠢᠶᠠᠷ ᠨᠠᠶᠢᠷᠠᠭᠰᠠᠨ ᠬᠤᠣᠷᠳᠣ ᠣᠮᠳᠠᠭᠠᠨ ᠢ ᠰᠢᠯᠢᠵᠦ ᠪᠣᠢ ᠪᠦᠬᠡᠳ ᠠᠷᠪᠢᠨ ᠣᠣᠭᠤᠵᠦ ᠰᠣᠭᠳᠣᠭᠰᠠᠨ ᠠᠴᠠ ᠰᠡᠬᠦᠯᠡᠷ ᠳᠣᠯᠣᠭᠠᠢ ᠡᠪᠡᠳᠴᠦ ᠡᠯᠢᠬᠡ ᠬᠤᠳᠤᠭᠤᠳᠤ ᠡᠮᠵᠡᠭᠯᠡᠵᠦ ᠭᠤᠷᠪᠠ ᠳᠠᠪᠣᠨ ᠬᠤᠨᠤᠭ ᠰᠠᠯᠬᠤ ᠦᠭᠡᠢ ᠪᠠᠶᠢᠳᠠᠭ ᠨᠢ ᠬᠤᠣᠷᠳᠠᠯ ᠤᠨ ᠦᠷ᠎ᠡ ᠳᠠᠭᠠᠪᠣᠷᠢ ᠶᠤᠮ᠃ ᠵᠢᠩᠬᠢᠨᠢ ᠪᠣᠳᠠᠭ᠎ᠠ ᠪᠠᠷ ᠨᠡᠷᠡᠭᠰᠡᠨ ᠠᠷᠢᠬᠢ ᠨᠢ ᠣᠣᠭᠤᠬᠤ ᠳᠤ ᠠᠭᠠᠭ ᠲᠠᠢ᠂ ᠣᠷᠣᠬᠤ ᠳᠠᠭᠠᠨ ᠬᠤᠭᠤᠯᠠᠢ ᠵᠢᠷᠣᠳᠠᠭ ᠴᠦ ᠳᠣᠯᠣᠭᠠᠢ ᠳᠤ ᠭᠠᠷᠬᠤ ᠦᠭᠡᠢ᠃ ᠬᠡᠳᠡᠯ᠎ᠡ ᠬᠠᠭᠤᠷᠮᠠᠭ ᠠᠷᠢᠬᠢᠨ ᠳᠤ ᠠᠭᠤᠯᠠᠭᠳᠠᠵᠦ ᠪᠦᠬᠦᠢ ᠡᠲ᠋ᠠ ᠠᠯᠳᠧᠬᠢᠳ᠋ ᠨᠢ ᠴᠢᠰᠣᠨ ᠳᠣᠳᠣᠷᠠᠬᠢ ᠣᠰᠣ ᠶᠢ ᠠᠯᠳᠠᠭᠳᠠᠭᠤᠯᠣᠭᠰᠠᠨ ᠠᠴᠠ ᠴᠢᠰᠦ ᠦᠳᠬᠡᠷᠡᠵᠦ᠂ ᠵᠢᠷᠦᠬᠡ ᠪᠣᠯᠣᠨ ᠳᠠᠷᠢᠬᠢᠨ ᠤ ᠬᠢᠯᠭᠠᠰᠣᠨ ᠰᠣᠳᠠᠯ ᠤᠨ ᠴᠢᠰᠦ ᠣᠷᠣᠰᠬᠤ ᠨᠢ ᠣᠳᠠᠭᠠᠰᠢᠷᠠᠬᠤ ᠪᠣᠶᠣ ᠵᠣᠭᠰᠣᠩᠭᠤᠶᠢᠷᠠᠭᠠᠳ ᠵᠢᠷᠦᠬᠡᠨ ᠪᠠᠵᠠᠯᠭ᠎ᠠ ᠪᠣᠶᠣ ᠳᠠᠷᠢᠬᠢᠨ ᠰᠣᠳᠠᠯ ᠳᠦᠭᠵᠢᠷᠡᠨ ᠰᠠ ᠪᠣᠯᠳᠠᠭ ᠪᠠᠶᠢᠨ᠎ᠠ᠃ ᠨᠠᠢᠮᠠᠨ ᠵᠠᠭᠤᠨ ᠵᠢᠯ ᠤᠨ ᠡᠮᠣᠨ᠎ᠠ ᠠᠷᠢᠬᠢᠨ ᠤ ᠠᠰᠢᠭ ᠬᠤᠣᠷ ᠢ ᠨᠡᠪᠳᠡ ᠳᠠᠨᠢᠭᠠᠳ ᠶᠠᠭᠠᠬᠢᠵᠦ ᠡᠳ᠋ᠯᠡᠪᠡᠯ ᠵᠣᠬᠢᠬᠤ ᠶᠢ ᠪᠣᠭᠳᠠ ᠡᠵᠡᠨ ᠴᠢᠩᠬᠢᠰ ᠬᠠᠭᠠᠨ ᠮᠠᠨ ᠳᠤ ᠬᠡᠬᠡᠨ ᠰᠣᠷᠭᠠᠯ ᠢᠶᠠᠨ ᠬᠠᠶᠢᠷᠠᠯᠠᠵᠦ ᠦᠩᠬᠡᠷᠡᠵᠡᠢ᠃ ᠳᠡᠷᠡ ᠨᠢ ᠦᠷ᠎ᠡ ᠬᠤᠶᠢᠴᠢᠰ ᠮᠠᠨ ᠢ ᠪᠠᠨ ᠠᠷᠢᠬᠢᠨ ᠤ ᠬᠤᠣᠷᠳᠠᠯ  ᠠᠴᠠ ᠵᠠᠶᠢᠯᠠᠭᠤᠯᠵᠦ ᠠᠵᠢᠯ ᠣᠶᠢᠯᠡᠰ ᠲᠡᠭᠡᠨ ᠮᠡᠷᠡᠶᠢᠯᠴᠡᠬᠦ ᠶᠢ ᠰᠠᠨᠠᠭᠤᠯᠣᠭᠰᠠᠨ ᠬᠡᠷᠡᠭ ᠪᠣᠯᠬᠤ ᠶᠢ ᠰᠡᠬᠡᠬᠡᠷᠡᠬᠦᠰᠢᠳᠡᠢ ᠪᠠᠶᠢᠨ᠎ᠠ᠃ ᠨᠡᠩ ᠴᠦ ᠣᠳᠣ ᠴᠠᠭ ᠴᠢᠨᠢ ᠬᠠᠭᠤᠷᠮᠠᠭ ᠰᠠᠷᠬᠤᠳ ᠢᠶᠠᠷ ᠵᠠᠬ᠎ᠠ ᠳᠦᠬᠦᠷᠴᠦ ᠬᠤᠣᠷᠳᠣ ᠣᠮᠳᠠᠭᠠᠨ ᠢᠶᠠᠷ ᠳᠡᠯᠬᠡᠬᠦᠷ ᠴᠢᠭᠵᠢᠭᠰᠡᠨ ᠬᠡᠴᠡᠬᠦᠦ ᠦᠶ᠎ᠡ ᠪᠣᠯᠬᠤᠷ ᠠᠷᠣ ᠬᠡᠷ ᠢᠶᠠᠨ ᠪᠣᠳᠣᠬᠤ ᠦᠭᠡᠢ ᠴᠦ ᠠᠯᠳᠠᠷᠠᠶᠢᠬᠠᠨ ᠮᠠᠬᠠᠪᠣᠳ  ᠢᠶᠠᠨ ᠡᠷᠡᠮᠳᠡᠭᠯᠡᠬᠦ ᠦᠭᠡᠢ ᠪᠠᠶᠢᠬᠤ ᠶᠢ ᠰᠡᠳᠬᠢᠵᠦ᠂ ᠬᠡᠷ ᠪᠦᠯᠢ ᠳᠡᠭᠡᠨ ᠬᠠᠭᠠᠨ ᠳᠦᠰᠢᠭ᠂ ᠨᠡᠶᠢᠬᠡᠮ ᠨᠡᠶᠢᠳᠡ ᠳᠡᠭᠡᠨ ᠬᠠᠨᠠᠭᠠᠷ ᠬᠦᠰᠢᠶ᠎ᠡ ᠪᠣᠯᠬᠤ ᠵᠣᠷᠢᠯᠭ᠎ᠠ ᠪᠠᠷ ᠠᠷᠢᠬᠢ ᠠᠴᠠ ᠬᠤᠯᠠᠬᠠᠨ ᠵᠠᠶᠢᠳᠠᠵᠦ ᠪᠠᠶᠢᠪᠠᠯ ᠳᠠᠭᠠᠷᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号