ᠨᠡᠭᠦᠳᠡᠯ ᠤᠨ ᠰᠢᠪᠠᠭᠤ | ᠠᠯᠳᠠᠨ᠋ᠧᠴᠢᠷ | | | ᠨᠠᠮᠣᠷ ᠪᠣᠯᠵᠣ ᠨᠠᠪᠴᠢ ᠰᠢᠷᠭᠠᠯᠳᠣᠵᠠᠢ᠃ | ᠦᠳᠦ ᠰᠦᠳᠦ ᠨᠢ ᠪᠦᠷᠢᠳᠦᠭᠰᠡᠨ ᠦᠷ᠎ᠡ ᠵᠣᠯᠵᠠᠭ᠎ᠠ ᠪᠠᠨ ᠬᠠᠷᠠᠭᠰᠠᠨ ᠬᠦᠭᠰᠢᠨ ᠰᠢᠪᠠᠭᠤᠳ ᠦᠩᠭᠡ | ᠶᠢᠷᠳᠢᠨᠴᠦ ᠶᠢᠨ ᠢᠶᠠᠨ ᠵᠢᠷᠦᠮ ᠢᠶᠠᠷ᠂ ᠡᠪᠦᠭᠡ ᠲᠡᠭᠡᠳᠦᠰ ᠤᠨ ᠢᠶᠠᠨ ᠶᠣᠰᠣ ᠪᠠᠷ ᠡᠨᠡᠬᠦ ᠰᠠᠶᠢᠬᠠᠨ ᠨᠠᠷᠠ ᠨᠢ ᠰᠢᠷᠭᠠᠯ | ᠨᠠᠯᠠᠭᠠᠷᠬᠠᠨ ᠨᠣᠳᠤᠭ ᠠᠴᠠ ᠪᠠᠨ ᠨᠡᠭᠦᠬᠦ ᠯᠡ ᠬᠡᠷᠡᠭᠳᠡᠢ ᠪᠣᠯᠣᠭᠰᠠᠨ ᠢᠶᠠᠨ ᠶᠠᠭᠠᠬᠢᠬᠤ ᠶᠢᠨ ᠠᠷᠭ᠎ᠠ ᠦᠭᠡᠢ ᠵᠦᠩ | ᠢᠶᠠᠷ ᠢᠶᠠᠨ ᠰᠡᠷᠡᠨ ᠮᠡᠳᠡᠷᠡᠵᠡᠢ᠃ | ᠲᠡᠶᠢᠨᠬᠦ ᠪᠦᠬᠦᠶᠢᠯᠡ ᠰᠢᠪᠠᠭᠤᠳ ᠤᠨ ᠶᠡᠭᠡ ᠬᠤᠷᠠᠯᠳᠠᠢ ᠵᠣᠷᠰᠢᠯ ᠶᠣᠰᠣᠭᠠᠷ ᠬᠤᠯᠣᠰᠣᠳᠠᠢ ᠨᠠᠭᠤᠷ ᠤᠨ ᠲᠣᠮᠳᠠᠬᠢ | ᠪᠢᠴᠢᠬᠠᠨ ᠪᠣᠯᠳᠤᠭ ᠲᠡᠭᠡᠷ᠎ᠡ ᠨᠢᠵᠢᠭᠢᠷ ᠶᠡᠭᠡ ᠶᠠᠪᠣᠭᠳᠠᠵᠣ ᠠᠪᠠᠢ᠃ | ᠡᠪᠦᠭᠡᠨ ᠠᠬᠠᠯᠠᠭᠴᠢ᠄ | ︽ᠡᠪᠦᠭᠡᠳ ᠤᠨ ᠶᠣᠰᠤ — ᠶᠢᠷᠳᠢᠨᠴᠦ ᠶᠢᠨ ᠵᠢᠷᠦᠮ ᠢᠶᠠᠷ ᠣᠳᠣᠮ ᠢᠶᠠᠨ ᠲᠠᠭᠠᠵᠦ ᠣᠯᠠᠮᠵᠢᠯᠠᠯ ᠢᠶᠠᠨ | ᠪᠠᠷᠢᠭᠠᠳ ᠣᠣᠯ ᠤᠨ ᠵᠠᠮ ᠢᠶᠠᠷ ᠢᠶᠠᠨ ᠣᠳᠣᠷᠯᠠᠨ ᠨᠡᠭᠦᠨ᠎ᠡ︾ ᠬᠡᠮᠡᠬᠦ ᠰᠠᠨᠠᠭ᠎ᠠ ᠪᠠᠨ ᠣᠯᠠᠨ ᠰᠠᠶᠢᠬᠠᠨ ᠪᠣᠳᠠᠳᠣ | ᠵᠢᠱᠢᠶ᠎ᠡ ᠪᠠᠷ ᠣᠬᠠᠭᠤᠯᠣᠨ ᠲᠠᠶᠢᠴᠢᠯᠠᠯᠳᠠ ᠬᠢᠭᠰᠡᠨ ᠨᠢ ᠬᠠᠷᠢᠨ ᠦᠪᠦᠩ ᠲᠣᠯᠣᠭᠠᠶᠢᠳᠣ᠂ ᠣᠳᠣᠢ ᠰᠡᠭᠦᠯᠳᠦ | ᠲᠡᠷᠢᠭᠦᠳᠡᠢ ᠵᠠᠯᠠᠭᠤ ᠰᠢᠪᠠᠭᠤᠳ ᠤᠨ ᠬᠦᠨᠳᠦ ᠬᠡᠴᠡᠭᠦᠦ ᠡᠰᠡᠷᠭᠦᠴᠡᠯ ᠳᠤ ᠣᠴᠠᠷᠠᠨ᠎ᠠ ᠭᠡᠰᠡᠨ ᠢ ᠬᠡᠨ ᠴᠦ ᠪᠣᠳᠣᠵᠣ | ᠣᠯᠣᠭᠰᠠᠨ ᠦᠭᠡᠢ᠃ | ︽ᠪᠠᠯᠠᠷᠯᠢᠭ ᠣᠳᠣᠮᠰᠢᠯ ᠢ ᠣᠰᠠᠳᠬᠠᠵᠦ᠂ ᠪᠣᠯᠪᠠᠰᠣᠨ ᠰᠣᠶᠣᠯ ᠢ ᠪᠦᠳᠦᠭᠡᠨ᠎ᠡ︾ ᠭᠡᠳ ᠦᠪᠦᠩ | ᠲᠣᠯᠣᠭᠠᠶᠢᠳᠣ ᠦᠩᠭᠡ ᠢᠯᠭᠠᠷᠠᠭᠰᠠᠨ ᠰᠠᠶᠢᠬᠠᠨ ᠲᠠᠯᠠᠪᠴᠢ ᠪᠠᠨ ᠲᠡᠨᠡᠶᠢᠯᠬᠡᠨ ᠬᠠᠯᠢᠨ ᠲᠡᠭᠦᠯᠢᠬᠦ ᠪᠠᠶᠢᠳᠠᠯ | ᠦᠵᠡᠭᠦᠯᠬᠦ ᠢᠨᠦ ᠣᠭᠤ ᠴᠦ ᠣᠮᠣᠷᠬᠠᠭ ᠰᠠᠭᠰᠠᠭᠤ ᠠᠭᠰᠠᠨ ᠴᠦ ᠠᠷᠪᠠᠨ ᠬᠤᠪᠢ ᠶᠢᠨ ᠰᠦᠷ ᠭᠡᠷᠡᠯᠳᠡᠢ ᠠᠵᠠᠢ᠃ | ︽ᠪᠦᠳᠦᠭᠦᠯᠢᠭ ᠨᠡᠭᠦᠳᠡᠯ ᠢ ᠡᠴᠦᠰᠯᠡᠭᠦᠯᠵᠦ᠂ ᠪᠦᠳᠦᠭᠡᠯᠴᠢ ᠠᠮᠢᠳᠣᠷᠠᠯ ᠢ ᠴᠣᠭᠴᠠᠯᠠᠨ᠎ᠠ︾ ᠭᠡᠳ | ᠣᠳᠣᠢ ᠰᠡᠭᠦᠯᠳᠦ ᠮᠣᠶᠢᠯ ᠬᠠᠷ᠎ᠠ ᠨᠢᠳᠦ ᠪᠠᠨ ᠲᠣᠳᠣᠶᠢᠯᠭᠠᠨ ᠱᠣᠩᠪᠠᠨ ᠲᠡᠭᠳᠡᠬᠦ ᠲᠦᠷᠢ ᠭᠠᠷᠭᠠᠬᠤ ᠠᠨᠣ ᠲᠠᠩᠴᠦ | ᠬᠡᠢ ᠬᠦᠭᠡᠷᠦᠦ ᠠᠭᠰᠠᠨ ᠴᠦ ᠮᠦᠨ ᠪᠠᠰᠠ ᠶᠢᠰᠦᠨ ᠬᠤᠪᠢ ᠶᠢᠨ ᠬᠦᠭᠡᠷᠦᠬᠦᠨ ᠲᠡᠭᠵᠢᠨ ᠠᠵᠣᠬᠤᠢ᠃ | ᠨᠣᠳᠤᠭ ᠤᠨ ᠪᠠᠶᠠᠯᠢᠭ ᠲᠤ ᠭᠡᠳᠡᠰᠦ ᠲᠦᠭᠦᠷᠦᠨ᠂ ᠣᠯᠠᠷᠢᠯ ᠤᠨ ᠰᠠᠶᠢᠬᠠᠨ ᠳᠤ ᠦᠩᠭᠡᠵᠢᠨ | ᠪᠣᠶᠢᠵᠢᠭᠰᠠᠨ ᠵᠠᠯᠠᠭᠤ ᠰᠢᠪᠠᠭᠤᠳ ︽ᠭᠠᠩᠭᠠᠷ ᠭᠤᠩᠭᠤᠷ︾ ᠭᠡᠯᠴᠢᠨ ︽ᠰᠢᠨ᠎ᠡ ᠶᠢ ᠪᠠᠶᠢᠭᠤᠯᠵᠣ ᠰᠢᠨ᠎ᠡ ᠶᠢ | ᠡᠭᠦᠳᠦᠨ᠎ᠡ ᠁ ᠰᠠᠶᠢᠨ ᠢ ᠢᠳᠡᠵᠦ ᠰᠠᠶᠢᠬᠠᠨ ᠢ ᠡᠮᠦᠰᠦᠨ᠎ᠡ ᠁ ᠬᠤᠴᠣᠷᠣᠩᠭᠤᠢ ᠠᠮᠢᠳᠣᠷᠠᠯ ᠠᠴᠠ | ᠠᠩᠬᠢᠵᠢᠷᠠᠨ᠎ᠠ᠂ ᠣᠳᠣᠬᠢᠴᠢᠯᠠᠭᠰᠠᠨ ᠠᠮᠢᠳᠣᠷᠠᠯ ᠢ ᠡᠳ᠋ᠯᠡᠨ᠎ᠡ ︾ ᠬᠡᠮᠡᠯᠳᠦᠭᠡᠳ ᠰᠡᠳᠬᠢᠯ ᠨᠢ ᠬᠦᠭᠰᠡᠨ ᠵᠣᠷᠢᠭ ᠨᠢ | ᠬᠦᠪᠴᠢᠯᠡᠭᠳᠡᠭᠡᠳ ᠣᠷᠢᠶ᠎ᠠ ᠯᠣᠽᠦ᠋ᠩ ᠬᠠᠰᠬᠢᠷᠣᠨ ᠣᠷᠪᠠᠭᠠᠳ ᠭᠠᠷᠣᠮᠠᠷ ᠵᠠᠩᠨᠠᠨ᠎ᠠ᠃ | ᠡᠪᠦᠭᠡᠨ ᠠᠬᠠᠯᠠᠭᠴᠢ ᠠᠭᠤᠷᠯᠠᠭᠠᠳ ᠪᠦᠬᠦ ᠪᠡᠶ᠎ᠡ ᠨᠢ ᠴᠡᠴᠡᠷᠬᠢᠯᠡᠨ᠎ᠡ᠃ ᠠᠭᠤᠰᠬᠢ ᠵᠢᠷᠦᠬᠡ ᠨᠢ | ᠰᠠᠪᠠᠯᠠᠭᠠᠳ ᠰᠠᠭᠤᠷᠢ ᠠᠯᠳᠠᠨ ᠡᠷᠭᠢᠴᠡᠨ᠎ᠡ᠃ | ︽ᠡᠪᠦᠭᠡᠳ ᠤᠨ ᠶᠣᠰᠣ ᠡ᠂ ᠡᠪᠦᠭᠡᠳ ᠤᠨ ᠶᠣᠰᠣ ᠭᠡᠵᠦ ᠪᠠᠶᠢᠬᠤ ᠳᠤ ᠁︾ ︽ᠶᠢᠷᠳᠢᠨᠴᠦ ᠶᠢᠨ | ᠵᠢᠷᠦᠮ ᠡ᠂ ᠶᠢᠷᠳᠢᠨᠴᠦ ᠶᠢᠨ ᠵᠢᠷᠦᠮ ᠭᠡᠵᠦ ᠪᠠᠶᠢᠬᠤ ᠳᠤ ᠁︾ ᠬᠡᠮᠡᠨ ᠲᠠᠯᠠᠪᠴᠢ ᠵᠢᠭᠦᠷ ᠢᠶᠠᠨ ᠲᠡᠪᠢᠨ᠂ | ᠠᠬᠢᠨ ᠲᠡᠬᠢᠨ ᠵᠠᠷᠯᠠᠭᠰᠠᠨ ᠠᠪᠠᠴᠦ ᠶᠠᠮᠠᠷ ᠴᠦ ᠦᠢᠯᠡᠳᠦᠯ ᠭᠠᠷᠭᠠᠵᠦ ᠴᠢᠳᠠᠭ᠎ᠠ ᠦᠭᠡᠢ᠃ | ᠬᠦᠭᠰᠢᠨ ᠰᠢᠪᠠᠭᠤᠳ ᠰᠠᠨᠳᠣᠷᠣᠭᠠᠳ ︽ᠭᠦᠩᠭᠡᠷ ᠭᠠᠩᠭᠠᠷ︾ ᠭᠡᠯᠴᠢᠪᠡ᠃ ᠲᠡᠦᠬᠡ ᠰᠣᠳᠣᠷ | ᠣᠷᠪᠠᠭᠤᠯᠣᠨ ᠶᠣᠰᠣ ᠵᠢᠷᠦᠮ ᠶᠠᠷᠢᠯᠳᠣᠪᠠ᠃ | ︽ᠣᠯᠠᠨ ᠣᠯᠠᠨ ᠮᠢᠩᠭᠠᠨ ᠵᠢᠯ ᠢᠶᠠᠷ ᠪᠢᠳᠡ ᠴᠢᠨᠢ ᠣᠳᠣᠷᠯᠠᠨ ᠨᠡᠭᠦᠳᠡᠯᠯᠡᠭᠡᠳ ᠯᠡ ᠁︾ | ︽ᠬᠠᠪᠣᠷᠵᠢᠶ᠎ᠠ ᠨᠠᠮᠣᠷᠵᠢᠶ᠎ᠠ ᠡᠪᠦᠯᠵᠢᠶ᠎ᠡ ᠵᠣᠰᠠᠯᠠᠩ ᠭᠡᠳ ᠡᠭᠡᠯᠵᠢᠯᠡᠨ ᠰᠡᠯᠭᠦᠭᠡᠳ ᠯᠡ ᠁︾ | ︽ᠪᠠᠶᠢᠭᠠᠯᠢ ᠲᠠᠢ ᠪᠠᠨ ᠵᠣᠬᠢᠴᠠᠭᠠᠳ᠂ ᠨᠡᠶᠢᠭᠡᠮ ᠲᠠᠢ ᠪᠠᠨ ᠡᠶᠡᠳᠦᠭᠡᠳ ᠯᠡ ᠁︾ | ︽ᠢᠩᠬᠢᠭᠡᠳ ᠯᠡ ᠲᠡᠩᠭᠡᠭᠡᠳ ᠯᠡ ᠁︾ ᠬᠡᠮᠡᠨ ᠬᠡᠳᠦᠢ ᠣᠯᠠᠨ ᠶᠡᠷᠢᠵᠦ ᠲᠠᠳᠦᠢ ᠠᠷᠪᠢᠨ | ᠶᠠᠩᠰᠢᠭᠰᠠᠨ ᠠᠪᠠᠴᠦ ᠶᠠᠮᠠᠷ ᠴᠦ ᠲᠣᠰᠠ ᠪᠣᠯᠤᠭ᠎ᠠ ᠦᠭᠡᠢ᠃ | ᠦᠪᠦᠩ ᠲᠣᠯᠣᠭᠠᠶᠢᠳᠣ ᠶᠢᠨ ᠶᠠᠷᠢᠶ᠎ᠠ ᠢᠯᠡᠳᠭᠡᠯ ᠪᠣᠳᠣᠯ ᠰᠡᠳᠬᠢᠯ ᠢ ᠢᠨᠦ ᠬᠦᠨᠳᠡᠵᠦ᠂ ᠣᠳᠣᠢ | ᠰᠡᠭᠦᠯᠳᠦ ᠶᠢᠨ ᠣᠷᠢᠶ᠎ᠠ ᠯᠣᠽᠦ᠋ᠩ ᠰᠠᠨᠠᠯ ᠬᠦᠰᠡᠯ ᠢ ᠢᠨᠦ ᠬᠦᠭᠰᠡᠭᠦᠯᠬᠦᠶᠡ ᠵᠠᠯᠠᠭᠤ ᠪᠠᠭᠠᠬᠠᠨ ᠰᠢᠪᠠᠭᠤᠳ ᠤᠨ | ᠣᠶᠣᠨ ᠲᠡᠷᠢᠬᠢ ᠠᠭᠤᠰᠬᠢ ᠵᠢᠷᠦᠬᠡ ᠬᠦᠭᠡᠷᠦᠨ ᠬᠦᠭᠡᠰᠦᠷᠡᠵᠦ᠂ ᠠᠬᠠᠮᠠᠳ ᠲᠣᠮᠣᠭᠠᠳᠠᠳ ᠤᠨ ᠬᠢᠨ ᠵᠠᠬᠢᠶ᠎ᠠ | ᠵᠢᠭᠠᠪᠣᠷᠢ ︽ᠣᠩᠭᠤᠰᠣ ᠠᠯᠳᠠᠬᠤ︾ ᠶᠢᠨ ᠬᠢᠷᠢ ᠶᠠᠭᠤᠮ᠎ᠠ ᠪᠣᠯᠣᠭᠠᠳ ᠡᠪᠦᠭᠡ ᠲᠡᠭᠡᠳᠦᠰ ᠤᠨ ᠬᠢᠨ ᠦᠪ ᠰᠣᠶᠣᠯ | ︽ᠦᠨᠡᠰᠦ ᠬᠤᠭ︾ ᠰᠢᠣᠬᠠᠨ ᠬᠠᠶᠠᠭᠳᠠᠵᠠᠢ᠃ | ︽ᠳ᠋ᠧᠪᠡᠵᠡᠨ — ᠵᠣᠨ ᠳᠠᠭᠠᠨ ᠬᠠᠯᠠᠭᠤᠴᠠᠬᠤ ᠦᠭᠡᠢ ᠡᠪᠦᠯ ᠳᠡᠭᠡᠨ ᠲᠠᠭᠠᠷᠠᠬᠤ ᠦᠭᠡᠢ᠂ ᠬᠠᠪᠣᠷ ᠰᠢᠭ᠋ | ᠯᠡ ᠣᠷᠢᠬᠠᠨ ᠲᠣᠯᠠᠭᠠᠨ᠂ ᠨᠠᠮᠣᠷ ᠰᠢᠭ᠋ ᠯᠡ ᠪᠠᠶᠠᠨ ᠲᠠᠩᠰᠤᠭ᠂ ᠰᠡᠷ ᠰᠡᠷ ᠵᠦᠭᠡᠯᠡᠨ ᠰᠠᠯᠬᠢ ᠲᠠᠢ᠂ ᠪᠣᠷ ᠪᠣᠷ | ᠵᠦᠰᠡᠷ ᠪᠣᠷᠣᠭᠠᠨ ᠲᠠᠢ᠂ ᠬᠡᠵᠢᠶᠡᠳᠡ ᠪᠠᠨ ᠨᠡᠭᠦᠳᠡᠯᠯᠡᠵᠦ ᠣᠳᠣᠷᠯᠠᠬᠤ ᠦᠭᠡᠢ᠂ ᠶᠠᠳᠠᠷᠠᠵᠦ ᠵᠦᠳᠡᠷᠡᠬᠦ ᠦᠭᠡᠢ | ᠶᠢᠷᠳᠢᠨᠴᠦ ᠶᠢᠨ ᠭᠠᠳᠠᠨᠠᠬᠢ ᠲᠣᠭᠤᠷ ᠤᠨ ᠬᠦᠷᠢᠶᠡᠯᠡᠩ︾ ᠪᠣᠢ ᠭᠡᠳᠡᠭ ᠢ ᠪᠠᠳᠣ ᠠᠴᠠ ᠪᠠᠳᠣ ᠢᠳᠡᠭᠡᠭᠰᠡᠨ ᠵᠠᠯᠠᠭᠤ | ᠪᠠᠭᠠᠬᠠᠨ ᠰᠢᠪᠠᠭᠤᠳ ᠤᠨ ᠣᠶᠣᠨ ᠲᠠᠷᠢᠬᠢ ᠠᠭᠤᠰᠬᠢ ᠵᠢᠷᠦᠬᠡᠨ ᠳᠤ ᠵᠢᠷᠭᠠᠯ ᠤᠨ ᠣᠷᠳᠣᠨ᠂ ᠴᠡᠩᠬᠡᠯ ᠤᠨ ᠭᠠᠵᠠᠷ᠂ | ᠬᠦᠰᠡᠯ ᠤᠨ ᠪᠠᠭᠤᠴᠠ ᠁ ᠭᠡᠬᠦ ᠠᠴᠠ ᠦᠭᠡᠷ᠎ᠡ ᠶᠠᠭᠤᠮ᠎ᠠ ᠪᠠᠭᠳᠠᠬᠤ ᠵᠠᠢ ᠦᠭᠡᠢ ᠪᠣᠯᠪᠠᠢ᠃ | | ᠰᠢᠪᠠᠭᠤᠳ᠂ ᠵᠦᠭ ᠴᠢᠭᠯᠡᠯ ᠢᠶᠠᠨ ᠰᠢᠨᠡᠴᠢᠯᠡᠵᠦ᠂ ᠵᠠᠮ ᠮᠦᠷ ᠢᠶᠠᠨ ᠦᠭᠡᠷᠡᠴᠢᠯᠡᠵᠡᠢ᠃ | ᠦᠪᠦᠩ ᠲᠣᠯᠣᠭᠠᠶᠢᠳᠣ᠂ ᠣᠳᠣᠢ ᠰᠡᠭᠦᠯᠳᠦ ᠰᠦᠷᠦᠭ ᠤᠨ ᠡᠮᠦᠨ᠎ᠡ ᠬᠤᠰᠢᠭᠤᠷᠠᠨ᠎ᠠ᠃ ᠣᠮᠤᠭ ᠲᠠᠢ | ᠱᠣᠩᠪᠠᠨ ᠰᠦᠷ ᠲᠠᠢ ᠰᠣᠮᠣᠳᠠᠬᠤ ᠶᠢ ᠨᠢ ᠬᠠᠷᠠᠭᠰᠠᠨ ᠵᠠᠯᠠᠭᠤ ᠪᠠᠭᠠᠴᠣᠳ ᠬᠦᠭᠡᠷᠦᠨ ᠬᠦᠭᠰᠡᠭᠡᠳ ᠡᠯᠢᠨ ᠬᠠᠯᠢᠨ | ᠲᠡᠭᠦᠯᠢᠨ ᠨᠢᠰᠬᠦ ᠢᠨᠦ ᠪᠠᠰᠠ ᠴᠦ ᠠᠳᠠᠪᠠᠰᠢ ᠭᠠᠶᠢᠬᠠᠯᠳᠠᠢ ᠪᠠᠶᠢᠯᠤᠭ᠎ᠠ᠃ | ᠴᠠᠭ ᠤᠨ ᠪᠠᠶᠢᠳᠠᠯ ᠠᠴᠠ ᠬᠤᠵᠢᠮᠳᠠᠨ ᠬᠦᠷᠦᠨ ᠤ ᠰᠠᠨᠠᠭᠠᠨ ᠠᠴᠠ ᠵᠦᠷᠢᠵᠦ᠂ ᠦᠷ᠎ᠡ ᠬᠡᠦᠬᠡᠳ ᠦᠨᠳᠡᠭᠡ | ᠵᠣᠯᠵᠠᠭ᠎ᠠ ᠳᠠᠭᠠᠨ ᠴᠢᠳᠦᠷ ᠲᠣᠰᠢᠶ᠎ᠠ ᠪᠣᠯᠴᠢᠬᠠᠪᠠᠦ ᠬᠡᠮᠡᠨ ᠰᠠᠨᠠᠭᠰᠠᠨ ᠬᠦᠭᠰᠢᠨ ᠰᠢᠪᠠᠭᠤᠳ ᠰᠦᠷᠦᠭ ᠤᠨ ᠢᠶᠠᠨ | ᠬᠤᠶᠢᠨ᠎ᠠ ᠠᠴᠠ ᠶᠠᠪᠣᠵᠦ ᠦᠩᠭᠡᠷᠡᠭᠡ ᠦᠭᠡᠢ ᠵᠠᠮ ᠢᠶᠠᠷ ᠣᠴᠢᠬᠤ ᠲᠣᠷ᠎ᠠ ᠦᠭᠡᠢ ᠭᠠᠵᠠᠷ ᠣᠷᠣᠭᠤ ᠭᠤᠨᠢᠭᠳᠠᠢ | ᠪᠦᠭᠡᠳ ᠬᠦᠴᠢᠷᠳᠡᠢ ᠲᠡᠮᠡᠦᠯᠡᠨ ᠠᠪᠠᠢ᠃ | ᠰᠢᠪᠠᠭᠤᠨ ᠰᠦᠷᠦᠭ᠂ ᠠᠯᠣᠰ ᠤᠨ ᠪᠠᠷ᠎ᠠ ᠵᠦᠭᠯᠡᠨ ᠠᠶᠠᠨ ᠤ ᠵᠠᠮ ᠢᠶᠠᠨ ᠦᠷᠭᠦᠯᠵᠢᠯᠡᠭᠦᠯᠦᠭᠰᠡᠭᠡᠷ ᠁ | | ᠬᠡᠳᠦᠢ ᠶᠠᠪᠣᠵᠦ ᠬᠡᠴᠢᠨᠡᠨ ᠣᠳᠠᠭᠰᠠᠨ ᠢᠶᠠᠨ ᠬᠡᠨ ᠴᠦ ᠲᠦᠰᠦᠭᠡᠯᠡᠬᠦ ᠦᠭᠡᠢ ᠪᠣᠯᠵᠠᠢ᠃ ᠨᠢᠭᠡ ᠮᠡᠳᠡᠬᠦ | ᠳᠤ ᠯᠡ ᠲᠣᠣᠭᠤᠷ ᠨᠢ ᠲᠠᠯᠠᠢ ᠲᠠᠩᠬᠢᠰ ᠦᠷᠭᠦᠯᠵᠢᠯᠡᠭᠡᠳ ᠴᠡᠩᠬᠡᠷᠯᠡᠨ ᠨᠡᠯᠦᠶᠢᠵᠦ ᠪᠠᠶᠢᠯ᠎ᠠ᠃ ᠬᠦᠰᠡᠯ ᠲᠡᠮᠡᠦᠯᠡᠯ | ᠳᠡᠭᠡᠨ ᠬᠦᠳᠦᠯᠦᠭᠳᠡᠭᠰᠡᠨ ᠬᠦᠭᠡᠷᠦᠬᠦᠢ ᠰᠢᠪᠠᠭᠤᠳ ᠬᠦᠪᠡᠭᠡ ᠬᠢᠵᠠᠭᠠᠷ ᠨᠢ ᠬᠠᠷᠠᠭᠳᠠᠬᠤ ᠦᠭᠡᠢ ᠬᠤᠯᠠ ᠶᠢᠨ ᠵᠠᠮ | ᠳᠤ ᠣᠳᠣ ᠰᠠᠶ᠋ᠢ ᠰᠠᠨᠠᠭ᠎ᠠ ᠪᠣᠯᠪᠠ᠃ | ᠵᠣᠯᠵᠠᠭ᠎ᠠ ᠰᠢᠪᠠᠭᠤᠳ ᠤᠨ ᠶᠠᠷᠢᠶ᠎ᠠ ᠬᠦᠭᠡᠷᠦᠭᠡ ᠢᠳᠡᠭ ᠢᠳᠡᠭ ᠢᠶᠠᠷ ᠠᠷᠢᠯᠣᠨ ᠵᠠᠮᠬᠠᠷᠠᠭᠠᠳ ᠲᠣᠭᠤᠢ ᠨᠣᠮᠣᠢ | ᠪᠣᠯᠴᠢᠬᠠᠭᠰᠠᠨ ᠬᠤᠪᠢ ᠬᠤᠪᠢ ᠪᠠᠨ ᠬᠦᠭᠡᠭᠡᠳ ᠵᠢᠳᠭᠦᠭᠦᠯᠵᠦ ᠢᠷᠡᠯ᠎ᠡ᠃ ᠲᠡᠳᠡᠨ ᠤ ᠬᠠᠳᠠᠭᠤᠷᠠᠵᠦ ᠭᠦᠢᠴᠡᠭᠡ | ᠦᠭᠡᠢ ᠲᠠᠯᠠᠪᠴᠢ ᠵᠢᠭᠦᠷ ᠨᠢ ᠬᠤᠯᠠ ᠶᠢᠨ ᠠᠶᠠᠨ ᠤ ᠬᠠᠯᠠ ᠲᠠᠮᠣ ᠳᠤ ᠡᠨᠡᠯᠦᠨ ᠰᠢᠨᠠᠯᠣᠨ ᠡᠪᠡᠳᠴᠦ ᠡᠬᠢᠯᠡᠪᠡ᠃ | ᠠᠭᠠᠵᠢᠭᠤ ᠲᠠᠯᠪᠢᠭᠤ ᠶᠠᠪᠣᠶ᠎ᠠ ᠭᠡᠬᠦ ᠳᠤ ᠰᠦᠷᠦᠭ ᠤᠨ ᠵᠠᠢ ᠶᠡᠬᠡᠰᠴᠦ᠂ ᠲᠦᠷᠦᠭᠦᠴᠢ ᠶᠢᠨ ᠰᠢᠪᠠᠭᠤᠳ ᠬᠤᠯᠠ ᠠᠴᠠ | ᠬᠤᠯᠠ ᠲᠠᠰᠣᠷᠬᠠᠶᠢᠳᠠᠨ ᠬᠤᠯᠠᠳᠴᠠᠢ᠃ ᠠᠮᠠᠷᠠᠵᠦ ᠵᠢᠭᠠᠬᠠᠨ ᠰᠠᠭᠤᠶ᠎ᠠ ᠭᠡᠬᠦᠯᠡᠷ ᠰᠦᠷᠦᠭ ᠠᠴᠠ ᠪᠠᠨ ᠬᠤᠴᠣᠷᠠᠬᠤ | ᠶᠢ ᠪᠣᠣ ᠬᠡᠯᠡ ᠬᠦᠯ ᠲᠠᠯᠪᠢᠬᠤ ᠭᠠᠵᠠᠷ ᠦᠭᠡᠢ ᠠᠨᠠᠪᠠᠳ ᠲᠠᠯᠠᠢ ᠦᠷᠭᠦᠯᠵᠢᠯᠡᠭᠰᠡᠨ ᠢ ᠶᠠᠭᠠᠬᠢᠨ᠎ᠠ ᠭᠡᠯᠳᠡᠢ︖ | ᠬᠦᠭᠡ ᠲᠠᠯᠠᠢ ᠬᠦᠭᠡᠰᠦᠷᠡᠨ ᠲᠠᠪᠠᠯᠭᠠᠯᠠᠭᠠᠳ ᠬᠦᠢᠳᠡᠨ ᠵᠢᠪᠠᠷ ᠬᠤᠣᠭᠢᠨ ᠱᠣᠣᠭᠢᠨ᠎ᠠ᠃ | ᠬᠦᠭᠰᠢᠨ ᠰᠢᠪᠠᠭᠤᠳ ᠬᠡᠴᠡᠭᠦᠦ ᠲᠣᠯᠭᠠᠷᠠᠵᠦ ᠬᠡᠷᠡᠭ ᠪᠢᠰᠢᠳᠡᠭᠰᠡᠨ ᠢ ᠭᠠᠳᠠᠷᠯᠠᠭᠰᠠᠨ ᠠᠪᠠᠴᠦ᠂ ︽ᠴᠡᠷᠢᠭ ᠤᠨ | ᠰᠡᠳᠬᠢᠯ ᠢ ᠰᠠᠮᠠᠭᠤᠷᠠᠭᠤᠯᠣᠨ᠂ ᠪᠠᠶᠢᠯᠳᠣᠬᠤ ᠬᠦᠴᠦᠨ ᠢ ᠨᠢ ᠰᠣᠯᠠᠷᠠᠭᠤᠯᠬᠤ︾ ᠠᠴᠠ ᠡᠮᠢᠶᠡᠨ ᠲᠣᠣᠭᠠᠷᠴᠦ | ᠴᠢᠳᠠᠬᠤ ᠦᠭᠡᠢ ᠪᠢᠳᠡᠭᠦᠦ ᠳᠡᠭᠡᠨ ᠰᠢᠷᠬᠠᠯᠠᠨ ᠵᠢᠷᠦᠬᠡᠨ ᠳᠡᠭᠡᠨ ᠣᠬᠢᠯᠠᠯᠳᠣᠭᠰᠠᠭᠠᠷ ᠨᠢᠰᠦᠯᠳᠦᠨ᠎ᠡ᠃ ᠲᠣᠯᠭᠠᠷᠠᠵᠦ | ᠢᠷᠡᠭᠰᠡᠨ ᠵᠣᠪᠠᠯᠠᠩ ᠢ ᠲᠣᠭᠤᠯᠵᠣ ᠯᠡ ᠭᠠᠷᠬᠤ ᠠᠴᠠ ᠪᠢᠰᠢ ᠲᠣᠭᠤᠷᠢᠨ ᠭᠠᠷᠴᠦ ᠴᠢᠳᠠᠬᠤ ᠦᠭᠡᠢ ᠪᠣᠯᠣᠭᠰᠠᠨ | ᠬᠤᠶᠢᠨ᠎ᠠ ᠶᠠᠭᠤ ᠪᠣᠯᠣᠭᠰᠠᠨ ᠴᠦ ᠵᠣᠷᠢᠭᠰᠠᠨ ᠵᠦᠭ ᠵᠦᠭᠯᠡᠭᠰᠡᠨ ᠴᠢᠭ ᠲᠡᠭᠡᠨ ᠨᠢᠭᠡ ᠰᠡᠳᠬᠢᠯ ᠨᠡᠶᠢᠳᠡ ᠶᠢᠨ ᠵᠣᠷᠢᠭ | ᠢᠶᠠᠷ ᠲᠡᠮᠡᠦᠯᠡᠨ ᠵᠢᠳᠬᠦᠬᠦ ᠯᠡ ᠬᠡᠷᠡᠭᠳᠡᠢ ᠪᠣᠯᠵᠠᠢ᠃ | ᠵᠣᠯᠵᠠᠭ᠎ᠠ ᠰᠢᠪᠠᠭᠤᠳ ᠢᠳᠡᠭ ᠢᠳᠡᠭ ᠢᠶᠠᠷ ᠰᠣᠨᠵᠣᠷᠠᠨ ᠬᠤᠴᠣᠷᠴᠦ ᠢᠷᠡᠯ᠎ᠡ᠃ ᠵᠢᠭᠦᠷ ᠲᠠᠯᠠᠪᠴᠢ ᠨᠢ | ᠮᠢᠨᠴᠣᠭᠦᠷᠡᠭᠡᠳ ᠰᠠᠨᠠᠭ᠎ᠠ ᠪᠠᠷ ᠨᠢ ᠵᠠᠷᠣᠭᠳᠠᠬᠤ ᠪᠠᠨ ᠪᠣᠯᠢᠵᠠᠢ᠃ ᠲᠡᠭᠡᠨ ᠲᠡᠭᠡᠭᠰᠡᠭᠡᠷ ᠴᠢᠬᠢ ᠨᠢ ᠱᠣᠣᠭᠢᠵᠦ ᠨᠢᠳᠦ | ᠨᠢ ᠡᠷᠢᠶᠡᠯᠵᠢᠭᠡᠳ ᠬᠠᠮᠢᠭᠠᠰᠢ ᠶᠠᠭᠤᠨ ᠳᠤ ᠶᠠᠪᠣᠭ᠎ᠠ ᠪᠠᠨ ᠮᠡᠳᠡᠬᠦ ᠲᠡᠩᠬᠡᠭᠡ ᠦᠭᠡᠢ ᠪᠣᠯᠣᠭᠠᠳ ᠨᠢᠭᠡ ᠬᠤᠶᠠᠷ ᠢᠶᠠᠷ | ᠬᠡᠯᠪᠡᠯᠵᠡᠨ ᠲᠡᠯᠪᠡᠯᠵᠡᠨ ᠠᠭᠰᠠᠭᠠᠷ ᠭᠤᠳᠣᠰ ᠭᠤᠳᠣᠰ ᠬᠢᠨ ᠲᠠᠯᠠᠢ ᠣᠷᠣᠭᠤ ᠣᠨᠠᠵᠦ ᠣᠷᠣᠭᠠᠳ ᠵᠢᠭᠠᠰᠣᠨ | ᠢᠳᠡᠰᠢ ᠪᠣᠯᠵᠣ ᠪᠠᠶᠢᠪᠠ ᠁ | ᠦᠪᠦᠩ ᠲᠣᠯᠣᠭᠠᠶᠢᠳᠣ᠂ ᠣᠳᠣᠢ ᠰᠡᠭᠦᠯᠳᠦ ᠡᠨᠡ ᠪᠦᠬᠦᠨ ᠢ ᠬᠠᠮᠢᠶᠠᠷᠣᠯ ᠦᠭᠡᠢ ᠬᠦᠵᠦᠬᠦᠦ ᠰᠣᠩᠭᠠᠨ | ᠬᠦᠯ ᠲᠡᠶᠢᠷᠦᠭᠡᠳ ᠣᠷᠣᠭᠰᠢ ᠱᠣᠩᠭᠤᠨ ᠨᠢᠰᠦᠨ᠎ᠡ᠃ ᠲᠡᠳᠡ ᠴᠣᠬᠤᠮ ᠬᠠᠷ᠎ᠠ ᠠᠮᠢ ᠪᠠᠨ ᠯᠡ ᠪᠣᠳᠣᠭᠰᠠᠨ ᠶᠤᠮ | ᠦᠦ ᠡᠰᠡᠬᠦᠯ᠎ᠡ ︽ᠬᠡᠨ ᠨᠢᠭᠡᠨ ᠤ ᠦᠬᠦᠯ ᠬᠤᠷᠣᠭᠳᠠᠯ ᠳᠤ ᠰᠡᠳᠬᠢᠯ ᠠᠯᠭᠠᠰᠠᠨ ᠬᠤᠷᠭᠤᠭᠠᠳᠠᠬᠤ ᠶᠤᠮ ᠪᠣᠯ | ᠰᠦᠷᠦᠭ ᠣᠯᠠᠨ ᠤ ᠠᠮᠢ ᠨᠠᠰᠣ ᠲᠡᠷᠡ ᠪᠦᠬᠦᠨ ᠢᠶᠠᠷ ᠢᠶᠠᠨ ᠲᠠᠭᠤᠰᠣᠨ᠎ᠠ︾ ᠬᠡᠮᠡᠨ ᠶᠡᠭᠡ ᠲᠠᠯ᠎ᠠ ᠶᠢ ᠲᠦᠰᠦᠭᠡᠯᠡᠨ | ᠪᠣᠳᠣᠭᠰᠠᠨ ᠶᠤᠮ ᠦᠦ ᠭᠡᠳᠡᠭ ᠢ ᠪᠣᠰᠣᠳ ᠰᠢᠪᠠᠭᠤᠳ ᠬᠡᠨ ᠠᠯᠢᠨ ᠴᠦ ᠮᠡᠳᠡᠭᠰᠡᠨ ᠦᠭᠡᠢ᠃ | | ᠬᠠᠷ᠎ᠠ ᠡᠭᠦᠯᠡᠰ ᠬᠤᠮᠣᠷᠭᠠᠯᠠᠨ ᠡᠪᠬᠡᠷᠦᠯᠳᠦᠭᠡᠳ ᠬᠤᠷᠮᠣᠰᠳᠠ ᠲᠡᠭᠷᠢ ᠠᠶᠣᠩᠭᠠᠯᠠᠨ ᠴᠠᠬᠢᠯᠣᠨᠠ᠃ | ᠬᠠᠷᠠᠵᠦ ᠪᠠᠶᠢᠳᠠᠯ᠎ᠠ ᠲᠣᠭᠰᠢᠨ ᠪᠣᠷᠣᠭᠠᠨ ᠰᠠᠭᠤᠯᠠᠭ᠎ᠠ ᠰᠠᠪᠠ ᠪᠠᠷ ᠴᠢᠳᠬᠤᠵᠣ ᠪᠠᠶᠢᠬᠤ ᠰᠢᠭ᠋ | ᠠᠰᠬᠠᠷᠠᠭᠤᠯᠵᠣ ᠪᠠᠶᠢᠭᠰᠠᠨ ᠢᠶᠠᠨ ᠦᠨᠳᠡᠭᠡᠨ ᠴᠢᠨᠡᠭᠡᠨ ᠮᠦᠨᠳᠦᠷ ᠪᠣᠯᠵᠣ ᠬᠤᠪᠢᠷᠠᠭᠠᠳ ᠬᠠᠶᠢᠷ᠎ᠠ ᠨᠠᠶᠢᠷ ᠦᠭᠡᠢ | ᠴᠣᠬᠢᠯᠠᠵᠦ ᠢᠷᠡᠪᠡ᠃ | ᠮᠦᠨᠳᠦᠷ ᠲᠤ ᠴᠣᠬᠢᠭᠤᠯᠣᠭᠰᠠᠨ ᠵᠣᠯᠵᠠᠭ᠎ᠠ ᠰᠢᠪᠠᠭᠤᠳ ᠭᠠᠰᠠᠯᠠᠩᠳᠠᠶᠢᠬᠠᠨ ᠭᠠᠭᠠᠯᠠᠭᠰᠠᠭᠠᠷ ᠲᠠᠯᠪᠠᠯᠵᠠᠨ | ᠣᠨᠠᠵᠦ ᠪᠠᠶᠢᠬᠤ ᠳᠤ ᠠᠶᠠᠨ ᠵᠠᠮ ᠤᠨ ᠶᠠᠳᠠᠷᠠᠭ᠎ᠠ᠂ ᠠᠶᠣᠣᠯᠢᠬᠠᠢ ᠴᠡᠭᠡᠵᠢᠨ ᠤ ᠭᠠᠰᠢᠭᠤᠳᠠᠯ᠂ ᠠᠭᠠᠳᠠᠷ ᠪᠣᠷᠣᠭᠠᠨ ᠤ | ᠴᠣᠬᠢᠯᠳᠠ ᠵᠡᠷᠭᠡ ᠳᠤ ᠲᠠᠪᠬᠤᠷ ᠲᠠᠪᠬᠤᠷ ᠣᠨᠣᠭᠳᠠᠭᠰᠠᠨ ᠬᠦᠭᠰᠢᠨ ᠰᠢᠪᠠᠭᠤᠳ ᠴᠦ ᠨᠢᠭᠡ ᠬᠤᠶᠠᠷ ᠢᠶᠠᠷ ᠬᠤᠶᠢᠨ᠎ᠠ | ᠬᠤᠶᠢᠨ᠎ᠠ ᠠᠴᠠ ᠪᠠᠨ ᠴᠢᠮᠡᠭᠡ ᠢᠮᠡᠭᠡ ᠦᠭᠡᠢ ᠣᠶᠢᠴᠢᠵᠦ ᠪᠠᠶᠢᠯ᠎ᠠ᠃ | | ᠠᠭᠠᠳᠠᠷ ᠪᠣᠷᠣᠭᠠᠨ ᠠᠭᠠᠵᠢᠮᠬᠠᠨ ᠠᠷᠢᠯᠵᠦ᠂ ᠲᠣᠭᠰᠢᠨ ᠮᠦᠨᠳᠦᠷ ᠲᠦᠷ ᠵᠣᠭᠰᠣᠪᠠ᠃ | ᠰᠢᠪᠠᠭᠤᠳ ᠤᠨ ᠰᠦᠷᠦᠭ ᠶᠠᠭᠠᠬᠢᠬᠤ ᠶᠢᠨ ᠠᠷᠭ᠎ᠠ ᠦᠭᠡᠢ ᠰᠢᠩᠭᠡᠷᠡᠨ ᠴᠦᠬᠡᠭᠡᠷᠡᠵᠡᠢ᠃ ᠰᠢᠷᠬ᠎ᠠ ᠲᠠᠢ | ᠵᠢᠭᠦᠷ ᠰᠣᠷᠪᠢ ᠲᠠᠢ ᠪᠡᠶ᠎ᠡ ᠶᠢᠨ ᠢᠶᠠᠨ ᠡᠪᠡᠳᠴᠦ ᠬᠠᠪᠣᠳᠬᠤ ᠶᠢ ᠲᠡᠰᠪᠦᠷᠢᠯᠡᠨ᠂ ᠦᠯᠦᠰᠬᠦ ᠶᠢᠨ ᠭᠠᠴᠢᠭᠳᠠᠯ | ᠶᠠᠳᠠᠷᠠᠬᠤ ᠶᠢᠨ ᠲᠣᠶᠢᠯ ᠤᠨ ᠲᠠᠪᠬᠤᠷ ᠲᠠᠪᠬᠤᠷ ᠵᠣᠪᠠᠯᠠᠩ ᠢ ᠠᠷᠭᠠᠴᠠᠨ ᠨᠢᠰᠦᠯᠳᠦᠬᠦ ᠵᠠᠯᠠᠭᠤᠬᠠᠨ ᠰᠢᠪᠠᠭᠤᠳ ᠲᠤ | ᠣᠳᠣ ︽ᠵᠢᠷᠭᠠᠯ ᠤᠨ ᠣᠷᠳᠣᠨ — ᠳ᠋ᠧᠪᠡᠵᠡᠨ︾ ᠢ ᠪᠢᠰᠢ ᠬᠠᠷᠢᠨ ︽ᠵᠢᠭᠦᠷ ᠠᠮᠠᠷᠠᠭᠤᠯᠬᠤ ᠵᠢᠭᠠᠬᠠᠨ ᠭᠠᠵᠠᠷ︾ | ᠲᠠᠭᠠᠷᠠᠭᠠᠳ ︽ᠦᠯ ᠲᠠᠷᠣᠬᠤ ᠦᠴᠦᠬᠡᠨ ᠶᠠᠭᠤᠮ᠎ᠠ︾ ᠣᠯᠬᠤ ᠯᠡ ᠬᠠᠮᠤᠭ ᠶᠡᠭᠡ ᠭᠤᠷᠢᠳᠠᠯ ᠪᠣᠯᠵᠣ ᠦᠯᠡᠳᠡᠵᠡᠢ᠃ | ᠬᠦᠭᠰᠢᠨ ᠰᠢᠪᠠᠭᠤᠳ ᠠᠴᠠ ᠦᠷ᠎ᠡ ᠶᠢᠨ ᠭᠠᠭᠴᠠ ᠡᠪᠦᠭᠡᠨ ᠠᠬᠠᠯᠠᠭᠴᠢ ᠯᠡ ᠬᠠᠰᠢᠷ ᠰᠠᠭᠤᠭᠰᠠᠨ ᠬᠠᠭᠤᠴᠢᠨ ︽ | ᠭᠠᠷ︾ ᠭᠡᠰᠡᠨ ᠢᠶᠠᠷ ᠢᠶᠠᠨ ᠦᠦ ᠡᠰᠡᠬᠦᠯ᠎ᠡ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠵᠦ ᠲᠡᠶᠢᠯᠦᠭᠡ ᠦᠭᠡᠢ ᠬᠡᠮᠡᠨ | ᠰᠢᠳᠦ ᠵᠠᠭᠤᠭᠰᠠᠨ ᠤ ᠦᠦ ᠪᠣᠣ ᠮᠡᠳᠡ ᠵᠦᠳᠡᠭᠦᠬᠡᠨ ᠠᠮᠢ ᠲᠠᠢ ᠦᠯᠡᠳᠡᠭᠡᠳ ᠰᠦᠷᠦᠭ ᠤᠨ ᠢᠶᠠᠨ ᠬᠤᠶᠢᠨ᠎ᠠ ᠠᠴᠠ | ᠵᠣᠪᠠᠭᠤᠷᠢᠳᠠᠶᠢᠬᠠᠨ ᠲᠡᠪᠢᠵᠦ ᠪᠠᠶᠢᠪᠠ᠃ | ᠬᠦᠭᠡ ᠲᠡᠭᠷᠢ ᠬᠦᠭᠡᠮᠳᠦᠭ ᠲᠠᠯᠠᠢ ᠵᠠᠯᠭᠠᠯᠳᠣᠭᠠᠳ ᠬᠦᠪᠡᠭᠡ ᠬᠢᠵᠠᠭᠠᠷ ᠦᠭᠡᠢ᠃ | ᠢᠯᠠᠭᠳᠠᠨ ᠣᠬᠤᠷᠢᠭᠰᠠᠨ ᠣᠲᠠᠷᠢᠶᠠᠲ ᠤᠨ ᠡᠷᠡᠮᠳᠡᠭ ᠵᠡᠷᠡᠮᠳᠡᠭ ᠴᠡᠷᠢᠭ ᠤᠳ ᠰᠢᠭ ᠰᠢᠪᠠᠭᠤᠳ ᠤᠨ | ᠰᠦᠷᠦᠭ ᠡᠮᠬᠢ ᠵᠠᠮᠪᠠᠷᠠᠭ᠎ᠠ ᠪᠠᠨ ᠠᠯᠳᠠᠭᠰᠠᠨ ᠠᠪᠠᠴᠦ ᠭᠠᠰᠢᠭᠤᠳᠠᠯ ᠭᠠᠩᠰᠠᠷᠠᠯ ᠤᠨ ᠠᠶᠠᠰ ᠲᠠᠢ ᠦᠴᠦᠬᠡᠨ | ᠲᠣᠣᠷ᠎ᠠ ᠲᠠᠭᠤᠨ ᠢᠶᠠᠷ ︽ᠭᠠᠩᠭᠠᠷ ᠭᠤᠩᠭᠤᠷ ᠁︾ ᠬᠡᠮᠡᠨ ᠲᠠᠭᠤ ᠴᠢᠮᠡᠭᠡ ᠠᠪᠣᠯᠴᠠᠭᠰᠠᠭᠠᠷ ᠬᠦᠴᠢᠷᠳᠡᠢ | ᠣᠶᠢᠳᠬᠠᠷᠳᠠᠢ ᠣᠷᠣᠭᠰᠢᠯᠠᠨ᠎ᠠ᠃ | ᠲᠡᠳᠡ ᠡᠪᠦᠭᠡᠳ ᠤᠨ ᠶᠣᠰᠣᠨ ᠤ ᠦᠨᠡᠨ ᠵᠦᠪ ᠤᠨ ᠢᠯᠠᠭᠳᠠᠰᠢ ᠦᠭᠡᠢ ᠶᠢ ᠣᠬᠠᠭᠠᠷᠠᠵᠦ ᠢᠷᠡᠪᠡ᠃ | ᠶᠢᠷᠳᠢᠨᠴᠦ ᠶᠢᠨ ᠵᠢᠮ᠎ᠡ ᠶᠢ ᠲᠡᠷᠰᠯᠡᠵᠦ ᠪᠣᠯᠣᠰᠢ ᠦᠭᠡᠢ ᠶᠢ ᠲᠠᠨᠢᠵᠦ ᠡᠬᠢᠯᠡᠪᠡ᠃ ᠲᠡᠳᠡ ︽ᠭᠡᠮ ᠨᠢ ᠡᠮᠦᠨ᠎ᠡ ᠪᠠᠨ | ᠭᠡᠮᠰᠢᠯ ᠨᠢ ᠬᠤᠶᠢᠨ᠎ᠠ ᠪᠠᠨ︾ ᠪᠠᠶᠢᠳᠠᠭ ᠤᠨ ᠵᠠᠷᠴᠢᠮ ᠢᠶᠠᠷ ᠲᠦᠪ ᠶᠣᠰᠣᠨ ᠤ ᠵᠠᠯᠬᠠᠭᠠᠯ ᠳᠤ ᠣᠴᠠᠷᠠᠬᠤ ᠨᠢ | ᠵᠠᠶᠢᠯᠠᠰᠢ ᠦᠭᠡᠢ ᠪᠣᠯᠣᠭᠰᠠᠨ ᠪᠦᠭᠡᠳ ᠵᠠᠶᠢᠯᠠᠵᠦ ᠪᠣᠯᠳᠠᠵᠦ ᠴᠦ ᠴᠢᠳᠠᠰᠢ ᠦᠭᠡᠢ ᠭᠡᠰᠡᠨ ᠢ ᠮᠡᠳᠡᠷᠡᠭᠰᠡᠨ ᠠᠪᠠᠴᠦ ︽ | ᠦᠪᠡᠷ ᠢᠶᠠᠨ ᠣᠶᠢᠴᠢᠭᠰᠠᠨ ᠬᠡᠦᠬᠡᠳ ᠣᠬᠢᠯᠠᠳᠠᠭ ᠦᠭᠡᠢ︾ ᠶᠢᠨ ᠶᠣᠰᠣ ᠪᠠᠷ ᠬᠡᠨ ᠠᠯᠢᠨ ᠴᠦ ᠲᠣᠣᠭᠠᠷᠴᠦ | ᠴᠢᠳᠠᠭᠰᠠᠨ ᠦᠭᠡᠢ᠃ | ᠦᠪᠦᠩ ᠲᠣᠯᠣᠭᠠᠶᠢᠳᠣ ᠡᠪᠡᠳᠬᠦ ᠶᠠᠳᠠᠷᠠᠬᠤ ᠪᠠᠨ ᠲᠡᠰᠪᠦᠷᠢᠯᠡᠨ ᠠᠭᠠᠵᠢᠮᠬᠠᠨ ᠲᠡᠪᠢᠨᠡ᠃ ︽ᠡᠪᠦᠭᠡᠳ | ᠤᠨ ᠶᠣᠰᠣ᠂ ᠶᠢᠷᠳᠢᠨᠴᠦ ᠶᠢᠨ ᠵᠢᠷᠦᠮ︾ ᠠᠴᠠ ᠣᠷᠪᠠᠨ ᠲᠡᠷᠰᠯᠡᠭᠡᠳ ᠠᠶᠢᠮᠠᠭ ᠪᠦᠯᠦᠭ ᠣᠭᠰᠠᠭ᠎ᠠ ᠲᠦᠷᠦᠯ ᠳᠡᠭᠡᠨ | ᠠᠭᠤᠴᠢᠯᠠᠵᠦ ᠪᠣᠯᠣᠰᠢ ᠦᠭᠡᠢ ᠯᠣᠳᠣ ᠶᠡᠭᠡ ᠬᠤᠬᠢᠷᠠᠯ ᠣᠴᠠᠷᠠᠭᠤᠯᠣᠭᠰᠠᠨ ᠢᠶᠠᠨ ᠮᠡᠳᠡᠭᠰᠡᠨ ᠪᠣᠯᠪᠠᠴᠦ ᠣᠳᠣ ᠲᠡᠭᠦᠨ | ᠳᠤ ᠣᠰᠣᠯ ᠪᠣᠷᠣᠭᠤ ᠪᠠᠨ ᠮᠡᠳᠡᠷᠡᠵᠦ᠂ ᠣᠬᠤᠷᠢᠵᠦ ᠪᠣᠴᠠᠬᠤ ᠵᠠᠮ ᠭᠡᠵᠦ ᠶᠠᠭ ᠲᠠᠭ ᠪᠣᠯᠵᠠᠢ᠃ ᠣᠳᠣᠢ ᠰᠡᠭᠦᠯᠳᠦ | ᠣᠨᠠᠵᠣ ᠣᠶᠢᠴᠢᠮᠠᠷ ᠪᠣᠯᠬᠤ ᠳᠠᠭᠠᠨ ︽ᠠᠪᠣᠷᠭᠤ ᠵᠢᠭᠠᠰᠣ ᠶᠢᠨ ᠢᠳᠡᠰᠢ ᠪᠣᠯᠣᠭᠠᠳ ᠰᠠᠨᠠᠭ᠎ᠠ ᠠᠮᠠᠷᠠᠶ᠎ᠠ︾ ᠬᠡᠮᠡᠨ | ᠪᠣᠳᠣᠭᠰᠠᠨ ᠠᠪᠠᠴᠦ ᠦᠪᠦᠩ ᠲᠣᠯᠣᠭᠠᠶᠢᠳᠣ ᠶᠢᠨ ᠣᠷᠣᠭᠰᠢᠯᠠᠯ᠂ ᠰᠦᠷᠦᠭ ᠰᠢᠪᠠᠭᠤᠳ ᠤᠨ ᠲᠡᠮᠡᠦᠯᠡᠯ ᠨᠢ ︽ | ᠣᠳᠣ ᠯᠡ ᠣᠳᠠᠬᠤ ᠦᠭᠡᠢ ︿ᠳ᠋ᠧᠪᠡᠵᠡᠨ﹀ ᠳᠤ ᠬᠦᠷᠦᠨ᠎ᠡ ᠳ᠋ᠠ︾ ᠭᠡᠵᠦ ᠬᠡᠯᠡᠵᠦ ᠪᠠᠶᠢᠮᠠᠷ ᠰᠠᠨᠠᠭᠳᠠᠬᠤᠯᠠᠷ ᠠᠬᠢᠭᠠᠳ | ᠬᠠᠳᠠᠭᠤᠵᠢᠨ ᠲᠠᠪᠢᠵᠠᠢ᠃ | | ᠬᠠᠷ᠎ᠠ ᠲᠣᠯᠪᠤ︕ | ᠲᠡᠷᠡ᠂ ᠲᠡ᠊ — ᠷᠡ ᠬᠤᠯᠠ ᠶᠢᠨ ᠠᠯᠣᠰ ᠲᠡᠭᠷᠢ ᠶᠢᠨ ᠬᠦᠪᠡᠭᠡᠨ ᠤ ᠲᠡᠨᠳᠡᠴᠡ ᠬᠠᠷ᠎ᠠ ᠲᠣᠯᠪᠤ ᠢᠯᠡᠷᠡᠪᠡ᠃ | ᠣᠨᠳᠠᠷᠠᠬᠤ ᠰᠢᠬᠠᠭᠰᠠᠨ ᠠᠮᠢᠨ ᠭᠠᠯ ᠨᠢ ᠠᠬᠢᠭᠠᠳ ᠲᠦᠷᠡᠯᠵᠡᠭᠰᠡᠨ ᠦᠨᠦ ᠰᠢᠪᠠᠭᠤᠳ ᠪᠠᠶᠢᠳᠠᠭ ᠬᠦᠴᠦᠨ ᠢᠶᠠᠨ | ᠰᠢᠪᠬᠠᠨ ᠪᠠᠶᠢᠵᠦ ᠡᠴᠦᠰ ᠤᠨ ᠲᠠᠭᠠᠷᠢᠯᠳᠠ ᠬᠢᠯ᠎ᠡ᠃ | ︽ᠫᠦᠰ ᠲᠦᠰ ᠁ ᠫᠠᠰ ᠲᠠᠰ ᠁︾᠃ | ᠬᠦᠷᠦᠰᠦ ᠰᠢᠷᠣᠢ ᠣᠯᠵᠣ ᠬᠠᠷᠠᠭᠰᠠᠨ ᠬᠦᠭᠡᠷᠦᠬᠦᠢ ᠰᠢᠪᠠᠭᠤᠳ ᠭᠠᠵᠠᠷ ᠪᠠᠭᠤᠬᠤ ᠳᠠᠭᠠᠨ ᠪᠡᠶ᠎ᠡ ᠪᠠᠨ | ᠡᠵᠡᠮᠳᠡᠬᠦ ᠲᠡᠩᠬᠡᠭᠡ ᠦᠭᠡᠢ ᠬᠦᠰᠡᠷ ᠣᠶᠢᠴᠢᠵᠦ ᠪᠠᠶᠢᠪᠠ᠃ ᠲᠡᠳᠡ ᠦᠵᠦᠭᠦᠷ ᠬᠢᠵᠠᠭᠠᠷ ᠨᠢ ᠬᠠᠷᠠᠭᠳᠠᠬᠤ ᠦᠭᠡᠢ | ᠦᠷᠭᠡᠨ ᠶᠡᠭᠡ ᠲᠠᠯᠠᠢ ᠶᠢᠨ ᠲᠣᠮᠳᠠᠬᠢ ᠦᠴᠦᠬᠡᠨ ᠪᠠᠭ᠎ᠠ ᠦᠨᠦᠴᠢᠨ ᠠᠷᠠᠯ ᠲᠡᠭᠡᠷ᠎ᠡ ᠵᠣᠯ ᠲᠠᠢ ᠬᠦᠷᠴᠦ ᠢᠷᠡᠭᠰᠡᠨ | ᠨᠢ ᠡᠨᠡ ᠪᠠᠶᠢᠵᠠᠢ᠃ | ᠬᠡᠳᠦᠶᠢᠴᠢᠨᠡᠨ ᠣᠳᠠᠭᠰᠠᠨ ᠢ ᠪᠣᠣ ᠮᠡᠳᠡ᠃ ︽ᠴᠢᠰ ᠴᠠᠰ ᠁︾ ︽ᠫᠢᠳ ᠫᠠᠳ ᠁︾ ︽ | ᠵᠢᠷ ᠵᠣᠷ ᠁︾ ᠬᠡᠮᠡᠬᠦ ᠲᠡᠷᠡ ᠬᠤᠯᠠ ᠶᠢᠨ ᠠᠳᠠᠯ᠎ᠠ ᠪᠠᠨ ᠲᠡᠶᠢᠮᠦ ᠯᠡ ᠣᠶᠢᠷᠠᠬᠠᠨ ᠠᠶ᠎ᠠ ᠲᠠᠭᠤᠨ ᠢᠶᠠᠷ ᠲᠡᠳᠡ | ᠨᠢᠭᠡ ᠨᠢᠭᠡ ᠪᠠᠷ ᠢᠶᠠᠨ ᠨᠢᠳᠦ ᠪᠠᠨ ᠵᠠᠪᠰᠠᠷᠯᠠᠪᠠ᠃ ᠰᠠᠯᠬᠢᠨ ᠤ ᠠᠶᠠᠰ ᠢᠶᠠᠷ ᠨᠠᠶᠢᠭᠤᠭᠰᠠᠨ ᠶᠠᠩᠵᠦ ᠶᠢᠨ ᠣᠷᠭᠤᠮᠠᠯ | ᠠᠴᠠ ᠰᠠᠮᠰᠠ ᠴᠣᠷᠭᠢᠮ᠎ᠠ ᠰᠠᠶᠢᠬᠠᠨ ᠦᠨᠦᠷ ᠠᠩᠭᠢᠯᠣᠭᠠᠳ᠂ ᠨᠢᠰᠦᠯᠳᠦᠬᠦ ᠭᠦᠶᠦᠯᠳᠦᠬᠦ ᠬᠤᠷᠣᠬᠠᠢ ᠰᠢᠪᠡᠵᠢ ᠠᠴᠠ | ᠲᠣᠷ᠎ᠠ ᠪᠣᠯᠢᠶᠠᠮ᠎ᠠ ᠰᠣᠳᠣᠨ ᠠᠮᠳᠠ ᠮᠡᠳᠡᠷᠡᠭᠳᠡᠨ᠎ᠡ᠃ | ᠲᠡᠳᠡ ᠬᠡᠨ ᠠᠯᠢᠨ ᠠᠴᠠ ᠪᠠᠨ ᠬᠤᠴᠣᠷᠬᠤ ᠠᠴᠠ ᠪᠠᠨ ᠠᠶᠣᠭᠰᠠᠨ ᠰᠢᠭ᠋ ᠬᠤᠪᠬᠤ ᠬᠤᠪᠬᠤ ᠦᠰᠦᠷᠦᠨ | ᠪᠣᠰᠴᠠᠭᠠᠪᠠ᠃ ᠣᠨᠠᠵᠦ ᠪᠠᠶᠢᠨ᠎ᠠ ᠪᠣᠰᠴᠦ ᠪᠠᠶᠢᠨ᠎ᠠ᠂ ᠪᠣᠰᠴᠦ ᠪᠠᠶᠢᠨ᠎ᠠ ᠣᠨᠠᠵᠦ ᠪᠠᠶᠢᠨ᠎ᠠ᠃ ᠲᠡᠳᠡ ᠮᠦᠯᠬᠦᠵᠦ | ᠪᠠᠶᠢᠨ᠎ᠠ ᠮᠠᠭᠠᠵᠢᠵᠦ ᠪᠠᠶᠢᠨ᠎ᠠ᠂ ᠨᠠᠶᠢᠭᠤᠵᠣ ᠪᠠᠶᠢᠨ᠎ᠠ ᠲᠠᠶᠢᠭᠤᠵᠣ ᠪᠠᠶᠢᠨ᠎ᠠ᠃ ︽ᠬᠡᠨ ᠶᠠᠭᠤ︾ ᠶᠢ ᠨᠢ ᠴᠦ ᠮᠡᠳᠡᠵᠦ | ᠲᠠᠨᠢᠳᠠᠭ ᠦᠭᠡᠢ ᠬᠤᠷᠣᠬᠠᠢ ᠰᠢᠪᠡᠵᠢ ᠨᠦᠭᠦᠳ ᠢ ᠬᠤᠩᠰᠢᠶᠠᠷ ᠠᠮᠠ ᠪᠠᠨ ᠣᠯᠬᠤ ᠦᠭᠡᠢ ᠬᠤᠳᠣᠭᠤᠳᠣ ᠭᠡᠳᠡᠰᠦ | ᠪᠠᠨ ᠮᠡᠳᠡᠬᠦ ᠦᠭᠡᠢ ᠲᠣᠶ᠋ᠢᠯᠠᠵᠦ ᠪᠠᠶᠢᠨ᠎ᠠ ᠵᠣᠭᠤᠭᠯᠠᠵᠦ ᠪᠠᠶᠢᠨ᠎ᠠ᠃ | ᠲᠡᠳᠡ ᠮᠠᠩᠰᠢᠭᠤᠷᠠᠨ ᠣᠨᠳᠠᠵᠦ ᠪᠠᠶᠢᠨ᠎ᠠ᠂ ᠲᠠᠬᠢᠵᠦ ᠪᠣᠰᠣᠭᠠᠳ ᠵᠣᠭᠤᠭᠯᠠᠵᠦ ᠪᠠᠶᠢᠨ᠎ᠠ ᠁ | ᠡᠪᠦᠭᠡᠨ ᠠᠬᠠᠯᠠᠭᠴᠢ ᠡᠨᠡ ᠪᠦᠬᠦᠨ ᠢ ᠨᠢᠳᠦ ᠲᠦᠭᠦᠷᠬᠡᠨ ᠬᠠᠷᠠᠭᠠᠳ ᠯᠡ ᠪᠠᠶᠢᠶ᠎ᠠ ᠭᠡᠰᠡᠨ ᠰᠢᠭ ᠭᠠᠭᠴᠠ | ᠬᠤᠷᠣᠬᠠᠢ ᠬᠠᠭᠠᠰ ᠰᠢᠪᠡᠵᠢ ᠴᠦ ᠢᠳᠡᠵᠦ ᠴᠢᠳᠠᠭᠰᠠᠨ ᠦᠭᠡᠢ ᠨᠢᠳᠦ ᠪᠠᠨ ᠨᠡᠬᠡᠭᠡᠭᠰᠡᠨ ᠶᠠᠩᠵᠦ ᠪᠠᠷ ᠢᠶᠠᠨ ᠨᠢᠷᠸᠠᠨ | ᠲᠦᠷᠢ ᠪᠠᠨ ᠦᠵᠡᠭᠦᠯᠵᠡᠢ᠃ ᠡᠪᠦᠭᠡᠴᠣᠣᠯ ᠪᠠᠭᠠᠴᠣᠣᠯ ᠢᠶᠠᠨ ᠪᠦᠬᠦᠨ ᠢ ᠠᠯᠳᠠᠭᠠᠳ ᠵᠢᠷᠦᠬᠡ ᠨᠢ ᠴᠠᠷᠴᠠᠭᠰᠠᠨ | ᠵᠠᠯᠠᠭᠤ ᠰᠢᠪᠠᠭᠤᠳ ᠲᠤ ᠭᠠᠭᠴᠠ ᠯᠡ ᠦᠯᠡᠳᠡᠭᠰᠡᠨ ᠠᠬᠠᠯᠠᠭᠴᠢ ᠶᠢᠨ ᠦᠭᠦᠯ ᠲᠡᠮᠡᠢ ᠶᠠᠭᠤᠮ᠎ᠠ ᠪᠣᠯᠣᠭᠰᠠᠨ ᠦᠭᠡᠢ᠃ | | ᠡᠳᠦᠷ ᠬᠤᠭᠤᠴᠠᠭ᠎ᠠ ᠡᠭᠡᠯᠵᠢᠯᠡᠨ ᠡᠭᠡᠯᠵᠢᠯᠡᠭᠰᠡᠭᠡᠷ ᠬᠡᠳᠦᠶᠢᠴᠢᠨᠡᠨ ᠣᠳᠠᠭᠰᠠᠨ ᠢ ᠬᠡᠨ ᠠᠯᠢᠨ ᠴᠦ | ᠠᠵᠢᠶᠠᠷᠠᠭᠰᠠᠨ ᠦᠭᠡᠢ᠃ ᠠᠳᠡ ᠡᠳᠦᠷᠵᠢᠨ ᠰᠦᠨᠢᠵᠢᠨ ᠠᠯᠠᠯᠳᠣᠭᠠᠨ ᠲᠣᠯᠣᠯᠳᠣᠭᠠᠨ ᠬᠢᠭᠡᠳ ᠬᠠᠰᠢᠷᠠᠳᠠᠭ ᠦᠭᠡᠢ | ᠮᠢᠬᠠᠴᠢᠨ ᠠᠮᠢᠳᠠᠨ — ᠠᠷᠢᠶᠠᠳᠠᠨ ᠭᠦᠷᠦᠭᠡᠰᠦ ᠨᠦᠭᠦᠳ ᠪᠠᠶᠢᠭ᠎ᠠ ᠦᠭᠡᠢ᠃ ᠲᠡᠶᠢᠨᠬᠦ ᠦᠪᠦᠩ ᠲᠣᠯᠣᠭᠠᠶᠢᠳᠣ᠂ | ᠣᠳᠣᠢ ᠰᠡᠭᠦᠯᠳᠦ ᠶᠢᠨ ᠨᠢᠳᠦᠨ ᠳᠤ ᠢᠯᠠᠯᠳᠠ ᠶᠢᠨ ᠣᠮᠣᠭᠰᠢᠯ ᠲᠣᠳᠣᠷᠠᠨ ︽ᠶᠢᠷᠳᠢᠨᠴᠦ ᠶᠢᠨ ᠭᠠᠳᠠᠨᠠᠬᠢ ᠲᠣᠭᠤᠷ | ᠤᠨ ᠬᠦᠷᠢᠶᠡᠯᠡᠩ — ᠳ᠋ᠧᠪᠡᠵᠡᠨ︾ ᠤ ᠵᠢᠩᠬᠢᠨᠢ ᠡᠵᠡᠨ ᠨᠢ ᠪᠣᠯᠣᠭᠰᠠᠨ ᠳᠠᠭᠠᠨ ᠬᠢᠵᠠᠭᠠᠯᠠᠰᠢ ᠦᠭᠡᠢ ᠪᠠᠶᠠᠷᠯᠠᠨ | ᠬᠡᠮᠵᠢᠶᠡᠯᠡᠰᠢ ᠦᠭᠡᠢ ᠵᠣᠷᠢᠭᠵᠢᠭᠠᠳ ᠲᠠᠭᠤᠯᠠᠨ ᠪᠦᠵᠢᠭᠯᠡᠮᠡᠷ ᠰᠠᠨᠠᠭᠳᠠᠵᠠᠢ᠃ | ᠲᠡᠳᠡᠨ ᠤ ᠬᠤᠶᠠᠷ ᠬᠦᠯ ᠨᠢ ᠠᠭᠠᠵᠢᠮ ᠢᠶᠠᠷ ᠵᠢᠷᠢᠯᠵᠡᠨ ᠬᠦᠳᠡᠯᠵᠦ ᠡᠬᠢᠯᠡᠭᠰᠡᠨ ᠠᠪᠠᠴᠦ ᠬᠤᠣᠰ | ᠲᠠᠯᠠᠪᠴᠢ ᠨᠢ ᠰᠠᠨᠠᠭ᠎ᠠ ᠪᠠᠷ ᠨᠢ ᠲᠡᠯᠭᠡᠵᠦ ᠦᠭᠭᠦᠭᠰᠡᠨ ᠦᠭᠡᠢ᠃ ︽ᠭᠠᠩᠭᠠᠷ ᠭᠤᠩᠭᠤᠷ ᠁︾ ᠬᠡᠮᠡᠨ | ᠭᠠᠶᠢᠬᠠᠯᠳᠣᠭᠰᠠᠨ ᠰᠢᠪᠠᠭᠤᠳ ᠬᠦᠴᠦᠯᠡᠨ ᠬᠦᠴᠦᠯᠡᠨ ᠲᠡᠪᠢᠬᠦ ᠳᠤ ︽ᠫᠠᠷ ᠫᠠᠷ ᠁︾ ᠬᠡᠮᠡᠬᠦ ᠮᠠᠭᠤᠬᠠᠢ | ᠲᠠᠭᠤᠨ ᠯᠡ ᠭᠠᠷᠣᠭᠰᠠᠨ ᠠᠴᠠ ᠪᠢᠰᠢ ᠲᠡᠭᠳᠡᠵᠦ ᠴᠢᠳᠠᠭᠰᠠᠨ ᠦᠭᠡᠢ ᠶᠢ ᠪᠣᠣ ᠬᠡᠯᠡ ᠵᠢᠭᠦᠷ ᠨᠢ ᠣᠭ ᠢᠶᠠᠷ ᠢᠶᠠᠨ | ᠲᠠᠰᠣᠷᠠᠵᠦ ᠣᠨᠠᠮᠠᠷ ᠰᠢᠷᠬᠠᠯᠠᠨ ᠡᠪᠡᠳᠴᠠᠢ ᠁ | ᠰᠢᠷᠬ᠎ᠠ ᠳᠠᠭᠠᠨ ᠡᠷᠬᠡᠭᠰᠡᠨ ᠬᠦᠭᠡᠷᠦᠬᠦᠢ ᠰᠢᠪᠠᠭᠤᠳ ᠠᠬᠢᠭᠠᠳ ᠨᠢᠰᠦᠨ ᠲᠡᠪᠳᠡᠷᠢᠬᠦ ᠭᠡᠭᠴᠢ ᠶᠢ ᠠᠷᠣ | ᠬᠤᠶᠢᠨ᠎ᠠ ᠪᠠᠨ ᠲᠠᠶᠠᠭᠳᠠᠵᠦ᠂ ︽ᠲᠡᠭᠡᠷ᠎ᠡ ᠪᠠᠨ ᠲᠠᠷᠣᠯᠠᠯ ᠦᠭᠡᠢ᠂ ᠲᠡᠷᠭᠡᠳᠡ ᠪᠠᠨ ᠮᠦᠯᠵᠢᠯ ᠦᠭᠡᠢ︾ ︽ | ᠳ᠋ᠧᠪᠡᠵᠡᠨ︾ ᠤ ᠠᠮᠢᠳᠣᠷᠠᠯ ᠳᠠᠭᠠᠨ ᠬᠠᠨᠣᠨ ᠠᠭᠤᠰᠣᠭᠠᠳ ᠠᠮ ᠰᠠᠮ ᠵᠢᠷᠭᠠᠵᠠᠢ᠃ | | ᠲᠦᠷᠢᠮᠡᠬᠡᠶᠢᠯᠡᠯ ᠳᠤ ᠣᠴᠠᠷᠠᠨ ᠲᠡᠭᠡᠷᠡᠮᠳᠡᠯᠭᠡ ᠳᠤ ᠲᠠᠭᠠᠷᠢᠭᠳᠠᠭᠰᠠᠨ ᠦᠨᠦᠴᠢᠨ ᠪᠠᠭ᠎ᠠ ᠠᠷᠠᠯ ᠤᠨ | ᠦᠴᠦᠬᠡᠨ ᠬᠤᠷᠣᠬᠠᠢ ᠰᠢᠪᠠᠵᠢ ᠨᠤᠭᠤᠳ ᠶᠠᠭᠠᠬᠢᠬᠤ ᠶᠢᠨ ᠠᠷᠭ᠎ᠠ ᠦᠭᠡᠢ ᠴᠦᠬᠡᠷᠡᠵᠦ ᠢᠷᠡᠯ᠎ᠡ᠃ ᠭᠡᠳᠡᠰᠦ ᠪᠠᠨ | ᠲᠦᠭᠦᠷᠭᠡᠵᠦ ᠲᠡᠶᠢᠯᠬᠦ ᠦᠭᠡᠢ ᠪᠣᠯᠣᠭᠰᠠᠨ ᠬᠦᠭᠡᠷᠦᠬᠦᠢ ᠰᠢᠪᠠᠭᠤᠳ ᠠᠷᠭ᠎ᠠ ᠪᠣᠰᠣ ᠡᠪᠡᠰᠦ ᠣᠷᠭᠤᠮᠠᠯ ᠣᠷᠣᠭᠤ | ᠴᠡᠷᠢᠭᠯᠡᠭᠰᠡᠨ ᠪᠠᠶᠢᠪᠠ᠃ ᠡᠪᠡᠰᠦ ᠣᠷᠭᠤᠮᠠᠯ ᠬᠡᠳᠦᠢ ᠰᠢᠮ᠎ᠡ ᠲᠡᠵᠢᠭᠡᠯ ᠲᠠᠢ ᠭᠡᠳᠡᠭ ᠠᠪᠠᠴᠦ ᠦᠭᠡᠬᠦ ᠲᠣᠰᠣ ᠢᠳᠡᠵᠦ | ᠰᠣᠷᠣᠭᠰᠠᠨ ᠲᠡᠳᠡᠨ ᠤ ᠭᠡᠳᠡᠰᠦ ᠨᠢ ᠲᠦᠭᠦᠷᠪᠡᠴᠦ ᠰᠡᠳᠬᠢᠯ ᠨᠢ ᠬᠠᠨᠣᠬᠤ ᠦᠭᠡᠢ ᠲᠡᠩᠰᠢᠬᠦ ᠪᠣᠯᠪᠠ᠃ | ᠣᠳᠣ᠂ ᠡᠪᠡᠰᠦᠨ ᠤ ᠨᠠᠮᠠᠭ᠎ᠠ ᠣᠷᠭᠤᠮᠠᠯ ᠤᠨ ᠨᠠᠪᠴᠢ ᠴᠦ ᠣᠯᠳᠠᠬᠤ ᠦᠭᠡᠢ ᠪᠣᠯᠵᠠᠢ᠃ | ᠦᠪᠦᠩ ᠲᠣᠯᠣᠭᠠᠶᠢᠳᠣ ᠣᠳᠣᠢ ᠰᠡᠭᠦᠯᠳᠦ ᠳᠤ ᠪᠠᠰᠠ ᠨᠢᠭᠡᠨ ᠬᠠᠳᠠᠭᠤ ᠰᠢᠯᠭᠠᠯᠳᠠ ᠲᠣᠯᠵᠦ ᠢᠷᠡᠯ᠎ᠡ᠃ | ᠪᠣᠴᠠᠶ᠎ᠠ ᠭᠡᠬᠦ ᠳᠤ ᠪᠣᠯᠬᠤ ᠶᠠᠭᠤᠮ᠎ᠠ ᠪᠢᠰᠢ᠃ ᠲᠠᠯᠠᠪᠴᠢ ᠶᠢᠨ ᠣᠭ ᠨᠢ ᠡᠪᠡᠳᠬᠦ ᠶᠢ ᠪᠣᠣ ᠬᠡᠯᠡ ᠬᠡᠳᠦᠶᠢᠴᠢᠨᠡᠭᠡᠨ | ᠬᠤᠭᠤᠴᠠᠭ᠎ᠠ ᠵᠠᠷᠣᠵᠦ ᠬᠡᠷᠡᠭᠯᠡᠭᠰᠡᠨ ᠦᠭᠡᠢ ᠵᠢᠭᠦᠷ ᠲᠠᠯᠠᠪᠴᠢ ᠨᠢ ᠣᠭ ᠤᠨ ᠢᠶᠠᠨ ᠪᠣᠳᠣᠪᠠᠯ ᠬᠤᠯᠠ ᠠᠪᠴᠢᠨ | ᠵᠢᠵᠢᠭᠷᠡᠭᠰᠡᠨ ᠢ ᠲᠡᠳᠡ ᠦᠪᠡᠷᠳᠡᠭᠡᠨ ᠮᠡᠳᠡᠵᠦ ᠪᠠᠶᠢᠨ᠎ᠠ᠃ ᠵᠢᠭᠦᠷ ᠲᠠᠯᠠᠪᠴᠢ ᠨᠢ ᠣᠣᠯ ᠤᠨ ᠢᠶᠠᠨ ᠰᠢᠭ᠋ ᠪᠠᠶᠢᠬᠤ ᠪᠠᠷ | ᠪᠣᠳᠣᠬᠤ ᠳᠤ ᠲᠡᠭᠵᠢᠨ ᠭᠤᠸᠠᠯᠢᠭ ᠪᠡᠶ᠎ᠡ ᠮᠠᠬᠠᠪᠣᠳ ᠨᠢ ᠴᠦ ᠨᠣᠭᠤᠰᠦ ᠰᠢᠣᠬᠠᠨ ᠪᠦᠳᠦᠭᠦᠨ ᠲᠠᠷᠭᠤᠨ ᠶᠠᠭᠤᠮ᠎ᠠ | ᠪᠣᠯᠣᠭᠰᠠᠨ ᠶᠤᠮ ᠴᠢᠨᠢ ᠨᠢᠰᠦᠨ ᠲᠡᠭᠦᠯᠢᠬᠦ ᠬᠡᠮᠡᠭᠴᠢ ᠭᠤᠨᠵᠢ ᠶᠢᠨ ᠵᠣᠭᠤᠭ ᠪᠣᠯᠵᠠᠢ᠃ | ᠨᠡᠩ ᠴᠦ ᠲᠡᠷᠡ ᠠᠯᠣᠰ ᠤᠨ ᠠᠶᠠᠨ ᠤ ᠨᠢᠳᠦ ᠬᠠᠯᠢᠷᠠᠮ᠎ᠠ ᠵᠣᠪᠠᠭᠤᠷᠢ ᠵᠦᠳᠡᠭᠦᠷᠢ᠂ ᠵᠢᠷᠦᠬᠡ ᠰᠢᠮᠰᠢᠷᠠᠮᠠ | ᠦᠷᠡᠭᠳᠡᠯ ᠰᠦᠢᠳᠦᠯ ᠁ ᠲᠡᠷᠡ ᠪᠦᠬᠦᠨ ᠢ ᠪᠣᠳᠣᠵᠦ ᠰᠡᠳᠬᠢᠬᠦ ᠠᠴᠠ ᠪᠠᠨ ᠴᠦ ᠠᠶᠣᠬᠤ ᠪᠣᠯᠣᠭᠰᠠᠨ | ᠰᠢᠪᠠᠭᠤᠳ ᠲᠤ ᠠᠬᠢᠭᠠᠳ ᠪᠣᠴᠠᠬᠤ ᠭᠡᠵᠦ ᠲᠡᠷᠡ ᠬᠤᠯᠠ ᠲᠡᠭᠷᠢ ᠣᠶᠢᠷ᠎ᠠ ᠪᠣᠯᠵᠠᠢ᠃ | ᠦᠯᠪᠡᠷᠡᠯ ᠤᠨ ᠬᠡᠴᠡᠭᠦᠦ ᠳᠤ ᠲᠣᠯᠭᠠᠷᠠᠭᠰᠠᠨ ᠰᠢᠪᠠᠭᠤᠳ ᠠᠷᠭ᠎ᠠ ᠦᠭᠡᠢ ᠶᠢᠨ ᠡᠷᠬᠡᠨ ᠳᠤ ᠲᠠᠯᠠᠢ ᠬᠦᠪᠡᠭᠡᠨ ᠤ | ᠵᠢᠷᠠᠭᠠᠬᠠᠢ ᠲᠡᠰᠢ ᠠᠮᠢ ᠲᠡᠮᠡᠴᠡᠨ ᠦᠬᠦᠯᠳᠦᠪᠡ᠃ ᠪᠠᠭ᠎ᠠ ᠯᠡ ᠲᠣᠳᠣᠭᠰᠢ ᠣᠷᠣᠭᠰᠠᠭᠠᠷ ᠲᠡᠪᠳᠡᠷᠢᠵᠦ ᠪᠠᠶᠢᠭᠰᠠᠨ ᠴᠦ | ᠪᠣᠯᠵᠣ ᠦᠭᠭᠦ ᠦᠭᠡᠢ ᠵᠢᠪᠬᠦ ᠭᠡᠳ ᠯᠡ ᠠᠶᠣᠯᠭᠠᠨᠠ᠃ ᠰᠠᠨᠳᠣᠷᠬᠤ ᠶᠢᠨ ᠡᠷᠬᠡᠨ ᠳᠤ ᠰᠠᠮᠪᠠᠭ᠎ᠠ ᠲᠦᠷᠦᠭᠳᠡᠭᠰᠡᠨ | ᠲᠡᠳᠡ ᠬᠤᠶᠠᠷ ᠬᠦᠯ ᠢᠶᠠᠷ ᠢᠶᠠᠨ ᠰᠡᠯᠢᠭᠦᠷ ᠪᠣᠯᠭᠠᠭᠰᠠᠨ ᠨᠢ ᠬᠠᠷᠢᠨ ᠠᠩᠬ᠎ᠠ ᠡᠬᠢᠨ ᠳᠡᠭᠡᠨ ᠪᠦᠳᠦᠵᠦ ᠦᠭᠭᠦ ᠦᠭᠡᠢ | ᠲᠣᠩᠭᠤᠷᠣᠭᠠᠳ ᠲᠣᠩᠭᠤᠷᠣᠭᠠᠳ ᠣᠰᠣ ᠵᠠᠯᠭᠢᠵᠦ ᠪᠠᠶᠢᠭᠰᠠᠨ ᠴᠦ ᠡᠳᠦᠷ ᠣᠳᠠᠭᠠᠨ ᠳᠠᠭᠠᠨ ᠢᠳᠡᠭ ᠢᠳᠡᠭ ᠢᠶᠠᠷ | ᠪᠡᠶ᠎ᠡ ᠪᠠᠨ ᠲᠣᠭᠳᠠᠭᠠᠵᠦ ᠲᠡᠶᠢᠯᠦᠭᠡᠳ ᠭᠦᠶᠦᠬᠡᠨ ᠰᠢᠭ ᠣᠰᠣᠨ ᠳᠤ ᠨᠢ ᠠᠯᠳᠠ ᠲᠠᠯᠢᠮ ᠴᠦ ᠭᠡᠰᠡᠨ ᠣᠮᠪᠠᠨ | ᠲᠡᠭᠳᠡᠬᠦ ᠴᠢᠳᠠᠯ ᠲᠠᠢ ᠪᠣᠯᠵᠦ ᠢᠷᠡᠵᠡᠢ᠃ ᠲᠣᠣᠭᠤᠷ ᠲᠡᠷᠭᠡᠳᠡᠭᠦᠷ ᠨᠢ ᠦᠩᠭᠡᠷᠡᠬᠦ ᠵᠢᠷᠠᠭᠠᠬᠠᠢ ᠶᠢ ᠢᠳᠡᠬᠦ ᠭᠡᠵᠦ | ᠬᠦᠢᠳᠡᠨ ᠰᠢᠷᠦᠭᠦᠨ ᠣᠰᠣ ᠣᠷᠣᠭᠤ ᠬᠦᠴᠦᠯᠡᠨ ᠬᠦᠴᠦᠯᠡᠨ ᠲᠣᠩᠰᠢᠨ ᠲᠣᠶ᠋ᠢᠭᠰᠠᠭᠠᠷ ᠪᠠᠶᠢᠵᠦ᠂ ᠬᠠᠶᠠ ᠬᠠᠶᠠ | ᠲᠡᠭ ᠲᠣᠮᠳᠠᠭᠤᠷ ᠨᠢ ᠬᠠᠪᠴᠢᠭᠠᠳ ᠠᠪᠬᠤ ᠮᠡᠷᠭᠡᠵᠢᠯ ᠲᠠᠢ ᠪᠣᠯᠣᠭᠰᠠᠨ ᠢᠶᠠᠷ ᠭᠡᠳᠡᠰᠦ ᠲᠣᠮᠳᠠᠭᠤᠷ ᠴᠦ ᠭᠡᠰᠡᠨ ᠠᠮᠢ | ᠭᠤᠣᠯ ᠢᠶᠠᠨ ᠠᠷᠭᠠᠴᠠᠨ ᠡᠳᠦᠷ ᠬᠤᠨᠤᠭ ᠨᠦᠭᠴᠢᠭᠡᠬᠦ ᠪᠣᠯᠪᠠ᠃ | ᠬᠠᠷᠢᠨ ᠲᠡᠭᠡᠬᠦ ᠳᠤ ᠪᠠᠶᠢᠭᠠᠯᠢ ᠶᠢᠨ ᠵᠢᠮ᠎ᠡ ᠭᠡᠬᠦ ᠦᠦ᠂ ᠠᠯᠢ ᠡᠰᠡᠬᠦᠯ᠎ᠡ ᠨᠡᠶᠢᠭᠡᠮ ᠤᠨ ᠰᠢᠬᠠᠯᠳᠠ ᠭᠡᠬᠦ ᠦᠦ | ᠪᠣᠣ ᠮᠡᠳᠡ᠂ ᠰᠣᠨᠢᠨ ᠭᠠᠶᠢᠬᠠᠯᠳᠠᠢ ᠬᠤᠪᠢᠷᠠᠯ ᠬᠤᠪᠢᠰᠣᠯᠳᠠ ᠲᠡᠳᠡᠨ ᠤ ᠪᠡᠶ᠎ᠡ ᠲᠡᠭᠡᠷ᠎ᠡ ᠶᠠᠭᠠᠬᠢᠬᠤ ᠶᠢᠨ ᠠᠷᠭ᠎ᠠ | ᠦᠭᠡᠢ ᠡᠭᠦᠰᠴᠦ ᠡᠬᠢᠯᠡᠯ᠎ᠡ᠃ ᠰᠢᠪᠠᠭᠤᠳ ᠤᠨ ᠰᠡᠯᠢᠬᠦᠷ ᠪᠣᠯᠭᠠᠨ ᠵᠠᠷᠣᠭᠰᠠᠨ ᠬᠦᠯ ᠤᠨ ᠰᠠᠯᠠᠭ᠎ᠠ ᠨᠢ ᠠᠭᠠᠵᠢᠮ | ᠢᠶᠠᠷ ᠨᠡᠶᠢᠯᠡᠯᠳᠦᠨ ᠲᠠᠪᠠᠭᠯᠠᠷᠠᠨ ᠯᠠᠷᠪᠠᠶᠢᠵᠦ ᠡᠬᠢᠯᠡᠭᠰᠡᠨ ᠢᠶᠠᠨ ᠣᠳᠠᠵᠦ ᠲᠦᠳᠡᠯ ᠦᠭᠡᠢ ᠬᠠᠪᠴᠢᠭᠤᠷ ᠪᠣᠯᠭᠠᠨ | ᠬᠡᠷᠡᠭᠯᠡᠭᠰᠡᠨ ᠬᠤᠩᠰᠢᠶᠠᠷ ᠠᠮᠠ ᠨᠢ ᠴᠦ ᠠᠶᠠᠨᠳᠠᠭᠠᠨ ᠦᠷᠭᠡᠵᠢᠨ ᠵᠣᠵᠠᠭᠠᠷᠠᠵᠦ ᠡᠷᠳᠡᠶᠢᠭᠡᠳ ᠠᠯᠢ ᠬᠡᠳᠦᠶᠢᠨᠡᠢ | ᠲᠠᠷᠭᠤᠯᠠᠵᠦ ᠮᠢᠬᠠᠯᠠᠭᠰᠠᠨ ᠪᠡᠶ᠎ᠡ ᠲᠠᠢ ᠨᠢ ᠶᠠᠭᠠᠬᠢᠬᠤ ᠶᠢᠨ ᠠᠷᠭ᠎ᠠ ᠦᠭᠡᠢ ᠵᠣᠬᠢᠴᠠᠭᠰᠠᠨ ᠨᠢ ᠭᠠᠶᠢᠬᠠᠮᠠᠷ᠃ ᠨᠡᠩ ᠴᠦ | ᠬᠤᠩᠰᠢᠶᠠᠷ ᠠᠮᠠ ᠲᠠᠢ ᠪᠠᠨ ᠵᠣᠬᠢᠴᠠᠬᠤ ᠭᠡᠰᠡᠨ ᠤ ᠴᠦ ᠪᠣᠯᠪᠠᠦ ᠬᠤᠭᠤᠯᠠᠢ ᠠᠮᠠ ᠨᠢ ᠴᠦ ᠰᠦᠭᠡᠩᠬᠢᠳᠡᠨ | ᠰᠣᠯᠣᠭᠠᠶᠢᠷᠠᠭᠠᠳ ︽ᠭᠠᠩᠭᠠᠷ ᠭᠤᠩᠭᠤᠷ︾ ᠬᠡᠮᠡᠭᠰᠡᠨ ᠢᠷᠠᠭᠤ ᠰᠣᠨᠣᠰᠬᠤᠯᠠᠩ ᠲᠠᠭᠤᠨ ᠨᠢ ᠴᠦ ︽ᠭᠤᠸ᠎ᠠ | ᠭᠤᠸ᠎ᠠ︾ ᠭᠡᠬᠦ ᠰᠢᠦ ᠯᠡ ᠰᠣᠨᠢᠨ ᠠᠪᠢᠶ᠎ᠠ ᠪᠣᠯᠵᠦ ᠬᠦᠰᠢᠭᠡᠳ ᠠᠯᠴᠠᠭ ᠲᠠᠷᠪᠠᠭ ᠠᠯᠬᠤᠳᠠᠯ ᠭᠢᠰᠭᠢᠳᠡᠯ ᠲᠠᠢ ᠨᠢ | ᠠᠶᠢᠵᠠᠮ ᠲᠠᠭᠠᠷᠠᠨ ᠵᠣᠬᠢᠴᠠᠭᠰᠠᠨ ᠢ ᠰᠢᠪᠠᠭᠤᠳ ᠦᠪᠡᠷᠳᠡᠭᠡᠨ ᠴᠦ ᠢᠳᠡᠭᠡᠵᠦ ᠶᠠᠳᠠᠨ᠎ᠠ᠃ | ᠴᠣᠬᠤᠮ ᠹᠢᠽᠢᠣᠯᠣᠬᠢ ᠶᠢᠨ ᠬᠤᠪᠢᠷᠠᠯᠳᠠ ᠭᠡᠳᠡᠭ ᠶᠠᠭᠤᠮ᠎ᠠ ᠠᠶᠠᠨᠳᠠᠭᠠᠨ ᠡᠭᠦᠰᠪᠡᠦ ᠡᠰᠡᠬᠦᠯ᠎ᠡ ᠦᠨᠳᠦᠰᠦ | ᠣᠭᠰᠠᠭᠠᠨ ᠤ ᠣᠨᠳᠣᠣᠰᠢᠯ ᠭᠡᠭᠴᠢ ᠨᠢ ᠠᠯᠪᠠ ᠪᠠᠷ ᠲᠦᠷᠢᠵᠦ ᠢᠷᠡᠪᠡᠦ ᠭᠡᠳᠡᠭ ᠢ ᠰᠢᠪᠠᠭᠤᠳ ᠤᠨ ᠬᠡᠨ ᠠᠯᠢᠨ | ᠴᠦ ᠪᠣᠳᠣᠯᠬᠢᠯᠠᠬᠤ ᠵᠣᠷᠢᠭ ᠬᠦᠷᠦᠭᠰᠡᠨ ᠦᠭᠡᠢ᠃ ᠨᠡᠩ ᠴᠦ ᠠᠯᠣᠰ ᠢᠷᠡᠭᠡᠳᠦᠢ᠂ ᠣᠳᠣᠮ ᠣᠭᠰᠠᠭ᠎ᠠ ᠬᠡᠮᠡᠬᠦ | ᠠᠭᠤᠣ ᠪᠣᠳᠣᠯ ᠠᠪᠣᠷᠭᠤ ᠬᠦᠰᠡᠯ ᠭᠡᠭᠴᠢ ᠶᠢ ᠶᠠᠭᠤ ᠶᠢ ᠨᠢ ᠦᠭᠦᠯᠡᠬᠦᠪ᠃ ᠨᠠᠭᠠᠳᠣ ᠵᠠᠬ᠎ᠠ ᠶᠢᠨ ᠦᠨᠦ ᠮᠠᠷᠭᠠᠰᠢ | ᠶᠢᠨ ᠠᠮᠢᠳᠣᠷᠠᠯ ᠠᠬᠤᠢ ᠶᠠᠮᠠᠷ ᠪᠣᠯᠣᠨ᠎ᠠ ᠭᠡᠳᠡᠭ ᠢ ᠦᠪᠦᠩ ᠲᠣᠯᠣᠭᠠᠶᠢᠳᠣ᠂ ᠣᠳᠣᠢ ᠰᠡᠭᠦᠯᠳᠦ ᠲᠡᠳᠡ ᠪᠦᠬᠦᠨ ᠢᠶᠠᠷ | ᠢᠶᠠᠨ ᠪᠣᠳᠣᠵᠦ ᠰᠡᠳᠬᠢᠬᠦ ᠠᠴᠠ ᠪᠠᠨ ᠴᠦ ᠬᠠᠯᠢᠷᠠᠨ ᠰᠦᠷᠳᠡᠬᠦ ᠪᠣᠯᠣᠭᠰᠠᠨ ᠬᠤᠶᠢᠨ᠎ᠠ ᠦᠪᠡᠷ ᠪᠡᠶ᠎ᠡ ᠶᠢᠨ ᠬᠢᠨ | ᠦᠬᠦᠯ᠂ ᠦᠨᠳᠦᠰᠦ ᠣᠭᠰᠠᠭᠠᠨ ᠤ ᠬᠢᠨ ᠮᠦᠬᠦᠯ ᠬᠡᠮᠡᠭᠴᠢ ᠶᠢ ᠲᠦᠰᠦᠭᠡᠯᠡᠨ ᠪᠣᠳᠣᠬᠤ ᠵᠣᠷᠢᠭ ᠰᠦᠰᠦ ᠠᠯᠢ | ᠬᠡᠳᠦᠶᠢᠨᠡᠢ ᠠᠷᠢᠯᠵᠦ ᠪᠦᠷᠢᠯᠦᠭᠰᠡᠨ ᠠᠵᠣᠭᠤ ᠁ | |