| ᠦᠯᠢᠭᠡᠷ ᠤᠨ ᠡᠪᠦᠭᠡ | ᠬᠠᠩᠰᠢ ᠪᠣᠯᠬᠤ ᠪᠠᠷ ᠯᠡ ᠬᠤᠳᠠ ᠵᠡᠭᠡᠯᠢ ᠬᠤᠯᠠ ᠭᠠᠵᠠᠷ ᠠᠯᠪᠠ ᠠᠵᠢᠯ ᠢᠶᠠᠷ ᠪᠠᠶᠢᠭ᠎ᠠ ᠮᠠᠨᠠᠶᠢᠬᠢᠨ ᠤ | ᠮᠣᠩᠭᠤᠯᠴᠣᠳ ᠤᠨ ᠣᠯᠠᠩᠬᠢ ᠨᠢ ᠨᠣᠳᠤᠭ ᠵᠦᠭ ᠢᠶᠠᠨ ᠰᠠᠯᠬᠢ ᠠᠪᠴᠣ ᠬᠠᠷᠢᠵᠣ ᠨᠢᠭᠡ ᠦᠵᠡᠬᠦ᠂ ᠠᠭᠤᠯᠵᠠᠵᠣ | ᠨᠢᠭᠡ ᠣᠴᠠᠷᠠᠬᠤ ᠶᠣᠮᠰᠠᠨ ᠬᠡᠮᠡᠬᠦ ᠰᠡᠳᠬᠢᠯᠭᠡ ᠪᠠᠷ ᠣᠪᠣᠯᠵᠠᠭᠠᠳ ᠡᠬᠢᠯᠡᠳᠡᠭ ᠪᠢᠯᠡ︕ ᠡᠨᠡ ᠵᠢᠯ ᠤᠨ ᠬᠠᠩᠰᠢ ᠪᠠᠷ | ᠪᠢ ᠴᠦ ᠵᠣᠷᠰᠢᠯ ᠶᠣᠰᠣᠭᠠᠷ ᠲᠣᠭᠳᠠᠨ ᠶᠠᠳᠠᠨ ᠬᠦᠭᠰᠡᠵᠦ᠂ ᠪᠠᠶᠢᠭᠤᠯᠣᠯᠭ᠎ᠠ ᠠᠴᠠ ᠪᠠᠨ ᠬᠤᠶᠠᠷ ᠬᠤᠨᠤᠭ ᠤᠨ | ᠴᠢᠯᠦᠭᠡ ᠠᠪᠴᠣ ᠨᠣᠳᠤᠭ ᠲᠤ ᠪᠠᠨ ᠬᠠᠷᠢᠵᠦ ᠬᠠᠭᠤᠴᠢᠳ ᠲᠤ ᠪᠠᠨ ᠲᠣᠶ᠋ᠢᠩ ᠲᠦᠯᠡᠰᠢ ᠰᠢᠳᠠᠭᠠᠨ ᠲᠡᠭᠡᠳᠦᠰ ᠤᠨ | ᠢᠶᠠᠨ ᠭᠡᠭᠡᠨ ᠰᠦᠨᠡᠰᠦᠨ ᠳᠤ ᠠᠯᠢᠪᠠ ᠪᠦᠬᠦᠨ ᠢᠶᠠᠨ ᠲᠠᠭᠠᠳᠬᠠᠨ ᠵᠠᠯᠪᠠᠷᠢᠵᠤ ᠡᠯᠪᠡᠷᠢᠯ ᠰᠦᠵᠢᠭ ᠢᠶᠠᠨ ᠭᠦᠢᠴᠡᠳᠬᠡᠬᠦ | ᠂ ᠨᠠᠶᠠ ᠶᠢᠨ ᠲᠠᠪᠠᠭ᠎ᠠ ᠲᠦᠭᠦᠭᠰᠡᠨ ᠨᠠᠰᠣᠳᠠᠨ ᠪᠣᠭᠤᠷᠣᠯ ᠡᠵᠢ ᠪᠠᠨ ᠴᠦ ᠡᠷᠭᠢᠬᠦ ᠴᠦ ᠰᠢᠭ᠂ ᠨᠠᠷᠭᠢᠵᠦ ᠲᠠᠰᠴᠣ | ᠦᠰᠦᠭᠰᠡᠨ ᠲᠡᠭᠦᠦ ᠨᠠᠷ ᠢᠶᠠᠨ ᠴᠦ ᠦᠵᠡᠵᠦ ᠬᠠᠷᠠᠬᠤ ᠬᠡᠮᠡᠨ ᠮᠣᠷᠳᠠᠭᠰᠠᠨ ᠶᠤᠮ ᠰᠠᠨ︕ | ᠡᠨᠡ ᠵᠢᠯ ᠤᠨ ᠬᠠᠩᠰᠢ ᠭᠡᠵᠦ ᠰᠡᠳᠬᠢᠯ ᠳᠤ ᠲᠠᠭᠠᠳᠠᠢ ᠶᠢ ᠶᠠᠭᠠᠬᠢᠨ᠎ᠠ᠂ ᠲᠦᠷᠦᠭᠦᠦ ᠰᠦᠨᠢ ᠠᠴᠠ ᠨᠢ | ᠡᠬᠢᠯᠡᠭᠡᠳ ᠯᠡ ᠪᠣᠷᠣᠭᠠᠨ ᠴᠠᠰᠣ ᠪᠣᠷᠠᠵᠣ ᠰᠢᠪᠡᠷᠡᠨ ᠠᠭᠤᠷ ᠠᠮᠢᠰᠬᠤᠯ ᠴᠡᠪᠡᠷᠰᠢᠭᠡᠳ ᠪᠣᠷ ᠪᠣᠷ ᠪᠣᠷᠣᠭᠠᠨ ᠲᠠᠢ ᠮᠡᠷ | ᠮᠡᠷ ᠰᠠᠯᠬᠢ ᠲᠠᠢ ᠪᠣᠷᠬᠠᠨ ᠤ ᠣᠷᠣᠨ ᠢ ᠰᠠᠨᠠᠭᠳᠠᠭᠤᠯᠣᠨᠠᠮ ᠡ︕ ᠬᠤᠳᠠ ᠵᠡᠭᠡᠯᠢ ᠶᠢᠨ ᠪᠣᠬᠢᠷ ᠣᠳᠤᠭ᠎ᠠ᠂ ᠲᠡᠮᠠᠬᠢ | ᠰᠡᠫᠢᠷᠲ ᠤᠨ ᠨᠢᠯᠣᠭᠤᠨ ᠬᠤᠣᠷ ᠲᠤ ᠣᠯᠠᠩᠳᠠᠵᠣ ᠣᠰᠣᠳᠣᠭᠰᠠᠨ ᠨᠢᠳᠦ ᠪᠠᠨ ᠬᠠᠪᠣᠷ ᠤᠨ ᠵᠢᠪᠠᠷ ᠢᠶᠠᠷ | ᠵᠦᠯᠭᠦᠭᠦᠯᠵᠦ ᠵᠢᠯᠠᠭ᠎ᠠ ᠦᠭᠰᠦᠨ ᠠᠯᠬᠤᠬᠤ ᠳᠤ ᠴᠡᠭᠡᠵᠢ ᠣᠩᠭᠤᠶᠢᠨ ᠨᠢᠳᠦ ᠭᠡᠷᠡᠯᠳᠦᠭᠡᠳ ᠰᠢᠨ᠎ᠡ ᠬᠠᠪᠣᠷ ᠪᠡᠶᠡᠨ | ᠳᠤ ᠣᠷᠣᠰᠬᠤ ᠮᠡᠳᠦ ᠴᠤᠭ ᠵᠠᠯᠢ ᠰᠡᠷᠭᠦᠬᠦ ᠶᠢ ᠶᠠᠭᠤᠨ ᠦᠭᠦᠯᠡᠨᠡᠮ︕ ᠵᠣᠯᠠᠭ ᠲᠠᠪᠠᠭᠰᠠᠨ ᠰᠡᠪᠰᠡᠭᠡᠷ ᠴᠠᠰᠣ ᠶᠢ | ᠭᠢᠰᠬᠢᠯᠡᠨ ᠡᠪᠦᠭᠡ ᠡᠮᠡᠭᠡ ᠶᠢᠨ ᠢᠶᠠᠨ ᠬᠠᠭᠤᠴᠢ ᠣᠶᠢᠷᠠᠳᠬᠤ ᠳᠤ ᠦᠷᠯᠦᠭᠡ ᠡᠷᠳᠡ ᠶᠢᠨ ᠵᠦᠭᠡᠯᠡᠨ ᠨᠠᠷᠠ ᠠᠭᠤᠯᠠ | ᠲᠠᠭᠠᠨ ᠡᠮᠵᠢᠶᠡᠷᠯᠡᠵᠦ ᠬᠦᠳᠦᠯ ᠬᠢᠷ᠎ᠡ ᠶᠢᠨ ᠡᠩᠭᠡᠷ ᠲᠣᠪᠴᠢ ᠦᠭᠡᠢ ᠠᠯᠳᠠᠨ ᠭᠡᠷᠡᠯ ᠢᠶᠠᠨ ᠲᠣᠯᠠᠶᠢᠨ ᠰᠠᠴᠣᠭᠰᠠᠨ | ᠪᠠᠶᠢᠯ᠎ᠠ᠃ ᠮᠣᠳᠣᠳ ᠤᠨ ᠰᠠᠯᠠᠭ᠎ᠠ ᠮᠦᠴᠢᠷ ᠲᠤ ᠪᠠᠳᠮᠠᠯᠠᠨ ᠰᠠᠭᠤᠭᠰᠠᠨ ᠴᠠᠰᠤᠨ ᠱᠠᠭᠱᠣᠷᠠᠭᠠ᠂ ᠬᠠᠶᠢᠯᠣᠭᠠᠳ | ᠬᠢᠯᠬᠢᠭᠳᠡᠭᠰᠡᠨ ᠮᠦᠰᠦᠨ ᠣᠨᠵᠢᠯᠯᠠᠭᠠ ᠨᠤᠭᠤᠳ ᠨᠢᠰᠬᠦ ᠪᠠᠷ ᠪᠠᠵᠠᠭᠠᠭᠰᠠᠨ ᠰᠢᠪᠠᠭᠤ ᠱᠠᠭᠠᠵᠠᠭᠠᠢ ᠴᠦ ᠰᠢᠭ᠋᠂ ᠨᠢᠮᠭᠡᠨ | ᠱᠠ ᠡᠮᠦᠰᠦᠭᠰᠡᠨ ᠪᠦᠰᠡᠭᠦᠢ ᠶᠢᠨ ᠬᠦᠵᠦᠭᠦᠨ ᠳᠤ ᠭᠢᠯᠳᠠᠭᠠᠨᠠᠭᠳᠠᠭᠰᠠᠨ ᠬᠠᠰ ᠤᠨ ᠰᠣᠨᠳᠣᠷ ᠴᠦ ᠭᠡᠯᠳᠠᠢ︕ | ︽ᠠᠢ ᠳ᠋ᠠ ᠬᠦᠭᠡᠷᠦᠬᠡᠢ︕ ᠡᠪᠦᠭᠡ ᠡᠮᠡᠭᠡ ᠶᠢᠨ ᠢᠶᠠᠨ ᠵᠠᠬ᠎ᠠ ᠳᠤ ᠢᠷᠡᠴᠢᠬᠡᠯ᠎ᠡ ᠰᠢᠦ︕︾ ᠭᠡᠬᠦ ᠰᠡᠳᠬᠢᠯᠬᠡ | ᠶᠢᠨ ᠮᠦᠷᠦᠭᠡᠳᠦᠯ ᠦᠨᠳᠡᠶᠢᠨ ᠪᠣᠰᠬᠤ ᠳᠤ ᠨᠢᠳᠦᠨ ᠳᠤ ᠵᠠᠶᠢᠷ ᠭᠦᠶᠦᠨ᠎ᠡ᠃ ᠨᠢᠳᠦᠨ ᠢᠯᠡ ᠬᠠᠭᠤᠴᠢᠳ ᠮᠠᠨᠢ | ᠴᠠᠰᠣᠨ ᠤ ᠲᠣᠣᠷ᠎ᠠ ᠠᠴᠠ ᠴᠠᠷᠠᠰᠣᠨ ᠣᠢ ᠲᠦᠰᠢᠵᠦ ᠲᠦᠭᠳᠦᠶᠢᠨ ᠬᠠᠷᠠᠭᠳᠠᠨ᠎ᠠ᠃ ᠡᠪᠦᠭᠡ ᠮᠢᠨᠢ ᠪᠣᠷᠬᠠᠨ ᠪᠣᠯᠬᠤ | ᠠᠴᠠ ᠪᠠᠨ ᠡᠮᠦᠨ᠎ᠡ ᠵᠢᠯ ᠨᠢ ᠶᠠᠭ ᠯᠡ ᠢᠩᠬᠢᠵᠦ ᠬᠠᠩᠰᠢ ᠪᠣᠯᠵᠣ ᠬᠠᠭᠳᠠ ᠲᠦᠯᠬᠢᠬᠦ ᠲᠦᠯᠦᠪ ᠢᠶᠠᠷ ᠬᠦᠭᠰᠢᠨ | ᠰᠠᠭᠠᠷᠠᠯ ᠡᠯᠵᠢᠭᠡᠨ ᠲᠡᠷᠭᠡ ᠪᠠᠨ ᠶᠣᠭᠤᠭᠤᠯᠵᠣ ᠪᠠᠭ᠎ᠠ ᠠᠪᠠᠭ᠎ᠠ ᠪᠣᠯᠣᠨ ᠲᠡᠭᠡᠳᠦ ᠲᠣᠮᠳᠠᠳᠣ ᠶᠢᠨ ᠨᠢᠭᠡᠳᠦᠭᠡᠷ ᠣᠨ | ᠳᠤ ᠪᠠᠶᠢᠭᠰᠠᠨ ᠨᠠᠮ᠎ᠠ ᠶᠢ ᠲᠠᠭᠠᠭᠤᠯᠣᠨ ᠢᠷᠡᠭᠡᠳ ᠭᠠᠵᠠᠷ ᠤᠨ ᠪᠠᠶᠢᠴᠠ ᠶᠢ ᠰᠢᠨᠵᠢᠵᠦ ᠬᠠᠷᠠᠭᠤᠯᠳᠠᠭᠠᠳ ᠯᠠ᠄ ︽ | ᠵᠠ᠂ ᠠᠪᠤ ᠪᠠᠨ ᠨᠢᠳᠦ ᠠᠨᠢᠭᠰᠠᠭᠠᠷ ᠠᠪᠴᠢᠷᠠᠭᠠᠳ ᠠᠳᠡ ᠲᠠᠯᠪᠢᠴᠢᠬ᠎ᠠ︕ ᠡᠨᠡ ᠵᠢᠯ ᠠᠴᠠ ᠪᠡᠶ᠎ᠡ ᠬᠠᠷᠢᠭᠤ ᠦᠭᠡᠢ | ᠰᠠᠨᠠᠭᠳᠠᠭᠠᠳ ᠯᠡ᠂ ᠶᠡᠷᠦ ᠨᠢ ᠨᠠᠰᠣᠳᠠᠢ ᠬᠦᠮᠦᠨ ᠢ ᠲᠠᠭᠤᠳᠠᠳᠠᠭ ᠲᠡᠷᠡ ᠦᠭᠡᠳᠡ ᠨᠢ ᠲᠦᠭᠦᠵᠦ ᠪᠠᠶᠢᠭ᠎ᠠ ᠯᠡ ᠶᠤᠮ | ᠰᠢᠭ᠋ ᠬᠡᠭᠦᠷ ᠤᠨ ᠰᠢᠷᠣᠢ ᠦᠨᠦᠷᠳᠡᠭᠡᠳ ᠪᠠᠶᠢᠬᠤ ᠶᠤᠮ᠂ ᠬᠡᠣᠬᠡ ᠡ︕︾ ᠭᠡᠵᠦ ᠣᠶᠢᠷ᠎ᠠ ᠬᠠᠪᠢ ᠶᠢᠨ ᠠᠭᠤᠯᠠ | ᠲᠣᠯᠣᠭᠠᠳ ᠣᠰᠣ ᠪᠣᠯᠠᠭ ᠤᠨ ᠨᠡᠷᠡᠶᠢᠳᠦᠯ ᠢ ᠶᠠᠷᠢᠵᠦ ᠲᠠᠭᠤᠳᠠᠨ ᠦᠪᠡᠷ ᠤᠨ ︽ᠨᠣᠳᠤᠭ︾ ᠢᠶᠠᠨ ᠰᠣᠩᠭᠤᠵᠣ | ᠲᠠᠯᠪᠢᠭᠰᠠᠨ ᠶᠤᠮ ᠳ᠋ᠠ︕ ᠣᠳᠣ ᠡᠷᠭᠢᠴᠡᠭᠦᠯᠬᠦ ᠳᠤ ᠭᠤᠴᠢᠭᠠᠳ ᠵᠢᠯ ᠪᠣᠯᠵᠠᠢ᠃ ᠴᠠᠭ ᠮᠦᠴᠡ ᠭᠡᠵᠦ ᠬᠡᠴᠢᠨᠡᠨ | ᠬᠤᠷᠳᠣᠨ ᠦᠩᠭᠡᠷᠡᠨ ᠣᠳᠳᠠᠭ ᠠᠵᠠᠢ᠂ ᠣᠨᠳᠠᠭᠠᠳ ᠰᠡᠷᠢᠭᠰᠡᠨ ᠮᠡᠳᠦ ᠨᠢᠭᠡ ᠮᠡᠳᠡᠬᠦᠯ᠎ᠡ ᠪᠢ ᠴᠦ ᠲᠦᠴᠢ ᠶᠢᠨ | ᠲᠠᠪᠠᠭ᠎ᠠ ᠦᠭᠡᠳᠡᠯᠡᠵᠦ ᠬᠠᠰᠢᠷ ᠰᠠᠭᠤᠵᠣ ᠡᠪᠦᠭᠡᠨ ᠰᠢᠭᠢᠷ᠎ᠡ ᠠᠪᠴᠠᠢ᠃ | ᠮᠠᠨᠣᠰ ᠬᠠᠭᠤᠷᠠᠢ ᠴᠦᠪᠦᠳᠡᠯ ᠲᠡᠭᠦᠨ ᠭᠠᠯ ᠬᠦᠭᠵᠢᠭᠡᠵᠦ ᠭᠡᠷ ᠭᠡᠷ ᠠᠴᠠ ᠪᠠᠨ ᠦᠪᠡᠷ ᠤᠨ ᠬᠤᠪᠢ ᠬᠡᠮᠡᠨ | ᠪᠡᠯᠡᠳᠬᠡᠨ ᠠᠪᠴᠢᠷᠠᠭᠰᠠᠨ ᠡᠷᠭᠦᠴᠡ ᠪᠠᠷᠢᠴᠠ ᠪᠠᠨ ᠡᠷᠭᠦᠵᠦ ᠰᠢᠳᠠᠭᠠᠨ ᠮᠦᠷᠭᠦᠬᠦ ᠳᠤ ᠬᠦᠭᠡᠷᠦᠬᠦᠢ ᠲᠡᠭᠦᠦ᠂ | ᠦᠶᠡᠯᠢᠳ ᠬᠤᠶᠠᠷ ᠲᠡᠭᠦᠦ᠂ ᠬᠤᠶᠠᠷ ᠠᠴᠢ ᠬᠦᠪᠡᠭᠦᠨ ᠲᠠᠢ ᠪᠠᠨ ᠪᠢᠳᠡ ᠴᠢᠨᠢ ᠬᠡᠳᠦᠭᠦᠯᠬᠡᠨ ᠯᠡ ᠪᠠᠶᠢᠯ᠎ᠠ᠃ ᠡᠳᠡᠨ | ᠤ ᠪᠠᠨ ᠲᠣᠮᠳᠠ ᠪᠢ ᠴᠢᠨᠢ ᠣᠳᠣ ᠠᠪᠤ ᠶᠢᠨ ᠲᠠᠷᠠᠭ᠎ᠠ ᠠᠬ᠎ᠠ ᠭᠡᠳᠡᠭ ᠢᠶᠠᠷ ᠶᠡᠭᠡ ᠮᠡᠳᠡᠳᠡᠭ᠂ ᠬᠤᠯᠠ ᠬᠠᠷᠠᠳᠠᠭ | ᠬᠦᠮᠦᠨ ᠢᠶᠠᠷ ᠦᠵᠡᠭᠳᠡᠳᠡᠭ ᠶᠤᠮ ᠠᠵᠠᠢ᠃ ᠠᠵᠠᠢ ᠮᠢᠨᠢ ᠪᠠᠶᠢᠬᠤ ᠳᠤ ᠬᠡᠥᠬᠡᠳ ᠵᠣᠯᠵᠠᠭ᠎ᠠ ᠲᠡᠭᠦᠦ ᠨᠠᠷ ᠢᠶᠠᠨ | ᠪᠦᠭᠦᠳᠡ ᠶᠢ ᠲᠠᠭᠠᠭᠤᠯᠣᠨ ᠢᠷᠡᠭᠡᠳ ᠬᠠᠭᠤᠴᠢᠳ ᠤᠨ ᠢᠶᠠᠨ ᠭᠡᠭᠡᠨ ᠰᠦᠨᠡᠰᠦᠨ ᠳᠤ ᠲᠠᠬᠢᠯᠭ᠎ᠠ ᠶᠤᠭᠠᠨ ᠡᠷᠭᠦᠵᠦ | ᠶᠣᠰᠣ ᠣᠴᠢᠷ ᠢᠶᠠᠨ ᠭᠦᠢᠴᠡᠳᠬᠡᠭᠡᠳ ᠲᠠᠬᠢᠯᠭ᠎ᠠ ᠶᠢᠨ ᠭᠠᠯ ᠢᠶᠠᠨ ᠲᠣᠭᠤᠷᠢᠨ ᠬᠤᠷᠮᠣᠢ ᠲᠡᠪᠢᠰᠦᠨ ᠵᠠᠪᠢᠯᠠᠵᠣ | ᠰᠠᠭᠤᠵᠠᠭᠠᠭᠠᠳ ᠲᠡᠭᠡᠳᠦᠰ ᠤᠨ ᠬᠡᠰᠢᠭ ᠬᠡᠮᠡᠨ ᠡᠷᠭᠦᠯᠳᠡ ᠶᠢᠨ ᠠᠷᠢᠬᠢᠨ ᠠᠴᠠ ᠪᠠᠨ ᠠᠬ᠎ᠠ ᠲᠡᠭᠦᠦ ᠭᠤᠷᠪᠠᠭᠤᠯᠠ | ᠪᠠᠨ ᠭᠠᠷ ᠲᠠᠭᠠᠭᠤᠯᠣᠨ ᠰᠢᠮᠡᠭᠡᠳ ᠬᠡᠳᠦᠨ ᠬᠡᠣᠬᠡᠳ ᠠᠴᠢᠨᠠᠷ ᠪᠢᠳᠡᠨ ᠳᠤ ᠪᠠᠨ ᠦᠯᠢᠭᠡᠷ ᠵᠣᠭᠤᠭ ᠪᠣᠯᠭᠠᠨ ᠣᠯᠠᠨ | ᠠᠷᠪᠢᠨ ᠣᠴᠢᠷ ᠶᠣᠰᠣ ᠶᠠᠷᠢᠭᠠᠳ ᠪᠢᠳᠡ ᠴᠢᠨᠢ ᠣᠯᠠᠭᠤᠯᠠ ᠯᠡ ᠰᠢᠭ᠋ ᠪᠣᠳᠣᠭᠳᠠᠳᠠᠭ ᠮᠠᠨᠢ ᠦᠴᠦᠭᠡᠳᠦᠷᠬᠡᠨ ᠬᠡᠮᠡᠷ | ᠰᠠᠨᠠᠭᠳᠠᠨ᠎ᠠ᠃ ᠣᠳᠣ ᠪᠢᠳᠡ ᠴᠢᠨᠢ ᠦᠶᠡᠯᠢᠳ ᠬᠠᠶᠠᠯᠢᠳ ᠲᠠᠢ ᠪᠠᠨ ᠨᠡᠶᠢᠯᠡᠭᠡᠳ ᠡᠨᠡ ᠬᠡᠳᠦᠬᠡᠨ ᠬᠠᠭᠤᠴᠢ ᠪᠠᠨ | ᠡᠷᠬᠢᠳᠡᠭ ᠡᠷᠡᠰ ᠤᠳ ᠲᠠᠢ ᠪᠣᠯᠣᠭᠰᠠᠨ ᠳᠤ ᠪᠠᠨ ᠲᠣᠳᠣᠷ᠎ᠠ ᠨᠢᠭᠡ ᠭᠤᠳᠣᠷᠠᠮᠠᠷ ᠴᠦ᠂ ᠣᠶᠠᠷᠠᠮᠠᠷ ᠴᠦ᠂ | ᠬᠤᠷᠣᠰᠣᠮᠠᠷ ᠴᠦ ᠁ ᠣᠯᠠᠨ ᠣᠯᠠᠨ ᠰᠡᠳᠬᠢᠯᠭᠡ ᠣᠷᠢᠶᠠᠯᠳᠣᠨ ᠪᠣᠰᠣᠭᠠᠳ ᠴᠢᠩᠭ᠎ᠠ ᠴᠢᠩᠭ᠎ᠠ ᠪᠠᠯᠭᠤᠭᠰᠠᠨ | ᠬᠠᠳᠠᠭᠤ ᠬᠠᠷ᠎ᠠ ᠶᠢᠨ ᠢᠳᠡᠨ ᠳᠤ ᠡᠷᠬᠡᠯᠡᠮᠡᠷ ᠴᠦ᠂ ᠣᠬᠢᠯᠠᠮᠠᠷ ᠴᠦ᠂ ᠬᠠᠰᠬᠢᠷᠣᠮᠠᠷ ᠴᠦ ᠁ ᠰᠠᠨᠠᠭᠳᠠᠭᠠᠳ | ᠣᠰᠣ ᠵᠠᠭᠤᠭᠰᠠᠨ ᠶᠠᠭᠵᠢᠭ ᠬᠠᠷ᠎ᠠ ᠴᠠᠷᠠᠰᠣᠨ ᠤ ᠭᠠᠰᠢᠭᠤᠨ ᠣᠳᠤᠭ᠎ᠠ ᠲᠠᠢ ᠬᠤᠯᠢᠯᠳᠣᠨ ᠡᠨᠡᠬᠦ ᠪᠦᠳᠦᠭᠦᠨ ᠡᠪᠦᠭᠡᠨ | ᠰᠦᠪᠡᠭᠡ ᠲᠣᠯᠣᠭᠰᠠᠨ ᠬᠡᠮᠡᠷ ᠲᠣᠷᠤᠭ ᠲᠠᠷᠭᠤᠨ ᠰᠠᠶᠢᠬᠠᠨ ᠠᠭᠤᠯᠠ ᠶᠢᠨ ᠡᠩᠭᠡᠷ ᠲᠠᠬᠢ ᠴᠠᠰᠦᠨ ᠤ ᠠᠭᠠᠷ ᠲᠤ | ᠵᠣᠪᠠᠭᠤᠷᠢᠳᠠᠶᠢᠬᠠᠨ ᠰᠢᠩᠭᠡᠨ ᠠᠭᠤᠰᠴᠣ ᠪᠠᠶᠢᠯ᠎ᠠ ᠁ | ᠠᠢ ᠬᠦᠭᠡᠷᠦᠬᠦᠢ︕ ᠡᠪᠦᠭᠡ ᠮᠠᠨᠢ ︽ᠨᠣᠳᠤᠭ︾ ᠢᠶᠠᠨ ᠣᠨᠣᠭᠠᠵᠣ ᠰᠣᠩᠭᠤᠭᠰᠠᠨ ᠶᠤᠮ ᠪᠠᠶᠢᠨ᠎ᠠ ᠳ᠋ᠠ︕ | ᠪᠠᠷᠠᠭᠤᠨ ᠠᠴᠠ ᠨᠢ ᠠᠷᠵᠢᠭᠠᠷ ᠮᠣᠷᠢᠨ ᠰᠢᠪᠠᠭ᠎ᠠ ᠲᠠᠢ ᠴᠢᠯᠠᠭᠤᠳᠣ ᠶᠢᠨ ᠣᠷᠣᠢ ᠨᠠᠯᠠᠵᠣ᠂ ᠵᠡᠭᠦᠨ ᠳᠤ ᠨᠢ ᠲᠥᠩ | ᠵᠣᠵᠠᠭᠠᠨ ᠴᠠᠭᠠᠨ ᠬᠤᠰᠣ ᠲᠠᠢ ᠤᠯᠠᠭᠠᠨ ᠲᠣᠯᠣᠭᠠᠢ ᠰᠡᠭᠡᠷ ᠡᠷᠭᠦᠨ ᠰᠡᠬᠦᠶᠢᠭᠡᠳ ᠡᠮᠦᠨ᠎ᠡ ᠨᠢ ᠮᠣᠷᠢᠨ ᠣᠰᠣᠨ | ᠭᠤᠣᠯ ᠰᠣᠨᠣᠯᠵᠠᠭᠠᠳ ᠬᠠᠪᠣᠷ ᠡᠷᠳᠡ ᠲᠦᠯᠵᠢᠵᠦ᠂ ᠨᠠᠮᠣᠷ ᠡᠷᠳᠡ ᠪᠣᠯᠪᠠᠰᠣᠷᠠᠨ ᠨᠠᠷᠠ ᠡᠷᠳᠡ ᠲᠣᠰᠳᠠᠭ ᠠᠳᠠᠪᠠᠰᠢ | ᠰᠢᠳᠢ ᠲᠠᠢ ᠭᠠᠵᠠᠷ ᠣᠰᠣᠨ ᠪᠠᠶᠢᠵᠠᠢ᠃ ᠡᠨᠡ ᠨᠢ ᠪᠦᠷ ᠯᠡ ᠦᠶ᠎ᠡ ᠦᠶ᠎ᠡ ᠪᠠᠨ ᠵᠠᠯᠭᠠᠵᠣ ᠦᠨᠳᠦᠰᠦ ᠨᠠᠮᠠᠭ᠎ᠠ ᠪᠠᠨ | ᠵᠠᠯᠭᠠᠬᠤ ᠬᠤᠶᠢᠴᠢ ᠳᠤ ᠪᠠᠨ ᠬᠦᠷᠦᠭᠰᠡᠨ ᠡᠪᠦᠭᠡ ᠶᠢᠨ ᠮᠢᠨᠢ ᠰᠠᠨᠠᠭ᠎ᠠ ᠪᠠᠶᠢᠭ᠎ᠠ ᠪᠢᠰᠢᠦ ᠦᠦ ᠳ᠋ᠠ︕ | ᠠᠯᠢ ᠡᠷᠳᠡ ᠮᠠᠨᠠᠶᠢᠬᠢᠨ ᠤ ᠲᠡᠭᠡᠳᠦᠰ ᠭᠠᠯᠳᠠᠨ ᠪᠣᠱᠣᠭᠳᠣ ᠶᠢᠨ ᠮᠠᠨᠵᠣ ᠶᠢᠨ ᠡᠰᠡᠷᠭᠦ ᠶᠠᠪᠣᠭᠤᠯᠣᠭᠰᠠᠨ | ᠰᠢᠳᠣᠷᠭᠤ ᠶᠣᠰᠣᠨ ᠤ ᠲᠡᠮᠡᠴᠡᠯ ᠳᠤ ᠦᠪᠦᠷ ᠬᠠᠯᠬ᠎ᠠ ᠶᠢᠨ ᠬᠢᠯᠢ ᠲᠠᠪᠠᠭᠤᠯᠣᠨ ᠠᠬ᠎ᠠ ᠲᠡᠭᠦᠦ ᠲᠠᠪᠣᠭᠤᠯᠠ ᠪᠠᠨ | ᠦᠪᠦᠷ ᠤᠷᠤᠭᠤᠳᠠᠨ ᠡᠨᠡᠬᠦ ᠰᠢᠳᠣᠷᠭᠤ ᠶᠣᠰᠣᠨ ᠤ ᠲᠡᠮᠡᠴᠡᠯ ᠳᠤ ᠣᠷᠣᠯᠴᠠᠭᠰᠠᠨ ᠪᠠᠶᠢᠵᠠᠢ᠃ ᠪᠠᠶᠢᠯᠳᠣᠭᠠᠨ ᠤ | ᠶᠠᠪᠣᠴᠠ ᠳᠤ ᠠᠬ᠎ᠠ ᠲᠡᠭᠦᠦ ᠲᠠᠪᠣᠭᠤᠯᠠ ᠪᠠᠨ ᠵᠠᠳᠠᠷᠠᠨ ᠰᠠᠯᠣᠭᠠᠳ ᠡᠪᠦᠭᠡ ᠶᠢᠨ ᠬᠤᠯᠣᠨᠴᠠ ᠶᠢᠨ ᠦᠶ᠎ᠡ ᠪᠠᠷᠠᠭᠤᠨ | ᠠᠴᠠ ᠵᠡᠭᠦᠨᠰᠢᠯᠡᠵᠦ ᠦᠶ᠎ᠡ ᠣᠯᠠᠷᠢᠨ ᠶᠠᠪᠣᠭᠰᠠᠭᠠᠷ ᠪᠠᠶᠢᠵᠣ ᠪᠠᠭᠠᠷᠢᠨ ᠣᠷᠣᠵᠣ ᠬᠦᠯ ᠲᠣᠭᠳᠠᠭᠰᠠᠨ ᠁ ᠭᠡᠵᠦ | ᠡᠪᠦᠭᠡ ᠮᠠᠨᠢ ᠣᠯᠠᠨ ᠬᠠᠭᠤᠴᠢᠯᠠᠳᠠᠭ ᠢ ᠲᠡᠷᠡ ᠦᠶ᠎ᠡ ᠳᠤ ᠪᠠᠭ᠎ᠠ ᠪᠠᠶᠢᠵᠣ ᠦᠦᠬᠡ ᠲᠡᠦᠬᠡ ᠶᠢᠨ ᠲᠣᠬᠠᠢ ᠲᠡᠮᠡᠢ | ᠠᠩᠬᠠᠷᠣᠯ ᠳᠤ ᠪᠠᠨ ᠠᠪᠳᠠᠭ ᠦᠭᠡᠢ ᠣᠴᠢᠷ ᠣᠳᠣ ᠭᠡᠮᠰᠢᠯ ᠪᠣᠯᠣᠨ ᠬᠤᠴᠣᠷᠴᠠᠢ᠃ ᠬᠠᠶᠠ ᠵᠠᠷᠢᠮ ᠳᠤ ᠪᠠᠨ | ᠲᠡᠦᠬᠡ ᠨᠣᠮ ᠣᠷᠪᠠᠭᠤᠯᠣᠨ ᠣᠳᠣᠮ ᠰᠣᠳᠣᠷ ᠤᠨ ᠲᠣᠬᠠᠢ ᠡᠷᠭᠢᠴᠡᠭᠦᠯᠦᠨ ᠦᠵᠡᠬᠦ ᠳᠤ ᠯᠢᠭᠳᠡᠨ ᠪᠣᠯᠣᠨ ᠴᠣᠭᠳᠣ | ᠲᠠᠶᠢᠵᠢ ᠶᠢᠨ ᠦᠶ᠎ᠡ ᠶᠢᠨ ᠴᠣᠬᠤᠷ ᠬᠠᠯᠬ᠎ᠠ ᠶᠢᠨ ᠬᠤᠶᠢᠴᠢᠰ ᠪᠣᠯᠳᠠᠭ ᠴᠦ ᠶᠤᠮ ᠦᠦ︖ ᠡᠰᠡᠭᠦᠯ᠎ᠡ ᠭᠤᠪᠢ ᠶᠢᠨ | ᠠᠷᠣ ᠶᠢᠨ ᠵᠠᠰᠠᠭᠳᠣ ᠬᠠᠨ ᠠᠶᠢᠮᠠᠭ ᠤᠨ ᠭᠠᠳᠠᠷ ᠬᠠᠯᠬ᠎ᠠ ᠨᠢ ᠲᠣᠳᠣᠭᠠᠳᠣᠬᠢ ᠵᠠᠭᠤᠷᠠᠭᠠᠨ ᠠᠴᠠ ᠪᠠᠨ ᠪᠣᠯᠵᠣ | ᠬᠠᠩᠭᠠᠢ ᠠᠭᠤᠯᠠ ᠶᠢ ᠲᠠᠪᠠᠨ ᠵᠣᠣ ᠣᠳᠠ ᠴᠢᠭᠤᠯᠭᠠᠨ ᠳᠠᠬᠢ ᠰᠢᠷᠠᠮᠦ᠋ᠷᠡᠨ ᠭᠤᠣᠯ ᠤᠨ ᠬᠠᠪᠢ ᠪᠠᠷ ᠨᠡᠭᠦᠳᠡᠯ | ᠮᠠᠯᠵᠢᠯ ᠤᠨ ᠠᠮᠢᠳᠣᠷᠠᠯ ᠬᠢᠵᠦ ᠪᠠᠶᠢᠭᠰᠠᠨ ᠭᠤᠮᠪᠤ ᠢᠯᠳᠡᠩ ᠤᠨ ᠬᠤᠶᠢᠴᠢᠰ ᠴᠦ ᠪᠣᠯᠪᠠᠣ︖ ᠭᠡᠵᠦ ᠪᠣᠳᠣᠳᠠᠭ᠃ | ᠭᠡᠪᠡᠴᠦ ᠡᠪᠦᠭᠡ ᠶᠢᠨ ᠬᠡᠯᠡᠳᠡᠭ ᠢᠶᠠᠷ ᠮᠠᠨᠠᠶᠢᠬᠢᠨ ᠬᠠᠯᠬ᠎ᠠ ᠲᠠᠶᠢᠵᠢ ᠢᠵᠠᠭᠤᠷᠳᠠᠨ ᠪᠠᠶᠢᠵᠦ ᠵᠦᠪ ᠶᠣᠰᠣᠨ ᠤ | ᠲᠦᠯᠦᠭᠡ ᠡᠷᠡᠯᠬᠡᠯᠡᠳᠡᠭ ᠰᠠᠶᠢᠨ ᠡᠷᠡᠴᠦᠦᠯ ᠪᠠᠶᠢᠯ᠎ᠠ ᠭᠡᠬᠦ ᠠᠴᠠ ᠴᠣᠭᠳᠣ ᠲᠠᠶᠢᠵᠢ ᠴᠣᠬᠤᠷ ᠬᠠᠯᠬ᠎ᠠ ᠶᠢᠨ ᠬᠤᠶᠢᠴᠢᠰ | ᠪᠠᠶᠢᠬᠤ ᠡ ᠭᠡᠵᠦ ᠵᠦᠪᠳᠡᠭᠡᠳᠡᠭ ᠶᠤᠮ᠃ | ᠡᠪᠦᠭᠡ ᠮᠠᠨᠢ᠂ ᠡᠪᠦᠭᠡ ᠪᠠᠨ ᠣᠯᠵᠣ ᠬᠠᠷᠠᠭ᠎ᠠ ᠦᠭᠡᠢ ᠃ ᠮᠢᠨᠦ ᠬᠤᠯᠣᠨᠴᠠ ᠲᠠᠮᠦᠰᠦ᠋ᠷᠦᠩ ᠭᠡᠭᠴᠢ ᠲᠡᠮᠦᠷ | ᠲᠦᠷᠪᠡᠯᠵᠢᠨ ᠪᠠᠶ᠎ᠠ ᠲᠠᠢ ᠶᠠᠰᠣ ᠬᠠᠳᠠᠭᠤ ᠲᠣᠭᠰᠢᠨ ᠰᠢᠷᠦᠭᠦᠨ ᠵᠠᠩ ᠲᠠᠢ ᠴᠢᠬᠢᠷᠠᠭ ᠪᠦᠳᠦᠭᠦᠨ ᠬᠦᠮᠦᠨ ᠪᠠᠶᠢᠵᠦ | ᠢᠳᠡᠷ ᠨᠠᠰᠣᠨ ᠳᠠᠭᠠᠨ ᠡᠷᠳᠡ ᠬᠠᠯᠢᠭᠰᠡᠨ ᠭᠡᠳᠡᠭ᠃ ᠲᠡᠭᠡᠭᠡᠳ ᠯᠡ ᠡᠪᠦᠭᠡ ᠮᠠᠨᠢ ᠬᠦᠭᠡᠷᠦᠬᠦᠢ᠂ ᠵᠣᠯᠠᠢ ᠵᠣᠯᠠᠢ ᠪᠠᠨ | ᠭᠢᠰᠬᠢᠭᠰᠡᠨ ᠭᠤᠷᠪᠠᠨ ᠲᠡᠭᠦᠦ᠂ ᠬᠤᠶᠠᠷ ᠦᠬᠢᠨ ᠲᠡᠭᠦᠦ ᠪᠠᠨ ᠬᠦᠮᠦᠨ ᠪᠣᠯᠭᠠᠵᠣ ᠠᠶᠢᠯ ᠡᠷᠦᠬᠡ ᠪᠣᠯᠭᠠᠬᠤ ᠳᠤ | ᠠᠬ᠎ᠠ ᠶᠢᠨ ᠶᠡᠭᠡ ᠪᠠᠷ ᠠᠪᠤ ᠰᠢᠭ᠋ ᠶᠠᠪᠣᠵᠣ ᠪᠠᠶᠢᠭᠰᠠᠨ ᠠᠵᠠᠢ᠃ ᠡᠪᠦᠭᠡ ᠶᠢᠨ ᠮᠠᠨᠢ ᠲᠡᠭᠦᠦ ᠨᠠᠷ ᠴᠢᠮᠡᠳ᠂ ᠭᠤᠮᠪᠤ᠂ | ᠬᠤᠷᠢᠨᠲ᠋ᠠᠪᠤᠨ ᠬᠡᠬᠦ ᠦᠨᠳᠦᠷ ᠲᠣᠮᠣ ᠪᠡᠶ᠎ᠡ ᠲᠠᠢ ᠮᠠᠬᠠᠷᠠᠨᠽᠠ ᠬᠡᠮᠡᠷ ᠪᠣᠵᠠᠭᠠᠢ ᠬᠦᠮᠦᠰ ᠤᠳ ᠪᠠᠶᠢᠵᠠᠢ᠃ ᠨᠠᠮ᠎ᠠ ᠶᠢ | ᠲᠦᠬᠦᠭᠡ ᠣᠷᠣᠬᠤ ᠦᠶ᠎ᠡ ᠪᠠᠷ ᠭᠤᠮᠪᠤ ᠡᠪᠦᠭᠡ ᠪᠠ ᠬᠤᠷᠢᠨᠲ᠋ᠠᠪᠤᠨ ᠡᠪᠦᠭᠡ ᠮᠠᠨ ᠤ ᠳᠤ ᠨᠢᠭᠡ ᠣᠳᠠᠭ᠎ᠠ ᠢᠷᠡᠵᠦ | ᠪᠠᠶᠢᠭᠰᠠᠨ ᠢ ᠨᠢ ᠪᠦᠦᠷ ᠲᠦᠦᠷ ᠮᠡᠳᠡᠬᠦ ᠶᠤᠮ᠃ ᠴᠢᠮᠡᠳ ᠡᠪᠦᠭᠡ ᠮᠠᠨᠢ ᠬᠠᠭᠤᠷᠮᠠᠭ ᠮᠠᠨᠵᠣ ᠶᠢᠨ ᠦᠶ᠎ᠡ ᠳᠤ | ᠴᠠᠭᠳᠠᠭ᠎ᠠ ᠶᠢᠨ ᠵᠠᠬᠢᠷᠭᠠᠨ ᠳᠤ ᠠᠵᠢᠯᠯᠠᠵᠣ ᠬᠤᠵᠢᠮ ᠨᠢ ᠾᠧ ᠽᠧ ᠵᠠᠩ ᠤᠨ ᠵᠡᠭᠦᠨ ᠬᠤᠶᠢᠳᠣ ᠶᠢᠨ ᠦᠪᠡᠷ ᠢ ᠪᠠᠨ | ᠬᠠᠮᠠᠭᠠᠯᠠᠬᠤ ᠴᠡᠷᠢᠭ ᠲᠤ ᠪᠠᠶᠢᠵᠦ ᠾᠧ ᠽᠧ ᠵᠠᠩ ᠤᠨ ᠮᠡᠷᠭᠡᠨ ᠫᠣᠣᠴᠢ ᠶᠢᠨ ᠨᠢᠭᠡᠨ ᠬᠡᠮᠡᠭᠳᠡᠵᠦ ᠪᠠᠶᠢᠵᠠᠢ᠃ | ᠰᠣᠶᠣᠯ ᠤᠨ ᠬᠤᠪᠢᠰᠬᠠᠯ ᠤᠨ ᠦᠶ᠎ᠡ ᠳᠤ ᠲᠡᠷᠡ ᠪᠦᠬᠦᠨ ᠭᠠᠪᠢᠶ᠎ᠠ ᠵᠢᠳᠬᠦᠯ ᠨᠢ ᠶᠠᠯ᠎ᠠ ᠨᠢᠭᠦᠯ ᠪᠣᠯᠵᠣ | ᠣᠷᠪᠠᠯᠭ᠎ᠠ ᠭᠠᠷᠭᠠᠭᠴᠢ ᠣᠯᠠᠭᠠᠨ ᠲᠡᠪᠡᠯᠳᠡᠨ ᠳᠤ ᠲᠡᠮᠡᠴᠡᠭᠳᠡᠭᠡᠳ ᠨᠡᠷ᠎ᠡ ᠨᠢᠭᠤᠷ ᠲᠤ ᠨᠢ ᠭᠦᠷᠦᠭᠡᠳ ᠲᠡᠰᠬᠦᠶ᠎ᠡ | ᠪᠡᠷᠬᠡ ᠪᠣᠯᠬᠤ ᠳᠤ ᠪᠠᠨ ᠪᠠᠶ᠎ᠠ ᠪᠠᠨ ᠶᠡᠭᠦᠳᠬᠡᠵᠠᠢ᠃ ᠬᠡᠬᠦ ᠳᠤ ᠪᠠᠨ ᠬᠦᠭᠡᠷᠦᠬᠦᠢ᠂ ᠴᠢᠮᠡᠳ ᠡᠪᠦᠭᠡ ᠪᠠᠨ ᠪᠢ ᠶᠡᠷᠦ | ᠨᠢ ᠦᠵᠡᠵᠦ ᠦᠩᠭᠡᠷᠡᠭᠡ ᠦᠭᠡᠢ ᠪᠣᠯᠬᠤᠷ ᠶᠠᠮᠠᠷ ᠰᠢᠦ ᠪᠡᠶ᠎ᠡ ᠲᠠᠮᠢᠷ᠂ ᠵᠢᠰᠦ ᠴᠢᠷᠠᠢ ᠲᠠᠢ ᠬᠦᠮᠦᠨ ᠪᠣᠯᠪᠠ ᠳ᠋ᠠ ᠭᠡᠵᠦ | ᠶᠡᠭᠡ ᠪᠣᠳᠣᠳᠠᠭ᠃ | ᠡᠪᠦᠭᠡ ᠮᠠᠨᠢ ᠨᠢᠭᠡ ᠨᠠᠰᠣ ᠪᠠᠷ ᠢᠶᠠᠨ ᠦᠬᠡᠷ ᠬᠠᠷᠢᠭᠤᠯᠣᠭᠰᠠᠨ ᠦᠬᠡᠷᠴᠢᠨ ᠬᠦᠮᠦᠨ᠃ ᠦᠬᠡᠷ ᠲᠤ ᠯᠡ ᠲᠣᠩ | ᠡᠭᠡᠯᠢᠳᠠᠢ᠂ ᠬᠡᠳᠦᠨ ᠵᠠᠭᠤᠨ ᠦᠬᠡᠷ ᠤᠨ ᠲᠣᠮᠳᠠ ᠠᠴᠠ ᠦᠪᠡᠷ ᠤᠨ ᠠᠯᠳᠠᠭᠤᠯ ᠰᠣᠪᠠᠢ ᠪᠢᠷᠠᠭᠤ ᠰᠢᠳᠦᠯᠠᠩ ᠢᠶᠠᠨ | ᠬᠢᠷᠪᠢᠭᠡᠳ ᠭᠠᠷᠣᠭᠰᠠᠭᠠᠷ ᠯᠡ ᠦᠵᠡᠭᠡᠳ ᠲᠠᠨᠢᠴᠢᠬᠠᠳᠠᠭ ᠦᠬᠡᠷ ᠤᠨ ᠵᠢᠰᠦᠨ ᠳᠤ ᠣᠨᠴᠠᠭᠠᠢ ᠬᠦᠮᠦᠨ ᠪᠠᠶᠢᠵᠠᠢ᠃ | ᠭᠡᠬᠦ ᠳᠤ ᠪᠠᠨ ᠮᠠᠯ ᠣᠨᠣᠭᠠᠨ ᠳᠤ ᠪᠠᠨ ᠬᠠᠶᠢᠷᠠᠳᠠᠢ ᠭᠡᠳᠡᠭ ᠢ ᠶᠠᠭᠤᠨ ᠦᠭᠦᠯᠡᠨᠡᠮ᠂ ᠮᠠᠯᠳᠠᠵᠣ ᠮᠠᠭᠠᠵᠢᠭᠠᠳ ᠯᠡ | ᠶᠠᠭ ᠯᠡ ᠬᠡᠨ ᠨᠢᠭᠡᠨ ᠲᠠᠢ ᠪᠠᠨ ᠵᠣᠭᠤᠭ ᠶᠠᠷᠢᠵᠦ ᠪᠠᠶᠢᠭ᠎ᠠ ᠬᠡᠮᠡᠷ ᠦᠬᠡᠷ ᠲᠠᠢ ᠪᠠᠨ ᠲᠦᠩᠭᠢᠨᠡᠳᠡᠯᠡ ᠶᠠᠷᠢᠭᠠᠳ | ᠪᠠᠶᠢᠳᠠᠭ᠃ | ᠮᠢᠩᠭ᠎ᠠ ᠶᠢᠰᠦᠨ ᠵᠠᠭᠤ ᠬᠤᠷᠢᠭᠠᠳ ᠣᠨ ᠤ ᠦᠶ᠎ᠡ ᠪᠠᠷ ᠿᠧ ᠾᠧ ᠶᠢᠨ ᠣᠨᠴᠠᠭᠠᠢ ᠣᠷᠣᠨ ᠠᠴᠠ ᠯᠢᠨᠰᠢ ᠳᠤ | ᠪᠠᠭᠠᠷᠢᠨ ᠵᠡᠭᠦᠨ ᠬᠤᠰᠢᠭᠤᠨ ᠤ ᠠᠳᠠᠷ ᠬᠠᠭᠠᠯᠪᠦᠷᠢᠯᠠᠯᠳᠠ ᠶᠢᠨ ᠬᠤᠪᠢᠶᠠᠷᠢ ᠲᠣᠪᠴᠢᠶ᠎ᠠ ᠭᠠᠷᠭᠠᠵᠣ ᠸᠠᠩ ᠱᠢ ᠴᠧᠨ | ᠪᠣᠯᠣᠨ ᠰᠧᠳᠡᠩᠨᠠᠮᠵᠢᠯᠸᠠᠩᠪᠣᠣ ᠶᠢᠨ ᠵᠢᠯᠣᠭᠤᠳᠣᠯᠭ᠎ᠠ ᠲᠣᠣᠷ᠎ᠠ ᠪᠠᠭᠠᠷᠢᠨ ᠵᠡᠭᠦᠨ ᠬᠤᠰᠢᠭᠤᠨ ᠳᠤ ᠵᠢᠩᠬᠢᠨᠢ ᠪᠠᠷ | ᠠᠳᠠᠷ ᠬᠠᠭᠠᠯᠪᠦᠷᠢᠯᠠᠵᠣ ᠡᠬᠢᠯᠡᠬᠦ ᠳᠤ ᠣᠷᠢᠳᠣ ᠶᠢᠨ ᠪᠠᠭᠠᠷᠢᠨ ᠵᠡᠬᠦᠨ ᠭᠠᠷᠣᠨ ᠬᠤᠰᠢᠭᠤᠨ ᠤ ᠪᠣᠷᠬᠠᠨᠳᠣ ᠶᠢᠨ ᠠᠮᠠᠨ | ᠳᠤ ᠬᠠᠶᠢᠴᠢ ᠶᠢᠨ ᠲᠠᠯ᠎ᠠ ᠪᠠᠷ ᠮᠠᠯᠵᠢᠨ ᠰᠠᠭᠤᠵᠣ ᠪᠠᠶᠢᠭᠰᠠᠨ ᠮᠠᠨᠠᠶᠢᠬᠢᠨ ᠤ ᠮᠠᠯᠵᠢᠯ ᠤᠨ ᠣᠷᠣᠨ ᠵᠠᠢ ᠪᠠᠭᠠᠰᠴᠣ | ᠮᠦᠨ ᠲᠣᠬᠠᠢ ᠶᠢᠨ ᠦᠶ᠎ᠡ ᠶᠢᠨ ᠬᠠᠷ᠎ᠠ ᠴᠡᠷᠢᠭ ᠤᠨ ᠬᠦᠯ ᠠᠴᠠ ᠲᠦᠷᠪᠡᠨ ᠲᠣᠳᠠᠭᠠᠵᠣ ᠠᠴᠢᠶ᠎ᠠ ᠬᠦᠰᠬᠡ ᠪᠠᠨ | ᠪᠠᠭᠯᠠᠨ ᠮᠠᠯ ᠣᠨᠤᠭ᠎ᠠ ᠪᠠᠨ ᠲᠠᠭᠤᠵᠣ ᠬᠦᠨᠳᠡᠯᠡᠨ ᠢᠶᠠᠷ ᠭᠠᠷᠴᠣ ᠨᠠᠷᠢᠨ ᠲᠠᠪᠠᠭ᠎ᠠ ᠦᠭᠡᠳᠡᠯᠡᠨ ᠣᠯᠠᠭᠠᠨ ᠱᠣᠷᠣᠩ | ᠲᠠᠮᠵᠢᠨ ᠡᠷᠳᠡᠨ ᠤ ᠯᠢᠶᠣᠣ ᠣᠯᠣᠰ ᠤᠨ ᠱᠧᠩᠽᠦ᠋ᠩ ᠬᠠᠭᠠᠨ ᠤ ᠦᠶ᠎ᠡ ᠳᠤ ᠪᠠᠶᠢᠭᠤᠯᠣᠭᠰᠠᠨ ᠴᠢᠩ ᠵᠸᠦ ᠬᠤᠳᠠ | ᠶᠢᠨ ᠡᠮᠦᠨᠡᠬᠢ ᠣᠳᠣ ᠶᠢᠨ ᠪᠠᠭᠠᠷᠢᠨ ᠪᠠᠷᠠᠭᠤᠨ ᠬᠤᠰᠢᠭᠤᠨ ᠤ ᠰᠣᠪᠣᠷᠭ᠎ᠠ ᠰᠣᠮᠣᠨ ᠤ ᠡᠮᠦᠨ᠎ᠡ ᠪᠠᠶᠢᠳᠠᠭ ᠪᠢᠳᠡᠭᠦᠦ | ᠬᠠᠶᠢᠯᠠᠰᠣ ᠲᠠᠢ ᠶᠡᠭᠡ ᠮᠠᠩᠬᠠᠨ ᠲᠠᠪᠠᠭ᠎ᠠ ᠲᠠᠢ ᠸᠠᠭᠠᠷ ᠤᠨ ᠮᠠᠩᠬᠠᠨ ᠳᠤ ᠰᠢᠷᠭᠤᠨ᠂ ᠴᠢᠩ ᠣᠯᠣᠰ ᠤᠨ ᠴᠢᠩ ᠯᠢᠩ | ᠣᠩᠭᠤᠨ ᠤ ᠬᠠᠪᠢ ᠪᠠᠷ ᠨᠢᠭᠤᠨ ᠰᠠᠭᠤᠷᠢᠰᠢᠵᠦ ᠠᠮᠢᠳᠣᠷᠠᠭᠰᠠᠨ ᠠᠵᠣᠭᠤ᠃ ᠡᠭᠦᠨ ᠳᠤ ᠡᠪᠦᠭᠡ ᠶᠢᠨ ᠢᠶᠠᠨ ᠡᠨᠡ | ᠣᠯᠠᠨ ᠦᠯᠢᠭᠡᠷ ᠵᠣᠭᠤᠭ ᠤᠨ ᠲᠣᠮᠳᠠ ᠠᠴᠠ ︽ᠲᠡᠮᠦᠷ ᠬᠦᠬᠡ ᠦᠬᠡᠷ︾ ᠤᠨ ᠦᠯᠢᠭᠡᠷ ᠨᠠᠳᠠ ᠳᠤ ᠶᠠᠭᠤ ᠨᠢᠭᠡ | ᠭᠠᠶᠢᠬᠠᠮᠰᠢᠭ ᠪᠣᠯᠵᠣ ᠣᠳᠣ ᠪᠣᠯᠳᠠᠯ᠎ᠠ ᠪᠣᠳᠣᠭᠳᠠᠭᠠᠳ ᠪᠠᠶᠢᠳᠠᠭ᠃ | ᠮᠢᠨᠦ ᠪᠠᠭ᠎ᠠ ᠡᠪᠦᠭᠡ ᠬᠤᠷᠢᠨᠲ᠋ᠠᠪᠣᠨ ᠠᠷᠪᠠᠭᠠᠳ ᠨᠠᠰᠣᠨ ᠳᠤ ᠪᠠᠨ ᠲᠣᠬᠠᠢ ᠶᠢᠨ ᠦᠶ᠎ᠡ ᠶᠢᠨ ᠴᠡᠷᠢᠭ ᠤᠨ ᠬᠦᠯ | ᠲᠡᠭᠡᠷᠡᠮ ᠲᠣᠨᠤᠭᠠ ᠠᠴᠠ ᠵᠠᠶᠢᠳᠠᠵᠣ ᠬᠤᠶᠢᠰᠢ ᠨᠡᠭᠦᠳᠡᠯᠯᠡᠵᠦ ᠬᠦᠴᠦᠨ ᠤ ᠠᠵᠢᠯ ᠣᠯᠵᠣ ᠬᠢᠬᠦ ᠪᠠᠷ ᠭᠠᠷᠣᠭᠠᠳ | ᠬᠠᠷᠢᠵᠦ ᠢᠷᠡᠭᠰᠡᠨ ᠦᠭᠡᠢ ᠲᠡᠨᠳᠡ ᠪᠠᠨ ᠠᠶᠢᠯ ᠭᠡᠷ ᠪᠣᠯᠵᠣ ᠨᠣᠳᠣᠭᠰᠢᠵᠦ ᠰᠠᠭᠤᠭᠰᠠᠨ ᠰᠠᠨᠵᠠᠢ᠃ ᠢᠩᠬᠢᠭᠡᠳ | ᠵᠠᠯᠠᠭᠤ ᠬᠠᠯᠠᠭᠤᠨ ᠨᠠᠰᠣᠨ ᠳᠤ ᠪᠠᠨ ᠪᠠᠶᠢᠭᠰᠠᠨ ᠡᠪᠦᠭᠡ ᠮᠡᠨᠢ ᠲᠡᠭᠦᠦ ᠪᠠᠨ ᠡᠷᠭᠢᠵᠦ ᠦᠵᠡᠬᠦ ᠴᠦ ᠲᠡᠷᠡ ᠡᠵᠢ | ᠨᠠᠭᠤᠷ ᠠᠴᠠ ᠪᠠᠭ᠎ᠠ ᠰᠠᠭ᠎ᠠ ᠲᠠᠪᠣᠰᠣ ᠵᠠᠯᠠᠬᠤ ᠴᠦ ᠲᠡᠷᠡ ᠲᠠᠪᠠᠭᠠᠨ ᠡᠩᠭᠡᠷ ᠤᠨ ᠵᠣᠩᠳᠣᠷ ᠠᠴᠠ ᠮᠠᠯ ᠢᠶᠠᠷ ᠢᠶᠠᠨ | ᠵᠣᠯᠢᠵᠦ ᠣᠯᠣᠭᠰᠠᠨ ᠴᠠᠶᠢᠯᠭᠠᠭᠰᠠᠨ ᠮᠣᠩᠭᠤᠯ᠂ ᠰᠠᠭᠠᠭ᠂ ᠪᠣᠭᠤᠳᠠᠢ ᠵᠡᠷᠭᠡ ᠪᠠᠨ ᠠᠴᠢᠶᠠᠯᠠᠭᠠᠳ ︽ᠲᠡᠮᠦᠷ ᠬᠦᠬᠡ | ᠦᠬᠡᠷ︾ ᠢᠶᠠᠷ ᠢᠶᠠᠨ ᠭᠠᠷ ᠤᠨ ᠦᠬᠡᠷ ᠪᠣᠯᠭᠠᠵᠣ ᠭᠤᠷᠪᠠᠨ ᠲᠡᠷᠭᠡ ᠬᠦᠳᠦᠯᠵᠦ ᠦᠵᠦᠮᠦᠴᠢᠨ ᠵᠦᠭ ᠨᠠᠮᠣᠷ ᠤᠨ | ᠰᠡᠭᠦᠯᠴᠢ ᠪᠠᠷ ᠠᠶᠠᠨ ᠢᠶᠠᠷ ᠬᠦᠳᠡᠯᠵᠠᠢ᠃ ᠰᠠᠷ᠎ᠠ ᠶᠢᠨ ᠠᠶᠠᠨ ᠬᠦᠭᠡᠭᠡᠵᠦ ᠪᠣᠴᠠᠵᠣ ᠢᠷᠡᠬᠦ ᠵᠠᠮ ᠳᠤ ᠪᠠᠨ | ᠦᠵᠦᠮᠦᠴᠢᠨ ᠪᠠᠭᠠᠷᠢᠨ ᠤ ᠬᠢᠯᠢ ᠬᠢᠵᠠᠭᠠᠷ ᠣᠶᠢᠷᠠᠳᠬᠤ ᠪᠠᠷ ᠠᠭᠤᠷ ᠠᠮᠢᠰᠬᠤᠯ ᠬᠦᠢᠳᠡᠷᠡᠵᠦ ᠴᠠᠰᠣ ᠬᠠᠶᠠᠯᠠᠨ ᠨᠢᠳᠦ | ᠨᠡᠭᠡᠭᠡᠬᠦ ᠶᠢᠨ ᠠᠷᠭ᠎ᠠ ᠦᠭᠡᠢ ᠴᠠᠭᠠᠨ ᠰᠢᠭᠤᠷᠭ᠎ᠠ ᠭᠤᠶᠠᠳᠠᠨ ᠵᠠᠮ ᠮᠦᠷ ᠲᠠᠷᠣᠭᠳᠠᠨ ᠵᠣᠳ ᠪᠠᠭᠤᠵᠠᠢ᠃ ᠡᠪᠦᠭᠡ | ᠮᠢᠨᠢ ᠭᠠᠵᠠᠷ ᠤᠨ ᠪᠠᠶᠢᠴᠠ ᠶᠢᠨ ᠲᠦᠯᠦᠪ ᠢᠶᠠᠷ ᠢᠶᠠᠨ ᠨᠣᠳᠤᠭ ᠤᠨ ᠬᠢᠯᠢ ᠲᠠᠪᠠᠭᠤᠯᠣᠨ ᠲᠠᠪᠠᠭᠠᠨ ᠡᠩᠭᠡᠷ ᠣᠷᠣᠵᠣ | ᠪᠠᠭᠤᠴᠠ ᠠᠪᠬᠤ ᠬᠡᠮᠡᠨ ᠦᠬᠡᠷ ᠢᠶᠠᠨ ᠱᠠᠯᠠᠵᠣ ᠲᠡᠷᠭᠡ ᠪᠠᠨ ᠶᠣᠭᠤᠯᠣᠭᠰᠠᠭᠠᠷ ᠪᠠᠶᠢᠵᠣ ᠪᠦᠷᠦᠢ ᠶᠢᠨ ᠦᠶ᠎ᠡ ᠪᠠᠷ | ᠲᠠᠰᠢᠭᠤ ᠰᠢᠭ᠋ ᠬᠦᠳᠦᠯ ᠤᠨ ᠣᠷᠣᠢ ᠳᠤ ᠭᠠᠷᠣᠭᠰᠠᠨ ᠭᠠᠷ ᠤᠨ ᠲᠡᠮᠦᠷ ᠬᠦᠬᠡ ᠦᠬᠡᠷ ᠣᠷᠣᠭᠰᠢ ᠨᠢᠭᠡ ᠠᠯᠬᠤᠮ | ᠴᠦ ᠠᠯᠬᠤᠬᠤ ᠦᠭᠡᠢ ᠲᠣᠯᠣᠭᠠᠢ ᠰᠡᠭᠰᠦᠷᠦᠨ ᠲᠠᠮᠤᠷᠤᠳᠠᠵᠤ ᠮᠦᠷᠭᠦᠨ ᠰᠡᠵᠢᠵᠦ ᠬᠤᠶᠢᠰᠢ ᠰᠠᠭᠤᠭᠠᠳ ᠪᠠᠶᠢᠪᠠ᠃ | ᠶᠠᠭᠠᠬᠢᠵᠦ ᠭᠤᠶᠠᠳᠠᠵᠣ ᠵᠠᠨᠴᠢᠭᠰᠠᠨ ᠴᠦ ᠶᠠᠪᠣᠳᠠᠭ ᠦᠭᠡᠢ ᠬᠦᠬᠡ ᠦᠬᠡᠷ ᠲᠤ ᠠᠷᠭ᠎ᠠ ᠪᠠᠨ ᠪᠠᠷᠠᠭᠰᠠᠨ ᠡᠪᠦᠭᠡ ᠮᠠᠨᠢ | ᠦᠬᠡᠷ ᠢᠶᠠᠨ ᠪᠠᠭᠤᠯᠭᠠᠵᠣ ᠲᠡᠷᠭᠡᠨ ᠪᠣᠯᠣ ᠠᠴᠠ ᠪᠠᠨ ᠣᠶᠠᠵᠣ ᠮᠦᠨ ᠲᠡᠨᠳᠡ ᠪᠠᠨ ᠠᠮᠠᠷᠠᠵᠣ ᠦᠨᠵᠢᠬᠦ ᠪᠠᠷ ᠪᠣᠯᠵᠠᠢ᠃ | ᠦᠦᠷ ᠤᠨ ᠦᠶ᠎ᠡ ᠪᠠᠷ ᠴᠠᠰᠣ ᠵᠣᠭᠰᠣᠵᠣ ᠰᠢᠭᠤᠷᠭ᠎ᠠ ᠨᠠᠮᠳᠠᠭᠠᠳ ᠪᠠᠶᠢᠬᠤ ᠳᠤ ᠡᠪᠦᠭᠡ ᠮᠢᠨᠢ ᠪᠡᠶ᠎ᠡ ᠲᠠᠷᠣᠭᠰᠠᠨ | ᠴᠠᠰᠣ ᠪᠠᠨ ᠭᠦᠪᠢᠵᠦ ᠦᠬᠡᠷ ᠢᠶᠠᠨ ᠬᠦᠯᠦᠭᠡᠳ ᠭᠠᠵᠠᠷ ᠤᠨ ᠲᠦᠯᠦᠪ ᠢ ᠰᠢᠨᠵᠢᠬᠦ ᠳᠤ ᠵᠠᠮ ᠠᠴᠠ ᠪᠠᠨ ᠰᠠᠯᠣᠭᠰᠠᠨ | ᠮᠡᠳᠦ ᠨᠢᠭᠡ ᠯᠡ ᠣᠨᠳᠣᠣ ᠪᠠᠶᠢᠪᠠ᠃ ᠦᠵᠡᠰᠡ ᠡ︕ ᠬᠤᠨᠣᠭᠯᠠᠭᠰᠠᠨ ᠭᠠᠵᠠᠷ ᠠᠴᠠ ᠪᠠᠨ ᠣᠷᠣᠭᠰᠢ ᠠᠷᠪᠠᠭᠠᠳ | ᠠᠯᠬᠤᠮ ᠤᠨ ᠴᠠᠭᠠᠨ᠎ᠠ ᠡᠮᠦᠨᠡᠰᠢ ᠬᠦᠮᠡᠶᠢᠭᠰᠡᠨ ᠬᠡᠳᠦᠨ ᠵᠠᠭᠤᠨ ᠠᠯᠳᠠ ᠶᠢᠨ ᠡᠭᠴᠡ ᠬᠠᠳᠠ ᠬᠠᠷᠠᠯᠠᠨ ᠪᠠᠶᠢᠪᠠ᠃ | ᠬᠦᠬᠡ ᠦᠬᠡᠷ ᠤᠨ ᠢᠶᠠᠨ ᠬᠤᠳᠣᠷᠭᠠ ᠰᠠᠭᠤᠨ ᠶᠠᠪᠣᠵᠣ ᠶᠠᠳᠠᠭᠰᠠᠨ ᠰᠢᠯᠳᠠᠭᠠᠨ ᠢ ᠰᠠᠶ᠋ᠢ ᠯᠡ ᠮᠡᠳᠡᠭᠰᠡᠨ ᠡᠪᠦᠭᠡ ᠶᠢᠨ | ᠲᠣᠯᠣᠭᠠᠢ ᠳᠦᠩᠭᠢᠨᠡᠭᠡᠳ ᠶᠠᠪᠣᠴᠢᠬᠠᠯ᠎ᠠ ᠁ ᠠᠩᠭᠠᠬᠠᠢ ᠲᠡᠭᠳᠡᠬᠡᠬᠡᠢ ᠮᠡᠳᠦ ᠠᠮᠠ ᠪᠠᠨ ᠠᠩᠭᠠᠶᠢᠨ ᠡᠪᠦᠭᠡ ᠶᠢᠨ | ᠵᠣᠭᠤᠭ ᠢ ᠴᠢᠩᠨᠠᠨ ᠵᠠᠯᠭᠠᠭᠠᠳ ᠵᠠᠯᠭᠠᠭᠠᠳ ᠭᠡᠵᠦ ᠦᠯᠢᠭᠡᠷ ᠤᠨ ᠣᠭᠤᠳᠠᠨ ᠳᠤ ᠣᠷᠣᠳᠠᠭ ᠲᠡᠷᠡ ᠦᠶ᠎ᠡ ᠶᠢᠨ | ᠪᠠᠭ᠎ᠠ ᠨᠠᠰᠣ ᠮᠢᠨᠢ ᠦᠨᠢᠳᠡ ᠮᠠᠷᠳᠠᠭᠳᠠᠬᠤ ᠦᠭᠡᠢ᠃ ᠣᠳᠣ ᠡᠷᠬᠢᠴᠡᠭᠦᠯᠦᠨ ᠰᠠᠨᠠᠬᠤᠯ᠎ᠠ ᠡᠪᠦᠭᠡ ᠶᠢᠨ ᠦᠬᠡᠷ ᠲᠤ | ᠡᠭᠡᠯᠢᠳᠠᠢ ᠪᠠᠶᠢᠳᠠᠭ ᠨᠢ ᠡᠭᠦᠨ ᠠᠴᠠ ᠪᠣᠯᠣᠭᠰᠠᠨ ᠴᠦ ᠪᠠᠶᠢᠵᠣ ᠮᠡᠳᠡᠨ᠎ᠡ᠃ | ᠡᠩᠭᠡᠷ ᠲᠦᠭᠦᠷᠡᠩ ᠴᠠᠭᠠᠨ ᠰᠠᠬᠠᠯ ᠬᠡᠶᠢᠰᠭᠡᠭᠰᠡᠨ ᠡᠪᠦᠭᠡ ᠪᠠᠨ ᠬᠠᠷᠠᠬᠤ ᠪᠣᠯᠭᠠᠨ ᠨᠠᠳᠠ ᠳᠤ ᠲᠣᠮᠤᠭ ᠤᠨ | ᠬᠦᠮᠦᠨ ᠪᠣᠶᠣ ᠡᠷᠳᠡᠨ ᠤ ᠪᠠᠭᠠᠳᠣᠷ ᠢᠳᠡᠳᠡᠨ ᠤ ᠲᠦᠷᠢ ᠲᠦᠯᠦᠪ ᠪᠣᠳᠣᠭᠳᠠᠳᠠᠭ᠃ ᠲᠡᠶᠢᠮᠦ ᠯᠡ ᠰᠦᠷᠯᠢᠭ ᠲᠣᠮᠣ | ᠪᠡᠶ᠎ᠡ ᠲᠠᠢ᠂ ᠠᠭᠰᠢᠷᠠᠭ᠎ᠠ ᠨᠠᠰᠣᠳᠠᠢ ᠪᠣᠯᠣᠭᠰᠠᠨ ᠪᠠᠶᠢᠳᠠᠯ᠎ᠠ ᠪᠠᠨ ᠠᠯᠬᠤᠵᠤ ᠭᠢᠰᠬᠢᠬᠦ ᠨᠢ ᠬᠦᠩᠭᠡᠨ ᠭᠠᠪᠰᠢᠭᠠᠢ ᠯᠠᠪ | ᠪᠠᠳᠣᠳᠠᠢ ᠪᠠᠶᠢᠳᠠᠭ᠃ ᠠᠵᠠᠢ ᠶᠢᠨ ᠦᠶ᠎ᠡ ᠶᠢᠨ ᠠᠬ᠎ᠠ ᠲᠡᠭᠦᠦ ᠭᠤᠷᠪᠠᠭᠤᠯᠠ ᠪᠠᠨ ᠡᠪᠦᠭᠡ ᠶᠢᠨ ᠬᠠᠵᠠᠭᠤ ᠳᠤ ᠠᠨᠢᠷ | ᠵᠦᠷᠢᠬᠦ ᠰᠢᠭ ᠲᠣᠬᠠᠢ ᠶᠢᠨ ᠦᠶ᠎ᠡ ᠳᠤ ᠨᠠᠳᠠᠳᠣ ᠰᠠᠨᠠᠭᠳᠠᠳᠠᠭ᠃ ᠨᠡᠩ ᠴᠦ ᠮᠠᠨ ᠤ ᠦᠶ᠎ᠡ ᠳᠤ ᠢᠷᠡᠭᠡᠳ ᠴᠣᠬᠤᠮ | ᠴᠦ ᠨᠢᠭᠡ ᠪᠡᠶ᠎ᠡ ᠪᠢᠯᠳᠠᠷ ᠰᠢᠪᠡᠵᠢ ᠪᠣᠯᠵᠣ᠂ ᠣᠷ᠎ᠠ ᠲᠡᠮ ᠣᠬᠠᠭᠠᠨ ᠵᠣᠷᠢᠭ ᠢᠶᠠᠷ ᠪᠦᠷ ᠯᠡ ᠣᠯᠠ ᠪᠠᠨ | ᠱᠠᠭᠠᠶᠢᠭᠰᠠᠨ ᠨᠣᠮᠣᠢ ᠲᠣᠩᠨᠢᠭᠤᠨ ᠪᠣᠯᠣᠭᠰᠠᠨ ᠮᠦᠷᠳᠡᠭᠡᠨ ᠣᠳᠣᠮ ᠵᠠᠯᠭᠠᠭᠰᠠᠨ ᠣᠭᠰᠠᠭ᠎ᠠ ᠲᠦᠷᠦᠯ ᠴᠦ ᠬᠦᠮᠦᠨ | ᠪᠦᠯᠢ ᠪᠠᠷ ᠲᠣᠩ ᠴᠣᠭᠡᠬᠡᠷᠡᠵᠠᠢ᠃ ᠡᠨᠡ ᠦᠨᠡᠬᠡᠷ ᠮᠠᠨ ᠤ ᠭᠡᠷ ᠤᠨ ᠦᠦᠬᠡ ᠲᠡᠦᠬᠡ ᠨᠢ ᠴᠦ ᠪᠠᠭᠠᠰᠴᠤ | ᠴᠦᠭᠡᠬᠡᠷᠡᠭᠡᠳ ᠪᠠᠶᠢᠭ᠎ᠠ ᠣᠳᠣᠬᠢ ᠮᠣᠩᠭᠤᠯᠴᠣᠳ ᠤᠨ ᠪᠣᠰᠤᠭ᠎ᠠ ᠲᠦᠷᠬᠦ ᠶᠢᠨ ᠰᠢᠨᠵᠢ ᠲᠡᠮᠳᠡᠭ ᠤᠨ ᠲᠦᠯᠦᠭᠡᠯᠡᠭᠴᠢ | ᠲᠦᠷᠢ ᠨᠢ ᠪᠣᠯᠪᠠᠣ ᠦᠦ ᠳ᠋ᠠ ᠬᠡᠮᠡᠨ ᠪᠣᠳᠣᠭᠳᠠᠳᠠᠭ ᠨᠢ ᠡᠪᠦᠭᠡ ᠶᠢᠨ ᠮᠠᠨᠢ ᠪᠠᠭ᠎ᠠ ᠨᠠᠰᠣᠨ ᠠᠴᠠ ᠨᠠᠳᠠ ᠳᠤ | ᠦᠭᠭᠦᠭᠰᠡᠨ ᠨᠦᠯᠦᠭᠡ ᠲᠣᠰᠬᠠᠯ ᠠᠴᠠ ᠯᠡ ᠪᠠᠶᠢᠳᠠᠭ ᠶᠣᠮᠰᠠᠨ︕ | ᠡᠪᠦᠭᠡ ᠮᠠᠨᠢ ᠠᠶᠢᠯ ᠬᠤᠲᠤᠭᠤᠷ ᠲᠤ ᠪᠠᠨ ᠨᠡᠷ᠎ᠡ ᠲᠠᠢ ᠠᠵᠢᠯᠴᠢ ᠬᠦᠳᠡᠯᠮᠦᠷᠢᠴᠢ ᠮᠠᠯᠴᠢᠨ ᠠᠪᠤ ᠪᠠᠶᠢᠭᠰᠠᠨ | ᠶᠤᠮ᠃ ᠬᠡᠳᠦᠶᠢᠪᠡᠷ ᠦᠰᠦᠭ ᠪᠢᠴᠢᠭ ᠲᠠᠨᠢᠳᠠᠭ ᠦᠭᠡᠢ ᠪᠣᠯᠪᠠᠴᠣ ᠦᠯᠢᠭᠡᠷ ᠲᠡᠦᠬᠡ ᠣᠯᠠᠨ ᠮᠡᠳᠡᠳᠡᠭ᠂ ᠦᠭᠡ | ᠵᠣᠭᠤᠭ ᠶᠠᠷᠢᠭᠠᠳ ᠡᠬᠢᠯᠡᠪᠡᠯ ᠲᠡᠶᠢᠮᠦ ᠯᠡ ᠰᠣᠨᠣᠰᠪᠣᠷᠢᠳᠠᠢ ᠠᠮᠳᠠᠳᠠᠢ᠂ ᠲᠣᠮᠳᠠ ᠠᠴᠠ ᠨᠢ ᠬᠦᠮᠦᠰ ᠦᠭᠡ ᠶᠢ ᠨᠢ | ᠲᠠᠰᠣᠯᠬᠤ ᠠᠴᠠ ᠪᠠᠨ ᠴᠦ ᠬᠢᠴᠢᠶᠡᠨ ᠬᠠᠶᠢᠷᠠᠯᠠᠳᠠᠭ ᠪᠠᠶᠢᠯ᠎ᠠ᠃ ᠡᠪᠦᠯ ᠤᠨ ᠣᠷᠳᠣ ᠰᠦᠨᠢ ᠤᠳ ᠲᠤ ᠠᠶᠢᠯ | ᠰᠠᠭᠠᠬᠠᠯᠳᠠ ᠶᠢᠨ ᠬᠢ ᠮᠠᠨᠢ ᠮᠠᠨ ᠤ ᠳᠤ ᠴᠣᠭᠯᠠᠭᠠᠳ ᠰᠣᠨᠣᠰᠴᠣ ᠲᠣᠭᠤᠯᠣᠭᠰᠠᠨ ᠶᠠᠪᠣᠵᠣ ᠦᠩᠭᠡᠷᠡᠭᠰᠡᠨ ᠦᠭᠡ | ᠵᠣᠭᠤᠭ ᠢ ᠨᠢ ᠰᠣᠨᠣᠰᠣᠭᠠᠳ ᠭᠤᠷᠪᠠᠨ ᠨᠣᠬᠠᠢ ᠭᠤᠳᠣᠶᠢᠴᠢᠬᠠᠭᠰᠠᠨ ᠠᠳᠠᠯ᠎ᠠ ᠪᠠᠰᠠ ᠶᠠᠪᠣᠵᠣ ᠦᠭᠬᠦ ᠦᠭᠡᠢ᠂ ᠠᠪᠤ | ᠵᠠᠯᠭᠠᠭᠠᠳ ᠭᠡᠳ ᠡᠮᠡᠭᠡ ᠶᠢᠨ ᠴᠢᠨᠠᠭᠰᠠᠨ ᠬᠠᠷ᠎ᠠ ᠴᠠᠢ ᠶᠢ ᠰᠡᠮᠡᠭᠡᠷ ᠰᠡᠮᠡᠭᠡᠷ ᠲᠠᠳᠠᠭᠠᠳ ᠡᠪᠦᠭᠡ ᠶᠢᠨ ᠵᠣᠭᠤᠭ ᠢ | ᠭᠠᠵᠠᠷ ᠣᠨᠠᠬᠤ ᠠᠴᠠ ᠴᠦ ᠪᠣᠯᠭᠤᠮᠵᠢᠯᠠᠨ ᠰᠣᠨᠣᠰᠳᠠᠭ ᠢ ᠪᠣᠳᠣᠪᠠᠯ ᠲᠧᠯᠸᠢᠰ᠂ ᠷᠠᠳᠢᠤ᠋ ᠦᠭᠡᠢ ᠲᠡᠷᠡ ᠦᠶ᠎ᠡ | ᠡᠪᠦᠭᠡ ᠮᠠᠨᠢ ᠲᠡᠳᠡᠨ ᠳᠤ ᠪᠠᠨ ᠦᠯᠢᠭᠡᠷ ᠤᠨ ᠲᠠᠷᠬᠠᠨ ᠪᠠᠶᠢᠭᠰᠠᠨ ᠮᠦᠷᠲᠡᠭᠡᠨ ᠶᠠᠮᠠᠷ ᠴᠦ ᠬᠡᠯᠡᠭᠡᠳ ᠮᠠᠷᠳᠠᠳᠠᠭ | ᠦᠭᠡᠢ ᠴᠡᠭᠡᠵᠢ ᠪᠠᠶᠢᠭᠰᠠᠨ ᠢ ᠭᠠᠶᠢᠬᠠᠮᠠᠷ ᠶᠤᠮ ᠡ︕ | ᠠᠵᠠᠢ ᠶᠢᠨ ᠠᠷᠪᠠᠨ ᠬᠤᠶᠠᠷ ᠲᠠᠢ ᠵᠢᠯ ᠳᠤ ᠪᠠᠶᠢᠵᠣ ᠭᠡᠨ᠎ᠡ᠂ ᠪᠣᠮ ᠰᠢᠷᠣᠢ ᠠᠴᠠ ᠭᠤᠷᠪᠠᠨ ᠲᠡᠷᠭᠡ ᠴᠦᠷᠬᠦᠯᠡᠨ | ᠬᠦᠲᠦᠯᠦᠭᠰᠡᠨ ᠡᠪᠦᠭᠡ ᠮᠢᠨᠢ᠂ ᠯᠢᠨᠳᠦ᠋ᠡᠭ ᠣᠷᠣᠵᠣ ᠡᠳᠦᠷ ᠲᠣᠳᠣᠮ ᠤᠨ ᠡᠳ᠋ᠯᠡᠵᠦ ᠬᠡᠷᠡᠭᠯᠡᠬᠦ ᠶᠠᠭᠤᠮ᠎ᠠ ᠬᠤᠳᠠᠯᠳᠣᠨ | ᠠᠪᠬᠤ ᠪᠠᠷ ᠠᠷᠭᠠᠯ ᠲᠦᠯᠡᠰᠢ ᠬᠤᠶᠠᠷ ᠲᠡᠷᠭᠡ᠂ ᠠᠷᠠᠰᠣ ᠰᠢᠷᠢ ᠨᠢᠭᠡ ᠲᠡᠷᠭᠡ ᠲᠡᠭᠡᠭᠡᠵᠦ ᠬᠦᠳᠡᠯᠵᠠᠢ᠃ ᠰᠦᠨᠢ | ᠲᠣᠮᠳᠠᠯᠠᠵᠣ ᠮᠣᠷᠳᠠᠭᠰᠠᠨ ᠲᠡᠳᠡ ᠮᠠᠨᠢ ᠲᠠᠷᠠᠭᠠᠴᠢ ᠶᠢᠨ ᠡᠳᠦᠷ ᠤᠨ ᠪᠦᠷᠦᠢ ᠪᠠᠷ ᠬᠡᠶᠢᠮᠦᠷᠢᠳᠦ ᠶᠢᠨ ᠲᠠᠪᠠᠭ᠎ᠠ | ᠪᠠᠭᠤᠬᠤ ᠳᠤ ᠲᠡᠭᠡᠷᠡᠮ ᠳᠤ ᠲᠣᠨᠣᠭᠳᠠᠵᠠᠢ᠃ ᠲᠣᠯᠣᠭᠠᠢ ᠪᠠᠨ ᠲᠠᠪᠣᠣ ᠪᠦᠰᠡ ᠪᠠᠷ ᠣᠷᠢᠶᠠᠭᠰᠠᠨ ᠭᠤᠷᠪᠠᠨ ᠬᠦᠮᠦᠨ | ᠭᠡᠨᠡᠳᠳᠡ ᠲᠠᠪᠠᠭ᠎ᠠ ᠪᠠᠭᠤᠬᠤ ᠶᠢᠨ ᠲᠠᠯᠪᠢᠭᠤᠳᠠ ᠲᠡᠭᠰᠢᠬᠡᠨ ᠲᠣᠯᠢ ᠶᠢᠨ ᠬᠤᠯᠠᠭᠠᠢ ᠵᠠᠪᠢ ᠠᠴᠠ ᠭᠠᠷᠴᠣ ᠢᠷᠡᠭᠡᠳ | ᠦᠨᠳᠦᠷ ︽ᠪᠠᠭᠠᠪᠠᠭᠠᠢ︾ ᠰᠢᠭ᠋ ᠪᠦᠳᠦᠭᠦᠨ ᠨᠢᠭᠡ ᠨᠢ ᠮᠠᠭᠤᠬᠠᠨ ᠰᠢᠭ᠋ ᠮᠣᠩᠭᠤᠯ ᠬᠡᠯᠡ ᠪᠠᠷ ︽ᠠᠮᠢ ᠪᠠᠨ | ᠬᠠᠶᠢᠷᠠᠯᠠᠪᠠᠯ ᠶᠠᠭᠤᠮ᠎ᠠ ᠪᠠᠨ ᠦᠯᠡᠳᠡᠭᠡᠳ ᠲᠣᠨᠢᠯ︕︾ ᠭᠡᠵᠦ ᠬᠦᠮᠦᠬᠡᠢ ᠵᠠᠭᠤᠨ ᠶᠠᠬᠢᠷ ᠳᠤᠤᠭᠠᠷᠴᠠᠢ᠃ ᠨᠠᠷᠢᠨ | ᠭᠤᠰᠢᠭᠤᠷ ᠰᠢᠭ᠋ ᠬᠤᠶᠠᠷ ᠨᠢ ᠶᠠᠩ ᠶᠠᠯᠳᠠᠷ ᠦᠭᠡᠢ ᠢᠷᠡᠵᠦ ᠪᠠᠭᠠᠷᠠᠩ ᠢᠯᠠᠣ ᠬᠦᠪᠡᠭᠡᠳᠡᠵᠦ ᠠᠷᠠᠰᠣ ᠰᠢᠷᠢ ᠪᠠᠨ | ᠬᠤᠩᠬᠤᠶᠢᠯᠠᠨ ᠵᠠᠶᠢᠴᠠ ᠭᠠᠷᠭᠠᠵᠣ ᠠᠳᠣᠷᠢᠵᠦ ᠰᠠᠭᠤᠵᠣ ᠪᠠᠶᠢᠭᠰᠠᠨ ᠠᠵᠠᠢ ᠶᠢᠨ ᠮᠠᠨᠢ ᠲᠣᠮᠳᠠᠬᠢ ᠲᠡᠷᠭᠡᠨ ᠤ ᠬᠦᠬᠡ | ᠲᠣᠶᠢᠮᠤᠭ ᠤᠨ ᠲᠦᠷᠦ ᠠᠴᠠ ᠰᠢᠭᠦᠷᠦᠨ ᠠᠪᠣᠭᠠᠳ ᠠᠵᠠᠢ ᠶᠢ ᠮᠢᠨᠢ ᠲᠡᠭᠳᠡᠳᠡᠯᠡ ᠨᠢ ᠰᠢᠳᠡᠭᠡᠳ ᠵᠠᠮ ᠬᠠᠰᠢᠪᠠ᠃ ︽ | ᠬᠦᠦ ᠮᠢᠨᠢ ᠬᠢᠴᠢᠶᠡᠵᠦ ᠰᠣᠨᠣᠷ ᠲᠠᠢ ᠶᠠᠪᠤ︕ ᠡᠨᠡ ᠭᠠᠵᠠᠷ ᠬᠡᠴᠡᠭᠦᠦ ᠭᠠᠵᠠᠷ ᠭᠡᠳᠡᠭ ᠶᠤᠮ᠂ ᠶᠠᠭᠠᠬᠢᠵᠦ | ᠰᠢᠪᠠᠳᠠᠭᠰᠠᠨ ᠴᠦ ᠪᠦᠷᠦᠢ ᠲᠣᠯᠵᠣ ᠡᠨᠡᠭᠦᠷ ᠦᠩᠭᠡᠷᠡᠬᠦ ᠪᠣᠯᠣᠯ᠎ᠠ᠂ ᠣᠳᠣ ᠨᠢᠭᠡ ᠪᠠᠭ᠎ᠠ ᠦᠨᠳᠡᠶᠢᠪᠡᠯ ᠬᠠᠭᠠᠨ | ᠲᠣᠭᠤᠪᠠᠢ ᠶᠢᠨ ᠲᠠᠨᠢᠳᠠᠭ ᠠᠶᠢᠯ ᠳᠤ ᠬᠦᠷᠦᠨ᠎ᠡ᠂ ᠲᠡᠨᠳᠡ ᠬᠦᠷᠦᠭᠡᠳ ᠬᠤᠨᠤᠭ ᠠᠪᠣᠶ᠎ᠠ︾ ᠭᠡᠵᠦ ᠬᠠᠳᠠᠭᠤ ᠢᠷᠭᠠᠢ | ᠲᠡᠩᠰᠡ ᠶᠢᠨ ᠭᠠᠷ ᠣᠭᠤᠰᠣᠷ ᠢ ᠣᠷᠢᠶᠠᠵᠣ ᠠᠳᠬᠤᠭᠰᠠᠨ ᠡᠪᠦᠭᠡ ᠶᠢᠨ ᠦᠭᠡ ᠠᠴᠠ ᠭᠠᠷᠣᠭᠰᠠᠨ ᠦᠭᠡᠢ ᠦᠨᠦᠬᠢ | ᠬᠡᠴᠡᠭᠦᠦ ᠨᠡᠷᠡᠳᠦ ᠵᠠᠮ ᠪᠦᠭᠯᠡᠪᠡ᠃ ᠬᠤᠯᠠ ᠰᠠᠵᠢᠭᠳᠠᠵᠣ ᠪᠣᠳᠠᠨ ᠤ ᠡᠩᠭᠡᠷ ᠣᠴᠢᠵᠦ ᠪᠦᠮᠪᠦᠷᠢᠨ ᠣᠶᠢᠴᠢᠭᠰᠠᠨ | ᠠᠵᠠᠢ ᠮᠠᠨᠢ ᠭᠠᠷ ᠲᠤ ᠪᠠᠨ ᠠᠳᠬᠤᠭᠰᠠᠨ ᠣᠩ ᠤᠨ ᠪᠢᠯᠠᠭᠤ ᠪᠠᠨ ᠠᠯᠳᠠᠯ ᠦᠭᠡᠢ ᠲᠡᠪᠬᠡᠷᠡᠨ ᠪᠣᠰᠴᠣ ᠡᠪᠦᠭᠡ ᠶᠢᠨ | ᠵᠠᠬ᠎ᠠ ᠳᠤ ᠣᠴᠢᠵᠦ ᠵᠣᠭᠰᠣᠪᠠ᠃ ᠪᠠᠶᠢᠳᠠᠯ ᠲᠣᠶᠢᠯ ᠤᠨ ᠰᠢᠷᠦᠭᠦᠨ ᠲᠦᠭᠰᠢᠭᠦᠷᠢ ᠲᠠᠢ ᠪᠣᠯᠵᠣ ᠦᠨᠦᠬᠢ ︽ | ᠪᠦᠳᠦᠭᠦᠨ ᠪᠠᠭᠠᠪᠠᠭᠠᠢ︾ ᠡᠪᠦᠭᠡ ᠶᠢᠨ ᠵᠦᠭ ᠠᠭᠠᠵᠢᠮ ᠲᠦᠭᠦᠨ ᠢᠷᠡᠪᠡ ᠃ ︽ᠲᠠᠱ︾ ᠭᠡᠬᠦ ᠲᠠᠭᠤᠨ ᠳᠤ | ᠮᠠᠭᠤᠬᠠᠢ ᠣᠷᠢᠯᠠᠨ ᠦᠨᠦᠬᠢ ︽ᠪᠠᠭᠠᠪᠠᠭᠠᠢ︾ ᠡᠪᠦᠭᠡ ᠶᠢᠨ ᠮᠠᠨᠢ ᠠᠷᠣ ᠳᠤ ᠪᠠᠨ ᠨᠢᠭᠤᠨ ᠠᠳᠬᠤᠭᠰᠠᠨ ᠢᠷᠭᠤᠢ | ᠲᠡᠩᠰᠡ ᠶᠢᠨ ᠠᠮᠳᠠ ᠦᠵᠡᠵᠦ ᠬᠤᠶᠢᠰᠢ ᠪᠠᠨ ᠰᠠᠯᠳᠠᠷᠬᠢᠯᠠᠨ ᠰᠠᠪᠠᠵᠣ ᠣᠨᠠᠪᠠ᠃ ᠡᠨᠡ ᠦᠶᠡᠰ ᠠᠷᠠᠰᠣ ᠰᠢᠷᠢ | ᠵᠢᠳᠬᠦᠭᠰᠡᠨ ᠬᠦᠬᠡ ᠲᠣᠶᠢᠮᠤᠭ ᠮᠠᠭᠤᠬᠠᠢ ᠣᠷᠬᠢᠷᠠᠨ ᠲᠣᠶᠢᠯᠠᠨ ᠬᠦᠭᠯᠡᠵᠦ ᠦᠨᠦᠬᠢ ᠦᠬᠡᠷ ᠤᠨ ᠲᠦᠷᠦ ᠠᠳᠬᠤᠵᠣ | ᠵᠣᠭᠰᠣᠭᠰᠠᠨ ᠨᠠᠷᠢᠨ ᠭᠤᠵᠣᠭᠤᠷ ᠤᠨ ᠴᠡᠭᠡᠵᠢ ᠦᠭᠡᠳᠡ ᠬᠦᠴᠦᠳᠡᠢ ᠨᠦᠳᠦᠬᠦ ᠳᠤ ᠦᠨᠦᠬᠢ ᠴᠦ ᠪᠢᠳᠡᠭᠦᠦ ᠲᠠᠭᠤ | ᠭᠠᠷᠴᠣ ᠬᠤᠯᠠ ᠲᠡᠭᠳᠡᠳᠡᠯᠡ ᠬᠡᠳᠦᠨ ᠠᠯᠴᠠᠮ ᠤᠨ ᠴᠠᠭᠠᠨ᠎ᠠ ᠪᠣᠳᠠᠨ ᠤ ᠲᠣᠮᠳᠠ ᠱᠣᠳᠣᠷᠣᠨ ᠣᠨᠠᠯ᠎ᠠ᠃ ᠡᠪᠦᠭᠡ | ᠮᠠᠨᠢ ᠲᠡᠷᠡ ᠦᠶ᠎ᠡ ᠶᠠᠭ ᠯᠡ ᠡᠵᠡᠨ ᠴᠢᠩᠭᠡᠰ ᠤᠨ ᠡᠷᠡᠯᠬᠡᠭ ᠲᠠᠶᠢᠴᠢᠳ ᠮᠡᠳᠦ ᠲᠡᠩᠰᠡ ᠡᠷᠭᠢᠭᠦᠯᠦᠨ ︽ᠬᠠᠯᠬ᠎ᠠ ᠶᠢᠨ | ᠬᠦᠦ ᠶᠢ ᠬᠠᠭᠠᠨ ᠤ ᠨᠣᠳᠤᠭ ᠲᠤ ᠲᠣᠨᠣᠳᠠᠭ ᠠᠶᠣᠮᠰᠢᠭ ᠦᠭᠡᠢ ᠰᠠᠮᠠᠭᠤᠨ ᠠᠷᠠᠳ ᠤᠳ︾ ᠬᠡᠮᠡᠨ ᠲᠡᠩᠰᠡ | ᠡᠷᠭᠢᠭᠦᠯᠦᠨ ᠲᠠᠭᠠᠷᠢᠨ ᠣᠷᠣᠬᠤ ᠳᠤ ᠨᠦᠭᠦᠭᠡ ᠪᠦᠳᠦᠭᠦᠨ ︽ᠪᠠᠭᠠᠪᠠᠭᠠᠢ︾ ᠶᠢᠨ ᠠᠷᠣ ᠠᠴᠠ ᠱᠣᠩᠭᠤᠨ ᠢᠷᠡᠭᠰᠡᠨ | ᠨᠠᠷᠢᠨ ᠭᠤᠵᠣᠭᠤᠷ ︽ᠠᠶᠣ︕ ᠮᠠᠶᠣ︕︾ ᠪᠠᠨ ᠠᠯᠳᠠᠨ ᠪᠦᠭᠰᠡ ᠪᠠᠷ ᠢᠶᠠᠨ ᠡᠷᠭᠢᠵᠦ ᠭᠤᠳ ᠲᠣᠳᠠᠭᠠᠵᠠᠢ᠃ | ᠢᠩᠬᠢᠭᠡᠳ ᠯᠡ ᠡᠪᠦᠭᠡ ᠮᠢᠨᠢ᠂ ᠠᠵᠠᠢ ᠲᠠᠢ ᠲᠠᠷᠣᠢ ᠲᠦᠷᠭᠡᠨ ᠦᠬᠡᠷ ᠢᠶᠠᠨ ᠱᠠᠯᠠᠵᠣ ᠬᠠᠨ ᠲᠣᠭᠤᠪᠠᠢ ᠵᠦᠭ | ᠬᠤᠷᠳᠣᠯᠠᠨ ᠬᠡᠳᠦᠨ ᠮᠦᠴᠡ ᠦᠩᠭᠡᠷᠡᠳᠡᠯ᠎ᠡ ᠬᠤᠶᠢᠨ᠎ᠠ ᠠᠴᠠ ᠨᠢ ᠴᠢᠮᠡᠭᠡ ᠠᠨᠢᠷ ᠲᠠᠭ ᠪᠠᠶᠢᠬᠤ ᠪᠠᠷ ︽ᠬᠡᠴᠡᠭᠦᠦ | ᠨᠡᠷᠡᠳᠦ︾ ᠤᠳ ᠰᠢᠷᠬ᠎ᠠ ᠳᠤ ᠪᠠᠨ ᠣᠷᠢᠶᠠᠭᠳᠠᠭᠰᠠᠨ ᠪᠠᠶᠢᠵᠣ ᠮᠡᠳᠡᠨ᠎ᠡ ᠭᠡᠵᠦ ᠶᠠᠷᠢᠳᠠᠭ ᠡᠪᠦᠭᠡ ᠶᠢᠨ ᠵᠣᠭᠤᠭ ᠁ | ᠢ ᠡᠷᠭᠢᠴᠡᠭᠦᠯᠬᠦ ᠳᠤ ᠲᠡᠷᠡ ᠦᠶ᠎ᠡ ᠳᠤ ᠬᠠᠶᠠ ᠵᠠᠷᠢᠮ ᠳᠤ ᠪᠠᠨ ᠰᠣᠨᠣᠰᠳᠠᠭ ᠰᠠᠮᠪᠠᠯᠨᠣᠷᠪᠣᠣ ᠡᠪᠦᠭᠡ ᠶᠢᠨ ᠬᠤᠭᠤᠷ | ᠤᠨ ᠦᠯᠢᠭᠡᠷ ᠲᠤ ᠭᠠᠷᠳᠠᠭ ︽ᠶᠣᠸᠠᠨᠱᠣᠸᠠᠢ︾ ᠴᠦ ᠪᠣᠯᠪᠠᠣ ᠭᠡᠵᠦ ᠡᠪᠦᠭᠡ ᠪᠠᠨ ᠪᠢᠰᠢᠷᠡᠳᠡᠭ ᠪᠠᠨ ᠣᠳᠣ ᠪᠣᠳᠣᠪᠠᠯ | ᠢᠨᠢᠶᠡᠳᠦ ᠬᠦᠷᠦᠮᠡᠷ ᠡ︕ | ᠡᠪᠦᠭᠡ ᠳᠤ ᠮᠠᠨᠢ ᠡᠶᠢᠮᠦᠷᠬᠦ ᠦᠬᠡᠷ ᠲᠠᠢ ᠬᠤᠯᠪᠣᠭᠳᠠᠭᠰᠠᠨ ᠦᠯᠢᠭᠡᠷ ᠲᠡᠣᠬᠡ ᠤᠳ ᠣᠯᠠᠨ ᠯᠡ ᠪᠠᠶᠢᠳᠠᠭ ᠠᠴᠠ | ᠡᠪᠦᠭᠡ ᠮᠢᠨᠢ ᠦᠬᠡᠷ ᠲᠤ ᠬᠠᠶᠢᠷᠠᠳᠠᠢ᠂ ᠦᠬᠡᠷ ᠲᠤ ᠡᠭᠡᠯᠢᠳᠠᠢ ᠪᠠᠶᠢᠭᠰᠠᠨ ᠴᠦ ᠮᠡᠳᠡᠨ᠎ᠡ᠃ ᠪᠠᠭ᠎ᠠ ᠳᠤ ᠪᠠᠨ ᠮᠠᠨᠣᠰ | ᠰᠠᠭᠠᠬᠠᠯᠳᠠ ᠶᠢᠨ ᠵᠣᠯᠴᠢᠨ ᠡᠪᠦᠭᠡ ᠶᠢᠨ ᠠᠴᠢ ᠨᠠᠷ ᠲᠠᠢ ᠨᠠᠭᠠᠳᠣᠨ ᠲᠣᠭᠯᠠᠵᠣ ᠨᠠᠮᠣᠰᠣ ᠪᠣᠯᠴᠢᠬᠠᠭᠠᠳ ︽ᠲᠡᠮᠡᠭᠡ | ᠲᠡᠮᠡᠭᠡ ᠲᠦᠮᠡᠨ ᠯᠠᠩ᠂ ᠲᠦᠮᠡᠳ ᠤᠨ ᠬᠡᠣᠬᠡᠳ ᠮᠢᠩᠭᠠᠨ ᠯᠠᠩ᠂ ᠮᠠᠭᠤ ᠲᠠᠬᠢᠶᠠᠨ ᠭᠤᠷᠪᠠᠨ ᠮᠣ᠋᠂ ᠮᠣᠩᠭᠤᠯᠵᠢᠨ ᠤ | ᠬᠦᠦ ᠠᠭᠠᠨ ᠪᠣᠣᠪᠤ︾ ᠭᠡᠵᠦ ᠬᠠᠰᠬᠢᠷᠣᠨ ᠬᠠᠷᠢᠶᠠᠬᠤ ᠳᠤ ᠲᠡᠳᠡ ᠮᠠᠨ ᠤ ᠦᠭᠡᠳᠡ ︽ᠦᠬᠡᠷ ᠬᠠᠯᠬ᠎ᠠ᠂ ᠦᠬᠡᠷ | ᠬᠠᠯᠬ᠎ᠠ︾ ᠬᠡᠮᠡᠨ ᠪᠣᠴᠠᠭᠠᠬᠤ ᠳᠤ ᠪᠢ ᠡᠪᠦᠭᠡ ᠶᠢ ᠮᠢᠨᠢ ᠬᠠᠷᠢᠶᠠᠵᠣ ᠪᠠᠶᠢᠨ᠎ᠠ ᠬᠡᠮᠡᠨ ᠬᠤᠷᠣᠰᠣᠯ ᠪᠣᠴᠠᠯᠳᠠᠭ ᠢ ᠨᠢ | ᠣᠳᠣ ᠪᠣᠳᠣᠪᠠᠯ ᠦᠨᠡᠬᠡᠷ ᠡᠯᠢᠭᠡ ᠬᠦᠰᠢᠮᠡᠷ ᠡ︕ | ᠨᠠᠷᠠ ᠬᠠᠯᠠᠵᠣ ᠴᠠᠶᠢᠯᠵᠠᠨ ᠪᠦᠷᠢᠭᠰᠡᠨ ᠴᠠᠰᠣᠨ ᠤ ᠲᠡᠭᠡᠭᠦᠷ ᠬᠠᠪᠣᠷ ᠤᠨ ᠵᠡᠷᠭᠡᠯᠭᠡᠨ ᠠᠯᠢᠶᠠᠯᠠᠨ ᠲᠣᠭᠯᠠᠨ᠎ᠠ᠃ | ᠡᠮᠦᠨᠡᠰᠢ ᠪᠠᠷᠠᠯᠠᠬᠤ ᠳᠤ ᠴᠠᠶᠢᠯᠵᠠᠬᠤ ᠴᠠᠰᠣᠨ ᠤ ᠲᠣᠮᠳᠠᠭᠤᠷ ᠣᠭᠠᠯᠵᠠᠯᠠᠨ ᠣᠷᠣᠰᠬᠤ ᠮᠣᠷᠢᠨ ᠣᠰᠣᠨ ᠭᠤᠣᠯ ᠤᠨ | ᠮᠦᠯᠢᠭᠡᠷ ᠬᠦᠬᠡ ᠣᠰᠣᠨ ᠡᠪᠦᠭᠡ ᠶᠢᠨ ᠮᠢᠨᠢ ᠡᠮᠦᠰᠳᠡᠭ ᠡᠮᠡᠭᠡ ᠶᠢᠨ ᠣᠶᠣᠭᠰᠠᠨ ᠥᠭᠡᠳᠡᠩ ᠭᠤᠳᠣᠯ ᠤᠨ ᠬᠡ | ᠣᠭᠠᠯᠵᠠ ᠮᠡᠳᠦ ᠲᠣᠨᠣᠯᠵᠠᠨ ᠬᠠᠷᠠᠭᠳᠠᠨ᠎ᠠ᠃ | ᠡᠪᠦᠭᠡ ᠡᠮᠡᠭᠡ ᠶᠢᠨ ᠮᠢᠨᠢ ᠣᠩᠭᠤᠨ ᠤ ᠡᠮᠦᠨᠡᠬᠢ ᠴᠠᠰᠣ ᠲᠠᠬᠢᠯᠭ᠎ᠠ ᠶᠢᠨ ᠭᠠᠯ ᠳᠤ ᠬᠠᠶᠢᠯᠣᠨ ᠰᠡᠪᠡᠷᠡᠭᠡᠳ | ᠲᠣᠣᠷ᠎ᠠ ᠠᠴᠠ ᠨᠢ ᠨᠢᠯᠬ᠎ᠠ ᠨᠣᠭᠤᠭ᠎ᠠ ᠬᠠᠪᠣᠷ ᠢ ᠪᠢᠴᠢᠭᠯᠡᠨ ᠰᠡᠷᠪᠡᠭᠡᠨᠡᠨ ᠣᠷᠭᠤᠵᠣ ᠪᠠᠶᠢᠪᠠ᠃ | ᠮᠢᠨᠦ ᠣᠶᠣᠨ ᠪᠣᠳᠣᠯ ᠢ ᠴᠣᠭᠤᠷᠣᠭᠤᠯᠣᠭᠰᠠᠨ᠂ ᠣᠬᠠᠭᠠᠨ ᠪᠢᠯᠢᠭ ᠢ ᠬᠦᠪᠴᠢᠯᠡᠭᠰᠡᠨ ᠡᠪᠦᠭᠡ ᠡᠮᠡᠭᠡ ᠶᠢᠨ ᠮᠢᠨᠢ | ᠦᠯᠢᠭᠡᠷ ᠲᠡᠦᠬᠡ᠂ ᠦᠬᠡᠷ ᠤᠨ ᠰᠦᠷᠦᠭ ᠲᠠᠢ ᠪᠠᠨ ᠦᠨᠢᠳᠡ ᠰᠡᠳᠬᠢᠯ ᠵᠢᠷᠦᠬᠡᠨ ᠳᠤ ᠮᠦᠩᠬᠡᠷᠡᠨ ᠠᠮᠢᠯᠠᠨ | ᠪᠠᠶᠢᠭᠰᠠᠭᠠᠷ ᠁ |