ᠨᠣᠳᠤᠭ ᠤᠨ ᠪᠣᠬ᠎ᠠ —ᠲᠠᠭᠤᠳᠠᠭᠠᠴᠢ ᠠᠯᠳᠠᠨ᠋ᠧᠴᠢᠷ
ᠨᠡᠶᠢᠲᠡᠯᠡᠭᠰᠡᠨ ᠴᠠᠭ᠄
2015/12/2
                 ᠨᠣᠳᠤᠭ ᠤᠨ ᠪᠣᠬ᠎ᠠ                                                            1        ᠨᠠᠷᠠ ᠳᠤᠯᠠᠶᠢᠨ ᠳᠡᠭᠷᠢ ᠴᠡᠯᠮᠠᠶᠢᠭᠡᠳ᠂ ᠡᠭᠡᠷᠡᠮ᠎ᠠ ᠳᠠᠯ᠎ᠠ ᠦᠪᠴᠢ ᠨᠤᠭᠤᠭᠠᠨ᠃        ᠬᠠᠷ᠎ᠠ ᠤᠯᠠᠭᠠᠨ ᠵᠢᠰᠦᠮ ᠢᠶᠠᠷ ᠠᠯᠠᠭᠯᠠᠭᠰᠠᠨ ᠬᠤᠷᠰᠢᠶᠠᠵᠢᠯ ᠤᠨ ᠰᠦᠷᠦᠭ ᠢᠶᠠᠨ ᠬᠠᠷᠠᠵᠤ ᠰᠠᠭᠤᠭᠰᠠᠨ ᠬᠠᠷ᠎ᠠ ᠬᠦᠦ ᠶᠢᠨ ᠰᠡᠳᠬᠢᠯ ᠰᠠᠨᠠᠭ᠎ᠠ ᠳᠡᠨᠢᠬᠦᠭᠡᠨ ᠪᠦᠭᠡᠳ ᠪᠠᠶᠠᠰᠬᠤᠯᠠᠩᠳᠠᠢ᠃ᠪᠦᠳᠦᠬᠦᠨ ᠬᠠᠷ᠎ᠠ ᠪᠣᠬ᠎ᠠ ᠰᠡᠯᠡᠮᠡᠨ ᠡᠪᠡᠷ ᠢᠶᠠᠨ ᠰᠡᠷᠡᠯᠵᠢᠭᠦᠯᠦᠨ᠂ ᠰᠦᠷ ᠪᠠᠳᠠᠷᠠᠭᠤᠯᠤᠨ ᠰᠣᠷᠳᠣᠭᠤᠯᠣᠭᠠᠳ ᠦᠨᠦᠬᠡᠨ ᠯᠡ ᠣᠷᠤᠭ᠎ᠠ ᠣᠷᠣᠭᠰᠠᠨ ᠬᠠᠷᠠᠭᠴᠢ ᠭᠤᠨᠵᠢ ᠶᠢ ᠬᠤᠪᠢᠯᠣᠨ ᠦᠮᠴᠢᠷᠬᠡᠭᠡᠳ ᠬᠡᠨ ᠠᠯᠢᠨ ᠨᠢ ᠴᠦ ︽ᠭᠤᠷᠢ ᠪᠠᠨ ᠳᠠᠳᠠ  ᠂ ᠨᠢᠰᠦ ᠪᠠᠨ ᠲᠣᠯᠢᠶᠠ︕︾ ᠬᠡᠰᠡᠨ ᠰᠢᠭ ᠬᠠᠷᠠᠮᠴᠢ ᠬᠡᠪᠴᠢᠭ ᠠᠭᠠᠳ ᠲᠣᠭᠰᠢᠨ ᠲᠦᠷᠢᠮᠡᠬᠡᠢ ᠲᠦᠷᠢᠯᠡᠨ᠎ᠡ᠃ ᠳᠡᠬᠦᠨ ᠤ ᠪᠠᠶᠢᠨ ᠪᠠᠶᠢᠨ ᠦᠨᠦᠷᠯᠡᠨ᠂ ᠳᠠᠬᠢᠨ ᠳᠠᠬᠢᠨ ᠲᠠᠮᠰᠢᠶᠠᠯᠠᠭᠠᠳ᠂ ᠳᠣᠯᠤᠭᠠᠢ ᠳᠣᠯᠵᠢᠢᠯᠭᠠᠨ ᠬᠠᠮᠠᠷ ᠰᠢᠨᠳᠠᠶᠢᠯᠭᠠᠭᠠᠳ ︽ᠮᠦ᠋  ᠊᠊᠊ ᠮᠦ᠋ ᠊᠊᠊᠊ ᠊᠊᠊᠊︾ ᠬᠡᠮᠡᠨ ᠨᠠᠮᠬᠠᠨ ᠠᠳᠠᠯ᠎ᠠ ᠪᠠᠨ ᠢᠳᠡᠷᠡᠬᠦᠨ᠂ ᠤᠶᠠᠬᠠᠨ ᠠᠳᠠᠯ᠎ᠠ ᠪᠠᠨ ᠣᠮᠤᠭᠯᠠᠭᠤᠨ ᠮᠦᠭᠡᠷᠡᠬᠦ ᠢᠨᠦ ᠬᠠᠵᠠᠭᠤ ᠬᠠᠪᠢᠷᠭ᠎ᠠ ᠪᠠᠷ ᠨᠢ ᠨᠢᠳᠦ ᠬᠦᠯᠦᠶᠢᠨ ᠰᠢᠯᠦᠰᠦ ᠭᠤᠭᠤᠵᠢᠭᠤᠯᠣᠭᠠᠳ ᠵᠠᠪ ᠢ ᠦᠵᠡᠨ ᠳᠡᠯᠡᠰᠳᠡᠭᠦᠯᠬᠦ ᠶᠢ ᠰᠠᠨᠠᠭᠰᠠᠨ ᠪᠢᠷᠠᠭᠤ ᠰᠢᠳᠦᠯᠡᠩ ᠪᠣᠬᠠᠨᠳᠠᠢ ᠨᠤᠭᠤᠳ ᠢ ᠶᠠᠭᠠᠬᠢᠵᠦ ᠡᠶᠢᠬᠦ ᠶᠢᠨ ᠴᠦ ᠠᠷᠭ᠎ᠠ ᠦᠭᠡᠢ ᠲᠠᠷᠴᠢᠯᠠᠭᠠᠨ ᠵᠣᠪᠠᠭᠠᠬᠤ ᠠᠵᠣᠭᠤ᠃ ᠨᠡᠩ ᠴᠦ ᠲᠡᠷᠡ ᠬᠠᠷᠠᠭᠴᠢ ᠭᠤᠨᠵᠢ ᠰᠡᠭᠦᠯ ᠭᠤᠳᠣᠶᠢᠯᠭᠠᠨ ᠰᠢᠭᠡᠰᠦ ᠭᠤᠭᠤᠵᠢᠭᠤᠯᠣᠭᠠᠳ᠂ ᠲᠡᠪᠴᠢᠶᠡᠷᠢ ᠠᠯᠳᠠᠨ ᠲᠦᠷᠰᠦ ᠦᠭᠡᠶᠢᠳᠡᠭᠡᠳ ᠠᠮᠠᠷ ᠪᠠᠶᠢᠳᠠᠭ ᠦᠭᠡᠢ ᠶᠢ ᠶᠠᠭᠠᠬᠢᠨ᠎ᠠ ᠭᠡᠯᠳᠡᠢ︖        ︽ᠮᠦ᠊ ᠊᠊᠊᠊ ᠤᠨ᠂ ᠮᠦ᠊  ᠊᠊᠊᠊   ᠤᠨ ᠁︾        ᠪᠢᠷᠠᠭᠤ ᠰᠢᠳᠦᠯᠠᠩ ᠪᠣᠬᠠᠨᠳᠠᠢ ᠨᠤᠭᠤᠳ ᠬᠦᠵᠦᠭᠦᠦ ᠰᠣᠩᠭᠠᠭᠠᠵᠣ ᠬᠤᠭᠤᠯᠠᠢ ᠰᠢᠬᠠᠨ ᠣᠬᠵᠤᠮ ᠳᠡᠭᠡᠷ᠎ᠡ  ᠪᠠᠨ ᠬᠡᠭᠵᠢᠬᠦᠨ᠂ ᠣᠶᠠᠷᠠᠭᠤᠨ ᠲᠡᠭᠡᠷ᠎ᠡ ᠪᠠᠨ ᠭᠠᠩᠰᠠᠷᠠᠯ ᠲᠠᠢ ᠣᠷᠬᠢᠷᠠᠯᠳᠣᠨ ᠮᠦᠭᠡᠷᠡᠬᠦ ᠢᠨᠣ ᠣᠭᠤ ᠴᠦ ᠢᠨᠢᠶᠡᠳᠦᠮᠳᠡᠢ ᠠᠳᠠᠯ᠎ᠠ ᠪᠠᠨ ᠬᠦᠭᠡᠷᠦᠬᠦᠶᠢᠯᠡᠳᠡᠢ ᠠᠪᠠᠢ᠃ᠬᠠᠷ᠎ᠠ ᠬᠦᠦ ᠲᠡᠰᠭᠡᠯ ᠦᠭᠡᠢ ᠬᠠᠳᠠᠭᠠᠨᠠᠨ ᠢᠨᠢᠶᠡᠭᠡᠳ᠄ ︽︿ᠣᠯᠳᠠ᠊  ᠊᠊᠊᠊  ‍ᠬᠤ ᠦᠭᠡᠢ᠂ ᠣᠯᠳᠠ᠊  ᠊᠊᠊᠊  ‍ᠬᠤ ᠦᠭᠡᠢ ﹀ ᠭᠡᠵᠤ ᠣᠷᠬᠢᠷᠠᠯᠳᠣᠭᠠᠳ ᠴᠤ ᠶᠠᠭᠠᠬᠢᠬᠤᠪ ᠮᠠᠭᠤ ᠰᠠᠶᠢᠨ ᠪᠣᠬᠠᠨᠳᠠᠢ ᠨᠤᠭᠤᠳ᠃ ᠪᠦᠳᠦᠭᠦᠨ ᠬᠠᠷ᠎ᠠ ᠰᠢᠣᠬᠠᠨ ᠠᠶᠢᠬᠤᠪᠳᠣᠷ ᠶᠠᠭᠤᠮ᠎ᠠ ᠪᠣᠯᠬᠤ ᠪᠠᠷ ᠴᠢᠨᠢ ︿ᠮᠣᠩ᠊ ᠊᠊᠊᠊᠊ ᠳ᠋ᠠᠢ ᠤᠤ᠂ ᠮᠣᠩ᠊ — ᠳ᠋ᠠᠢ ᠦᠦ﹀ ᠬᠡᠮᠡᠨ ᠣᠮᠣᠷᠬᠠᠬᠤ ᠴᠠᠭ ᠢᠷᠡᠯᠭᠦᠢ ᠳ᠋ᠠ︾ ᠭᠡᠨ᠎ᠠ᠃                    ︽ᠮᠦ᠋ ᠁ ᠮᠦ᠋᠂ ᠮᠦ᠊ ᠊᠊᠊ ᠤᠨ ᠁ ᠮᠦ᠋ ᠁ ᠮᠦ᠋᠂ ᠮᠦ᠊  ᠊᠊᠊᠊᠊ ᠤᠨ  ︾ᠡᠮᠤᠨ᠎ᠠ ᠵᠤ ᠶᠢ ᠳᠠᠪᠠᠭᠠᠳ ᠰᠣᠶᠤᠯᠠᠩ ᠤᠯᠠᠭᠠᠨ ᠪᠤᠬ᠎ᠠ᠂ ᠪᠣᠳᠠ ᠪᠤᠳᠠᠷᠭᠠᠨ᠎ᠠ ᠰᠠᠵᠢᠯᠠᠨ᠂ ᠬᠦᠷᠦᠰᠦ ᠰᠢᠷᠦᠢ ᠴᠠᠴᠢᠯᠠᠭᠰᠠᠭᠠᠷ ᠰᠦᠷᠦᠭ ᠵᠦᠭ ᠰᠦᠷ ᠳᠠᠳᠠᠨ ᠣᠶᠢᠷᠠᠳᠣᠪᠠ᠃ᠰᠣᠶᠤᠯᠠᠩ ᠤᠯᠠᠭᠠᠨ ᠨᠢᠳᠦᠨᠤᠨ ᠵᠣᠨ ᠰᠦᠷᠦᠭ ᠤᠨ ᠡᠵᠡᠨ ᠪᠦᠳᠦᠭᠦᠨ ᠬᠠᠷ᠎ᠠ ᠲᠠᠢ ᠲᠠᠶᠢᠨ ᠲᠣᠯᠣᠯᠳᠣᠭᠠᠨ ᠪᠣᠯᠵᠤ᠂ ᠵᠠᠯᠠᠭᠤ ᠪᠤᠬ᠎ᠠ ᠶᠢᠨ ᠣᠮᠤᠭ ᠰᠦᠷ ᠣᠭᠵᠤᠮ ᠬᠦᠴᠦᠨ ᠢᠶᠠᠷ ᠣᠷᠤᠭᠠᠨ ᠤ ᠭᠤᠨᠵᠢ — ᠰᠠᠶᠢᠬᠠᠨ ᠣᠯᠠᠭᠠᠨ ᠢ ᠪᠤᠯᠢᠶᠠᠨ ᠡᠵᠡᠯᠡᠬᠦ ᠬᠡᠮᠡᠭᠰᠡᠨ ᠪᠠᠶᠢᠵᠠᠢ᠃ ᠳᠡᠭᠡᠬᠦ ᠳᠤ ᠪᠦᠳᠦᠭᠦᠨ ᠬᠠᠷ᠎ᠠ᠂ ᠵᠠᠯᠠᠭᠤ ᠤᠯᠠᠭᠠᠨ ᠤ ᠬᠦᠴᠦᠨ ᠳᠤ ᠨᠢ ᠵᠣᠬᠢᠴᠠᠭᠤᠯᠤᠨ ᠳᠣᠯᠣᠨ ᠳᠣᠯᠣᠭᠰᠠᠨ ᠢᠶᠠᠨ ᠬᠡᠨᠡᠳᠳᠠ ᠬᠡᠯᠡᠪᠬᠢᠨ ᠵᠠᠶᠢᠯᠠᠬᠤ ᠪᠠᠷ ᠵᠠᠯᠠᠭᠤ ᠪᠤᠬ᠎ᠠ ᠢᠳᠡᠯᠡᠭᠰᠡᠨ ᠬᠦᠴᠦᠨ ᠳᠡᠭᠡᠨ ᠤᠷᠤᠭᠰᠢ ᠱᠣᠩᠭᠤᠨ ᠣᠷᠣᠳᠠᠯ᠎ᠠ ᠪᠦᠳᠦᠬᠦᠨ ᠪᠣᠬ᠎ᠠ ᠶᠢᠨ ᠬᠦᠨᠳᠦ ᠰᠡᠯᠡᠮ᠎ᠠ᠂ ᠤᠯᠠᠭᠠᠨ ᠴᠠᠪᠢ ᠤᠷᠤᠭᠤ ᠨᠢ ᠶᠠᠭᠠᠬᠢᠵᠤ ᠡᠶᠢᠬᠦ ᠶᠢᠨ ᠵᠠᠪ ᠦᠭᠭᠦᠯ ᠦᠭᠡᠢ ᠵᠠᠯᠠᠷᠠᠨ ᠪᠠᠭᠤᠵᠠᠢ᠃      ︽ᠣᠶᠢ᠊ — ᠤᠨ︾ ᠬᠡᠮᠡᠨ ᠭᠤᠣᠯ ᠤᠨ ᠳᠠᠭᠤ ᠭᠠᠷᠣᠭᠰᠠᠨ ᠵᠠᠯᠠᠭᠤ ᠤᠯᠠᠭᠠᠨ ᠤ ᠨᠢᠳᠦᠨ ᠠᠴᠠ ᠭᠠᠯ ᠪᠣᠳᠠᠷᠠᠨ᠂ ᠨᠠᠶᠢᠭᠤᠨ ᠲᠠᠶᠢᠪᠠᠵᠦ ᠠᠪᠤᠭᠰᠠᠨ ᠢᠶᠠᠨ ᠤᠭᠤᠷᠠᠭ ᠰᠦ ᠶᠢᠨ ᠰᠢᠮ᠎ᠠ᠂ ᠤᠤᠷ ᠰᠠᠨᠠᠭᠠᠨ ᠤ ᠮᠡᠳᠡᠷᠡᠮᠵᠢ  ᠪᠠᠷ ᠢᠶᠠᠨ ᠪᠡᠶ᠎ᠡ ᠪᠠᠨ ᠡᠵᠡᠮᠳᠡᠨ᠂ ᠴᠢᠰᠦ ᠨᠦᠵᠢ ᠪᠠᠨ ᠭᠤᠭᠤᠵᠢᠭᠤᠯᠣᠭᠠᠳ ᠲᠡᠭᠡᠯ ᠲᠣᠭᠤᠯ ᠭᠡᠭᠰᠡᠭᠡᠷ᠂ ᠡᠷᠬᠢᠵᠤ ᠬᠠᠷᠠᠬᠤ ᠴᠢᠳᠠᠯ ᠦᠭᠡᠢ ᠳᠣᠬᠤ ᠦᠵᠡᠭᠦᠯᠦᠨ ᠵᠢᠯᠢᠢᠭᠰᠡᠨ ᠪᠠᠶᠢᠵᠠᠢ᠃ᠠᠨᠢᠷ ᠠᠪᠤᠭᠰᠠᠨ ᠪᠦᠳᠦᠭᠦᠨ ᠬᠠᠷ᠎ᠠ ᠪᠤᠬ᠎ᠠ᠂ ᠬᠠᠷᠠᠭᠴᠢ ᠭᠤᠨᠵᠢ ᠶᠢ ᠠᠷᠣ ᠳᠠᠭᠠᠨ ᠣᠷᠤᠭᠤᠯᠤᠨ ᠳᠠᠯᠳᠠᠯᠠᠭᠠᠳ᠂ ᠨᠢᠯᠬ᠎ᠠ ᠨᠤᠭᠤᠭ᠎ᠠ ᠶᠢ ᠰᠡᠷᠪᠡᠯᠵᠢᠳᠡᠯ᠎ᠠ᠂ ᠨᠢᠮᠭᠡᠨ ᠬᠦᠷᠦᠰᠦ ᠶᠢ ᠴᠡᠴᠡᠷᠡᠳᠡᠯ᠎ᠡ ᠰᠢᠷᠦᠢ ᠬᠠᠶᠠᠯᠠᠨ ᠬᠦᠩᠭᠢᠨᠠᠳᠠᠯ᠎ᠠ ᠣᠷᠬᠢᠷᠠᠭᠠᠳ᠂ ᠠᠳᠣᠷᠢᠵᠦ ᠦᠳᠦᠷᠢᠭᠰᠡᠨ ᠪᠦᠳᠦᠭᠡᠨ ᠳᠣᠯᠤᠭᠠᠢ ᠪᠠᠨ ᠶᠠᠭᠠᠷᠠᠭ᠎ᠠ ᠦᠭᠡᠶᠢᠬᠡᠨ ᠳᠣᠷᠣᠭᠰᠢᠯᠠᠭᠤᠯᠤᠨ᠂ ᠠᠷᠬᠠᠶᠢᠵᠤ ᠰᠡᠷᠡᠶᠢᠭᠰᠡᠨ ᠬᠤᠶᠠᠷ ᠡᠪᠡᠷ ᠢᠶᠠᠨ ᠠᠭᠠᠵᠢᠮ ᠦᠭᠡᠶᠢᠬᠡᠨ ᠳᠠᠯᠵᠢᠢᠯᠭᠠᠨ᠂ ᠦᠭᠡᠳᠡ ᠠᠴᠠ ᠨᠢ ᠢᠷᠡᠬᠦ ᠢᠨᠠᠭ ᠬᠠᠶᠢᠷ᠎ᠠ᠂ ᠡᠷᠬᠡ ᠵᠡᠷᠭᠡ ᠶᠢᠨ ᠭᠦᠴᠦᠳᠦ ᠳᠠᠶᠢᠰᠤᠨ — ᠰᠣᠶᠣᠯᠠᠩ ᠣᠯᠠᠭᠠᠨ ᠢ ᠣᠭᠳᠣᠨ ᠬᠦᠯᠢᠶᠡᠵᠤ ᠪᠠᠶᠢᠷᠢ ᠠᠪᠤᠨ ᠪᠠᠷᠳᠠᠮ ᠵᠣᠭᠰᠣᠵᠠᠢ᠃ ᠪᠢᠷᠠᠭᠤ ᠰᠢᠳᠦᠯᠡᠩ ᠪᠣᠬᠠᠨᠳᠠᠢ ᠨᠤᠭᠤᠳ ᠴᠤ ᠬᠠᠷᠠᠭᠴᠢ ᠭᠤᠨᠵᠢ ᠶᠢ ᠬᠡᠮᠡᠬᠦ ᠬᠠᠶᠢᠷ᠎ᠠ ᠰᠢᠨᠣᠯ ᠢᠶᠠᠨ ᠬᠠᠶᠠᠭᠠᠨ ᠳᠤ ᠨᠢ ᠬᠠᠶᠠᠵᠤ᠂ ᠬᠠᠷ᠎ᠠ ᠤᠯᠠᠭᠠᠨ ᠬᠤᠶᠠᠷ ᠳᠣᠮᠤ ᠬᠦᠴᠦᠳᠡᠨ ᠤ ᠶᠡᠭᠡ ᠳᠡᠮᠡᠴᠡᠭᠡᠨ ᠳᠤ ᠰᠦᠷ ᠨᠡᠮᠡᠨ ᠴᠣᠣ ᠳᠠᠳᠠᠵᠤ᠂ ᠰᠢᠷᠦᠢ ᠬᠠᠶᠠᠯᠠᠨ ᠰᠢᠯᠦᠰᠦ ᠦᠰᠣᠷᠭᠡᠨ ᠣᠷᠬᠢᠷᠠᠯᠳᠣᠪᠠ᠃        ᠡᠰᠡᠷᠭᠦ ᠡᠳᠡᠭᠡᠳ ᠤᠨ ᠢᠶᠠᠨ ᠬᠦᠴᠦᠨ ᠴᠢᠳᠠᠯ᠂ ᠤᠬᠠᠭᠠᠨ ᠰᠠᠮᠪᠠᠭ᠎ᠠ ᠠᠴᠠ ᠬᠢᠴᠢᠶᠡᠨ ᠰᠡᠷᠡᠮᠵᠢᠯᠡᠭᠰᠡᠨ ᠪᠦᠳᠦᠭᠦᠨ ᠬᠠᠷ᠎ᠠ᠂ ᠵᠠᠯᠠᠭᠤ ᠤᠯᠠᠭᠠᠨ ᠬᠡᠨ ᠠᠯᠢᠨ ᠴᠣ᠋ ᠣᠯᠠᠩᠭᠠᠰᠣᠨ ᠳᠠᠭᠠᠷᠢᠭᠰᠠᠨ ᠦᠭᠡᠢ᠃ ᠳᠣᠯᠤᠭᠠᠢ ᠳᠣᠯᠤᠭᠠᠢ ᠪᠠᠨ ᠳᠠᠭᠠᠷᠠᠭᠤᠯᠤᠨ᠂ ᠡᠪᠡᠷ ᠡᠪᠡᠷ ᠢᠶᠠᠨ ᠰᠣᠯᠢᠯᠴᠠᠭᠤᠯᠤᠨ ᠤᠳᠠᠭᠠᠬᠠᠨ ᠴᠣ᠋ ᠳᠣᠯᠵᠤ ᠠᠪᠤᠯ᠎ᠠ᠃        ᠬᠠᠯᠠᠭᠤᠨ ᠴᠢᠯᠠᠭᠤ ᠳᠣᠯᠢᠶᠠᠨ ᠬᠠᠰᠢᠷ ᠠᠪᠤᠭᠰᠠᠨ ᠵᠠᠯᠠᠭᠤ ᠤᠯᠠᠭᠠᠨ᠂ ᠣᠳᠣ ᠯᠡ ᠳᠠᠭᠠᠷᠢᠯᠳᠠ ᠬᠢᠬᠦ ᠴᠠᠭ ᠪᠣᠯᠤᠭᠰᠠᠨ ᠭᠡᠳᠡᠭ ᠢᠶᠠᠨ ᠳᠦᠰᠦᠭᠡᠯᠡᠵᠤ᠂ ᠬᠦᠴᠦᠯᠡᠨ ᠳᠠᠭᠠᠷᠢᠬᠤ ᠭᠡᠰᠡᠨ ᠬᠠᠭᠤᠷᠮᠠᠭ ᠬᠦᠳᠡᠯᠭᠡᠭᠡᠨ ᠬᠢᠳᠠᠯ᠎ᠠ ᠣᠳᠠᠭᠠᠨ ᠳᠣᠯᠬᠤ ᠨᠢ ᠠᠰᠢᠭ ᠦᠭᠡᠢ ᠬᠡᠮᠡᠨ ᠪᠣᠳᠣᠵᠤ ᠠᠬᠰᠠᠨ ᠪᠦᠳᠦᠭᠦᠨ ᠬᠠᠷ᠎ᠠ ᠣᠳᠣ ᠯᠡ ᠳᠣᠬᠢᠶᠠᠯ ᠢᠷᠡᠯ᠎ᠠ ᠬᠡᠮᠡᠨ ᠪᠣᠷᠣᠭᠤ ᠵᠢᠱᠢᠭᠡᠳ ᠮᠦᠨ ᠳᠠᠳᠠᠭᠰᠠᠨ ᠣᠬᠠᠭᠠᠨ ᠢᠶᠠᠨ ᠬᠡᠷᠡᠭᠯᠡᠨ ᠬᠡᠯᠡᠪᠬᠢᠨ ᠵᠠᠶᠢᠯᠠᠨ ᠭᠠᠷᠳᠠᠯ᠎ᠠ᠂ ᠢᠳᠡᠯᠡᠭᠰᠡᠨ ᠬᠦᠴᠦᠨ ᠳᠡᠭᠡᠨ ᠪᠢᠰᠢ ᠢᠳᠡᠪᠬᠢᠳᠡᠢ ᠲᠠᠭᠠᠷᠢᠨ ᠣᠷᠣᠭᠰᠠᠨ ᠵᠠᠯᠠᠭᠤ ᠤᠯᠠᠭᠠᠨ ᠤ ᠵᠢᠳᠡᠨ ᠡᠪᠡᠷ ᠬᠡᠳᠦᠶᠢᠨᠡᠢ ᠠᠯᠠ ᠤᠷᠤᠭᠤ ᠨᠢ ᠰᠢᠷᠭᠤᠯᠠᠨ ᠵᠠᠪᠳᠣᠵᠤ᠂ ︽ᠮᠦ᠋︾ ᠭᠡᠵᠤ ᠤᠬᠵᠤᠮ ᠣᠷᠬᠢᠷᠠᠬᠤ ᠶᠢᠨ ᠵᠡᠷᠭᠡ ᠬᠦᠴᠦᠯᠡᠨ ᠰᠠᠵᠢᠬᠤ ᠪᠠᠷ ᠪᠦᠳᠦᠭᠦᠨ ᠬᠠᠷ᠎ᠠ ︽ᠦᠢ᠊ — ᠤᠨ︾ ᠬᠡᠮᠡᠨ ᠭᠠᠴᠢᠭᠳᠠᠯᠳᠠᠶᠢᠬᠠᠨ ᠣᠷᠬᠢᠷᠠᠭᠠᠳ ᠭᠠᠳᠣᠴᠢᠨ ᠤᠨᠠᠪᠠ᠃        ᠪᠠᠶᠢᠳᠠᠯ ᠢ ᠠᠵᠢᠨ ︽ᠡᠨᠡ ᠵᠢᠯ ᠶᠠᠭᠠᠬᠢᠳᠠᠭ ᠪᠤᠯ ᠡ︕︾ ᠭᠡᠵᠤ ᠪᠣᠳᠣᠵᠤ ᠰᠠᠭᠤᠭᠰᠠᠨ ᠬᠠᠷ᠎ᠠ ᠬᠦᠦ ᠰᠠᠨᠳᠣᠷᠣᠨ ᠪᠣᠰᠴᠦ᠄        ︽ᠫᠢ︕ ᠭᠦᠭᠰᠢᠨ ᠪᠣᠬ᠎ᠠ ᠶᠢ ᠮᠢᠨᠢ ᠠᠯᠠᠬᠤ ᠨᠢ ᠡ︾ ᠭᠡᠳ ᠳᠠᠰᠢᠭᠤᠷ ᠳᠠᠯᠠᠶᠢᠨ ᠣᠷᠣᠯ᠎ᠠ᠃            ᠁ᠰᠣᠶᠤᠯᠠᠩ ᠤᠯᠠᠭᠠᠨ᠂ ᠬᠠᠷᠠᠭᠴᠢ ᠭᠤᠨᠵᠢ ᠶᠢ ᠦᠮᠴᠢᠷᠬᠡᠨ᠂ ᠰᠦᠷᠦᠭ ᠤᠨ ᠠᠬᠠᠯᠠᠭᠴᠢ ᠪᠣᠯᠪᠠ᠃ᠪᠦᠳᠦᠭᠦᠨ ᠬᠠᠷ᠎ᠠ᠂ ᠠᠯᠪᠠᠨ ᠴᠡᠷᠢᠭ ᠠᠴᠠ ᠬᠠᠯᠠᠭᠳᠠᠨ᠂ ᠠᠪᠠ ᠶᠢᠨ ᠫᠣᠣ ᠪᠠᠨ ᠬᠤᠷᠢᠶᠠᠯᠭᠠᠪᠠ᠃                   2        ᠱᠠᠳᠣᠨ ᠳᠠᠷᠢᠶ᠎ᠠ ᠪᠤᠷᠳᠣᠭᠠᠨ ᠰᠠᠭᠤᠷᠢᠨ ᠦᠷᠭᠦᠯᠵᠢᠯᠡᠭᠡᠳ᠂ ᠮᠠᠯᠵᠢᠬᠤ ᠣᠷᠣᠨ ᠳ᠋ᠠᠵᠠᠢ ᠠᠴᠠ ᠰᠣᠷᠣᠯᠴᠠᠭᠠᠳ ᠶᠠᠪ ᠶᠠᠭᠠᠷᠠᠤ᠃      ᠰᠢᠨ᠎ᠡ ᠶᠢ ᠡᠭᠦᠳᠦᠨ ᠰᠢᠨ᠎ᠡ ᠶᠢ ᠪᠦᠳᠦᠭᠡᠬᠦ ᠬᠡᠮᠡᠭᠡᠳ ᠪᠠᠷᠢᠭᠠᠳᠠ ᠶᠢᠨ ᠬᠢᠨ ︽ᠭᠤᠷᠪᠠᠨ ᠭᠤᠣᠯ ᠤᠨ ᠦᠭᠡᠷ — ᠬᠠᠷ᠎ᠠ ᠲᠠᠷᠯᠠᠨ ᠪᠣᠬ᠎ᠠ︾ ᠣᠷᠤᠭᠤᠯᠳ ᠠᠪᠴᠢᠷᠠᠭᠠᠳ ᠨᠤᠳᠤᠭ ᠤᠨ ᠦᠭᠡᠷ ᠲᠡᠭᠡᠨ ︽ᠬᠤᠪᠢᠰᠬᠠᠯ︾ ᠬᠢᠵᠤ ᠴᠢᠰᠦ ᠶᠢ ᠨᠢ ᠰᠣᠯᠢᠭᠠᠳ᠂ ᠣᠳᠣᠮ ᠢ ᠨᠢ ᠦᠭᠡᠷᠡᠴᠢᠯᠡᠨ ᠣᠭᠰᠠᠭ᠎ᠠ ᠶᠢ ᠨᠢ ᠬᠠᠯᠠᠵᠦ ᠡᠬᠢᠯᠡᠵᠠᠢ᠃        ᠭᠦᠭᠰᠢᠨ ᠤᠯᠠᠭᠠᠨ ᠪᠤᠬ᠎ᠠ ︵ᠰᠣᠶᠣᠯᠠᠩ ᠣᠯᠠᠭᠠᠨ︶ ᠶᠢ ᠬᠡᠷᠭᠢᠨ ᠰᠢᠢᠳᠪᠤᠷᠢᠯᠡᠬᠦ ᠳᠣᠬᠠᠢ ᠨᠡᠯᠢᠶᠡᠳ ᠦᠭᠡᠢ ᠬᠡᠯᠡ ᠠᠮᠠ  ᠪᠣᠯᠤᠭᠰᠠᠨ ᠠᠪᠠᠴᠦ ᠦᠨᠦ ᠬᠠᠷ᠎ᠠ ᠡᠷ᠎ᠡ ︵ᠬᠠᠷ᠎ᠠ ᠬᠦᠦ︶ ᠶᠢᠨ᠄ ︽ᠬᠠᠯᠠᠭᠤᠨ ᠬᠦᠯᠦᠰᠦ ᠬᠠᠷ᠎ᠠ ᠬᠦᠴᠦ ᠠᠯᠢ ᠪᠦᠬᠦᠨ ᠢᠶᠠᠨ ᠮᠠᠯ ᠰᠦᠷᠦᠭ ᠤᠨ ᠦᠷᠡᠵᠢᠯᠳᠠ᠂ ᠮᠠᠯᠴᠢᠨ ᠠᠷᠠᠳ ᠤᠨ ᠠᠮᠢᠳᠣᠷᠠᠯ ᠳᠤ ᠡᠷᠭᠦᠭᠰᠡᠨ ᠭᠦᠭᠰᠢᠨ ᠪᠤᠬ᠎ᠠ ᠪᠠᠨ ᠪᠣᠰᠣᠳ ᠤᠨ ᠡᠷᠬᠡ ᠦᠷᠦᠭᠡᠯ ᠤᠨ ᠬᠢᠳᠣᠭᠠᠨ ᠳᠤ ᠣᠷᠣᠭᠤᠯᠬᠤ ᠦᠭᠡᠢ︾ ᠬᠡᠮᠡᠭᠰᠡᠨ ᠭᠠᠭᠴᠠᠮᠤᠰᠤᠨ ᠬᠠᠳᠠᠭᠤ ᠶᠣᠰᠣᠨ ᠳᠤ ᠬᠠᠭ᠋ᠠᠭᠳᠠᠭᠰᠠᠨ ᠲᠠᠷᠤᠭ᠎ᠠ ᠲᠠᠭᠠᠭᠠᠮᠠᠯ ᠤᠳ ᠴᠦ ᠰᠡᠳᠬᠢᠯ ᠵᠦᠭᠡᠯᠡᠷᠡᠵᠦ᠂ ᠰᠠᠨᠠᠭ᠎ᠠ ᠪᠠᠷ ᠨᠢ ᠪᠣᠯᠤᠭᠠᠳ ︽ᠵᠠ ᠴᠢ ᠶᠠᠭᠠᠬᠢᠪᠠᠯ ᠶᠠᠭᠠᠬᠢᠭ︾ ᠭᠡᠰᠡᠨ ᠮᠠᠶ᠋ᠢᠭᠳᠠᠢ ᠬᠦᠭᠰᠢᠨ ᠣᠯᠠᠭᠠᠨ ᠢ ᠳᠡᠭᠦᠨ ᠳᠤ ᠳᠣᠰᠢᠶᠠᠪᠠ᠃       ᠳᠡᠭᠡᠬᠦ ᠳᠤ ᠨᠢ ᠬᠠᠷ᠎ᠠ ᠡᠷ᠎ᠡ ᠶᠢᠨ ᠬᠠᠳᠠᠩᠬᠢᠷ ᠡᠬᠡᠨᠡᠷ᠂ ᠬᠦᠭᠰᠢᠨ ᠪᠤᠬ᠎ᠠ ᠶᠢ ᠳᠣᠰᠬᠠᠶᠢᠯᠠᠨ ᠠᠰᠠᠷᠠᠬᠤ ᠬᠠᠷ᠎ᠠ ᠠᠯᠪᠠᠨ ᠳᠤ ᠣᠨᠤᠭᠳᠠᠵᠤ᠂ ᠦᠢᠯᠡ ᠪᠠᠨ ᠦᠵᠡᠵᠤ ᠦᠰᠦ ᠪᠠᠨ ᠳᠡᠬᠦᠬᠦ ᠳᠤ ᠳᠣᠯᠣᠭᠰᠠᠨ ᠢ ᠶᠠᠭᠤ ᠶᠢ ᠨᠢ ᠬᠡᠯᠡᠬᠦ ᠪᠢᠯᠡ︕ ᠬᠠᠰᠢᠶ᠎ᠠ ᠡᠪᠳᠡᠬᠦ᠂ ᠰᠦᠷᠦᠭ ᠲᠤ ᠨᠡᠶᠢᠯᠡᠬᠦ ᠁ ᠬᠡᠭᠦᠴᠢᠯᠡᠨ ᠭᠦᠭᠰᠢᠨ ᠤᠯᠠᠭᠠᠨ ᠶᠡᠷᠦ ᠨᠢ ᠬᠢᠳᠡᠭ ᠶᠣᠰᠣᠳᠠᠢ ᠪᠠᠨ ᠬᠢᠭᠦ ᠭᠡᠳ ᠠᠮᠠᠷ ᠪᠠᠶᠢᠳᠠᠭ ᠦᠭᠡᠢ᠃ ᠨᠡᠩ ᠴᠣ᠋ ᠳᠡᠷᠡ ᠡᠳᠦᠷ ᠬᠦᠳᠡᠬᠢ ᠪᠦᠳᠦᠭᠦᠨ ᠪᠡᠶ᠎ᠡ ᠪᠠᠨ ᠬᠡᠪ ᠮᠠᠭᠤᠳᠠᠢ ᠲᠡᠨᠳᠡᠭᠴᠡᠭᠦᠯᠦᠭᠰᠡᠨ ᠮᠠᠭᠤ ᠮᠤᠬᠤᠷ — ᠬᠠᠷ᠎ᠠ ᠲᠠᠷᠯᠠᠨ᠂ ᠲᠠᠷᠭᠤᠨ ᠲᠠᠰᠢᠶ᠎ᠠ ᠪᠦᠮᠪᠦᠯᠵᠡᠭᠦᠯᠦᠨ ᠲᠠᠭᠠᠳᠠᠢ ᠨᠠᠶᠢᠷᠳᠠᠢ ᠬᠡᠶᠢᠷᠬᠡᠭᠰᠡᠨ ᠪᠢᠴᠢᠬᠠᠨ ᠬᠠᠯᠢᠭᠤᠨ ᠢ ᠬᠤᠪᠢᠯᠠᠨ ᠡᠵᠡᠷᠭᠡᠭᠡᠳ ᠬᠦᠭᠡᠭᠡᠴᠡᠯᠳᠣᠨ ᠦᠩᠭᠡᠷᠡᠬᠦ ᠶᠢ ᠬᠠᠷᠠᠭᠰᠠᠨ ᠬᠦᠭᠰᠢᠨ ᠤᠯᠠᠭᠠᠨ ᠤ ᠠᠳᠠᠭ᠎ᠠ ᠵᠢᠳᠦᠭᠡ᠂ ᠠᠭᠤᠷ ᠣᠮᠤᠭ ᠬᠤᠣᠰᠯᠠᠨ ᠢᠷᠡᠬᠦ ᠪᠠᠷ ᠪᠣᠷᠭᠠᠰᠣᠨ ᠬᠠᠰᠢᠶ᠎ᠠ  ᠶᠢ ᠢᠪ ᠳᠠᠷᠣᠨ ᠭᠠᠷᠴᠦ᠂ ᠡᠵᠡᠷᠬᠡᠭ ᠦᠵᠡᠯ ᠰᠢᠨᠤᠬᠠᠢ ᠳᠠᠴᠢᠶᠠᠯ ᠳᠠᠭᠠᠨ ᠬᠦᠭᠡᠷᠦᠨ ᠮᠣᠨᠣᠭᠠᠳ ᠠᠭᠰᠠᠨ ᠮᠠᠭᠤ ᠮᠣᠬᠤᠷ ᠢ ᠶᠠᠭᠤ ᠶᠠᠭᠤ ᠶᠢ ᠨᠢ ᠮᠡᠳᠡᠬᠦ ᠠᠴᠠ ᠡᠮᠤᠨ᠎ᠠ ᠳᠦᠷᠪᠡᠨ ᠮᠦᠴᠢ ᠶᠢ ᠨᠢ ᠲᠡᠭᠷᠢ ᠬᠠᠨᠳᠣᠭᠤᠯᠣᠭᠠᠳ ᠵᠠᠪᠳᠣᠵᠠᠢ᠃ᠪᠠᠷᠢᠭᠠᠳᠠ ᠶᠢᠨ ᠬᠢᠨ ᠠᠭᠤᠷᠰᠠᠵᠤ᠂ ᠬᠠᠷ᠎ᠠ ᠡᠷ᠎ᠡ ᠶᠢ ᠬᠠᠳᠠᠩᠬᠢᠷ ᠡᠭᠡᠨᠡᠷ ᠲᠠᠢ ᠨᠢ ᠵᠢᠮᠡᠯᠡᠨ ᠲᠣᠩᠭᠤᠳᠣᠭᠠᠳ ᠵᠣᠭᠰᠣᠭᠰᠠᠨ ᠦᠭᠡᠢ ᠨᠢᠭᠡᠳᠦᠯ ᠤᠨ ᠮᠠᠯ ᠤᠨ ᠡᠮᠴᠢ ᠶᠢ ᠵᠠᠯᠠᠭᠠᠳ ᠠᠶᠢᠯ ᠤᠨ ᠢᠳᠡᠷ ᠵᠠᠯᠠᠭᠤᠴᠣᠳ ᠢ ᠠᠷᠪᠠ ᠬᠤᠷᠢ  ᠪᠠᠷ ᠴᠣᠭᠯᠠᠭᠤᠯᠣᠨ ᠦᠭᠡᠷ ᠮᠣᠷᠢᠨ ᠤ ᠬᠦᠴᠦᠨ ᠭᠠᠷᠭᠠᠨ ᠦᠬᠦᠵᠦ ᠰᠡᠭᠡᠬᠦ ᠶᠢᠨ ᠲᠡᠮᠡᠴᠡᠯ ᠬᠢᠵᠦ ᠪᠠᠶᠢᠭᠠᠳ ᠬᠦᠭᠰᠢᠨ ᠤᠯᠠᠭᠠᠨ ᠤ ᠦᠷ᠎ᠡ ᠶᠢ ᠨᠢ ᠳᠠᠰᠣᠯᠵᠤ ᠦᠷᠡᠵᠢᠯ ᠢ ᠨᠢ ᠬᠤᠷᠢᠭᠠᠳ ᠰᠠᠶ᠋ᠢ ᠰᠠᠨᠠᠭ᠎ᠠ ᠲᠦᠭᠦᠷᠴᠦ ᠰᠡᠳᠬᠢᠯ ᠠᠮᠠᠷᠠᠵᠠᠭᠠᠵᠠᠢ᠃        ᠭᠦᠭᠰᠢᠨ ᠤᠯᠠᠭᠠᠨ ᠤ ᠪᠦᠳᠦᠭᠦᠨ ᠨᠢᠳᠤᠨ ᠠᠴᠠ ᠬᠢᠯᠢᠩ ᠬᠤᠷᠤᠰᠣᠯ ᠤᠨ ᠬᠦᠬᠡ ᠭᠠᠯ ᠪᠠᠳᠠᠷᠠᠨ ᠣᠴᠢᠯᠠᠵᠦ ᠪᠠᠶᠢᠭᠰᠠᠨ ᠢᠶᠠᠨ ᠤᠳᠠᠯ ᠦᠭᠡᠢ ᠭᠤᠮᠤᠳᠠᠯ ᠭᠤᠳᠣᠷᠠᠯ ᠤᠨ ᠳᠣᠭᠤᠯᠠᠩ ᠨᠢᠯᠪᠤᠰᠣ ᠪᠣᠯᠵᠤ ᠪᠦᠮᠪᠦᠷᠢᠪᠡ᠃ ᠳᠡᠷᠡ ᠢᠳᠡᠬᠦ ᠦᠭᠡᠢ ᠤᠤᠭᠤᠬᠤ ᠦᠭᠡᠢ ᠬᠡᠳᠦᠨ ᠡᠳᠦᠷ ᠢᠶᠠᠷ ᠬᠠᠷ᠎ᠠ ᠡᠷ᠎ᠡ ᠬᠠᠳᠠᠩᠬᠢᠷ ᠡᠭᠡᠨᠡᠷ ᠤᠨ ᠬᠠᠰᠢᠶᠠᠨ ᠪᠣᠯᠤᠩ ᠳᠤ ᠬᠡᠪᠳᠡᠨ ᠪᠠᠶᠢᠭᠰᠠᠨ ᠢᠶᠠᠨ ᠨᠢᠭᠡᠨ ᠰᠦᠨᠢ ᠶᠢᠨ ᠬᠠᠷᠠᠩᠭᠤᠢ ᠶᠢ ᠵᠠᠪᠰᠢᠨ ᠬᠠᠰᠢᠶ᠎ᠠ ᠡᠪᠳᠡᠭᠡᠳ ᠠᠯᠠᠭ᠎ᠠ ᠪᠣᠯᠵᠠᠢ᠃                    ᠰᠠᠷ᠎ᠠ ᠶᠢᠨ ᠳᠠᠷᠠᠭ᠎ᠠ ᠬᠦᠭᠰᠢᠨ ᠤᠯᠠᠭᠠᠨ᠂  ᠰᠦᠷᠦᠭ ᠤᠨ ᠢᠶᠠᠨ ᠳᠡᠷᠭᠡᠳᠡ ᠰᠦᠷ ᠳᠠᠳᠠᠨ ᠳᠠᠬᠢᠨ ᠢᠯᠡᠷᠡᠵᠠᠢ᠃ ᠣᠳᠣ ᠳᠡᠬᠦᠨ ᠳᠤ ᠦᠨᠢᠶ᠎ᠡ ᠬᠦᠭᠡᠭᠡᠵᠦ ᠭᠤᠨᠵᠢ ᠡᠷᠭᠢᠭᠦᠯᠬᠦ ᠰᠠᠨᠠᠭ᠎ᠠ ᠰᠡᠳᠬᠢᠯᠭᠡ ᠭᠡᠵᠤ ᠶᠠᠭ ᠳᠠᠭ ᠪᠣᠯᠣᠭᠰᠠᠨ ᠨᠢ ᠲᠣᠳᠣᠷᠬᠠᠢ᠃ ᠬᠠᠷᠢᠨ  ᠪᠦᠳᠦᠭᠦᠨ ᠨᠢᠳᠦ ᠪᠠᠨ ᠭᠦᠯᠢᠪᠡᠯᠵᠡᠭᠦᠯᠦᠨ᠂ ᠦᠰᠢᠶᠡᠳᠡᠨ ᠳᠠᠶᠢᠰᠣᠨ — ᠬᠠᠷ᠎ᠠ ᠲᠠᠷᠯᠠᠨ ᠬᠠᠮᠢᠭ᠎ᠠ ᠪᠠᠶᠢᠨ᠎ᠠ ᠬᠡᠳ ᠰᠢᠭᠤᠳ ᠲᠠᠯᠪᠢᠭᠠᠳ ᠬᠦᠷᠦᠯ᠎ᠡ᠃ᠬᠠᠷ᠎ᠠ ᠲᠠᠷᠯᠠᠨ᠂ ᠬᠠᠶᠢᠷᠬᠠᠨ ᠢᠶᠠᠨ ᠴᠢᠮᠬᠢᠭᠦᠯᠵᠤ ᠬᠠᠪᠳᠠᠭ᠎ᠠ ᠪᠠᠨ ᠶᠡᠭᠦᠯᠡᠭᠦᠯᠦᠭᠰᠡᠨ ᠭᠦᠭᠰᠢᠨ ᠣᠯᠠᠭᠠᠨ ᠢ ᠪᠠᠰᠣᠬᠤ ᠳᠣᠣᠷᠠᠰᠢᠶᠠᠬᠤ ᠪᠣᠳᠣᠯ ᠣᠷᠣᠵᠤ ᠠᠪᠤᠬᠰᠠᠨ ᠪᠣᠯᠪᠠᠴᠣ᠂ ᠳᠦᠷᠦᠭᠦᠬᠡᠨ ᠳᠤ ᠰᠠᠶ᠋ᠢ ᠯᠡ ᠳᠦᠷᠪᠡᠨ ᠮᠦᠴᠢ ᠪᠠᠨ ᠳᠡᠭᠷᠢ ᠦᠭᠡᠳᠡ ᠳᠠᠷᠠᠶᠢᠯᠭᠡᠭᠡᠳ᠂ ᠪᠢᠷᠠᠭᠤ ᠰᠢᠳᠦᠯᠡᠩ᠂ ᠭᠤᠨᠵᠢ ᠲᠦᠨᠵᠢ ᠶᠢᠨ ᠳᠣᠭᠤᠬᠢ ᠪᠣᠯᠣᠭᠰᠠᠨ ᠢᠶᠠᠨ ᠰᠠᠨᠠᠵᠤ ᠂ ᠪᠦᠳᠦᠭᠦᠨ ᠪᠡᠶ᠎ᠡ ᠪᠠᠨ ᠤᠬᠤᠷᠢᠰᠬᠢᠨ᠂ ᠮᠣᠬᠤᠷ ᠳᠣᠯᠤᠭᠠᠢ ᠪᠠᠨ ᠰᠣᠨᠣᠰᠬᠢᠨ᠂ ᠭᠦᠭᠰᠢᠨ ᠤᠯᠠᠭᠠᠨ ᠤ ᠵᠢᠳᠡᠨ ᠡᠪᠡᠷ ᠲᠤ ᠰᠡᠭᠯᠡᠭᠳᠡᠬᠦ ᠠᠴᠠ ᠰᠡᠷᠭᠡᠶᠢᠯᠡᠨ ᠬᠢᠴᠢᠶᠡᠮᠳᠡᠶᠢᠬᠡᠨ ᠬᠦᠯᠢᠶᠡᠵᠤ ᠵᠣᠭᠰᠣᠵᠠᠢ᠃        ᠬᠦᠭᠰᠢᠨ ᠤᠯᠠᠭᠠᠨ᠂ ᠬᠠᠷ᠎ᠠ ᠲᠠᠷᠯᠠᠨ ᠤ ᠰᠠᠨᠠᠭ᠎ᠠ ᠶᠢ ᠨᠢ ᠲᠠᠭᠠᠭᠤᠯᠣᠨ ᠮᠣᠬᠤᠷ ᠳᠣᠯᠤᠭᠠᠢ ᠶᠢ ᠨᠢ ᠰᠡᠯᠡᠮᠡᠨ ᠬᠤᠶᠠᠷ ᠡᠪᠡᠷ ᠢᠶᠠᠷ ᠢᠶᠠᠨ ᠬᠠᠪᠴᠢᠨ ᠳᠣᠯᠵᠤ ᠠᠪᠤᠮᠠᠭᠴᠠ ᠡᠮᠤᠨ᠎ᠠ ᠬᠤᠶᠠᠷ ᠬᠦᠯ ᠳᠡᠭᠡᠷ᠎ᠡ ᠪᠠᠨ ᠪᠡᠶ᠎ᠡ ᠪᠠᠨ ᠳᠣᠭᠳᠠᠭᠠᠨ᠂ ᠬᠤᠶᠢᠳᠣ ᠬᠤᠶᠠᠷ ᠬᠦᠯ ᠢᠶᠠᠨ ᠳᠡᠶᠢᠷᠦᠰᠬᠢᠬᠦ ᠪᠠᠷ ᠪᠦᠬᠦ ᠪᠡᠶᠡᠨ ᠤ ᠬᠢᠨᠢ ᠬᠠᠷ᠎ᠠ ᠬᠦᠴᠦ᠂ ᠬᠠᠷ᠎ᠠ ᠲᠠᠷᠯᠠᠨ ᠤ ᠡᠰᠡᠷᠭᠦᠯᠡᠨ ᠲᠣᠯᠣᠭᠰᠠᠨ ᠪᠦᠳᠦᠭᠦᠨ ᠮᠣᠬᠤᠷ ᠳᠣᠯᠤᠭᠠᠢ ᠦᠭᠡᠳᠡ ᠳᠦᠪᠯᠡᠷᠡᠨ ︽ᠳᠦᠱ︾ ᠬᠢᠨ ᠳᠣᠰᠳᠠᠯ᠎ᠠ ︽ᠱᠠᠷ︾ ᠬᠡᠬᠦ ᠪᠢᠳᠡᠬᠦᠦ ᠳᠠᠭᠤᠨ ᠭᠠᠷᠣᠭᠠᠳ ᠮᠣᠬᠤᠷ ᠲᠡᠷᠯᠡᠨ ᠨᠣᠭᠳᠣᠰᠬᠢᠨ ᠰᠦᠭᠦᠳᠪᠡ᠃ᠮᠣᠬᠤᠷ ᠲᠠᠷᠯᠠᠨ ᠤ ᠠᠮᠠᠨ ᠬᠦᠵᠤᠬᠦᠦ ᠨᠢ ᠮᠣᠯᠳᠣᠷᠠᠨ᠂ ᠪᠦᠳᠦᠭᠦᠨ ᠳᠣᠯᠤᠭᠠᠢ ᠨᠢ ᠴᠡᠭᠡᠵᠢᠨ ᠬᠦᠨᠳᠡᠢ ᠤᠷᠤᠭᠤ  ᠪᠠᠨ ᠰᠢᠷᠭᠤᠴᠢᠨ ᠣᠬᠤᠷᠢᠨ ᠰᠠᠭᠤᠬᠰᠠᠨ ᠪᠠᠶᠢᠵᠠᠢ᠃            ᠁       ᠭᠦᠭᠰᠢᠨ ᠤᠯᠠᠭᠠᠨ᠂ ᠮᠣᠬᠤᠷ ᠲᠠᠷᠯᠠᠨ ᠤ ᠬᠡᠨ ᠠᠯᠢᠨ ᠴᠦ ᠲᠠᠬᠢᠵᠦ ᠲᠠᠬᠢᠵᠦ ᠬᠠᠷᠠᠭᠳᠠᠭᠰᠠᠨ ᠦᠭᠡᠢ᠃       ᠪᠢᠷᠠᠭᠤᠨ ᠪᠣᠬ᠎ᠠ᠂ ᠰᠢᠳᠦᠯᠡᠩ ᠦᠬᠡᠷ ᠣᠷᠣᠭᠠᠨ ᠤ ᠦᠨᠢᠶᠡᠳ ᠪᠣᠯᠢᠶᠡᠯᠳᠣᠭᠠᠳ ᠶᠡᠬᠡᠯ᠎ᠡ ᠶᠠᠭᠠᠷᠠᠣ᠃                3        ᠰᠠᠯᠬᠢ ᠢᠰᠭᠡᠷᠣᠨ ᠳᠣᠭᠤᠰᠣ ᠮᠠᠨᠠᠷᠠᠭᠠᠳ᠂ ᠳᠡᠭᠷᠢ ᠭᠠᠵᠠᠷ ᠨᠠᠶᠢᠯᠡᠮᠡᠷ ᠵᠠᠩᠨᠠᠨ᠎ᠠ᠃        ᠠᠶᠢᠯ ᠤᠳ ᠤᠨ ᠭᠠᠳᠠᠨ᠎ᠠ ᠬᠤᠪᠢᠳᠠᠵᠦ ᠣᠯᠣᠭᠰᠠᠨ ᠮᠠᠯ ᠣᠨᠤᠭ᠎ᠠ ᠭᠡᠵᠦ ᠴᠦᠬᠡᠨ ᠭᠡᠳᠦ ᠯᠡ ᠬᠠᠷᠠᠬᠳᠠᠬᠤ ᠪᠦᠭᠡᠳ ᠦᠵᠡᠬᠦ ᠶᠢᠨ ᠳᠦᠷᠢ ᠦᠬᠡᠢ ᠳᠡᠬᠡᠶᠢᠵᠤ ᠱᠣᠪᠳᠣᠶᠢᠭᠰᠠᠨ ᠪᠤᠭᠤᠷᠤᠯ ᠰᠡᠷᠡᠯ ᠶᠢᠰᠦᠨ ᠦᠩᠬᠡ ᠶᠢᠨ ᠶᠠᠭᠤᠮᠠᠰ ᠡᠪᠡᠶᠢᠵᠦ ᠲᠡᠪᠡᠶᠢᠨ ᠭᠤᠶᠢᠭᠤᠷᠠᠵᠠᠭᠠᠨ᠎ᠠ᠃        ᠲᠡᠭᠡᠷ᠎ᠡ ᠠᠴᠠ ᠵᠠᠬᠢᠶ᠎ᠠ ᠵᠢᠭᠠᠪᠣᠷᠢ ᠭᠡᠵᠤ ᠴᠠᠰᠣᠨ ᠯᠠᠪᠰᠠ ᠮᠡᠳᠦ ᠪᠠᠭᠤᠵᠤ᠂ ᠮᠠᠯᠴᠢᠨ ᠠᠷᠠᠳ ᠢ ᠪᠠᠶᠠᠵᠢᠨ ᠴᠢᠨᠡᠭᠡᠯᠢᠭᠵᠢᠭᠦᠯᠬᠦ ᠳᠦᠷᠦ ᠶᠢᠨ ᠪᠣᠳᠣᠯᠭ᠎ᠠ ᠪᠠᠴᠢᠮ ᠲᠣᠯᠭᠠᠭᠤ ᠮᠣᠷᠢᠯᠠᠨ ᠰᠠᠭᠠᠳᠠᠨ᠎ᠠ᠃        ︽ᠮᠠᠯ ᠤᠨ ᠳᠤᠭ᠎ᠠ ᠶᠢ ᠪᠠᠭᠠᠰᠬᠠᠵᠤ ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ᠎ᠡ᠃ ᠬᠦᠮᠦᠨ ᠤ ᠬᠠᠷᠢᠴᠡᠯ ᠢᠶᠠᠷ ᠬᠢᠵᠠᠭᠠᠷᠯᠠᠵᠦ ᠪᠡᠯᠴᠢᠭᠡᠷ ᠤᠨ ᠳᠠᠭᠠᠭᠠᠴᠠ ᠳᠤ ᠵᠣᠬᠢᠴᠠᠭᠤᠯᠤᠨ᠎ᠠ᠃ ᠣᠷᠣᠨ ᠤ ᠦᠭᠡᠷ ᠢ ᠬᠤᠳᠠᠯᠳᠣᠵᠤ ᠰᠠᠭᠠᠯᠢ ᠶᠢᠨ ᠦᠨᠢᠶ᠎ᠡ ᠳᠡᠵᠢᠭᠡᠨ᠎ᠠ᠃ ᠨᠤᠳᠤᠭ ᠤᠨ ᠢᠮᠠᠭ᠎ᠠ ᠶᠢ ᠤᠰᠠᠳᠬᠠᠵᠤ ᠪᠡᠯᠴᠢᠭᠡᠷ ᠣᠰᠣ ᠪᠠᠨ ᠬᠠᠮᠠᠭᠠᠯᠠᠨ᠎ᠠ᠃ ᠪᠡᠯᠴᠢᠭᠡᠷᠯᠡᠬᠦᠯᠦᠨ ᠮᠠᠯᠵᠢᠬᠤ ᠶᠢ ᠴᠠᠭᠠᠵᠠᠯᠠᠵᠦ ᠬᠤᠷᠢᠵᠤ ᠲᠡᠵᠢᠭᠡᠬᠦ ᠶᠢ ᠬᠡᠷᠡᠭᠵᠢᠭᠦᠯᠦᠨ᠎ᠡ᠃ ᠡᠯᠡᠰᠦ ᠮᠠᠩᠬ᠎ᠠ ᠶᠢ ᠪᠢᠳᠡᠭᠦᠮᠵᠢᠯᠡᠵᠤ ᠬᠤᠳᠠᠴᠢᠯᠠᠯᠳᠠ ᠶᠢᠨ ᠠᠯᠬᠤᠮ ᠢ ᠲᠦᠷᠭᠡᠳᠭᠡᠨ᠎ᠡ ᠁︾         ᠁        ︽ᠪᠤᠬᠠᠨ ᠪᠦᠭᠡᠷ᠎ᠡ ᠶᠢ ᠠᠪᠬᠤ ᠬᠡᠷᠡᠭᠳᠡᠢ᠂ ᠨᠢᠭᠡ ᠶᠢ ᠴᠣ᠋ ᠦᠯᠡᠳᠡᠭᠡᠯ ᠦᠭᠡᠢ ᠪᠦᠬᠦᠨ ᠢ ᠠᠪᠬᠤ ᠬᠡᠷᠡᠭᠳᠡᠢ        ᠰᠢᠨ᠎ᠡ ᠰᠡᠪᠡᠭᠦᠨ ᠵᠠᠷᠯᠢᠭ ᠵᠠᠬᠢᠶ᠎ᠠ ᠳᠠᠬᠢᠨᠳᠠ ᠤᠯᠠᠮᠵᠢᠯᠠᠬᠳᠠᠨ ᠢᠷᠡᠯ᠎ᠡ᠃        — ᠪᠣᠷᠬᠠᠨ ᠭᠤᠷᠪᠠᠨ ᠡᠷᠳᠡᠨᠢ ᠡ︕ ᠪᠣᠬ᠎ᠠ ᠨᠢ ᠪᠦᠭᠡᠷ᠎ᠡ ᠦᠭᠡᠢ ᠁ ᠦᠨᠦ ᠡᠷᠳᠡᠨᠢ ᠨᠢ ᠦᠭᠡᠢ  ᠪᠠᠷ ᠶᠠᠭᠠᠬᠢᠵᠤ ᠁          — ᠡᠵᠡᠭᠡᠢ ᠡ︕ ᠦᠨᠢᠶ᠎ᠡ ᠨᠢ ᠳᠡᠭᠡᠭᠡᠳ ᠶᠠᠭᠠᠬᠢᠵᠤ ᠬᠡᠭᠡᠯᠳᠣᠭᠡᠳ ᠡᠶᠢᠵᠤ ᠳᠦᠷᠦᠳᠡᠭ ᠶᠤᠮ ᠪᠣᠯ︖        ᠁       — ᠭᠠᠳᠠᠭᠠᠳᠣ ᠭᠦᠷᠦᠨ ᠤ ᠢᠴᠡᠭᠡᠯ ᠴᠣ᠋ ᠬᠡᠨᠡᠤ ᠬᠦᠯᠳᠡᠬᠦᠦ ᠴᠣ᠋ ᠬᠡᠨᠡᠣ ︽ᠰᠢᠯᠢᠳᠡᠭ ᠦᠷ᠎ᠡ︾ ᠭᠡᠨ᠎ᠡ ᠁          ᠮᠠᠩᠬᠠᠨ ᠪᠣᠯᠣᠩ ᠤᠨ ᠮᠠᠯᠴᠢᠳ᠂ ᠠᠭᠤᠯᠠᠨ ᠵᠢᠯᠠᠭ᠎ᠠ ᠶᠢᠨ ᠠᠳᠣᠭᠤᠴᠢᠳ ᠁ ︽ᠪᠠᠶᠢᠭᠠᠯᠢ ᠣᠷᠴᠢᠨ  ᠲᠠᠢ ᠪᠠᠨ ᠵᠣᠬᠢᠴᠠᠯ᠎ᠠ︾ ᠭᠡᠵᠦ ᠦᠪᠡᠷᠰᠡᠳ ᠢᠶᠠᠨ ᠪᠣᠳᠣᠳᠠᠭ ᠤᠨ ᠣᠴᠢᠷ ︽ᠪᠠᠯᠠᠷᠯᠢᠭ ᠠᠵᠦ ᠠᠬᠤᠶᠢᠯᠠᠯ︾ ᠠᠴᠠ  ᠨᠢ ᠴᠢᠯᠦᠭᠡᠯᠡᠵᠦ᠂ ︽ᠰᠢᠨᠵᠢᠯᠡᠬᠦ ᠣᠬᠠᠭᠠᠨᠴᠢ ᠪᠠᠷ ᠮᠠᠯᠵᠢᠬᠤ︾ ᠭᠡᠭᠴᠢ ᠶᠢ ᠨᠢ ᠣᠶᠢᠯᠠᠭᠠᠵᠣ ᠶᠠᠳᠠᠨ ᠭᠠᠶᠢᠬᠠᠯᠳᠣᠬᠤ  ᠶᠢ ᠬᠡᠨ ᠪᠣᠷᠣᠭᠤ ᠭᠡᠬᠦ ᠪᠢᠯᠠ︕        ᠳᠡᠭᠡᠳᠤ ᠱᠠᠳᠣᠨ ᠠᠴᠠ ᠢᠷᠡᠭᠰᠡᠨ ᠬᠦᠮᠦᠰ᠂ ᠬᠠᠷ᠎ᠠ ᠡᠪᠤᠭᠡᠨ ︵ᠬᠠᠷ᠎ᠠ ᠬᠦᠦ︶ ᠤ ᠬᠠᠯᠢᠭᠤᠨ ᠬᠦᠷᠡᠩ ᠰᠢᠳᠦᠯᠡᠩ ᠪᠤᠬ᠎ᠠ ᠠᠴᠠ ᠡᠬᠢᠯᠡᠨ ᠮᠠᠯ ᠲᠠᠢ ᠬᠡᠳᠣᠨ ᠠᠶᠢᠯ ᠤᠨ ᠬᠠᠷ᠎ᠠ ᠠᠯᠠᠭ᠂ ᠰᠢᠷ᠎ᠠ ᠠᠯᠠᠭ ᠁ ᠶᠢᠰᠦᠨ ᠦᠩᠬᠡ ᠶᠢᠨ ᠠᠷᠪᠠᠭᠠᠳ ᠪᠢᠷᠠᠭᠤᠨ ᠪᠣᠬ᠎ᠠ ᠶᠢ ᠬᠦᠢ ᠪᠠᠶᠢᠵᠠ ᠶᠢ ᠬᠦᠯᠢᠶᠡᠯ ᠦᠭᠡᠢ ᠵᠠᠬ᠎ᠠ ᠳᠠᠷᠠᠭᠠᠯᠠᠨ ᠴᠠᠭᠠᠯᠠᠵᠤ ᠬᠠᠶᠠᠭᠠᠳ ᠡᠭᠦᠷᠭᠡ ᠪᠠᠨ ᠠᠮᠵᠢᠯᠳᠠ ᠲᠠᠢ ᠪᠡᠶᠡᠯᠡᠭᠦᠯᠦᠨ ᠰᠡᠳᠬᠢᠯ ᠨᠢ ᠠᠮᠠᠷᠠᠨ ᠲᠠᠶᠢᠳᠬᠤᠷᠠᠭᠰᠠᠨ ᠪᠤᠯᠤᠯᠳᠠᠢ ᠬᠦᠭᠡᠷᠦᠯᠳᠣᠨ ᠨᠠᠷᠬᠢᠵᠤ ᠭᠠᠷᠣᠯ᠎ᠠ᠃         ᠲᠡᠭᠡᠨ ᠪᠠᠶᠢᠳᠠᠯ᠎ᠠ ᠶᠠᠭᠤᠮᠠᠨ ᠳᠤ ᠲᠣᠷ᠎ᠠ ᠲᠠᠢ ᠨᠢᠭᠡ ᠨᠢ ᠴᠠᠭᠠᠯᠠᠵᠦ ᠬᠠᠶᠠᠭᠰᠠᠨ ᠪᠣᠬᠠᠨ ᠪᠦᠭᠡᠷ᠎ᠡ ᠨᠦᠭᠦᠳ ᠢ ᠴᠤᠬᠯᠠᠭᠤᠯᠤᠨ ᠣᠭᠤᠳᠠᠯᠠᠭᠠᠳ ︽ᠰᠢᠷᠠᠵᠤ ᠢᠳᠡᠪᠡᠯ ᠴᠢᠬᠢ ᠣᠬᠳᠣᠯᠪᠠᠴᠤ ᠮᠡᠳᠡᠬᠦ ᠦᠭᠡᠢ ᠁ ᠲᠡᠭᠡᠷ᠎ᠡ ᠨᠢ ᠲᠡᠭᠡᠭᠡᠳ ᠬᠤᠶᠠᠷ ᠣᠣᠭᠤᠴᠢᠬᠤ ᠶᠠᠭᠤᠮ᠎ᠠ ᠲᠠᠢ ᠪᠣᠯ︾ ᠭᠡᠳ ᠦᠵᠦᠬᠦᠷ ᠦᠭᠡᠢ ᠣᠯᠵᠠᠷᠬᠠᠨ ᠬᠦᠭᠡᠷᠴᠦ ᠪᠠᠶᠢᠳᠠᠯ᠎ᠠ ᠠᠯᠢ ᠬᠡᠳᠦᠶᠢᠨ ᠠᠴᠠ ᠠᠭᠤᠷᠯᠠᠨ ᠲᠡᠨᠴᠢᠭᠦᠷᠡᠵᠦ ᠪᠠᠶᠢᠬᠰᠠᠨ ᠬᠠᠷ᠎ᠠ ᠡᠪᠤᠬᠡᠨ ᠤ ᠠᠭᠤᠰᠬᠢ ᠵᠢᠷᠦᠬᠡ ᠳᠡᠯᠪᠡᠷᠡᠮᠡᠷ ᠪᠣᠯᠵᠤ᠄        ︽ᠡᠨᠡ ᠪᠤᠯ ᠮᠠᠯ ᠤᠨ ᠮᠢᠨᠢ ᠬᠡᠶᠢᠮᠦᠷᠢ ᠬᠡᠰᠢᠭ᠃ ᠮᠠᠯᠴᠢᠨ ᠬᠦᠮᠦᠨ ᠢᠳᠡᠬᠦ ᠶᠢ ᠪᠠᠶᠢᠴᠢᠬ᠎ᠠ ᠨᠤᠬᠠᠢ ᠳᠤ  ᠪᠠᠨ ᠴᠤ ᠦᠭᠳᠡᠭ ᠦᠭᠡᠢ ᠶᠤᠮ︾ ᠬᠡᠳ ᠪᠤᠯᠢᠶᠠᠬᠤ ᠰᠢᠤᠬᠠᠨ ᠰᠢᠭᠦᠷᠤᠨ ᠠᠪᠣᠮᠠᠭᠴᠠ ᠣᠮᠠᠷ᠎ᠠ ᠵᠦᠭ ᠴᠢᠭᠯᠡᠨ ᠭᠦᠶᠦᠭᠰᠡᠭᠡᠷ ᠠᠶᠢᠯ ᠠᠴᠠ ᠵᠠᠶᠢᠳᠠᠭᠤᠬᠠᠨ ᠪᠠᠶᠢᠭ᠎ᠠ ᠨᠠᠮᠬᠠᠨ ᠬᠦᠳᠦᠯ ᠲᠡᠭᠡᠷ᠎ᠡ ᠭᠠᠷᠣᠭᠠᠳ ᠵᠣᠭᠰᠣᠪᠠ᠃ ᠲᠡᠷᠡ ᠬᠠᠨ ᠬᠠᠶᠢᠷᠬᠠᠨ ᠦᠭᠡᠳᠡ ᠪᠠᠨ ᠬᠠᠨᠳᠣᠨ ᠰᠦᠭᠦᠳᠦᠨ ᠮᠦᠷᠭᠦᠭᠡᠳ᠂ ᠦᠨᠦ ᠡᠵᠡᠨ ᠠᠴᠠ ᠪᠠᠨ ᠰᠠᠯᠣᠭᠠᠳ ᠦᠨ᠎ᠡ ᠪᠡᠨ᠎ᠡ  ᠪᠠᠨ ᠠᠯᠳᠠᠭᠰᠠᠨ ᠡᠷᠳᠡᠨᠢ ᠨᠦᠭᠦᠳ ᠢᠶᠠᠨ ᠡᠪᠳᠡᠶᠢᠬᠢᠨ ᠭᠠᠵᠠᠷ ᠰᠣᠩᠭᠤᠨ ᠪᠠᠶᠢᠵᠦ ᠬᠢᠴᠢᠶᠡᠮᠵᠢᠳᠡᠶᠢᠬᠢᠨ ᠪᠣᠯᠠᠵᠤ ᠳᠠᠯᠪᠢᠵᠠᠢ᠃                  ᠨᠠᠷᠠᠨ ᠤ ᠲᠣᠣᠷ᠎ᠠ ᠨᠠᠰᠣ ᠪᠠᠷ ᠢᠶᠠᠨ ᠶᠠᠪᠣᠵᠦ᠂ ᠰᠦᠷᠦᠭ ᠤᠨ ᠢᠶᠠᠨ ᠲᠡᠷᠭᠡᠳᠡ ᠪᠡᠶ᠎ᠡ ᠪᠠᠨ ᠡᠯᠡᠭᠡᠭᠰᠡᠨ ᠬᠠᠷ᠎ᠠ ᠡᠪᠤᠬᠡᠨ᠂ ᠪᠣᠳᠣᠯ ᠳᠠᠭᠠᠨ ᠳᠠᠷᠤᠬᠳᠠᠨ ᠰᠡᠳᠬᠢᠯ ᠢᠶᠠᠷ ᠣᠨᠠᠭᠠᠳ ᠪᠠᠶᠢᠨ ᠲᠠᠬᠢᠨ ᠮᠡᠯᠡᠷᠡᠨ ᠭᠦᠯᠢᠷᠡᠬᠦ ᠪᠣᠯᠵᠠᠢ᠃        ᠰᠦᠷ ᠪᠠᠳᠠᠷᠠᠭᠤᠯᠤᠨ ᠰᠦᠷᠦᠭ ᠢᠶᠠᠨ ᠡᠵᠡᠯᠡᠭᠰᠡᠨ ᠪᠦᠳᠦᠭᠦᠨ ᠬᠠᠷ᠎ᠠ᠂ ᠰᠣᠶᠤᠯᠠᠩ ᠤᠯᠠᠭᠠᠨ ᠨᠢ ᠪᠣᠳᠣᠬᠳᠠᠨ᠎ᠠ᠃        ᠬᠦᠳᠡᠬᠢ ᠪᠦᠳᠦᠭᠦᠨ ︽ᠬᠦᠭᠡᠷᠦᠬᠦᠢ ᠮᠤᠬᠤᠷ︾ ᠬᠠᠷ᠎ᠠ ᠲᠠᠷᠯᠠᠨ ᠨᠢ ᠴᠤ ᠰᠠᠨᠠᠭᠠᠨ ᠳᠤ ᠨᠢ ᠣᠷᠣᠨ᠎ᠠ᠃        ᠬᠠᠰ ᠢᠶᠠᠨ ᠬᠤᠰᠣᠭᠤᠯᠵᠦ ᠬᠠᠪᠳᠠᠭ ᠢᠶᠠᠨ ᠰᠣᠯᠠᠯᠠᠭᠤᠯᠤᠬᠰᠠᠨ ᠦᠨᠦ ᠮᠠᠭᠤ ᠰᠠᠶᠢᠨ ᠪᠤᠬᠠᠨᠳᠠᠢ ᠨᠤᠭᠤᠳ  ᠨᠢ ︽ᠡᠷᠳᠡᠨᠢ ᠶᠢ ᠮᠢᠨᠢ ᠠᠪᠴᠢᠷᠠ ᠁ ᠬᠤᠷᠣ ᠶᠣᠷᠣ ᠶᠢᠨ ᠬᠤᠪᠠᠭ᠋ᠠᠢ ᠬᠠᠷ᠎ᠠ ᠴᠢ ᠁︾  ᠭᠡᠳ ᠲᠠᠯ᠎ᠠ ᠲᠠᠯ᠎ᠠ ᠠᠴᠠ ᠨᠢ ᠭᠦᠯᠦᠶᠢᠨ ᠴᠠᠶᠢᠪᠠᠶᠢᠭᠠᠳ ᠪᠠᠶᠢᠬᠤ ᠨᠢ ᠦᠵᠡᠭᠳᠡᠵᠦ ᠬᠠᠷᠠᠭᠳᠠᠵᠦ ᠪᠠᠶᠢᠮᠠᠷ ᠰᠠᠨᠠᠭᠳᠠᠨ᠎ᠠ ᠁        ᠬᠠᠷ᠎ᠠ ᠡᠪᠦᠭᠡᠨ ᠤ ᠲᠣᠳᠣᠷ᠎ᠠ ᠰᠢᠷᠬᠠᠯᠠᠨ ᠰᠢᠨᠠᠯᠵᠦ᠂ ᠮᠠᠯ ᠰᠦᠷᠦᠭ᠂ ᠮᠠᠯᠴᠢᠨ ᠲᠦᠮᠡᠨ ᠳᠡᠭᠡᠨ ᠶᠠᠯ᠎ᠠ ᠨᠢᠭᠦᠯ ᠬᠢᠭᠰᠡᠨ ᠰᠢᠭ ᠯᠡ ᠪᠣᠳᠣᠭᠳᠠᠬᠤ ᠪᠦᠭᠡᠳ ᠨᠡᠶᠢᠭᠡᠮ ᠨᠡᠶᠢᠳᠡ ᠵᠠᠰᠠᠭ ᠲᠦᠷᠦ ᠳᠡᠭᠡᠨ ᠣᠰᠣᠯ ᠪᠣᠷᠣᠭᠤ ᠲᠠᠢ ᠶᠠᠪᠣᠭᠰᠠᠨ ᠰᠢᠭ᠋ ᠯᠡ ᠰᠠᠨᠠᠭᠳᠠᠭᠠᠳ ᠲᠦᠷᠦ ᠶᠢᠨ ᠪᠣᠳᠣᠯᠭ᠎ᠠ ᠶᠢᠨ ᠨᠠᠶᠢᠳᠠᠪᠦᠷᠢᠵᠢᠬᠤ ᠳᠤ᠂ ᠲᠦᠭ ᠲᠦᠮᠡᠨ ᠤ ᠴᠢᠨᠡᠭᠡᠯᠢᠭᠵᠢᠬᠦ ᠳᠤ ᠭᠠᠭᠴᠠ ᠲᠡᠷᠡ ᠯᠡ ᠬᠠᠷᠢᠭᠤᠴᠠᠯᠭ᠎ᠠ ᠠᠯᠳᠠᠭᠰᠠᠨ ᠰᠢᠭ᠋ ᠦᠪᠡᠷ ᠤᠨ ᠪᠡᠶ᠎ᠡ ᠳᠤ ᠪᠠᠨ ᠭᠤᠮᠣᠳᠠᠬᠤ ᠂ ᠬᠠᠷᠠᠰᠠᠬᠤ᠂ ᠬᠤᠷᠣᠰᠬᠤ ᠪᠣᠯᠣᠨ ᠬᠤᠪᠢᠷᠠᠭᠰᠠᠨ ᠢᠶᠠᠷ ᠪᠠᠷᠠᠬᠤ ᠦᠭᠡᠢ ᠠᠳᠠᠯᠠᠨ ᠭᠤᠯᠣᠬᠤ᠂ ᠪᠣᠷᠣᠭᠤᠳᠬᠠᠨ ᠵᠢᠮᠡᠯᠡᠬᠦ᠂ ᠰᠢᠭᠦᠨ ᠰᠢᠭᠦᠮᠵᠢᠯᠡᠬᠦ ᠪᠣᠯᠵᠣ ᠵᠠᠩᠰᠢᠵᠠᠢ᠃       ᠬᠤᠰᠠᠷᠠᠩ ᠦᠨᠢᠶ᠎ᠡ᠂ ᠶᠠᠭᠤ ᠨᠢᠭᠡ ᠶᠢ ᠬᠦᠰᠡᠭᠡᠳ ᠣᠶᠠᠷᠠᠯᠳᠠᠢ ᠮᠦᠭᠡᠷᠦᠨ᠎ᠡ ᠁ᠬᠠᠷ᠎ᠠ ᠡᠪᠦᠭᠡᠨ᠂ ᠶᠠᠭᠤ ᠨᠢᠭᠡ ᠶᠢ ᠦᠭᠡᠶᠢᠯᠡᠭᠡᠳ ᠭᠤᠮᠣᠳᠠᠯᠳᠠᠢ ᠰᠡᠭᠦᠷᠡᠰᠦᠯᠡᠨ᠎ᠡ ᠁
 
ᠢᠷᠡᠯᠲᠡ᠄ ᠪᠠᠭᠠᠷᠢᠨ ᠵᠡᠬᠦᠨ ᠬᠤᠰᠢᠭᠤᠨ ᠤ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号