ᠪᠢᠳᠡᠭᠦᠯᠭᠦ ᠪᠠ ᠰᠢᠨ᠎ᠡ ᠶᠢᠨ ᠨᠢᠭᠡᠨ ᠳᠤ ᠲᠡᠭᠷᠢ ᠲᠠᠭᠢᠬᠤ | | ᠳ᠋᠊᠂ ᠪᠠᠳᠥᠪᠠᠶᠠᠷ | | ᠮᠣᠩᠭᠤᠯᠴᠣᠳ ᠡᠷᠲᠡ ᠳᠡᠭᠡᠳᠦ ᠶᠢᠨ ᠦᠶ᠎ᠡ ᠠᠴᠠ ᠪᠠᠨ ︽ᠲᠡᠭᠷᠢ ᠶᠢ ᠰᠢᠲᠦᠳᠡᠭ︾ ᠪᠠᠶᠢᠵᠠᠢ᠃ | ᠣᠯᠠᠮᠵᠢᠯᠠᠯᠲᠦ ᠬᠡᠯᠪᠡᠷᠢ ᠨᠢ ᠲᠡᠭᠷᠢ ᠳᠤ ᠮᠦᠷᠭᠦᠬᠦ᠂ ᠲᠡᠭᠷᠢ ᠲᠠᠬᠢᠬᠤ ᠶᠣᠰᠣᠯᠠᠯ ᠪᠣᠯᠣᠨ᠎ᠠ᠃ ᠪᠠᠭᠠᠷᠢᠨᠴᠣᠳ ᠪᠦᠷ | ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠲᠡᠭᠷᠢ ᠳᠤ ᠮᠦᠷᠭᠦᠳᠡᠭ ᠶᠣᠰᠣ ᠲᠠᠢ᠃ ᠲᠡᠳᠡ ᠬᠤᠷᠢᠮ ᠬᠢᠪᠡᠯ ᠮᠦᠨ | ᠪᠠᠰᠠ ᠲᠡᠭᠷᠢ ᠪᠣᠷᠬᠠᠨ ᠳᠠᠭᠠᠨ ᠮᠦᠷᠭᠦᠵᠦ ᠭᠠᠯ ᠤᠨ ᠪᠣᠷᠬᠠᠨ ᠪᠠ ᠲᠡᠭᠡᠳᠦᠰ ᠲᠡᠭᠡᠨ ᠮᠦᠷᠭᠦᠳᠡᠭ ᠵᠠᠩᠰᠢᠯ ᠲᠠᠢ ᠶᠤᠮ | ᠃ ︽ᠠᠯᠢᠪᠠ ᠲᠡᠭᠷᠢ ᠶᠢᠨ ᠰᠠᠬᠢᠭᠤᠯᠰᠣᠨ ᠪᠣᠯ ᠪᠦᠷ ᠪᠠᠶᠢᠭᠠᠯᠢ ᠶᠢᠨ ᠬᠦᠴᠦᠨ ᠤ ᠰᠢᠳᠢᠴᠢᠯᠡᠯ᠂ ᠪᠠᠶᠢᠭᠠᠯᠢ ᠠᠴᠠ | ᠳᠠᠪᠠᠭᠰᠠᠨ ᠬᠡᠲᠦ ᠬᠦᠴᠦᠨ ᠤ ᠲᠣᠰᠬᠠᠯ ᠪᠣᠯᠣᠨ᠎ᠠ︾᠃ | ᠮᠠᠨᠠᠶᠢᠬᠢᠨ ᠤ ᠰᠢᠨᠡᠯᠡᠬᠦ ᠵᠠᠩᠰᠢᠯ ᠭᠡᠵᠦ ᠡᠩ ᠤᠨ ᠮᠤᠩᠭᠤᠯᠴᠤᠳ ᠲᠠᠢ ᠠᠳᠠᠯᠢᠬᠠᠨ ᠯᠠ ᠪᠠᠶᠢᠳᠠᠭ ᠶᠤᠮ᠃ | ᠭᠡᠬᠦ ᠳᠤ ᠦᠨᠳᠦᠰᠦᠲᠡᠨ ᠶᠠᠰᠤᠲᠠᠨ ᠪᠦᠬᠦᠨ ᠦᠪᠡᠷᠮᠢᠴᠡ ᠵᠠᠩ ᠰᠣᠶᠣᠯ ᠲᠠᠢ ᠪᠠᠶᠢᠳᠠᠭ ᠪᠣᠯᠪᠠᠴᠤ ᠭᠠᠵᠠᠷ ᠭᠠᠵᠠᠷ | ᠤᠨ ᠵᠠᠩ᠂ ᠭᠦᠵᠡᠭᠡ ᠭᠦᠵᠡᠭᠡᠨ ᠤ ᠪᠣᠯᠣᠩ ᠭᠡᠭᠴᠢ ᠪᠠᠷ ᠬᠡᠰᠡᠭ ᠵᠠᠷᠢᠮ ᠳᠠᠭᠠᠨ ᠵᠦᠷᠢᠶ᠎ᠡ ᠲᠠᠢ ᠪᠠᠶᠢᠳᠠᠭ᠃ ᠡᠶᠢᠮᠦ | ᠠᠴᠠ ᠠᠳᠡ ᠵᠦᠪᠬᠡᠨ ᠵᠡᠭᠦᠨ ᠪᠠᠭᠠᠷᠢᠨ ᠤ ᠬᠡᠰᠡᠭ ᠮᠣᠩᠭᠤᠯᠴᠣᠳ ᠤᠨ ᠰᠢᠨᠡᠯᠡᠬᠦ ᠵᠠᠩᠰᠢᠯ ᠢ ᠳᠦᠭᠦᠮᠬᠡᠨ ᠶᠠᠷᠢᠵᠤ᠂ | ᠦᠩᠭᠡᠷᠡᠬᠦ ᠮᠠᠷᠭᠠᠰᠢ ᠳᠤ ᠳᠤᠷᠠᠳᠬᠠᠯ ᠪᠤᠯᠭᠠᠨ ᠦᠵᠡᠬᠦ ᠮᠡᠷᠭᠡᠳ ᠲᠤ ᠰᠣᠨᠢᠷᠬᠠᠯ ᠪᠣᠯᠭᠠᠨ ᠵᠠᠯᠬᠠᠭᠤ ᠬᠦᠮᠦᠨ ᠤ | ᠨᠠᠵᠠᠭᠠᠢ ᠪᠣᠳᠣᠯ ᠢᠶᠠᠨ ᠲᠡᠮᠳᠡᠭᠯᠡᠪᠠᠢ᠃ ᠨᠡᠶᠢᠭᠡᠮ ᠬᠦᠭᠵᠢᠵᠦ ᠲᠡᠥᠬᠡ ᠶᠢᠨ ᠬᠦᠷᠳᠦ ᠤᠷᠤᠭᠰᠢᠯᠠᠵᠣ ᠯᠠ ᠪᠠᠶᠢᠭᠰᠠᠨ | ᠴᠠᠭ ᠲᠤ ᠠᠯᠢᠪᠠ ᠵᠦᠢᠯ ᠤᠨ ᠵᠠᠩ ᠳᠠᠳᠬᠠᠯ ᠤᠳ ᠨᠢ ᠳᠠᠭᠠᠯᠳᠣᠨ ᠭᠦᠭᠵᠢᠵᠦ ᠬᠤᠪᠢᠷᠠᠬᠤ ᠨᠢ ᠯᠠᠪᠲᠠᠢ᠃ ᠨᠢᠭᠡ | ᠦᠨᠳᠦᠰᠦᠲᠡᠨ ᠳᠤ ᠵᠠᠪᠠᠯ ᠦᠪᠡᠷ ᠤᠨ ᠭᠡᠰᠡᠨ ᠵᠠᠩ ᠵᠢᠷᠦᠮ ᠲᠠᠢ ᠰᠣᠶᠣᠯ ᠪᠣᠯᠪᠠᠰᠣᠨ ᠲᠠᠢ ᠪᠠᠶᠢᠬᠤ ᠶᠤᠰᠤᠲᠠᠢ᠃ | ᠨᠡᠩ ᠴᠦ ᠪᠤᠰᠤᠳ ᠢ ᠲᠠᠭᠤᠷᠢᠶᠠᠨ ᠦᠪᠡᠷ ᠤᠨ ᠪᠣᠯᠪᠠᠰᠣᠨ ᠰᠣᠶᠣᠯ ᠢᠶᠠᠨ ᠭᠤᠯᠣᠵᠣ ᠵᠢᠭᠰᠢᠨ ᠪᠦᠷᠢᠯᠭᠡᠨ | ᠲᠠᠶᠠᠭᠳᠠᠵᠣ ᠶᠠᠭᠠᠬᠢᠭᠰᠠᠨ ᠴᠦ ᠪᠣᠯᠬᠤ ᠦᠭᠡᠢ᠃ ᠪᠢᠳᠡᠨ ᠳᠤ ᠬᠠᠷᠢᠨ ᠦᠪ ᠰᠤᠶᠤᠯ ᠤᠨ ᠦᠯᠡᠳᠡᠵᠦ ᠪᠠᠶᠢᠭ᠎ᠠ | ᠵᠦᠢᠯ ᠢᠶᠠᠨ ᠰᠢᠨ᠎ᠡ ᠨᠡᠶᠢᠭᠡᠮ ᠰᠢᠨ᠎ᠡ ᠠᠮᠢᠳᠣᠷᠠᠯ ᠲᠠᠢ ᠪᠠᠨ ᠤᠶᠠᠯᠳᠣᠭᠤᠯᠣᠨ ᠰᠢᠩᠭᠡᠭᠡᠵᠦ ᠠᠭᠤᠰᠬᠠᠨ ᠰᠢᠮᠡᠳᠭᠡᠵᠦ | ᠤᠯᠠᠮᠵᠢᠯᠠᠨ ᠠᠪᠬᠤ ᠴᠢᠬᠤᠯᠠ ᠲᠠᠢ ᠵᠦᠢᠯ ᠮᠠᠰᠢ ᠣᠯᠠᠨ ᠪᠠᠶᠢᠨ᠎ᠠ᠃ ᠮᠠᠨ ᠤ ᠡᠪᠦᠭᠡ ᠳᠡᠭᠡᠳᠦᠰ ᠠᠴᠠ ᠤᠯᠠᠮᠵᠢᠯᠠᠨ | ᠦᠯᠡᠳᠡᠭᠰᠡᠨ ᠣᠥᠷ ᠰᠣᠶᠣᠯ ᠪᠠᠶᠠᠯᠢᠭ ᠵᠣᠵᠠᠭᠠᠨ ᠪᠠᠶᠢᠳᠠᠭ᠃ ᠭᠡᠪᠡᠴᠦ ᠲᠣᠰ ᠬᠦᠮᠦᠨ ᠤ ᠮᠡᠳᠡᠯᠭᠡ ᠬᠢᠵᠠᠭᠠᠷᠲᠠᠢ | ᠪᠣᠯᠬᠤᠷ ᠲᠡᠷᠡ ᠪᠦᠬᠦᠨ ᠢ ᠤᠬᠠᠭᠤᠯᠣᠨ ᠰᠡᠶᠢᠷᠡᠭᠦᠯᠵᠦ ᠴᠢᠳᠠᠬᠤ ᠦᠭᠡᠢ᠃ ᠠᠳᠡ ᠵᠦᠪᠬᠡᠨ ᠪᠢᠲᠡᠭᠦᠯᠡᠬᠦ ᠪᠠ ᠰᠢᠨ᠎ᠡ | ᠶᠢᠨ ᠨᠢᠭᠡᠨ ᠤ ᠲᠡᠭᠷᠢ ᠳᠤ ᠮᠦᠷᠭᠦᠬᠦ ᠵᠠᠩ ᠵᠢᠷᠦᠮ ᠢ ᠳᠦᠭᠦᠮᠬᠡᠨ ᠲᠡᠮᠳᠡᠭᠯᠡᠶ᠎ᠡ᠃ ᠮᠣᠩᠭᠤᠯ ᠬᠦᠮᠦᠨ ᠰᠢᠨ᠎ᠡ ᠵᠢᠯ | ᠰᠢᠨᠡᠯᠡᠬᠦ ᠳᠡᠭᠡᠨ ᠶᠠᠭᠤᠨ ᠤ ᠡᠮᠦᠨ᠎ᠡ ᠲᠡᠭᠷᠢ ᠪᠣᠷᠬᠠᠨ ᠢ ᠬᠠᠮᠤᠭ ᠤᠨ ᠳᠡᠭᠡᠳᠦ ᠰᠢᠲᠦᠭᠡᠨ ᠪᠣᠯᠭᠠᠨ ᠲᠠᠬᠢᠳᠠᠭ᠃ | ᠤᠴᠢᠷ ᠨᠢ ︿ᠲᠡᠭᠷᠢ ᠠᠪᠤ᠂ ᠲᠡᠯᠡᠬᠡᠢ ᠡᠵᠢ﹀ ᠭᠡᠳᠡᠭ ᠪᠢᠰᠢᠥ ᠳ᠋ᠠ᠃ | ᠮᠠᠨ ᠤ ᠠᠳᠡ ᠭᠠᠯ ᠲᠠᠬᠢᠭᠰᠠᠨ ᠠᠴᠠ ᠡᠬᠢᠯᠡᠨ ᠪᠢᠲᠡᠭᠦᠨ ᠤ ᠡᠳᠦᠷ ᠪᠣᠯᠳᠠᠯ᠎ᠠ ᠲᠡᠭᠷᠢ ᠳᠤ ᠮᠦᠷᠭᠦᠬᠦ | ᠰᠢᠨᠡᠯᠡᠬᠦ ᠪᠡᠯᠡᠳᠭᠡᠯ ᠬᠢᠳᠡᠭ᠃ ᠡᠭᠦᠨ ᠳᠤ ᠭᠤᠥᠯᠳᠠᠭᠤ ᠦᠷᠦᠮ᠎ᠡ ᠭᠠᠷᠭᠠᠬᠤ ︵ᠰᠦ ᠬᠦᠭᠡᠷᠡᠭᠦᠯᠬᠦ ᠶᠢ ᠬᠡᠯᠡᠵᠦ | ᠪᠠᠶᠢᠨ᠎ᠠ︶᠂ ᠬᠠᠪᠰᠠᠢ ᠪᠣᠥᠪᠤ ᠬᠢᠬᠦ᠂ ᠬᠤᠯᠢᠭᠰᠠᠨ ᠪᠣᠳᠠᠭ᠎ᠠ ᠲᠠᠷᠣᠬᠤ᠂ ᠰᠢᠭᠢᠷ᠎ᠡ ᠲᠣᠯᠣᠭᠠᠢ ᠬᠤᠶᠢᠬᠠᠯᠠᠬᠤ᠂ ᠲᠡᠭᠷᠢ | ᠶᠢᠨ ᠵᠣᠯᠠ ᠤᠷᠢᠶᠠᠬᠤ ᠵᠡᠷᠭᠡ ᠠᠵᠢᠯ ᠤᠳ ᠢ ᠬᠢᠳᠡᠭ᠃ ᠦᠷᠦᠮ᠎ᠡ ᠭᠠᠷᠭᠠᠬᠤ ᠳᠤ᠂ ᠲᠦᠭᠦᠬᠡᠢ ᠰᠦ ᠪᠠᠨ ᠰᠢᠷᠡᠮᠦᠨ | ᠲᠤᠭᠤᠬᠠᠨ ᠳᠤ ᠬᠢᠵᠦ ᠵᠦᠭᠡᠯᠡᠨ ᠭᠠᠯ ᠢᠶᠠᠷ ᠪᠣᠴᠠᠯᠭᠠᠵᠣ᠂ ᠪᠣᠴᠠᠯᠪᠠᠯ ᠲᠠᠷᠣᠢ ᠰᠦ ᠬᠦᠭᠡᠷᠡᠬᠦ ᠪᠣᠯᠬᠤᠷ ᠰᠢᠨᠠᠭ᠎ᠠ ᠪᠠᠷ | ᠰᠦ ᠪᠠᠨ ᠰᠠᠮᠣᠷᠠᠵᠣ ᠪᠠᠶᠢᠭᠠᠳ ᠰᠠᠶᠢᠲᠣᠷ ᠪᠣᠴᠠᠯᠭᠠᠬᠤ ᠬᠡᠷᠡᠭᠲᠠᠢ᠃ ᠨᠡᠯᠢᠶᠡᠳ ᠪᠣᠴᠠᠯᠭᠠᠭᠰᠠᠨ ᠤ ᠰᠡᠭᠦᠯᠡᠷ ᠭᠠᠯ | ᠢᠶᠠᠨ ᠨᠠᠮᠵᠠᠭᠠᠵᠣ ᠲᠣᠭᠤᠭ᠎ᠠ ᠲᠠᠢ ᠰᠦ ᠪᠠᠨ ᠪᠣᠰᠣᠳ ᠭᠠᠵᠠᠷ ᠭᠠᠷᠭᠠᠵᠣ ᠲᠠᠯᠪᠢᠬᠤ ᠬᠡᠷᠡᠭᠲᠠᠢ᠃ ᠭᠡᠬᠦ ᠳᠡᠭᠡᠨ | ᠲᠣᠭᠤᠭ᠎ᠠ ᠲᠠᠢ ᠰᠦ ᠪᠠᠨ ᠬᠦᠳᠡᠯᠭᠡᠵᠣ ᠪᠣᠯᠬᠤ ᠦᠭᠡᠢ᠃ ᠵᠢᠪᠠᠷ ᠰᠠᠯᠬᠢᠨ ᠳᠤ ᠴᠣᠬᠢᠬᠤ ᠠᠴᠠ ᠣᠨᠴᠠ ᠬᠢᠴᠢᠶᠡᠬᠦ | ᠬᠡᠷᠡᠭᠲᠠᠢ᠃ ᠲᠡᠭᠡᠭᠡᠳ ᠰᠦ ᠨᠢ ᠬᠦᠷᠦᠵᠦ ᠦᠷᠦᠮ᠎ᠡ ᠨᠢ ᠰᠠᠶᠢᠲᠣᠷ ᠠᠪᠴᠠᠯᠳᠣᠭᠰᠠᠨ ᠤ ᠰᠡᠭᠦᠯᠡᠷ ᠨᠢᠭᠡ ᠨᠠᠷᠢᠨ | ᠬᠠᠭᠠᠯᠣᠭᠰᠠᠨ ᠬᠤᠯᠣᠰᠣᠨ ᠰᠠᠪᠠᠭ᠎ᠠ ᠪᠣᠶᠣ ᠳᠡᠷᠡᠰᠦ ᠡᠪᠡᠰᠦ ᠣᠯᠵᠣ ᠦᠷᠦᠮ᠎ᠡ ᠶᠢᠨ ᠢᠶᠠᠨ ᠳᠣᠥᠭᠤᠷ ᠨᠢ | ᠰᠢᠷᠭᠤᠭᠤᠯᠵᠣ ᠬᠤᠶᠠᠷ ᠭᠠᠷ ᠢᠶᠠᠷ ᠢᠶᠠᠨ ᠬᠠᠪᠰᠣᠷᠣᠨ ᠬᠠᠮᠣᠵᠣ ᠠᠪᠣᠭᠠᠳ ᠡᠷᠲᠡ ᠠᠴᠠ ᠪᠡᠯᠡᠳᠭᠡᠭᠰᠡᠨ ᠠᠮᠪᠠᠨ | ᠪᠣᠶᠣ ᠲᠣᠭᠤᠭᠠᠨ ᠤ ᠪᠦᠷᠬᠦᠭᠦᠯ ᠳᠡᠭᠡᠷ᠎ᠡ ᠪᠠᠨ ᠲᠠᠯ᠎ᠠ ᠰᠠᠷᠠᠨ ᠤ ᠬᠡᠯᠪᠡᠷᠢ ᠲᠠᠢ ᠪᠣᠯᠭᠠᠨ ᠲᠠᠯᠪᠢᠭᠠᠳ ᠬᠠᠲᠠᠭᠠᠪᠠᠯ | ᠳᠠᠷᠣᠢ ᠦᠷᠦᠮ᠎ᠡ ᠪᠣᠯᠬᠤ ᠶᠤᠮ᠃ ᠬᠠᠪᠰᠠᠢ ᠬᠢᠬᠦ ᠳᠤ᠂ ᠴᠠᠭᠠᠨ ᠭᠤᠯᠢᠷ ᠲᠠᠭᠠᠨ ᠰᠢᠷ᠎ᠠ ᠲᠣᠰᠣ᠂ ᠪᠣᠷᠠᠮ ᠬᠢᠵᠣ | ᠨᠣᠬᠤᠭᠠᠳ ᠠᠮᠪᠠᠨ ᠲᠡᠭᠡᠷ᠎ᠡ ᠬᠠᠪᠲᠠᠭᠠᠶᠢᠯᠠᠨ ᠪᠦᠮᠪᠦᠷᠢᠭᠦᠯᠵᠦ ᠲᠣᠬᠢᠷᠠᠮᠵᠢᠲᠠᠢ ᠵᠣᠵᠠᠭᠠᠨ ᠪᠣᠯᠬᠤ ᠳᠤ ᠣᠷᠲᠣ | ᠳᠦᠷᠪᠡᠯᠵᠢᠨ ᠪᠣᠶᠣ ᠣᠯᠠᠨ ᠶᠠᠩᠵᠣ ᠬᠡᠯᠪᠡᠷᠢᠲᠠᠢ ᠪᠣᠯᠭᠠᠨ ᠬᠡᠷᠴᠢᠭᠡᠳ ᠰᠢᠷ᠎ᠠ ᠲᠣᠰᠣ ᠪᠣᠶᠣ ᠰᠢᠯᠦᠨ ᠲᠣᠰᠣᠨ ᠳᠤ | ᠪᠣᠴᠠᠯᠭᠠᠵᠣ᠂ ᠪᠣᠯᠭᠤᠭᠠᠵᠣ ᠠᠪᠣᠭᠰᠠᠨ ᠢ ᠬᠠᠪᠰᠠᠢ ᠪᠣᠭᠤᠷᠰᠤᠭ ᠭᠡᠳᠡᠭ᠃ ᠬᠤᠯᠢᠭᠰᠠᠨ ᠪᠣᠳᠠᠭ᠎ᠠ ᠨᠢ᠂ | ᠬᠠᠭᠤᠷᠣᠭᠰᠠᠨ ᠪᠣᠳᠠᠭ᠎ᠠ ᠪᠠᠨ ᠢᠩ ᠳᠡᠭᠡᠷ᠎ᠡ ᠬᠡᠮᠬᠡᠯᠡᠵᠦ ᠠᠪᠣᠭᠠᠳ ᠰᠢᠷ᠎ᠠ ᠲᠣᠰᠣ᠂ ᠪᠣᠷᠠᠮ ︵ᠱᠠᠲᠠᠩ︶ ᠲᠠᠢ | ᠬᠤᠯᠢᠵᠣ ᠲᠣᠭᠤᠭᠠᠨ ᠳᠠᠭᠠᠨ ᠬᠢᠵᠦ ᠲᠣᠭᠤᠭ᠎ᠠ ᠪᠠᠨ ᠬᠠᠯᠠᠭᠠᠵᠣ ᠲᠣᠰᠣ ᠭᠤᠯᠢᠷ ᠨᠢ ᠨᠡᠶᠢᠯᠡᠵᠣ ᠢᠷᠡᠬᠦ ᠶᠢᠨ ᠦᠶ᠎ᠡ | ᠳᠤ ᠭᠠᠷᠭᠠᠵᠣ ᠠᠪᠣᠭᠠᠳ ᠬᠡᠪ ᠳᠤ ᠲᠠᠷᠣᠵᠣ ᠠᠪᠣᠪᠠᠯ ᠳᠠᠷᠣᠢ ᠪᠣᠯᠴᠢᠬᠠᠨ᠎ᠠ᠃ | ᠵᠢᠯ ᠪᠦᠷᠢ ᠶᠢᠨ ᠬᠠᠭᠤᠴᠢᠨ ᠵᠢᠯ ᠤᠨ ᠬᠠᠮᠤᠭ ᠰᠡᠭᠦᠯ ᠤᠨ ᠡᠳᠦᠷ ᠨᠢ ᠳᠠᠷᠤᠢ ᠡᠨᠡ ᠵᠢᠯ ᠤᠨ ᠪᠢᠲᠡᠭᠦᠨ | ᠪᠣᠯᠬᠤ ᠶᠤᠮ᠃ ᠳᠠᠷᠣᠢ ᠯᠠ ︵ᠬᠦᠬᠡᠭᠡ ᠰᠠᠷ᠎ᠠ︶ ᠰᠠᠷ᠎ᠠ ᠶᠢᠨ ᠬᠤᠷᠢ ᠶᠢᠰᠦᠨ ᠪᠣᠶᠣ ᠭᠤᠴᠢᠨ ᠪᠣᠯ ᠪᠢᠲᠡᠭᠦᠨ ᠤ | ᠡᠳᠦᠷ ᠶᠤᠮ᠃ ᠪᠢᠲᠡᠭᠦᠨ ᠪᠣᠯ ᠨᠢᠭᠡ ᠵᠢᠯ ᠤᠨ ᠬᠠᠮᠤᠭ ᠤᠨ ᠶᠠᠭᠠᠷᠠᠯᠲᠠᠢ ᠡᠳᠦᠷ ᠪᠣᠯᠬᠤ ᠶᠤᠮ᠃ ᠮᠦᠨ ᠪᠢᠲᠡᠭᠦᠨ | ᠤ ᠳᠣᠯᠣᠭᠠᠨ ᠲᠣᠭᠤᠭ᠎ᠠ ᠢᠳᠡᠨ᠎ᠡ ᠭᠡᠵᠦ ᠬᠡᠯᠡᠳᠡᠭ᠃ ᠪᠢᠲᠡᠭᠦᠨ ᠪᠣᠯᠬᠤ ᠠᠴᠠ ᠡᠮᠦᠨ᠎ᠡ ᠡᠪᠣᠯ ᠤᠨ ᠢᠳᠡᠰᠢᠨ ᠤ | ᠬᠤᠨᠢ ᠢᠮᠠᠭᠠᠨ ᠲᠣᠯᠣᠭᠠᠢ᠂ ᠰᠢᠭᠢᠷ᠎ᠡ ᠪᠠᠨ ᠬᠤᠶᠢᠬᠠᠯᠠᠵᠣ ᠴᠢᠨᠠᠬᠤ ᠪᠠᠷ ᠪᠡᠯᠡᠳᠭᠡᠳᠡᠭ᠃ ᠪᠢᠲᠡᠭᠦᠨ ᠤ ᠡᠮᠦᠨ᠎ᠡ | ᠡᠳᠦᠷ ᠲᠡᠭᠦᠨ ᠢᠶᠠᠨ ᠴᠢᠨᠠᠵᠣ ᠢᠳᠡᠬᠦ ᠪᠠᠷ ᠪᠣᠯᠭᠤᠭᠠᠵᠣ ᠲᠠᠯᠪᠢᠨ᠎ᠠ᠃ ᠤᠯᠠᠩᠬᠢ ᠨᠢ ᠪᠦᠷ ᠪᠢᠲᠡᠭᠦᠨ ᠤ ᠦᠷᠯᠦᠭᠡ | ᠪᠡᠯᠡᠳᠭᠡᠭᠰᠡᠨ ᠰᠢᠭᠢᠷ᠎ᠡ ᠲᠣᠯᠣᠭᠠᠢ ᠪᠠᠨ ᠬᠠᠯᠠᠭᠤᠯᠣᠭᠠᠳ ᠪᠢᠲᠡᠭᠦᠥ ᠬᠤᠭᠤᠯᠠ ᠢᠳᠡᠳᠡᠭ᠃ ᠢᠳᠡᠬᠦ ᠠᠴᠠ ᠪᠠᠨ | ᠡᠮᠦᠨ᠎ᠡ ᠵᠠᠪᠠᠯ ᠲᠡᠭᠷᠢ ᠪᠣᠷᠬᠠᠨ ᠳᠠᠭᠠᠨ ᠡᠷᠭᠦᠵᠦ ᠳᠡᠭᠡᠳᠦᠰ ᠲᠡᠭᠡᠨ ᠡᠷᠭᠦᠳᠡᠭ ᠶᠤᠮ᠃ ᠡᠷᠭᠦᠬᠦ ᠳᠡᠭᠡᠨ ᠬᠤᠨᠢᠨ | ᠲᠣᠯᠤᠭᠠᠢ ᠶᠢᠨ ᠴᠢᠬᠢ ᠶᠢ ᠨᠢ ᠣᠭᠲᠣᠯᠵᠣ ᠠᠪᠣᠭᠠᠳ ᠪᠣᠷᠬᠠᠨ ᠳᠠᠭᠠᠨ ᠡᠷᠭᠦᠵᠦ᠂ ᠬᠢᠲᠤᠭ᠎ᠠ ᠪᠠᠷ ᠵᠢᠵᠢᠭᠯᠡᠨ | ᠬᠡᠷᠴᠢᠭᠡᠳ ᠲᠡᠭᠷᠢ ᠪᠣᠷᠬᠠᠨ᠂ ᠠᠭᠤᠯᠠ ᠣᠰᠣᠨ ᠤ ᠨᠠᠪᠳᠠᠭ ᠰᠠᠪᠳᠠᠭ᠂ ᠳᠡᠭᠡᠳᠦᠰ ᠲᠡᠭᠡᠨ ᠡᠷᠭᠦᠨ᠎ᠡ᠃ ᠪᠠᠰᠠ | ᠠᠷᠢᠬᠢᠨ ᠰᠠᠴᠣᠯᠢ ᠪᠠᠨ ᠡᠷᠭᠦᠨ᠎ᠡ᠃ ᠡᠷᠭᠦᠯᠲᠡ ᠰᠠᠴᠣᠯᠢ ᠪᠠᠨ ᠪᠦᠬᠦᠨ ᠢ ᠡᠷᠭᠦᠵᠦ ᠪᠠᠷᠠᠪᠠᠯ᠂ ᠪᠦᠭᠦᠳᠡᠭᠡᠷ ᠢᠶᠠᠨ | ᠰᠢᠭᠢᠷ᠎ᠡ ᠲᠣᠯᠣᠭᠠᠢ ᠪᠠᠨ ᠮᠦᠯᠵᠢᠵᠦ ᠪᠢᠲᠡᠭᠦᠥ ᠬᠤᠭᠤᠯᠠ ᠬᠡᠮᠡᠨ ᠢᠳᠡᠬᠦ ᠶᠤᠮ᠃ ᠠᠶᠢᠯ ᠡᠷᠦᠬᠡ ᠪᠣᠯᠭᠠᠨ ᠭᠡᠷ | ᠲᠡᠷᠭᠡ᠂ ᠬᠦᠷᠢᠶ᠎ᠡ ᠬᠠᠰᠢᠶ᠎ᠠ ᠪᠠᠨ ᠭᠢᠯᠠᠶᠢᠲᠠᠯ᠎ᠠ ᠴᠡᠪᠡᠷᠯᠡᠨ ᠭᠡᠷ ᠤᠨ ᠲᠣᠲᠣᠷ᠎ᠠ ᠪᠠᠨ ᠵᠢᠷᠤᠭ ᠬᠤᠸᠠᠷ ᠢᠶᠠᠷ ᠭᠤᠶᠣᠯᠠᠨ | ᠴᠢᠮᠡᠵᠦ᠂ ᠭᠠᠳᠠᠨ᠎ᠠ ᠪᠠᠨ ᠳᠠᠷᠴᠤᠭ ᠬᠡᠶᠢᠮᠣᠷᠢ ᠪᠠᠨ ᠪᠣᠰᠬᠠᠨ᠂ ᠰᠢᠨ᠎ᠡ ᠬᠤᠪᠴᠠᠰᠣ ᠬᠤᠨᠠᠷ ᠢᠶᠠᠨ ᠭᠠᠷᠭᠠᠵᠣ | ᠠᠪᠳᠠᠭ ᠪᠠᠶᠢᠨ᠎ᠠ᠃ ᠪᠣᠥᠪᠤ ᠪᠣᠭᠤᠷᠰᠤᠭ ᠢᠶᠠᠨ ᠲᠠᠪᠠᠭᠯᠠᠵᠣ ᠬᠦᠵᠢ ᠵᠣᠯᠠ ᠡᠷᠭᠦᠨ ᠪᠣᠷᠬᠠᠨ ᠢᠶᠠᠨ ᠲᠠᠬᠢᠳᠠᠭ᠃ ᠡᠨᠡ | ᠡᠳᠦᠷ ᠪᠣᠵᠠᠷ ᠪᠣᠷᠲᠠᠭ ᠬᠤᠭ ᠨᠣᠪᠰᠢ ᠪᠣᠯᠣᠭᠰᠠᠨ ᠶᠠᠭᠤᠮ᠎ᠠ ᠪᠠᠨ ᠬᠤᠯᠠ ᠠᠪᠠᠴᠢᠵᠤ ᠳᠠᠯᠳᠠ ᠭᠠᠵᠠᠷ ᠬᠠᠶᠠᠬᠤ | ᠪᠣᠶᠣ ᠰᠢᠲᠠᠭᠠᠳᠠᠭ᠃ ᠪᠢᠲᠡᠭᠦᠨ᠂ ᠰᠢᠨ᠎ᠡ ᠶᠢᠨ ᠨᠢᠭᠡᠨ ᠬᠤᠶᠠᠷ ᠡᠳᠦᠷ ᠡᠮ ᠣᠥᠭᠤᠳᠠᠭ ᠦᠭᠡᠢ᠃ ᠭᠡᠷ ᠵᠠᠭᠤᠷ᠎ᠠ | ᠪᠠᠨ ᠬᠡᠯᠡ ᠠᠮᠠ ᠪᠣᠯᠬᠤ ᠶᠢ ᠣᠨᠴᠠ ᠴᠡᠭᠡᠷᠯᠡᠳᠡᠭ ᠪᠦᠭᠡᠳ ᠮᠠᠯ ᠬᠠᠷ᠎ᠠ ᠪᠠᠨ ᠴᠣᠬᠢᠳᠠᠭ ᠦᠭᠡᠢ᠃ ᠪᠢᠲᠡᠭᠦᠨ ᠤ | ᠣᠷᠣᠢ ᠪᠠᠩᠰᠢ ᠢᠳᠡᠳᠡᠭ᠃ ᠪᠠᠩᠰᠢ ᠶᠢᠨ ᠳᠣᠲᠣᠷ᠎ᠠ ᠪᠠᠨ ᠬᠦᠪᠦᠩ᠂ ᠵᠣᠭᠤᠰ᠂ ᠪᠣᠳᠠᠭ᠎ᠠ᠂ ᠨᠡᠭᠦᠷᠡᠰᠦ᠂ ᠣᠳᠠᠰᠣ | ᠵᠡᠷᠭᠡ ᠶᠢ ᠬᠢᠭᠡᠳ ᠢᠳᠡᠬᠦ ᠶᠢᠨ ᠦᠶ᠎ᠡ ᠳᠤ ᠵᠣᠭᠤᠰ ᠲᠠᠭᠠᠷᠠᠭᠰᠠᠨ ᠨᠢ ᠠᠷᠪᠢᠨ ᠵᠣᠭᠤᠰ ᠲᠠᠢ ᠪᠣᠯᠵᠣ᠂ ᠬᠦᠪᠦᠩ | ᠲᠠᠭᠠᠷᠠᠭᠰᠠᠨ ᠨᠢ ᠴᠠᠭᠠᠨ ᠰᠡᠳᠬᠢᠯ ᠲᠠᠢ᠂ ᠨᠡᠭᠦᠷᠡᠰᠦ ᠲᠠᠭᠠᠷᠠᠭᠰᠠᠨ ᠨᠢ ᠬᠠᠷ᠎ᠠ ᠰᠡᠳᠬᠢᠯ ᠲᠠᠢ ᠭᠡᠵᠦ ᠶᠡᠬᠡᠯ᠎ᠡ | ᠬᠦᠭᠡᠷᠦᠯᠳᠦᠵᠡᠭᠡᠳᠡᠭ ᠶᠤᠮ᠃ ᠪᠢᠲᠡᠭᠦᠨ ᠤ ᠪᠠᠩᠰᠢ᠂ ᠠᠷᠢᠬᠢ ᠶᠢ ᠮᠦᠨ ᠲᠡᠭᠷᠢ ᠪᠣᠷᠬᠠᠨ᠂ ᠠᠭᠤᠯᠠ ᠣᠰᠣᠨ ᠤ | ᠨᠠᠪᠳᠠᠭ ᠰᠠᠪᠳᠠᠭ ᠪᠦᠬᠦᠨ ᠳᠤ ᠡᠷᠭᠦᠵᠦ᠂ ᠡᠪᠦᠭᠡ ᠲᠡᠭᠡᠳᠦᠰ ᠲᠡᠭᠡᠨ ᠮᠦᠨ ᠭᠡᠭᠡᠵᠦ ᠣᠷᠬᠢᠭᠳᠠᠭᠤᠯᠣᠯ ᠦᠭᠡᠢ ᠪᠠᠷ | ᠰᠠᠶᠢᠨ ᠡᠷᠭᠦᠬᠦ ᠬᠡᠷᠡᠭᠲᠠᠢ᠃ ᠪᠦᠬᠦ ᠭᠡᠷ ᠤᠨ ᠬᠦᠮᠦᠰ ᠪᠦᠷ ᠰᠠᠭᠤᠯᠴᠠᠵᠣ ᠠᠪᠤ ᠡᠵᠢ ᠠᠬᠠᠰ ᠵᠠᠬᠠᠰ ᠲᠠᠭᠠᠨ ᠠᠷᠢᠬᠢ | ᠬᠡᠮᠨᠡᠨ᠎ᠡ᠃ ᠪᠠᠩᠰᠢ ᠪᠠᠨ ᠢᠳᠡᠵᠦ ᠪᠠᠷᠠᠪᠠᠯ ᠳᠠᠷᠣᠢ ᠨᠢᠭᠡ ᠠᠶᠠᠭ᠎ᠠ ᠪᠠᠩᠰᠢ ᠶᠢᠨ ᠳᠡᠭᠡᠷ᠎ᠡ ᠨᠢᠭᠡ ᠪᠣᠶᠣ ᠬᠡᠳᠦᠨ | ᠰᠢᠭᠢᠷ᠎ᠡ ᠲᠠᠯᠪᠢᠨ ᠬᠠᠷᠢᠯᠴᠠᠨ ᠬᠦᠷᠭᠡᠯᠴᠡᠳᠡᠭ ᠪᠢᠯᠠ᠃ | ᠪᠢᠲᠡᠭᠦᠨ ᠤ ᠡᠳᠦᠷ ᠲᠡᠭᠷᠢ ᠶᠢᠨ ᠵᠣᠯᠠ ᠣᠷᠢᠶᠠᠬᠤ ᠪᠣᠯ ᠨᠢᠭᠡᠨ ᠲᠣᠩ ᠨᠠᠷᠢᠯᠢᠭ ᠠᠵᠢᠯ ᠶᠤᠮ᠃ ᠤᠷᠢᠳᠦ | ᠶᠢᠨ ᠯᠠᠮᠠ ᠨᠠᠷ ᠰᠦᠮ᠎ᠡ ᠰᠣᠪᠣᠷᠭ᠎ᠠ ᠳᠤ ᠵᠤᠯᠠ ᠡᠷᠭᠦᠬᠦ ᠳᠡᠭᠡᠨ ᠵᠤᠯᠠ ᠶᠢᠨ ᠭᠤᠥᠯ ᠢᠶᠠᠨ ᠦᠯᠦᠨ ᠴᠠᠭᠠᠨ ᠡᠪᠡᠰᠦᠨ | ᠤ ᠤᠷᠣᠢ ᠪᠠᠷ ᠬᠢᠳᠡᠭ᠂ ᠭᠡᠬᠦ ᠳᠡᠭᠡᠨ ᠬᠡᠳᠦᠨ ᠳᠠᠪᠬᠤᠷ ᠬᠦᠪᠣᠩ ᠢᠶᠠᠷ ᠴᠢᠩᠭ᠎ᠠ ᠤᠷᠢᠶᠠᠳᠠᠭ᠂ ᠢᠩᠬᠢᠪᠡᠯ ᠵᠤᠯᠠ | ᠶᠢᠨ ᠭᠤᠥᠯ ᠨᠢ ᠴᠢᠩᠭ᠎ᠠ ᠪᠣᠯᠬᠤ ᠮᠦᠷᠲᠡᠭᠡᠨ ᠤᠳᠠᠭᠠᠨ ᠴᠠᠭ ᠠᠰᠠᠬᠤ ᠶᠤᠮ᠃ ᠲᠡᠭᠷᠢ ᠶᠢᠨ ᠵᠤᠯᠠ ︵ᠪᠠᠰᠠ ᠪᠠᠮᠪᠠᠷ | ᠠᠰᠠᠭᠠᠬᠤ ᠭᠡᠳᠡᠭ︶ ᠤᠷᠢᠶᠠᠬᠤ ᠳᠤ ᠬᠠᠷᠢᠨ ᠳᠡᠷᠡᠰᠦ ᠡᠪᠡᠰᠦᠨ ᠤ ᠭᠤᠥᠯ ᠢᠶᠠᠷ ᠬᠢᠳᠡᠭ᠃ ᠡᠭᠦᠨ ᠳᠤ ᠵᠦᠪᠬᠡᠨ | ᠨᠢᠭᠡ ᠯᠡ ᠭᠤᠥᠯ ᠤᠷᠢᠶᠠᠬᠤ ᠪᠢᠰᠢ ᠬᠠᠷᠢᠨ ᠵᠠᠭᠤ ᠨᠠᠢᠮᠠᠨ ᠭᠤᠥᠯ ᠤᠷᠢᠶᠠᠳᠠᠭ ᠲᠣᠯᠠ ᠨᠡᠯᠢᠶᠡᠳ ᠴᠠᠭ ᠬᠡᠷᠡᠭᠰᠡᠬᠦ | ᠶᠤᠮ᠃ ᠨᠢᠭᠡ ᠭᠤᠥᠯ ᠢ ᠬᠤᠶᠠᠷ ᠭᠤᠷᠪᠠᠨ ᠮᠦᠷ ᠣᠷᠢᠶᠠᠬᠤ ᠬᠡᠷᠡᠭᠲᠠᠢ᠃ ᠡᠩ ᠤᠨ ᠪᠠᠭ᠎ᠠ ᠵᠣᠯᠠ ᠶᠢᠨ ᠭᠤᠥᠯ ᠤᠨ | ᠦᠵᠦᠭᠦᠷ ᠢ ᠴᠢᠩᠭ᠎ᠠ ᠤᠷᠢᠶᠠᠳᠠᠭ ᠪᠣᠯᠪᠠᠴᠣ ᠪᠠᠮᠪᠠᠷ ᠢ ᠬᠠᠷᠢᠨ ᠦᠵᠦᠭᠦᠷ ᠢ ᠨᠢ ᠰᠣᠯᠠ ᠲᠠᠯᠪᠢᠵᠣ ᠲᠤᠭ ᠰᠢᠭ᠋ | ᠦᠯᠡᠳᠡᠭᠡᠳᠡᠭ᠃ ᠡᠨᠡ ᠮᠡᠲᠦ ᠪᠠᠷ ᠲᠤᠭ᠎ᠠ ᠶᠣᠰᠣᠭᠠᠷ ᠪᠦᠬᠦᠨ ᠢ ᠤᠷᠢᠶᠠᠵᠣ ᠪᠠᠷᠠᠭᠰᠠᠨ ᠤ ᠳᠠᠷᠠᠭ᠎ᠠ ᠨᠢᠭᠡ ᠤᠷᠭ᠎ᠠ | ᠶᠢᠨ ᠴᠡᠭᠡᠵᠢ ︵ᠶᠣᠵᠣᠭᠤᠷ︶ ᠤᠯᠵᠣ ᠦᠵᠦᠭᠦᠷ ᠲᠡᠭᠡᠷ᠎ᠡ ᠨᠢ ᠲᠡᠳᠡᠭᠡᠷ ᠭᠤᠥᠯ ᠤᠳ ᠢᠶᠠᠨ ᠤᠷᠤᠢ ᠶᠢ ᠨᠢ | ᠵᠡᠷᠭᠡᠴᠡᠭᠦᠯᠦᠨ ᠱᠦᠭᠦᠷ ᠤᠷᠢᠶᠠᠬᠤ ᠰᠢᠭ ᠳᠣᠭᠤᠶᠢᠳᠠᠭᠤᠯᠣᠨ ᠬᠦᠪᠦᠩ ᠤᠳᠠᠰᠣ ᠪᠠᠷ ᠴᠢᠩᠭ᠎ᠠ ᠤᠷᠢᠶᠠᠨ᠎ᠠ᠃ ᠡᠨᠡᠬᠦ | ᠭᠤᠥᠯ ᠨᠢᠭᠡᠪᠦᠷᠢ ᠶᠢ ᠨᠢᠭᠡ ᠲᠤᠬᠤᠢ ᠤᠷᠴᠢᠮ ᠤᠷᠢᠶᠠᠳᠠᠭ᠃ ᠢᠩᠬᠢᠪᠡᠯ ᠡᠨᠡᠬᠦ ᠪᠠᠮᠪᠠᠷ ᠤᠨ ᠭᠤᠥᠯ ᠨᠢ ᠪᠠᠷᠤᠭ | ᠨᠢᠭᠡ ᠲᠣᠬᠤᠢ ᠪᠣᠯᠣᠨ᠎ᠠ᠃ ᠤᠷᠣᠨ ᠨᠣᠲᠤᠭ ᠤᠨ ᠵᠠᠩᠰᠢᠯ ᠤᠨ ᠵᠦᠷᠢᠶ᠎ᠡ ᠠᠴᠠ ᠪᠣᠯᠵᠣ ᠵᠠᠷᠢᠮ ᠤᠷᠤᠨ ᠳᠤ ᠲᠦᠳᠡᠭ | ᠭᠠᠯ ᠲᠦᠯᠡᠵᠦ ᠲᠡᠭᠷᠢ ᠳᠤ ᠮᠦᠷᠭᠦᠳᠡᠭ ᠭᠡᠨ᠎ᠡ᠃ ᠪᠣᠳᠣᠬᠤ ᠳᠤ ᠡᠨᠡ ᠨᠢ ᠳᠦᠭᠦᠮᠴᠢᠯᠡᠭᠰᠡᠨ ᠶᠠᠪᠣᠳᠠᠯ ᠪᠣᠯᠣᠨ᠎ᠠ᠃ | ᠤᠴᠢᠷ ᠨᠢ ᠨᠡᠭᠦᠳᠡᠯ ᠮᠠᠯᠵᠢᠯ ᠡᠷᠬᠢᠯᠡᠵᠦ ᠪᠠᠶᠢᠭ᠎ᠠ ᠮᠣᠩᠭᠤᠯᠴᠣᠳ ᠵᠢᠯ ᠤᠨ ᠳᠦᠷᠪᠡᠨ ᠤᠯᠠᠷᠢᠯ ᠢᠶᠠᠨ ᠲᠠᠭᠠᠨ | ᠨᠡᠭᠦᠵᠦ ᠶᠠᠪᠣᠳᠠᠭ ᠲᠣᠯᠠ ᠡᠪᠦᠯ ᠤᠨ ᠤᠯᠠᠷᠢᠯ ᠳᠤ ᠦᠩ ᠰᠢᠮᠡᠯᠢᠭ ᠮᠦᠷᠲᠡᠭᠡᠨ ᠢᠭ᠌ᠴᠢ ᠵᠤᠵᠠᠭᠠᠨ ᠡᠪᠡᠰᠦ | ᠬᠤᠯᠤᠰᠣ ᠲᠠᠢ ᠨᠦᠮᠦᠷᠢ ᠭᠠᠵᠠᠷ ᠢ ᠰᠣᠩᠭᠤᠬᠤ ᠨᠢ ᠯᠠᠪᠲᠠᠢ ᠶᠤᠮ᠃ ᠲᠡᠶᠢᠮᠦ ᠠᠴᠠ ᠮᠤᠩᠭᠤᠯ ᠭᠡᠷ ᠤᠨ ᠬᠠᠵᠠᠭᠤ | ᠳᠤ ᠢᠯᠡ ᠭᠠᠯ ᠲᠦᠯᠡᠵᠦ ᠲᠡᠭᠷᠢ ᠳᠤ ᠮᠦᠷᠭᠦᠨ᠎ᠡ ᠭᠡᠭᠴᠢ ᠪᠠᠶᠢᠵᠣ ᠪᠣᠯᠣᠰᠢ ᠦᠭᠡᠢ ᠬᠡᠷᠡᠭ ᠶᠤᠮ᠃ ᠡᠶᠢᠮᠦᠷᠬᠦ | ᠪᠠᠮᠪᠠᠷ ᠠᠰᠠᠭᠠᠬᠤ ᠨᠢ ᠦᠨᠳᠦᠷ ᠲᠡᠭᠡᠷ᠎ᠡ ᠪᠠᠮᠪᠠᠷ ᠤᠨ ᠭᠠᠯ ᠨᠢ ᠳᠣᠸᠠᠯᠠᠵᠣ ᠳᠦᠷᠪᠡᠨ ᠵᠦᠭ ᠤᠨ ᠤᠶᠢᠷ᠎ᠠ ᠤᠷᠴᠢᠮ | ᠢ ᠡᠳᠦᠷ ᠮᠡᠲᠦ ᠭᠡᠷᠡᠯᠲᠦᠭᠦᠯᠵᠦ ᠭᠠᠯ ᠨᠢ ᠠᠮᠠᠷᠬᠠᠨ ᠤᠮᠲᠠᠷᠠᠬᠤ ᠦᠭᠡᠢ ᠮᠦᠷᠲᠡᠭᠡᠨ ᠪᠣᠲᠠᠷᠠᠵᠤ ᠲᠠᠰᠣᠷᠠᠵᠤ ᠶᠠᠪᠣᠬᠤ | ᠦᠭᠡᠢ ᠶᠤᠮ᠃ ᠡᠨᠡ ᠪᠠᠮᠪᠠᠷ ᠤᠨ ᠡᠰᠢ ᠶᠢ ᠡᠪᠦᠯ ᠤᠨ ᠬᠦᠯᠳᠡᠭᠦᠥ ᠳᠤ ᠭᠠᠵᠠᠷ ᠬᠠᠳᠬᠤᠵᠣ ᠪᠣᠯᠬᠤ ᠦᠭᠡᠢ ᠲᠣᠯᠠ | ᠬᠡᠷᠪᠡ ᠴᠠᠰᠤ ᠲᠠᠢ ᠪᠤᠯ ᠴᠠᠰᠤᠨ ᠤᠪᠣᠭᠠᠨ ᠳᠤ ᠬᠠᠳᠬᠤᠨ᠎ᠠ᠂ ᠦᠭᠡᠢ ᠪᠤᠯ ᠮᠠᠩᠬ᠎ᠠ ᠰᠢᠷᠤᠢ ᠶᠢ ᠤᠪᠣᠭᠠᠯᠠᠵᠣ | ᠲᠣᠮᠳᠠ ᠨᠢ ᠨᠦᠬᠡ ᠭᠠᠷᠭᠠᠭᠠᠳ ᠬᠠᠳᠬᠤᠨ᠎ᠠ᠃ ᠵᠠᠷᠢᠮ ᠳᠠᠭᠠᠨ ᠮᠤᠳᠣᠨ ᠲᠡᠷᠭᠡᠨ ᠤ ᠬᠦᠷᠳᠦ ᠪᠠᠨ ᠰᠣᠭᠤᠯᠵᠣ | ᠪᠣᠯᠣ ᠶᠢᠨ ᠨᠦᠬᠡᠨ ᠳᠤ ᠨᠢ ᠬᠠᠳᠬᠤᠵᠣ ᠲᠣᠭᠲᠠᠭᠠᠨ᠎ᠠ᠃ ᠰᠢᠨ᠎ᠡ ᠶᠢᠨ ᠨᠢᠭᠡᠨ ᠤ ᠦᠷᠯᠦᠭᠡ ᠡᠷᠲᠡ ᠬᠠᠷᠠᠩᠭᠤᠢ ᠪᠠᠷ | ᠪᠣᠰᠴᠣ ᠲᠤᠭᠤᠭᠠᠨ ᠳᠤ ᠰᠢᠷ᠎ᠠ ᠲᠣᠰᠣ ᠬᠢᠵᠦ ᠬᠠᠶᠢᠯᠤᠭᠤᠯᠣᠭᠠᠳ ᠪᠡᠯᠡᠳᠭᠡᠵᠦ ᠲᠠᠯᠪᠢᠭᠰᠠᠨ ᠪᠠᠮᠪᠠᠷ ᠢᠶᠠᠨ | ᠠᠪᠴᠢᠷᠠᠵᠣ ᠬᠠᠶᠢᠯᠣᠭᠤᠯᠣᠭᠰᠠᠨ ᠰᠢᠷ᠎ᠠ ᠲᠣᠰᠣ ᠪᠠᠨ ᠪᠠᠭ᠎ᠠ ᠪᠠᠭ᠎ᠠ ᠪᠠᠷ ᠪᠠᠮᠪᠠᠷ ᠳᠡᠭᠡᠷ᠎ᠡ ᠪᠠᠨ ᠴᠢᠳᠬᠤᠵᠣ | ᠰᠢᠮᠡᠳᠭᠡᠨᠡ᠃ ᠲᠡᠭᠡᠭᠡᠳᠦᠷᠯᠦᠭᠡ ᠶᠢᠨ ᠬᠠᠷᠠᠩᠭᠤᠢ ᠳᠤ ᠪᠠᠮᠪᠠᠷ ᠢᠶᠠᠨ ᠠᠰᠠᠭᠠᠭᠠᠳ ᠪᠡᠯᠡᠳᠭᠡᠭᠰᠡᠨ ᠤᠷᠣᠨ ᠳᠤ ᠨᠢ | ᠬᠠᠳᠬᠤᠵᠣ ᠲᠠᠯᠪᠢᠨ᠎ᠠ᠃ ᠵᠤᠯᠠ ᠪᠠᠨ ᠲᠣᠭᠤᠷᠢᠭᠤᠯᠵᠣ ᠡᠷᠭᠢᠨ ᠲᠤᠭᠤᠷᠢᠨ ᠢᠰᠡᠭᠡᠢ ᠰᠢᠷᠳᠡᠭ ᠲᠠᠯᠪᠢᠵᠣ ᠮᠦᠷᠭᠦᠬᠦ | ᠪᠠᠷ ᠪᠡᠯᠡᠳᠭᠡᠨ᠎ᠡ᠃ ᠵᠣᠯᠠ ᠶᠢᠨ ᠵᠡᠭᠦᠨ ᠬᠤᠶᠢᠨ᠎ᠠ ᠠᠶᠠᠭᠠᠨ ᠰᠢᠷᠡᠭᠡ ᠲᠠᠯᠪᠢᠵᠣ ᠳᠡᠭᠡᠷ᠎ᠡ ᠨᠢ ᠲᠡᠭᠷᠢ ᠳᠤ ᠡᠷᠭᠦᠬᠦ | ᠠᠷᠢᠬᠢ᠂ ᠰᠦ ᠲᠠᠢ ᠴᠠᠢ᠂ ᠬᠤᠷᠣᠳ ᠲᠣᠰᠣ᠂ ᠬᠠᠭᠤᠷᠣᠭᠰᠠᠨ ᠠᠮᠣ᠂ ᠪᠣᠥᠪᠤ ᠪᠣᠭᠤᠷᠰᠤᠭ ᠰᠢᠬᠢᠷ ᠪᠣᠷᠮ᠎ᠠ ᠵᠡᠷᠭᠡ | ᠢᠳᠡᠭᠡᠨ ᠤ ᠳᠡᠭᠡᠵᠢ ᠪᠠᠨ ᠦᠷᠦᠵᠦ ᠲᠠᠯᠪᠢᠭᠠᠳ ᠡᠷᠭᠦᠬᠦ ᠪᠠᠷ ᠪᠡᠯᠡᠳᠭᠡᠨ᠎ᠡ᠃ ᠭᠡᠷ ᠤᠨ ᠡᠵᠡᠨ ᠪᠦᠰᠡᠭᠦᠢ ᠡᠬᠢᠯᠡᠵᠦ | ᠰᠦ ᠲᠠᠢ ᠴᠠᠢ ᠪᠠᠨ ᠡᠷᠭᠦᠮᠡᠭᠴᠡ ᠭᠡᠷ ᠤᠨ ᠡᠵᠡᠨ ᠵᠢᠴᠢ ᠤᠯᠠᠨ ᠪᠦᠭᠦᠳᠡᠭᠡᠷ ᠢᠶᠠᠨ ᠠᠷᠢᠬᠢ ᠲᠡᠷᠢᠭᠦᠯᠡᠨ | ᠪᠡᠯᠡᠳᠭᠡᠭᠰᠡᠨ ᠵᠦᠢᠯ ᠢᠶᠠᠨ ᠬᠤᠴᠣᠷᠣᠯ ᠦᠭᠡᠢ ᠪᠦᠬᠦᠨ ᠢ ᠲᠡᠭᠷᠢ ᠳᠤ ᠡᠷᠭᠦᠨ᠎ᠡ᠃ ᠠᠷᠢᠬᠢ ᠪᠠᠨ ᠡᠷᠭᠦᠬᠦ ᠳᠤ ᠵᠠᠪᠠᠯ | ᠲᠣᠰᠬᠠᠢ ᠬᠢᠭᠰᠡᠨ ᠮᠣᠳᠣᠨ ᠬᠠᠯᠪᠠᠭ᠎ᠠ ︵ᠬᠠᠯᠪᠠᠭᠠᠨ ᠲᠡᠭᠡᠷ᠎ᠡ ᠨᠢ ᠶᠢᠰᠦᠨ ᠬᠤᠪᠬᠢᠯ ᠲᠠᠢ︶ ᠪᠠᠷ ᠡᠷᠭᠦᠨ᠎ᠡ᠃ | ᠡᠷᠭᠦᠯᠲᠡ ᠪᠠᠷᠠᠮᠠᠭᠴᠠ ᠭᠡᠷ ᠤᠨ ᠡᠵᠡᠨ ᠲᠦᠷᠦᠭᠦᠯᠵᠦ ᠤᠯᠠᠨ ᠪᠦᠭᠦᠳᠡᠭᠡᠷ ᠢᠶᠠᠨ ᠳᠠᠭᠠᠵᠣ ᠮᠦᠷᠭᠦᠨ᠎ᠡ᠃ ᠡᠭᠦᠨ ᠳᠤ | ᠨᠢᠭᠡ ᠰᠠᠭᠤᠳᠠᠯ ᠳᠤ ᠭᠤᠷᠪᠠ ᠮᠦᠷᠭᠦᠭᠡᠳ ᠭᠤᠷᠪᠠ ᠭᠤᠷᠪᠠ ᠶᠢᠰᠦᠨᠲᠡ ᠮᠦᠷᠭᠦᠵᠦ ᠲᠠᠬᠢᠨ ᠪᠣᠰᠴᠣ ᠤᠷᠤᠨ | ᠰᠢᠯᠵᠢᠭᠡᠳ ᠭᠤᠷᠪᠠ ᠭᠤᠷᠪᠠ ᠮᠦᠷᠭᠦᠵᠦ ᠨᠢᠭᠡ ᠲᠣᠭᠤᠷᠢᠪᠠᠯ ᠳᠦᠷᠪᠡᠨ ᠵᠦᠭ ᠨᠠᠢᠮᠠᠨ ᠵᠤᠪᠬᠢᠰ ᠲᠤ ᠲᠡᠭᠷᠢ ᠳᠤ | ᠮᠦᠷᠭᠦᠨ᠎ᠡ᠃ ᠲᠠᠬᠢᠨ ᠲᠡᠷᠡ ᠣᠷᠣᠨ ᠳᠠᠭᠠᠨ ᠪᠠᠰᠠ ᠪᠠᠰᠠ ᠨᠢᠭᠡ ᠣᠳᠠᠭ᠎ᠠ ᠮᠦᠷᠭᠦᠪᠡᠯ ᠳᠠᠷᠣᠢ ᠶᠢᠰᠦ ᠶᠢᠰᠦ ᠨᠠᠶᠠᠨ | ᠨᠢᠭᠡᠨ ᠮᠦᠷᠭᠦᠯᠲᠡ ᠭᠦᠢᠴᠡᠬᠦ ᠪᠣᠯᠣᠨ᠎ᠠ᠃ ᠡᠭᠦᠨ ᠳᠤ ᠨᠢᠭᠡ ᠠᠶᠢᠯ ᠳᠤ ᠨᠢᠭᠡ ᠭᠡᠷ ᠤᠨ ᠬᠡᠳᠦᠨ ᠭᠡᠷ ᠪᠠᠶᠢᠪᠠᠯ ᠲᠡᠷᠡ | ᠬᠡᠳᠦᠨ ᠭᠡᠷ ᠪᠣᠶᠣ ᠠᠶᠢᠮᠠᠭ ᠤᠭᠰᠠᠭ᠎ᠠ ᠪᠠᠷ ᠢᠶᠠᠨ ᠦᠨᠳᠦᠷ ᠨᠠᠰᠤᠲᠠᠢ ᠬᠦᠨᠳᠦᠲᠦ ᠠᠬᠠᠮᠠᠳ ᠳᠠᠭᠠᠨ ᠬᠦᠷᠦᠯᠴᠡᠨ | ᠤᠴᠢᠵᠣ ᠬᠠᠮᠲᠣ ᠪᠠᠷ ᠲᠡᠭᠷᠢ ᠳᠤ ᠮᠦᠷᠭᠦᠳᠡᠭ᠃ ᠮᠦᠷᠭᠦᠯᠲᠡ ᠭᠦᠢᠴᠡᠭᠰᠡᠨ ᠤ ᠲᠠᠷᠠᠭ᠎ᠠ ᠪᠦᠭᠦᠳᠡᠭᠡᠷ ᠢᠶᠠᠨ ᠡᠷᠦᠬᠡ | ᠭᠡᠷ ᠲᠡᠭᠡᠨ ᠤᠷᠤᠵᠤ ᠨᠠᠰᠣᠲᠠᠨ ᠨᠠᠷ ᠨᠢ ᠳᠡᠭᠡᠷ᠎ᠡ ᠰᠠᠭᠤᠳᠠᠯ ᠳᠤ ᠵᠠᠯᠠᠷᠠᠭᠰᠠᠨ ᠤ ᠬᠤᠶᠢᠨ᠎ᠠ ᠬᠡᠥᠬᠡᠳ ᠪᠡᠷᠢᠶᠡᠳ | ᠪᠦᠬᠦᠨ ᠢᠶᠠᠷ ᠢᠶᠠᠨ ᠨᠠᠰᠣᠲᠠᠨ ᠳᠠᠭᠠᠨ ᠨᠠᠰᠣᠨ ᠤ ᠶᠡᠭᠡ ᠪᠠᠭ᠎ᠠ ᠶᠢᠨ ᠳᠠᠷᠠᠭᠠᠯᠠᠯ ᠢᠶᠠᠷ ᠮᠦᠷᠭᠦᠨ ᠵᠣᠯᠭᠠᠨ᠎ᠠ᠃ | ᠮᠦᠷᠭᠦᠬᠦ ᠳᠤ ᠡᠮᠦᠨ᠎ᠡ ᠬᠤᠷᠮᠤᠢ ᠪᠠᠨ ᠳᠡᠯᠭᠡᠨ ᠰᠦᠭᠦᠳᠴᠦ ᠬᠤᠶᠠᠷ ᠭᠠᠷ ᠢᠶᠠᠨ ᠳᠣᠷᠣᠭᠰᠢ ᠪᠠᠨ ᠲᠠᠯᠪᠢᠬᠤ ᠶᠢᠨ | ᠲᠠᠭᠠᠥ ᠲᠣᠯᠣᠭᠠᠢ ᠪᠦᠬᠦᠶᠢᠵᠦ ᠳᠠᠬᠢᠨ ᠲᠣᠯᠣᠭᠠᠢ ᠪᠠᠨ ᠡᠷᠭᠦᠬᠦ ᠶᠢᠨ ᠲᠠᠭᠠᠥ ᠬᠤᠶᠠᠷ ᠭᠠᠷ ᠢᠶᠠᠨ ᠭᠠᠳᠠᠭᠰᠢ ᠪᠠᠨ | ᠳᠡᠯᠭᠡᠨ᠎ᠡ᠂ ᠡᠨᠡ ᠦᠶ᠎ᠡ ᠳᠤ ᠨᠠᠰᠣᠲᠠᠨ ᠠᠴᠠ ᠢᠷᠦᠭᠡᠯ ᠲᠠᠯᠪᠢᠬᠤ ᠪᠣᠯᠣᠨ᠎ᠠ᠃ ᠡᠶᠢᠮᠦᠷᠬᠦ ᠢᠷᠦᠭᠡᠯ ᠲᠣᠩ ᠠᠷᠪᠢᠨ | ᠪᠠᠶᠢᠳᠠᠭ᠃ ᠠᠳᠡ ᠵᠦᠪᠬᠡᠨ ᠴᠦᠭᠡᠨ ᠬᠡᠳᠦ ᠶᠢ ᠲᠡᠮᠳᠡᠭᠯᠡᠰᠦᠭᠡᠢ᠃ | ᠦᠨᠳᠦᠷ ᠭᠠᠵᠠᠷ ᠭᠡᠷ ᠢᠶᠠᠨ ᠪᠠᠷᠢᠵᠣ | ᠦᠷᠭᠡᠨ ᠲᠠᠯ᠎ᠠ ᠳᠤ ᠮᠠᠯ ᠢᠶᠠᠨ ᠮᠠᠯᠵᠢᠵᠣ | ᠦᠷ᠎ᠡ ᠠᠴᠢ ᠶᠢᠨ ᠢᠶᠠᠨ ᠰᠠᠶᠢᠨ ᠢ ᠦᠵᠡᠨ | ᠦᠯᠵᠠᠢ ᠪᠣᠶᠠᠨ ᠳᠡᠯᠭᠡᠷᠡᠵᠢ ᠶᠠᠪᠤ᠃ | ᠨᠠᠷᠠ ᠠᠳᠠᠯᠢ ᠮᠠᠨᠳᠣᠵᠣ | ᠨᠠᠪᠴᠢ ᠠᠳᠠᠯᠢ ᠳᠡᠯᠭᠡᠷᠡᠵᠦ | ᠤᠯᠠᠨ ᠳᠠᠭᠠᠨ ᠬᠦᠨᠳᠦᠲᠠᠢ | ᠤᠳᠣ ᠠᠳᠠᠯᠢ ᠭᠡᠷᠡᠯᠲᠠᠢ ᠶᠠᠪᠤ᠃ | ᠠᠶᠠᠨ ᠳᠤ ᠶᠠᠪᠣᠪᠠᠯ ᠤᠯᠵᠠ ᠲᠠᠢ | ᠠᠪᠠ ᠳᠤ ᠶᠠᠪᠣᠪᠠᠯ ᠭᠠᠨᠵᠤᠭ᠎ᠠ ᠲᠠᠢ | ᠠᠵᠢᠯ ᠦᠢᠯᠡᠰ ᠲᠡᠭᠡᠨ ᠭᠠᠷᠮᠠᠭᠠᠶᠢᠯᠠᠵᠣ | ᠠᠷᠠᠳ ᠲᠦᠮᠡᠨ ᠳᠡᠭᠡᠨ ᠬᠦᠴᠦ ᠪᠠᠨ ᠡᠷᠭᠦ᠃ | ᠲᠦᠷᠦ ᠳᠤ ᠨᠡᠷᠡᠲᠠᠢ | ᠲᠦᠮᠡᠨ ᠳᠤ ᠴᠣᠥᠲᠠᠢ | ᠤᠯᠣᠰ ᠳᠠᠭᠠᠨ ᠠᠯᠳᠠᠷᠲᠠᠢ | ᠤᠯᠠᠨ ᠳᠤ ᠴᠣᠯᠠ ᠲᠠᠢ ᠶᠠᠪᠤ᠃ | ᠡᠳᠦᠷ ᠡᠳᠦᠷ ᠰᠡᠳᠬᠢᠯ ᠠᠮᠣᠷ | ᠦᠷᠭᠦᠯᠵᠢᠳᠡ ᠡᠰᠡᠨ ᠮᠡᠨᠳᠦ | ᠡᠪᠳᠴᠢᠨ ᠲᠠᠬᠤᠯ ᠦᠭᠡᠢ | ᠦᠯᠵᠠᠢ ᠲᠠᠢ ᠵᠢᠷᠭᠠᠵᠣ ᠶᠠᠪᠤ᠃ | ᠰᠠᠮᠠᠭ᠎ᠠ ᠯᠢᠩᠬᠤᠸ᠎ᠠ ᠠᠳᠠᠯᠢ ᠲᠡᠯᠭᠡᠷᠡᠵᠦ | ᠰᠠᠷ᠎ᠠ ᠨᠠᠷᠠ ᠠᠳᠠᠯᠢ ᠭᠡᠷᠡᠯᠲᠦᠵᠦ ᠶᠠᠪᠤ᠃ | ᠴᠣᠯᠮᠣᠨ ᠳᠤ ᠠᠳᠠᠯᠢ ᠭᠡᠷᠡᠯᠲᠦᠵᠦ ᠶᠠᠪᠤ | ᠴᠤᠭ ᠵᠢᠪᠬᠤᠭ᠎ᠠ ᠪᠠᠳᠠᠷᠠᠵᠣ ᠶᠠᠪᠤ | ᠴᠣᠮᠣᠷᠯᠢᠭ ᠠᠳᠠᠯᠢ ᠳᠡᠯᠭᠡᠷᠡᠵᠦ ᠶᠠᠪᠤ | ᠴᠣᠪᠣᠭᠤ ᠰᠡᠷᠭᠦᠯᠡᠩ ᠦᠰᠴᠦ ᠶᠠᠪᠤ᠃ | ᠪᠢᠴᠢᠭ ᠡᠷᠳᠡᠮ ᠰᠣᠷᠴᠣ ᠶᠠᠪᠤ | ᠪᠢᠯᠢᠭ ᠤᠬᠠᠭᠠᠨ ᠨᠡᠭᠡᠭᠳᠡᠭᠦᠯᠵᠦ ᠶᠠᠪᠤ | ᠪᠣᠶᠠᠨ ᠬᠡᠰᠢᠭ ᠨᠡᠮᠡᠭᠳᠡᠭᠦᠯᠵᠦ ᠶᠠᠪᠤ | ᠪᠣᠯᠳᠣ ᠤᠯᠠᠨ ᠳᠠᠭᠠᠨ ᠮᠠᠭᠲᠠᠭᠳᠠᠵᠣ ᠶᠠᠪᠤ᠃ | ᠭᠡᠵᠦ ᠢᠷᠦᠭᠡᠳᠡᠭ᠃ ᠢᠷᠦᠭᠡᠭᠳᠡᠵᠦ ᠪᠠᠶᠢᠭ᠎ᠠ ᠬᠦᠮᠦᠨᠢᠷᠦᠭᠡᠵᠦ ᠪᠠᠷᠠᠬᠤ ᠠᠴᠠ ᠡᠮᠦᠨ᠎ᠡ ᠪᠣᠰᠴᠣ ᠪᠣᠯᠬᠤ ᠦᠭᠡᠢ᠃ | ᠪᠠᠰᠠ ᠬᠠᠳᠠᠮ ᠠᠪᠤ ᠳᠤ ᠬᠦᠥ ᠪᠡᠷᠢ ᠨᠢ ᠬᠠᠳᠠᠭ ᠵᠤᠯᠭᠠᠭᠤᠯᠳᠠᠭ ᠦᠭᠡᠢ ᠵᠦᠪᠬᠡᠨ ᠮᠦᠷᠭᠦᠪᠡᠯ ᠪᠣᠯᠴᠢᠬᠠᠨ᠎ᠠ᠃ | ᠲᠡᠭᠦᠥ ᠪᠡᠷᠢ ᠨᠢ ᠬᠠᠳᠠᠮ ᠠᠬ᠎ᠠ ᠲᠠᠢ ᠬᠠᠳᠠᠭ ᠵᠤᠯᠭᠤᠯᠳᠠᠭ ᠦᠭᠡᠢ ᠵᠦᠪᠬᠡᠨ ᠮᠦᠷᠭᠦᠪᠡᠯ ᠪᠣᠯᠴᠢᠬᠠᠨ᠎ᠠ᠃ ᠢᠩᠬᠢᠵᠦ | ᠵᠣᠯᠭᠠᠵᠣ ᠪᠠᠷᠠᠭᠰᠠᠨ ᠤ ᠳᠠᠷᠠᠭ᠎ᠠ ᠨᠠᠷᠠ ᠭᠠᠷᠬᠤ ᠠᠴᠠ ᠡᠮᠦᠨ᠎ᠡ ᠪᠠᠰᠠ ᠬᠡᠳᠦᠨ ᠠᠶᠢᠯ ᠲᠣᠭᠤᠷᠢᠵᠣ ᠵᠠᠪᠳᠣᠳᠠᠭ | ᠪᠠᠶᠢᠨ᠎ᠠ᠃ ᠭᠡᠬᠦ ᠳᠡᠭᠡᠨ ᠨᠢᠭᠡ ᠠᠶᠢᠯ ᠳᠤ ᠪᠠᠶᠠᠨ ᠶᠠᠳᠠᠭᠤ ᠭᠡᠵᠦ ᠢᠯᠭᠠᠯ ᠦᠭᠡᠢ ᠪᠦᠬᠦᠨ ᠳᠤ ᠵᠤᠯᠭᠠᠳᠠᠭ ᠰᠠᠶᠢᠬᠠᠨ | ᠵᠠᠩᠰᠢᠯ ᠲᠠᠢ ᠶᠤᠮ᠃ ᠪᠠᠰᠠ ᠡᠨᠡ ᠨᠢᠭᠡ ᠵᠢᠯ ᠳᠤ ᠡᠯᠢᠭᠡᠨ ᠰᠠᠳᠣᠨ ᠨᠢ ᠬᠡᠳᠦᠢ ᠬᠤᠯᠠ ᠪᠠᠶᠢᠭᠰᠠᠨ ᠴᠦ ᠵᠠᠪᠠᠯ ᠨᠢᠭᠡ | ᠤᠳᠠᠭ᠎ᠠ ᠡᠷᠭᠢᠵᠦ ᠦᠵᠡᠳᠡᠭ.᠃ ᠠᠶᠢᠯ ᠳᠤ ᠵᠤᠯᠭᠠᠬᠤ ᠳᠤ ᠠᠷᠢᠬᠢ ᠵᠢᠯ ᠤᠨ ᠬᠤᠭᠤᠯᠠ ᠲᠣᠲᠠᠭᠳᠠᠵᠣ ᠪᠤᠯᠳᠠᠭ | ᠦᠭᠡᠢ ᠪᠦᠭᠡᠳ ᠬᠤᠯᠠ ᠶᠢᠨ ᠰᠠᠳᠣᠨ ᠳᠠᠭᠠᠨ ᠪᠣᠯ ᠪᠠᠰᠠ ᠬᠦᠮᠦᠨ ᠪᠦᠬᠦᠨ ᠳᠤ ᠪᠡᠯᠡᠭ ᠲᠠᠢ ᠪᠠᠶᠢᠳᠠᠭ᠃ | ᠬᠠᠮᠤᠭ ᠰᠡᠭᠦᠯ ᠳᠤ ᠨᠢ ᠡᠷᠬᠢᠮ ᠤᠯᠠᠨ ᠨᠠᠶᠢᠵᠠ ᠨᠦᠬᠦᠳ ᠮᠣᠩᠭᠤᠯ ᠲᠣᠭᠤᠷᠭᠠᠲᠠᠨ ᠵᠢᠯ ᠠᠴᠠ ᠵᠢᠯ | ᠲᠡᠭᠵᠢᠷᠡᠨ ᠮᠠᠨᠳᠣᠬᠤ ᠪᠣᠯᠲᠣᠭᠠᠢ︕ ᠲᠠ ᠪᠦᠬᠦᠨ ᠤ ᠰᠠᠨᠠᠭᠰᠠᠨ ᠪᠦᠬᠦᠨ ᠴᠢᠨᠢ ᠰᠠᠭᠠᠷ ᠦᠭᠡᠢ ᠪᠦᠲᠦᠬᠦ | ᠪᠣᠯᠲᠣᠭᠠᠢ︕ |