ᠡᠴᠦᠰ ᠤᠨ ᠶᠠᠩᠬᠢᠷ | | ᠠᠯᠳᠠᠨ᠋ᠧᠴᠢᠷ | | | | ᠭᠤᠤᠯ ᠦᠳᠡ ᠶᠢᠨ ᠭᠠᠯ ᠨᠠᠷᠠᠨ ᠠᠰ ᠲᠡᠭᠡᠷ᠎ᠡ ᠠᠴᠠ ᠲᠦᠬᠡᠨᠡᠭᠰᠡᠨ ᠠᠭᠠᠬᠢᠮ᠎ᠠ ᠵᠤᠨ ᠤ ᠪᠦᠭᠴᠢᠮ | ᠬᠠᠯᠠᠭᠤᠨ᠂ ᠠᠮᠢᠳᠠᠨ ᠭᠤᠤᠯᠳᠠᠨ ᠪᠦᠬᠦᠨ ᠢ ᠠᠮᠢᠰᠬᠤᠭ᠎ᠠ ᠠᠪᠤᠭᠤᠯᠬᠤ ᠦᠬᠡᠢ ᠬᠡᠮᠡᠷᠬᠡᠨ ᠠᠷᠭ᠎ᠠ ᠠᠭᠠᠰᠢ ᠶᠢ ᠨᠢ | ᠠᠯᠳᠠᠷᠠᠭᠤᠯᠤᠨ᠎ᠠ᠃ | ᠬᠡᠳᠡᠰᠤ ᠪᠠᠨ ᠴᠢᠷᠦᠭᠰᠡᠨ ᠡᠮ᠎ᠡ ᠶᠠᠩᠬᠢᠷ ᠬᠠᠷᠭᠠᠨ᠎ᠠ ᠮᠤᠳᠤᠨ ᠤ ᠰᠡᠶᠢᠮᠡᠬᠡᠷ ᠰᠡᠬᠦᠳᠡᠷ ᠢ ᠡᠷᠢᠯᠬᠢᠯᠡᠨ ᠠᠮᠢ | ᠲᠡᠮᠡᠴᠡᠨ᠎ᠡ᠃ ᠰᠠᠶᠢᠬᠠᠨ ᠬᠠᠨ ᠤ ᠪᠠᠨ ᠰᠠᠷᠢᠳᠠᠭ ᠤᠷᠬᠢᠯ ᠤᠨ ᠪᠡᠷᠬᠡ ᠪᠠᠷᠳᠠᠭ᠎ᠠ ᠬᠢᠬᠡᠳ ᠢᠨᠠᠭ ᠬᠠᠶᠢᠷ᠎ᠠ ᠠᠯᠢ | ᠪᠠᠶᠢᠭᠰᠠᠨ ᠢᠶᠠᠨ ᠬᠠᠷᠠᠮ ᠦᠬᠡᠢ ᠡᠷᠬᠦᠳᠡᠭ ᠲᠡᠭᠡ ᠶᠠᠩᠬᠢᠷ ᠤᠨ ᠢᠶᠠᠨ ᠬᠠᠮᠠᠭᠠᠯᠠᠯ ᠢᠶᠠᠷ ᠲᠦᠡᠭᠬᠡᠵᠤ ᠠᠮᠢ ᠭᠤᠤᠯ ᠲᠠᠢ | ᠯᠡ ᠦᠯᠡᠳᠡᠭᠰᠡᠨ ᠡᠨᠡ ᠭᠠᠭᠴᠠ ᠡᠮ᠎ᠡ ᠶᠠᠩᠬᠢᠷ᠂ ᠤᠳᠤ ᠲᠠᠪᠤ ᠠᠷᠪᠠᠨ ᠡᠳᠦᠷ ᠲᠠᠢ ᠪᠤᠯ ᠵᠢᠷᠭᠠᠯ ᠵᠤᠪᠠᠯᠠᠩ | ᠬᠤᠤᠰᠯᠠᠭᠰᠠᠨ ᠡᠨᠡ ᠬᠦ᠋ ᠡᠷᠢᠶᠡᠨ ᠪᠠᠷᠠᠭᠠᠨ ᠶᠢᠷᠳᠢᠨᠴᠤ ᠳᠤ ᠵᠠᠶᠠᠭᠠᠬᠤ ᠪᠤᠯᠤᠭᠰᠠᠨ ᠡᠩᠬᠦᠷᠡᠢ ᠦᠷ᠎ᠡ ᠪᠠᠨ ᠬᠡᠵᠤ | ᠵᠤᠪᠠᠵᠤ ᠵᠦᠳᠡᠨ ᠶᠠᠪᠤᠭ᠎ᠠ ᠠᠵᠠᠢ᠃ | ᠲᠡᠷᠡ ᠰᠡᠬᠦᠳᠡᠷ ᠲᠠᠭᠠᠨ ᠡᠷᠬᠢᠴᠨᠨᠡ᠃ ᠤᠳᠤ ᠢᠳᠡᠬᠡᠳ ᠠᠮᠳᠠ ᠦᠬᠡᠢ᠂ ᠬᠡᠪᠳᠡᠬᠡᠳ ᠨᠤᠶᠢᠷ ᠦᠬᠡᠢ | ᠪᠤᠯᠵᠠᠢ᠃ ᠤᠰᠤ᠂ ᠲᠡᠶᠢᠮᠤ ᠡ︕ ᠤᠳᠤ ᠲᠤᠰᠤᠯ ᠤᠰᠤ ᠴᠤ ᠬᠡᠰᠡᠨ ᠤᠯᠤᠭᠠᠳ ᠤᠭᠤᠴᠢᠬᠤ ᠨᠢ ᠬᠦᠬᠡᠷᠦᠬᠦᠢ | ᠡᠬᠡ ᠦᠷ᠎ᠡ ᠬᠤᠶᠠᠷ ᠤᠨ ᠠᠮᠢ ᠭᠤᠤᠯ ᠢ ᠠᠪᠤᠷᠠᠬᠤ ᠴᠤᠷ ᠤᠨ ᠭᠠᠭᠴᠠ ᠭᠤᠷᠢᠳᠠᠯ ᠪᠤᠯᠤᠭᠰᠠᠨ ᠨᠢ ᠦᠨᠡᠨᠳᠡᠢ᠃ | ᠤᠰᠤᠨ ᠳᠤ ᠶᠠᠪᠤᠳᠠᠭ ᠵᠠᠮ ᠢᠶᠠᠨ ᠡᠮ᠎ᠡ ᠶᠠᠩᠬᠢᠷ ᠲᠤᠳᠤ ᠠᠴᠠ ᠲᠤᠳᠤ ᠴᠡᠬᠡᠵᠢᠯᠡᠵᠤ ᠪᠠᠶᠢᠨ᠎ᠠ᠃ ᠨᠢᠳᠤ ᠪᠠᠨ | ᠠᠨᠢᠭᠠᠳ ᠶᠠᠪᠤᠭᠰᠠᠨ ᠴᠤ ᠠᠳᠡᠭᠡ ᠦᠬᠡᠢ ᠬᠦᠷᠬᠦ ᠯᠡ ᠭᠠᠵᠠᠷ᠃ ᠲᠡᠬᠡᠪᠡᠴᠤ ᠲᠡᠷᠡ ᠵᠠᠮ ᠢᠶᠠᠷ ᠲᠡᠷᠡ ᠭᠠᠵᠠᠷ | ᠤᠭᠳᠤ ᠤᠴᠢᠵᠤ ᠪᠤᠯᠬᠤ ᠦᠬᠡᠢ ᠬᠡᠳᠡᠭ ᠢᠶᠠᠨ ᠲᠡᠷᠡ ᠨᠡᠩ ᠴᠤ ᠲᠤᠳᠤ ᠠᠴᠠ ᠲᠤᠳᠤ ᠮᠡᠳᠡᠨ᠎ᠡ᠃ | ᠭᠤᠷᠪᠠᠨ ᠡᠳᠦᠷ ᠤᠨ ᠯᠡ ᠡᠮᠤᠨ᠎ᠡ᠂ ᠲᠡᠭᠡ ᠶᠠᠩᠬᠢᠷ ᠤᠨ ᠢᠶᠠᠨ ᠲᠠᠭᠠᠭᠤᠯᠤᠯ ᠬᠠᠮᠠᠭᠠᠯᠠᠯ ᠢᠶᠠᠷ ᠲᠡᠷᠡ ᠯᠡ | ᠵᠠᠮ ᠢᠶᠠᠷ ᠦᠳᠡ ᠶᠢᠨ ᠤᠰᠤᠨ ᠳᠠᠭᠠᠨ ᠶᠠᠪᠤᠭᠰᠠᠨ ᠢᠶᠠᠨ ᠪᠠᠳᠤ ᠴᠡᠬᠡᠵᠢᠯᠡᠵᠤ ᠪᠠᠶᠢᠨ᠎ᠠ ᠰᠢᠣ ᠳ᠋ᠠ᠃ | ᠁ ᠲᠡᠷᠡ ᠤᠰᠤ ᠤᠤᠭᠤᠬᠤ ᠠᠭᠱᠠᠨ ᠳᠤ ᠯᠡ ᠲᠤᠤᠷᠠᠳᠤ ᠤᠷᠤᠰᠬᠠᠯ ᠤᠨ ᠲᠠᠨᠳᠡᠴᠡ ︽ᠱᠤᠷ᠂ | ᠱᠤᠷ᠂ ᠱᠤᠷ ᠁︾ ᠬᠡᠬᠦ ᠰᠤᠨᠢᠨ ᠴᠢᠮᠡᠭᠡ ᠠᠨᠢᠷ ᠲᠤᠭᠤᠯᠳᠠᠵᠤ ᠪᠠᠶᠢᠭᠰᠠᠨ ᠢᠶᠠᠨ ᠶᠡᠷᠦ ᠠᠴᠠ ᠦᠨᠦᠷᠳᠦᠭᠳᠡᠵᠤ | ᠦᠵᠡᠭᠡ ᠦᠬᠡᠢ ᠨᠢᠯᠤᠭᠤᠨ ᠮᠠᠭᠤᠬᠠᠢ ᠦᠨᠦᠷ ᠬᠠᠮᠠᠷ ᠭᠠᠳᠠᠮ᠎ᠠ ᠰᠡᠩᠬᠢᠨᠡᠵᠡᠢ᠃ ᠪᠠᠶᠢᠳᠠᠯ ᠬᠡᠴᠡᠬᠦᠳᠡᠭᠰᠡᠨ ᠢ ᠬᠤᠷᠴᠠ | ᠰᠡᠷᠡᠯ ᠢᠶᠠᠷ ᠢᠶᠠᠨ ᠪᠠᠷᠤᠭᠯᠠᠭᠰᠠᠨ ᠬᠤᠤᠰ ᠶᠠᠩᠬᠢᠷ ᠵᠡᠷᠬᠡᠳᠡ ᠪᠠᠨ ᠴᠤᠴᠢᠮᠠᠭ ᠡᠷᠬᠢᠵᠤ ᠪᠤᠷᠤ ᠮᠦᠷ ᠢᠶᠠᠷ ᠢᠶᠠᠨ | ᠪᠤᠴᠠᠨ ᠬᠠᠷᠠᠶᠢᠪᠠ ᠃ | ︽ᠭᠤᠸ᠎ᠠ ᠯᠠ᠂ ᠱᠠ ᠯᠠ ᠁︾ ᠶᠡᠷᠦ ᠰᠤᠨᠤᠰᠴᠤ ᠦᠡᠭᠬᠡᠷᠡᠭᠡ ᠦᠬᠡᠢ ᠰᠤᠨᠢᠬᠠᠨ ᠲᠠᠭᠤᠨ ᠢᠶᠠᠷ | ᠤᠷᠢᠯᠠᠯᠳᠤᠭᠰᠠᠨ ᠬᠤᠶᠠᠷ ᠬᠦᠯ ᠲᠠᠢ ᠬᠠᠷ᠎ᠠ ᠲᠤᠯᠤᠭᠠᠶᠢᠳᠤ ᠭᠤᠵᠤᠭᠤᠷ ᠠᠮᠢᠳᠠᠳ ᠠᠷᠤ ᠠᠴᠠ ᠨᠢ ᠨᠡᠬᠡᠨ ᠢᠷᠡᠬᠦ | ᠪᠦᠬᠡᠳ ︽ᠲᠦᠡᠭ ᠲᠠᠩ︾ ᠬᠡᠮᠡᠬᠦ ᠨᠦᠰᠡᠷ ᠲᠠᠭᠤᠨ ᠦᠷᠬᠦᠯᠵᠢᠯᠡᠬᠡᠳ ᠪᠠᠰᠠ ᠨᠢᠬᠡ ᠰᠤᠨᠢᠬᠠᠨ ᠦᠨᠦᠷ ᠲᠠᠢ ᠬᠦᠬᠡ | ᠴᠡᠩᠬᠡᠷ ᠤᠳᠤᠭ᠎ᠠ ᠪᠠᠶᠢᠨ ᠲᠠᠬᠢᠨ ᠰᠤᠭᠤᠨᠠᠭᠯᠠᠨ᠎ᠠ᠃ | ᠠᠭᠤᠯᠠᠨ ᠤ ᠪᠠᠷᠳᠠᠭ᠎ᠠ᠂ ᠮᠤᠳᠤᠨ ᠤ ᠢᠭ᠌ᠴᠢ ᠳᠤ ᠰᠤᠴᠢᠮᠠᠭ ᠬᠦᠶᠤᠳᠡᠯ ᠢᠶᠠᠷ ᠢᠶᠠᠨ ᠬᠤᠷᠤᠮ ᠵᠠᠭᠤᠷ᠎ᠠ | ᠭᠤᠵᠤᠭᠤᠷ ᠤᠳ ᠠᠴᠠ ᠨᠡᠯᠢᠶᠡᠳ ᠵᠠᠶᠢᠳᠠᠨ ᠠᠮᠵᠢᠬᠰᠠᠨ ᠪᠤᠯᠪᠠᠴᠤ᠂ ᠦᠵᠡᠳᠡᠯ᠎ᠡ ᠡᠮ᠎ᠡ ᠶᠠᠩᠬᠢᠷ ᠤᠨ ᠬᠡᠳᠡᠰᠤ | ᠭᠠᠵᠠᠷ ᠴᠢᠷᠦᠭᠳᠡᠮᠡ ᠪᠤᠯᠵᠤ᠂ ᠲᠤᠷᠭᠠᠨ ᠬᠦᠶᠤᠳᠠᠯ ᠨᠢ ᠮᠡᠳᠡᠭᠳᠡᠮ᠎ᠡ ᠰᠤᠯᠠᠷᠠᠭᠠᠳ᠂ ᠠᠮᠢᠰᠬᠤᠭ᠎ᠠ ᠨᠢ ᠪᠦᠭᠯᠡᠷᠡᠨ | ᠰᠦᠢᠯᠬᠢᠯᠡᠵᠤ ᠡᠬᠢᠯᠡᠯ᠎ᠡ᠃ ᠬᠠᠨᠢ ᠶᠢᠨ ᠢᠶᠠᠨ ᠵᠤᠪᠠᠯ ᠵᠦᠳᠡᠷᠡᠯ ᠢ ᠰᠡᠳᠬᠢᠯ ᠢᠶᠠᠷ ᠢᠶᠠᠨ ᠮᠡᠳᠡᠷᠡᠭᠰᠡᠨ ᠲᠡᠭᠡ ᠶᠠᠩᠬᠢᠷ᠂ | ᠵᠤᠬᠬᠢᠨ ᠬᠦᠯᠢᠬᠡᠯᠵᠡᠬᠦ᠂ ᠪᠠᠶᠡᠳᠡᠨ ᠨᠦᠷᠢᠬᠦ ᠬᠡᠬᠦᠴᠢᠯᠡᠨ ᠶᠠᠩᠵᠤ ᠶᠢᠨ ᠠᠷᠭ᠎ᠠ ᠠᠪᠤᠭᠰᠠᠨ ᠪᠤᠯᠪᠠᠴᠤ ᠶᠠᠮᠠᠷ ᠴᠤ | ᠲᠤᠰᠠ ᠪᠤᠯᠤᠭ᠎ᠠ ᠦᠬᠡᠢ᠃ ᠡᠮ᠎ᠡ ᠶᠠᠩᠬᠢᠷ ᠤᠨ ᠬᠦᠯᠦᠰᠤ ᠤᠰᠤ ᠴᠢᠪ ᠴᠢᠪ ᠲᠤᠰᠤᠯᠠᠵᠤ᠂ ᠠᠶᠤᠨ ᠰᠤᠴᠢᠭᠰᠠᠨ | ᠨᠢᠳᠤ ᠨᠢ ᠬᠦᠬᠡᠷᠦᠬᠦᠶᠢᠯᠡᠯᠳᠡᠢ ᠪᠦᠯᠳᠡᠬᠡᠨᠡᠨᠡ᠃ | ᠭᠤᠵᠣᠭᠤᠷ ᠬᠠᠷ᠎ᠠ ᠨᠤᠭᠤᠳ ᠢᠳᠡᠭ ᠢᠳᠡᠭ ᠢᠶᠠᠷ ᠤᠶᠢᠷᠠᠳᠤᠨ ᠢᠷᠡᠯ᠎ᠡ᠃ ︽ᠭᠤᠸ᠎ᠠ ᠯᠠ᠂ ᠱᠠ ᠯᠠ ᠁︾ | ᠤᠷᠢᠯᠠᠯᠳᠤᠬᠤ ᠲᠠᠭᠤᠨ ᠵᠤᠭᠰᠤᠭ᠎ᠠ ᠦᠬᠡᠢ᠃ ︽ᠲᠦᠡᠭ ᠲᠠᠩ᠂ ᠲᠦᠡᠭ ᠲᠠᠩ ᠁︾ ᠨᠦᠰᠡᠷ ᠲᠠᠭᠤᠨ | ᠦᠷᠬᠦᠯᠵᠢᠯᠡᠨ᠎ᠡ᠃ | ᠡᠨᠡ ᠯᠡ ᠬᠤᠷᠳᠤᠴᠠ ᠪᠠᠷ ᠠᠮᠢ ᠭᠠᠷᠤᠨ᠎ᠠ ᠬᠡᠵᠤ᠂ ᠲᠡᠷᠡ ᠬᠤᠯᠠ ᠲᠡᠭᠷᠢ ᠤᠶᠢᠷ᠎ᠠ ᠪᠣᠯᠣᠭᠰᠠᠨ ᠬᠡᠳᠡᠭ ᠢ | ᠲᠡᠭᠡ ᠶᠠᠩᠬᠢᠷ ᠡᠷᠡᠬᠦᠯ ᠤᠬᠠᠭᠠᠨ ᠳᠠᠭᠠᠨ ᠪᠤᠳᠤᠵᠤ ᠠᠮᠵᠢᠵᠠᠢ᠃ ᠲᠡᠷᠡ ᠦᠬᠦᠨ ᠬᠠᠭ᠋ᠤᠨ ᠠᠮᠢ ᠵᠢᠭᠤᠳᠠᠭᠠ ᠨᠠᠰᠤᠨ | ᠤ ᠬᠠᠨᠢ ᠶᠢᠨ ᠢᠶᠠᠨ ᠬᠦᠬᠡᠷᠦᠬᠦᠢ ᠲᠦᠷᠢ ᠶᠢ ᠬᠠᠷᠠᠵᠤ᠂ ᠶᠢᠷᠳᠢᠨᠴᠤ ᠶᠠᠮᠠᠷ ᠢ ᠮᠡᠳᠡᠬᠦ ᠵᠠᠪ ᠦᠬᠡᠢ ᠦᠬᠦᠯ ᠮᠦᠬᠦᠯ | ᠳᠤ ᠲᠤᠯᠭᠠᠷᠠᠭᠰᠠᠨ ᠡᠩᠬᠦᠷᠡᠢ ᠦᠷ᠎ᠡ ᠪᠠᠨ ᠪᠤᠳᠤᠭᠠᠳ ᠡᠷ᠎ᠡ ᠪᠤᠯᠬᠤ ᠶᠢᠨ ᠬᠠᠷᠢᠭᠤᠴᠠᠯᠭ᠎ᠠ᠂ ᠡᠴᠢᠬᠡ ᠰᠠᠭᠤᠬᠤ ᠶᠢᠨ | ᠡᠬᠦᠷᠬᠡ ᠪᠠᠨ ᠡᠷᠬᠡᠪᠰᠢ ᠬᠦᠢᠴᠡᠳᠬᠡᠬᠦ ᠴᠠᠭ ᠤᠳᠤ ᠪᠤᠯᠤᠭᠰᠠᠨ ᠬᠡᠳᠡᠭ ᠢᠶᠠᠨ ᠬᠡᠨ ᠢᠶᠠᠷ ᠴᠤ ᠬᠡᠯᠡᠬᠦᠯᠬᠦ ᠦᠬᠡᠢ | ᠤᠬᠠᠭᠠᠷᠠᠵᠠᠢ᠃ | ᠲᠡᠳᠡ ᠠᠭᠤᠯᠠᠨ ᠪᠠᠯ ᠤᠨ ᠬᠠᠮᠤᠭ ᠢᠭ᠌ᠴᠢ ᠰᠠᠬᠤᠯᠢᠭ ᠬᠠᠷᠠᠭᠠᠨ᠎ᠠ ᠤᠯᠠᠭᠠᠪᠤᠷ ᠲᠠᠢ ᠭᠠᠵᠠᠷ ᠬᠦᠷᠴᠤ | ᠢᠷᠡᠯ᠎ᠡ᠃ ᠤᠳᠤ ᠡᠬᠦᠨ ᠳᠤ ᠯᠡ ᠠᠷᠭ᠎ᠠ ᠬᠢᠬᠦ ᠴᠢᠬᠤᠯᠠ ᠲᠠᠢ ᠬᠡᠮᠡᠨ ᠰᠢᠢᠳᠦᠭᠰᠡᠨ ᠲᠡᠭᠡ ᠶᠠᠩᠬᠢᠷ ᠴᠢᠭᠯᠡᠯ ᠢᠶᠠᠨ | ᠦᠬᠡᠷᠡᠴᠢᠯᠡᠵᠤ᠂ ᠵᠡᠬᠦᠨ ᠵᠦᠭ ᠰᠢᠷᠭᠤᠯᠠᠨ ᠤᠷᠤᠭᠠᠳ ᠠᠷᠪᠠᠭᠠᠳ ᠮᠧᠲᠷ ᠶᠠᠪᠤᠭᠰᠠᠨ ᠢᠶᠠᠨ ᠵᠦᠳᠡᠬᠦᠤ ᠯᠡ | ᠲᠠᠭᠠᠵᠤ ᠰᠦᠢᠯᠬᠢᠯᠡᠵᠤ ᠢᠷᠡᠭᠰᠡᠨ ᠡᠮ᠎ᠡ ᠶᠠᠩᠬᠢᠷ ᠢ ᠬᠦᠡᠭᠬᠡᠬᠡᠨ ᠶᠤᠪᠤᠷᠤᠮᠠᠭᠴᠠ᠂ ᠲᠡᠷᠡ ᠨᠢ ᠪᠡᠶ᠎ᠡ ᠳᠡᠭᠡᠨ ᠡᠵᠡᠨ | ᠪᠤᠯᠵᠤ ᠲᠡᠶᠢᠯᠦᠯ ᠦᠬᠡᠢ ᠤᠯᠠᠭᠠᠪᠤᠷ ᠤᠨ ᠤᠭ ᠲᠤ ᠰᠢᠷᠭᠤᠴᠢᠨ ᠤᠨᠠᠪᠠ᠃ ᠲᠡᠭᠡ ᠶᠠᠩᠬᠢᠷ᠂ ᠡᠩᠬᠦᠷᠡᠢ ᠬᠠᠨᠢ ᠪᠠᠨ | ᠬᠠᠶᠢᠷᠠᠯᠠᠵᠤ ᠰᠠᠨᠠᠭᠰᠠᠨ᠂ ᠰᠠᠯᠵᠤ ᠶᠠᠳᠠᠭᠰᠠᠨ ᠵᠦᠷᠢᠴᠡᠯᠳᠦ ᠰᠡᠳᠬᠢᠯᠭᠡ ᠪᠠᠷ ᠬᠡᠰᠡᠭ ᠵᠠᠭᠤᠷ᠎ᠠ ᠦᠨᠦᠷᠯᠡᠭᠡᠳ ᠬᠦᠯ | ᠢᠶᠠᠨ ᠨᠢᠬᠡ ᠨᠢᠬᠡ ᠪᠠᠷ ᠵᠦᠬᠡᠬᠡᠨ ᠠᠭᠠᠵᠢᠮ ᠤᠬᠤᠷᠢᠭᠰᠠᠨ ᠢᠶᠠᠨ ᠬᠡᠨᠡᠳᠳᠡ ᠤᠭᠵᠤᠮ ᠡᠷᠬᠢᠵᠤ᠂ ᠮᠤᠳᠤ ᠰᠢᠭᠤᠢ | ᠶᠢᠨ ᠲᠤᠮᠳᠠᠭᠤᠷ ᠰᠢᠷᠭᠤᠴᠢᠨ ᠵᠦᠭ ᠪᠤᠷᠤᠭᠤᠯᠠᠨ ᠲᠡᠬᠦᠯᠢᠭᠰᠡᠭᠡᠷ ᠤᠳᠠᠵᠤ ᠲᠦᠳᠡᠯ ᠦᠬᠡᠢ ᠠᠯᠠᠭ᠎ᠠ ᠪᠤᠯᠵᠠᠢ᠃ | ᠡᠮ᠎ᠡ ᠶᠠᠩᠬᠢᠷ ᠬᠠᠶᠢᠷᠠᠳᠤ ᠢᠵᠢᠯᠢ ᠶᠢᠨ ᠢᠶᠠᠨ ᠬᠤᠶᠢᠨ᠎ᠠ ᠠᠴᠠ ᠶᠠᠪᠤᠬᠤ ᠬᠡᠮᠡᠨ ᠦᠨᠳᠡᠯᠵᠡᠭᠰᠡᠨ ᠪᠤᠯᠪᠠᠴᠤ᠂ | ᠮᠠᠭᠤᠳᠠᠵᠤ ᠵᠦᠳᠡᠭᠰᠡᠨ ᠬᠦᠨᠳᠤ ᠪᠠᠶ᠎ᠡ ᠪᠠᠨ ᠡᠷᠬᠦᠵᠤ ᠲᠡᠶᠢᠯᠦᠯ ᠦᠬᠡᠢ ᠤᠭ ᠤᠷᠤᠨ ᠳᠠᠭᠠᠨ ᠨᠤᠭᠳᠤᠰᠬᠢᠵᠡᠢ᠃ | ᠲᠡᠬᠦᠨ ᠤ ᠨᠤᠮᠤᠬᠠᠨ ᠪᠤᠷᠤ ᠨᠢᠳᠤᠨ ᠠᠴᠠ ᠪᠦᠳᠦᠬᠦᠨ ᠪᠦᠳᠦᠬᠦᠨ ᠨᠢᠯᠪᠤᠰᠤᠨ ᠲᠤᠰᠤᠯ ᠰᠤᠪᠤᠳ ᠤᠨ ᠬᠡᠯᠬᠢᠶ᠎ᠡ | ᠰᠢᠣᠬᠠᠨ ᠪᠦᠮᠪᠦᠷᠢᠯ᠎ᠡ᠃ | ᠲᠡᠬᠡᠳᠡᠯ᠎ᠡ ᠮᠠᠭᠤᠬᠠᠢ ᠨᠢᠯᠤᠭᠤᠨ ᠦᠨᠦᠷ ᠨᠡᠩ ᠠᠶᠢᠬᠤᠪᠳᠤᠷ ᠪᠤᠯᠵᠤ᠂ ︽ᠭᠤᠸ᠎ᠠ ᠯᠠ᠂ ᠱᠠ ᠯᠠ ᠁ | ︾ ᠬᠡᠵᠤ ᠤᠷᠢᠯᠠᠯᠳᠤᠬᠤ ᠲᠠᠭᠤᠨ ᠵᠠᠬ᠎ᠠ ᠳᠤᠨᠢ ᠲᠤᠯᠵᠤ ᠢᠷᠡᠮᠡᠷ ᠪᠤᠯᠤᠯ᠎ᠠ᠃ ᠡᠮ᠎ᠡ ᠶᠠᠩᠬᠢᠷ ᠨᠢᠳᠤ ᠪᠠᠨ ᠠᠨᠢᠨ | ᠠᠮᠢᠰᠬᠤᠯ ᠢᠶᠠᠨ ᠲᠠᠷᠤᠭᠠᠳ᠂ ᠪᠦᠳᠦᠬᠦᠨ ᠬᠡᠳᠡᠰᠤ ᠪᠠᠨ ᠨᠢᠭᠤᠨ ᠲᠠᠯᠳᠠᠯᠠᠬᠤ ᠬᠡᠰᠡᠨ ᠰᠢᠭ ᠤᠯᠠᠭᠠᠪᠤᠷ ᠤᠨ ᠤᠭ | ᠤᠷᠤᠭᠤ ᠠᠳᠤᠷᠢᠨ ᠰᠢᠷᠬᠢᠪᠡ᠃ | ᠲᠡᠷᠡ ᠲᠤᠳᠤᠷ᠎ᠠ ᠪᠠᠨ ︽ᠡᠴᠢᠬᠡ ᠲᠡᠭᠷᠢ ᠮᠢᠨᠢ᠂ ᠡᠬᠡ ᠲᠡᠯᠡᠬᠡᠢ ᠮᠢᠨᠢ︕ ᠨᠤᠳᠤᠭ ᠢᠶᠠᠨ ᠰᠠᠬᠢᠵᠤ | ᠨᠤᠭᠤᠯᠤᠭᠤᠷ ᠢᠶᠠᠨ ᠢᠳᠡᠬᠡᠳ᠂ ᠠᠮᠢ ᠭᠤᠤᠯ ᠢᠶᠠᠨ ᠯᠡ ᠡᠪᠯᠡᠬᠦᠯᠵᠤ ᠪᠠᠶᠢᠭ᠎ᠠ ᠦᠴᠦᠬᠡᠨ ᠦᠷ᠎ᠡ ᠪᠠᠨ ᠦᠷᠦᠬᠡᠯ | ᠤᠨ ᠡᠷᠬᠡᠨ ᠳᠤ ᠤᠷᠤᠭᠤᠯᠵᠤ᠂ ᠦᠬᠦᠯ ᠤᠨ ᠵᠤᠪᠠᠯᠠᠩ ᠠᠮᠰᠠᠭᠤᠯᠤᠨ᠎ᠠ ᠬᠡᠵᠤ ᠤᠤ ᠳ᠋ᠠ︖ ᠬᠠᠯᠠᠭᠤᠨ ᠡᠩᠬᠡᠷ | ᠪᠦᠯᠢᠶᠡᠨ ᠰᠢᠷᠦᠢ ᠳᠤ ᠴᠢᠨᠢ ᠤᠨᠠᠵᠤ ᠢᠷᠡᠬᠦ ᠵᠠᠪ ᠪᠤᠯᠤᠭ᠎ᠠ ᠦᠬᠡᠢ ᠦᠷ᠎ᠡ ᠪᠠᠨ ᠬᠠᠷᠬᠢᠰ ᠲᠡᠭᠡᠷᠡᠮ ᠤᠨ ᠬᠠᠷ᠎ᠠ | ᠰᠠᠪᠠᠷ ᠲᠤ ᠦᠷᠳᠦᠬᠦᠯᠦᠨ᠂ ᠬᠠᠨᠣᠵᠣ ᠴᠠᠳᠣᠰᠢ ᠦᠬᠡᠢ ᠬᠤᠪᠳᠤᠭ ᠰᠢᠨᠣᠯ ᠢ ᠨᠢ ᠲᠠᠶᠢᠯᠠᠬᠤ ᠬᠡᠵᠤ ᠤᠤ ᠳ᠋ᠠ ᠁ | ᠬᠠᠨ ᠬᠠᠶᠢᠷᠬᠠᠨ ᠮᠢᠨᠢ ᠡ︕ ᠬᠠᠪᠴᠢᠯ ᠵᠢᠯᠠᠭ᠎ᠠ ᠮᠢᠨᠢ︾ ᠬᠡᠵᠤ ᠡᠮ᠎ᠡ ᠶᠠᠩᠬᠢᠷ ᠡᠮᠬᠡᠨᠢᠨ ᠵᠠᠯᠪᠠᠷᠢᠨ᠎ᠠ᠃ | ︽ᠭᠤᠸ᠎ᠠ ᠯᠡ᠂ ᠱᠠ ᠯᠠ ᠁ ᠭᠤᠸ᠎ᠠ ᠯᠠ᠂ ᠱᠠ ᠯᠠ ᠁︾ ᠭᠤᠵᠤᠭᠤᠷ ᠬᠠᠷ᠎ᠠ ᠨᠤᠭᠤᠳ | ᠦᠮᠡᠬᠡᠢ ᠨᠢᠯᠤᠭᠤᠨ ᠦᠨᠦᠷ ᠢᠶᠠᠨ ᠰᠡᠩᠬᠢᠨᠡᠬᠦᠯᠦᠭᠰᠡᠬᠡᠷ ᠡᠮ᠎ᠡ ᠶᠠᠩᠬᠢᠷ ᠠᠴᠠ ᠬᠡᠳᠦᠬᠡᠨ ᠠᠯᠬᠤᠮ ᠤᠨ ᠲᠡᠷᠳᠡᠭᠡ | ᠤᠷᠢᠯᠠᠵᠤ ᠴᠢᠷᠠᠯᠠᠵᠤ ᠪᠠᠶᠢᠭᠰᠠᠨ ᠢᠶᠠᠨ ᠶᠠᠭᠤ ᠪᠤᠯᠤᠭᠰᠠᠨ ᠢ ᠪᠤᠤ ᠮᠡᠳᠡ ᠬᠡᠨᠡᠳᠳᠡ ᠡᠰᠡᠷᠬᠦ ᠴᠢᠭᠯᠡᠯ ᠢ ᠪᠠᠷᠢᠨ | ᠬᠤᠷᠳᠤᠯᠠᠨ ᠬᠤᠯᠠᠳᠤᠯ᠎ᠠ᠃ | ᠡᠴᠢᠬᠡ ᠲᠡᠭᠷᠢ ᠡᠬᠡ ᠲᠡᠯᠡᠬᠡᠢ ᠮᠢᠨᠢ ᠡᠨᠡᠷᠢᠯ ᠬᠠᠶᠢᠷᠠᠯᠠᠵᠠᠢ᠃ ᠡᠨᠡᠯᠵᠤ ᠰᠢᠨᠠᠯᠤᠭᠰᠠᠨ ᠦᠷ᠎ᠡ ᠪᠠᠨ ᠦᠬᠦᠯ | ᠤᠨ ᠲᠠᠮᠤ ᠠᠴᠠ ᠠᠪᠤᠷᠠᠵᠠᠢ᠃ ᠦᠷ᠎ᠡ ᠪᠠᠨ ᠬᠡᠰᠡᠨ ᠡᠮ᠎ᠡ ᠶᠠᠩᠬᠢᠷ ᠶᠠᠭᠤ ᠪᠤᠯᠤᠭᠰᠠᠨ ᠴᠦ ᠵᠢᠭᠠᠬᠠᠨ ᠰᠠᠨᠠᠭ᠎ᠠ | ᠠᠮᠠᠷᠠᠵᠤ ᠠᠪᠤᠯ᠎ᠠ᠃ | ︽ᠲᠦᠡᠭ ᠲᠠᠩ᠂ ᠲᠦᠡᠭ ᠲᠠᠩ ᠁︾ ᠦᠨᠦ ᠨᠦᠰᠡᠷ ᠲᠠᠭᠤᠨ ᠡᠰᠡᠷᠬᠦ ᠲᠠᠯ᠎ᠠ ᠶᠢᠨ ᠬᠠᠳᠠᠨ ᠤ | ᠲᠠᠨᠳᠡ ᠠᠴᠠ ᠲᠠᠬᠢᠨᠳᠠ ᠰᠤᠨᠤᠰᠳᠠᠪᠠ᠃ | ︽ᠬᠠᠶᠢᠷᠠᠳᠤ ᠬᠠᠨᠢ — ᠲᠡᠭᠡ ᠶᠠᠩᠬᠢᠷ︾ ᠬᠡᠮᠡᠬᠦ ᠪᠤᠳᠤᠯ ᠰᠠᠶ᠋ᠢᠬᠠᠨ ᠠᠮᠤᠷᠵᠢᠵᠤ ᠠᠪᠤᠭᠰᠠᠨ ᠡᠮ᠎ᠡ | ᠶᠠᠩᠬᠢᠷ ᠤᠨ ᠪᠤᠳᠤᠯ ᠳᠤ ᠬᠠᠷᠪᠤᠨ ᠤᠷᠤᠬᠤ ᠪᠠᠷ ᠲᠠᠬᠢᠭᠠᠳ ᠬᠠᠭᠠᠴᠠᠯ ᠵᠤᠪᠠᠯ ᠤᠨ ᠮᠠᠨᠠᠨ ᠪᠦᠬᠦ ᠰᠠᠨᠠᠭ᠎ᠠ ᠰᠡᠳᠬᠢᠯ | ᠢ ᠨᠢ ᠪᠦᠷᠬᠦᠨ ᠢᠷᠡᠯ᠎ᠡ᠃ ᠲᠡᠷᠡ ᠬᠠᠳᠠᠭᠤᠵᠢᠨ ᠪᠤᠰᠤᠭᠠᠳ ᠠᠭᠤᠯᠠ ᠦᠬᠡᠳᠡ ᠦᠭᠰᠤᠨ ᠬᠦᠴᠢᠷᠳᠡᠶᠢᠬᠡᠨ | ᠱᠤᠭᠰᠢᠵᠤ᠂ ︽ᠲᠡᠷᠡ ᠮᠢᠨᠢ ᠶᠠᠭᠠᠬᠢᠭ᠎ᠠ ᠪᠤᠯ︖ ᠬᠠᠷ᠎ᠠ ᠠᠶᠤᠯ ᠠᠴᠠ ᠬᠡᠯᠳᠦᠷᠢᠭᠰᠡᠨ ᠪᠤᠯ ᠤᠤ︖︾ ᠬᠡᠮᠡᠨ | ᠰᠠᠨᠠᠨ ᠰᠠᠨᠠᠨ ᠬᠤᠷᠳᠤᠯᠠᠨ᠎ᠠ᠃ ᠲᠡᠷᠡ ᠢᠭ᠌ᠴᠢ ᠤᠢ ᠮᠤᠳᠤᠨ ᠠᠴᠠ ᠰᠢᠷᠭᠤᠯᠠᠨ ᠭᠠᠷᠤᠮᠠᠭᠴᠠ᠂ ᠡᠰᠡᠷᠬᠦ ᠲᠠᠯ᠎ᠠ ᠶᠢᠨ | ᠠᠭᠤᠯᠠ ᠦᠬᠡᠳᠡ ᠬᠦᠰᠡᠯ ᠭᠤᠷᠢᠳᠠᠯ ᠤᠨ ᠬᠠᠷᠠᠴᠠ ᠬᠦᠶᠦᠯᠬᠡᠯᠡ᠃ | ᠦᠨᠡᠨ ᠢ ᠬᠡᠯᠡᠬᠦ ᠳᠤ ᠲᠡᠭᠡ ᠶᠠᠩᠬᠢᠷ ᠢᠭ᠌ᠴᠢ ᠬᠠᠷᠭᠠᠨ᠎ᠠ᠂ ᠰᠠᠬᠤᠯᠢᠭ ᠤᠯᠠᠭᠠᠪᠤᠷ ᠢᠶᠠᠷ ᠲᠠᠮᠵᠢᠨ ᠠᠰ | ᠲᠡᠭᠡᠭᠰᠢ ᠤᠷᠬᠢᠯ ᠦᠬᠡᠳᠡ ᠶᠠᠪᠤᠪᠠᠯ ᠲᠠᠮᠡᠢ ᠬᠡᠳᠤᠨ ᠵᠠᠭᠤᠨ ᠠᠯᠬᠤᠮ ᠬᠦᠶᠦᠬᠦ ᠦᠬᠡᠢ ᠠᠭᠤᠯᠠ ᠶᠢ ᠲᠠᠪᠠᠨ | ᠴᠢᠨᠠᠬᠰᠢ ᠭᠠᠷᠴᠤ ᠡᠰᠡᠨ ᠮᠡᠨᠳᠤ ᠠᠮᠢ ᠭᠠᠷᠴᠤ ᠪᠤᠯᠬᠤ ᠶᠢ ᠴᠠᠭᠠᠨ᠎ᠠ ᠨᠢ ᠭᠠᠷᠳᠠᠯ᠎ᠠ ᠮᠡᠳᠡᠵᠤ ᠪᠠᠶᠢᠯ᠎ᠠ᠃ ᠬᠡᠳᠡᠯ᠎ᠡ | ᠲᠡᠬᠦᠨ ᠳᠤ ᠭᠠᠭᠴᠠ ᠬᠠᠷ᠎ᠠ ᠠᠮᠢ ᠪᠠᠨ ᠯᠡ ᠪᠤᠷᠤᠯᠠᠭᠤᠯᠬᠤ ᠤᠨᠴᠠ ᠡᠷᠬᠡ ᠬᠡᠵᠤ ᠶᠠᠭᠠᠬᠢᠭᠰᠠᠨ ᠴᠤ ᠪᠠᠶᠢᠵᠤ | ᠴᠢᠳᠠᠭᠰᠠᠨ ᠦᠬᠡᠢ᠃ ᠬᠠᠷᠢᠨ ᠡᠮ᠎ᠡ ᠦᠷ᠎ᠡ ᠪᠠᠨ ᠬᠠᠮᠠᠭᠠᠯᠠᠬᠤ᠂ ᠡᠷᠦᠬᠡ ᠬᠡᠷ ᠲᠡᠭᠡᠨ ᠬᠠᠷᠢᠭᠤᠴᠠᠬᠤ ᠦᠨᠡᠨᠴᠢ | ᠬᠠᠶᠢᠷ᠎ᠠ᠂ ᠠᠮᠢᠳᠠᠨ ᠭᠤᠤᠯᠳᠠᠨ ᠳᠤ ᠪᠤᠷᠬᠠᠨ ᠠᠴᠠ ᠵᠠᠶᠠᠭᠠᠭᠰᠠᠨ ᠠᠪᠢᠶᠠᠰ ᠯᠡ ᠲᠡᠬᠦᠨ ᠢ ᠤᠢ ᠮᠤᠳᠤ ᠰᠡᠶᠢᠷᠡᠭ | ᠢᠯᠡ ᠭᠠᠵᠠᠷ ᠢ ᠰᠤᠩᠭᠤᠨ ᠪᠠᠷᠠᠭᠤᠨ ᠠᠭᠤᠯᠠ ᠶᠢᠨ ᠨᠠᠭᠠᠳᠤ ᠬᠠᠯᠴᠠᠭᠠᠢ ᠬᠠᠵᠠᠭᠤ ᠦᠬᠡᠳᠡ ᠬᠠᠷᠠᠶᠢᠯᠭᠠᠵᠤ᠂ | ᠭᠤᠵᠤᠭᠤᠷ ᠤᠳ ᠤᠨ ᠬᠠᠷᠠᠯᠳᠠ ᠶᠢ ᠪᠡᠶ᠎ᠡ ᠵᠦᠭ ᠢᠶᠠᠨ ᠰᠢᠯᠵᠢᠬᠦᠯᠦᠨ ᠠᠪᠤᠭᠰᠠᠨ ᠪᠠᠶᠢᠵᠠᠢ᠃ | ︽ᠠ ︕ ᠲᠠ᠊ — ᠷᠠ ᠪᠠᠶᠢᠨ᠎ᠠ᠃ ᠬᠠᠨᠢ ᠮᠢᠨᠢ︕︾ | ︽ᠢᠱᠢ︕ ᠴᠢ ᠮᠢᠨᠢ ᠶᠠᠭᠤ ᠬᠡᠳ ᠲᠠᠯᠳᠠᠭᠠ ᠦᠬᠡᠢ ᠢᠯᠡ ᠭᠠᠵᠠᠷ ᠦᠬᠡᠳᠡ ᠬᠦᠷᠦᠳᠡᠭ ᠶᠤᠮ ᠳ᠋ᠠ︖ | ᠲᠡᠷᠡ ᠭᠤᠵᠤᠭᠤᠷ ᠤᠳ ᠁ ᠠᠢ︕ ᠲᠡᠶᠢᠮᠤ ᠪᠢᠰᠢ ᠡ ᠁ ᠡᠬᠡ ᠦᠷ᠎ᠡ ᠪᠢᠳᠡᠨ ᠢ ᠯᠡ ᠬᠡᠳ ᠁︾ | ᠬᠡᠬᠦᠴᠢᠯᠡᠨ ᠡᠯᠳᠡᠪ ᠡᠰᠡᠨ ᠢᠶᠠᠷ ᠢᠭᠳᠦᠯᠡᠨ ᠪᠤᠳᠤᠭᠰᠠᠨ ᠡᠮ᠎ᠡ ᠶᠠᠩᠬᠢᠷ ᠤᠨ ᠲᠤᠷᠮᠤᠭᠤᠷ ᠨᠢᠳᠤᠨ ᠠᠴᠠ ᠲᠠᠬᠢᠭᠠᠳ | ᠰᠤᠪᠤᠳ ᠤᠨ ᠬᠡᠯᠬᠢᠶ᠎ᠡ ᠰᠤᠪᠤᠷᠠᠨ ᠪᠠᠭᠤᠵᠠᠢ᠃ | ᠲᠡᠭᠡ ᠶᠠᠩᠬᠢᠷ ᠤᠳᠤ ᠲᠠᠪᠢᠭᠠᠳ ᠯᠡ ᠠᠯᠬᠤᠮ ᠢ ᠲᠡᠰᠪᠦᠷᠢᠯᠡᠬᠡᠳ ᠲᠠᠪᠬᠢᠭᠠᠳ ᠯᠡ ᠪᠠᠶᠢᠪᠠᠯ ᠪᠠᠷᠠᠭᠤᠨ | ᠠᠭᠤᠯᠠ ᠶᠢ ᠲᠠᠪᠠᠭᠠᠳ ᠴᠠᠭᠠᠰᠢ ᠭᠠᠷᠤᠭᠰᠠᠭᠠᠷ ᠠᠮᠢᠳᠤ ᠦᠯᠡᠳᠡᠬᠦ ᠨᠢ ᠲᠠᠮᠵᠢᠭ ᠦᠬᠡᠢ᠃ ᠬᠡᠳᠡᠯ᠎ᠡ ᠲᠡᠭᠡ ᠶᠠᠩᠬᠢᠷ | ᠤᠨ ᠬᠤᠷᠳᠤᠴᠠ ᠶᠡᠷᠦ ᠶᠢᠨ ᠴᠠᠭ ᠠᠴᠠ ᠲᠠᠩᠴᠤ ᠤᠳᠠᠭᠠᠨ ᠪᠤᠯᠤᠭᠰᠠᠨ ᠬᠡᠳᠡᠭ ᠢ ᠡᠮ᠎ᠡ ᠶᠠᠩᠬᠢᠷ ᠠᠨᠳᠠᠯ ᠦᠬᠡᠢ | ᠠᠵᠢᠵᠤ ᠮᠡᠳᠡᠭᠰᠡᠨ ᠪᠤᠯᠪᠠᠴᠤ ᠠᠯᠢ ᠬᠡᠳᠦᠶᠢᠨ ᠤ ᠦᠬᠡᠢ ᠬᠡᠷᠦᠵᠤ ᠢᠷᠡᠭᠰᠡᠨ ᠭᠤᠵᠤᠭᠤᠷ ᠤᠳ ᠤᠨ ᠨᠦᠰᠡᠷ ᠲᠠᠭᠤ | ᠲᠠᠢ ᠶᠠᠭᠤᠮᠠᠨ ᠳᠤ ᠬᠡᠳᠡᠰᠤ ᠪᠠᠨ ᠰᠦᠪᠡᠯᠡᠬᠦᠯᠦᠨ ᠬᠦᠨᠳᠤ ᠰᠢᠷᠠᠭᠳᠤᠭᠰᠠᠨ ᠬᠡᠳᠡᠭ ᠢ ᠲᠡᠷᠡ ᠬᠡᠷᠬᠢᠨ ᠮᠡᠳᠡᠬᠦ ᠠᠵᠠᠢ︕ | | ᠲᠡᠭᠡ ᠶᠠᠩᠬᠢᠷ᠂ ᠠᠭᠤᠯᠠ ᠲᠠᠪᠠᠨ ᠠᠮᠢ ᠭᠠᠷᠤᠨ᠎ᠠ ᠬᠡᠭᠴᠢ ᠴᠢᠳᠠᠰᠢ ᠦᠬᠡᠢ ᠬᠡᠷᠡᠭ ᠬᠡᠳᠡᠭ ᠢᠶᠠᠨ | ᠲᠤᠳᠤᠷᠬᠠᠢ ᠮᠡᠳᠡᠵᠤ ᠪᠠᠶᠢᠪᠠᠴᠤ ᠲᠡᠩᠬᠡᠬᠡ ᠲᠠᠮᠢᠷ ᠢᠶᠠᠨ ᠰᠢᠪᠬᠠᠨ ᠰᠢᠪᠬᠠᠨ᠂ ᠬᠠᠶᠢᠷ᠎ᠠ᠂ ᠠᠮᠢᠳᠤᠷᠠᠯ᠂ ᠬᠠᠨᠢ᠂ | ᠦᠷ᠎ᠡ ᠶᠢᠨ ᠢᠶᠠᠨ ᠲᠦᠯᠦᠬᠡ ᠨᠢᠬᠡ ᠮᠢᠨᠦ᠋ᠲ ᠨᠢᠬᠡ ᠰᠧᠺᠦ᠋ᠨ᠋ᠳ᠋ ᠴᠤ ᠵᠤᠭᠰᠤᠵᠤ ᠪᠤᠯᠬᠤ ᠦᠬᠡᠢ ᠬᠡᠳᠡᠭ ᠢᠶᠠᠨ ᠨᠡᠩ | ᠲᠤᠳᠤᠷᠬᠠᠢ ᠮᠡᠳᠡᠵᠤ ᠪᠠᠶᠢᠯ᠎ᠠ᠃ | ︽ᠪᠤᠰᠢᠭᠤ᠂ ᠪᠤᠰᠢᠭᠤ ᠃ ᠪᠤᠰᠢᠭᠤᠯᠠ ᠡ︕︾ ᠡᠮ᠎ᠡ ᠶᠠᠩᠬᠢᠷ ᠤᠨ ᠵᠢᠷᠦᠬᠡ ︽ᠫᠤᠯ ᠫᠤᠯ︾ | ᠲᠦᠭᠰᠢᠵᠤ᠂ ᠢᠵᠢᠯᠢ ᠶᠢᠨ ᠢᠶᠠᠨ ᠦᠬᠦᠯ ᠤᠨ ᠬᠠᠷ᠎ᠠ ᠠᠶᠤᠯ ᠠᠴᠠ ᠮᠤᠯᠳᠤᠷᠠᠨ ᠭᠠᠷᠬᠤ ᠶᠢ ᠬᠦᠰᠡᠨ ᠬᠦᠰᠡᠨ | ᠲᠠᠭᠠᠳᠬᠠᠨ᠎ᠠ᠃ | ︽ᠲᠦᠡᠭ᠂ ᠲᠠᠩ︾᠃ ᠨᠦᠰᠡᠷ ᠲᠠᠭᠤᠨ ᠲᠠᠬᠢᠭᠠᠳ ᠭᠠᠷᠤᠯ᠎ᠠ᠃ ᠨᠦᠰᠡᠷ ᠲᠠᠭᠤᠨ ᠭᠠᠷᠤᠭᠰᠠᠨ ᠵᠦᠭ | ᠠᠴᠠ ᠬᠦᠬᠡ ᠤᠳᠤᠭ᠎ᠠ ᠰᠣᠭᠤᠨᠠᠭ ᠲᠠᠳᠠᠨ ᠠᠭᠠᠷ ᠲᠤ ᠰᠢᠩᠬᠡᠨ ᠵᠠᠮᠬᠠᠷᠠᠵᠤ ᠪᠠᠶᠢᠯ᠎ᠠ᠃ ᠲᠡᠭᠡ ᠶᠠᠩᠬᠢᠷ ᠭᠤᠳᠤᠴᠢᠨ | ᠤᠨᠠᠪᠠ᠃ ᠵᠦᠪᠳᠡᠢ ᠬᠠ ᠨᠢ ᠰᠦᠪᠡᠯᠡᠭᠳᠡᠬᠡᠳ ᠬᠠᠯᠠᠭᠤᠨ ᠴᠢᠰᠤ ᠨᠢ ᠰᠠᠳᠠᠭᠠᠨᠠᠨ ᠤᠷᠤᠰᠴᠠᠢ᠃ ᠲᠡᠷᠡ ᠡᠪᠡᠳᠬᠦ | ᠪᠠᠨ ᠲᠡᠰᠪᠦᠷᠢᠯᠡᠨ᠂ ᠬᠦᠴᠦᠯᠡᠨ ᠪᠠᠶᠢᠵᠤ ᠰᠢᠨ᠎ᠡ ᠰᠢᠷᠬ᠎ᠠ ᠪᠠᠨ ᠪᠤᠰᠢᠭᠤᠬᠠᠨ ᠲᠤᠯᠢᠶᠠᠭᠰᠠᠨ ᠪᠤᠯᠪᠠᠴᠤ ᠴᠢᠰᠤ ᠪᠠᠨ | ᠲᠤᠭᠳᠠᠪᠦᠷᠢᠵᠢᠭᠤᠯᠵᠤ ᠲᠡᠶᠢᠯᠦᠬᠡ ᠦᠬᠡᠢ᠃ ᠭᠤᠵᠤᠭᠤᠷ ᠤᠳ ᠬᠤᠮᠢᠨ ᠢᠷᠡᠵᠤ᠂ ᠵᠠᠷᠢᠮ ᠨᠢ ᠲᠡᠬᠦᠨ ᠠᠴᠠ | ᠭᠤᠴᠢᠭᠠᠳ ᠯᠡ ᠠᠯᠬᠤᠮ ᠤᠨ ᠵᠠᠶᠢᠳᠠᠢ ᠤᠶᠢᠷᠠᠳᠤᠨ ᠢᠷᠡᠭᠰᠡᠨ ᠪᠠᠶᠢᠯ᠎ᠠ᠃ | ᠲᠡᠭᠡ ᠶᠠᠩᠬᠢᠷ ᠬᠠᠮᠤᠭ ᠬᠦᠴᠦ ᠪᠠᠨ ᠰᠢᠪᠬᠠᠨ ᠪᠠᠶᠢᠵᠤ ᠲᠡᠯᠳᠡᠷᠬᠢᠯᠡᠨ ᠪᠤᠰᠪᠠ᠃ ᠭᠤᠷᠪᠠᠨ ᠬᠦᠯ ᠢᠶᠠᠷ | ᠢᠶᠠᠨ ᠲᠤᠭᠤᠯᠳᠠᠨ ᠠᠰᠬ᠎ᠠ ᠬᠠᠳᠠᠨ ᠤ ᠡᠪ ᠵᠠᠢ ᠶᠢ ᠦᠵᠡᠨ ᠲᠡᠮᠡᠤᠯᠬᠦ ᠪᠠᠷ ᠢᠶᠠᠨ ᠲᠡᠮᠡᠣᠯᠵᠤ ᠯᠡ ᠪᠠᠶᠢᠪᠠ᠃ ᠶᠠᠳᠠᠵᠤ | ᠴᠦᠬᠦᠭᠰᠡᠨ ᠦᠨᠦ ᠭᠤᠵᠤᠭᠤᠷ ᠤᠳ ᠠᠭᠤᠷᠯᠠᠭᠰᠠᠨ ᠪᠤᠯᠤᠯᠳᠠᠢ ︽ᠭᠤᠸ᠎ᠠ ᠯᠠ ᠭᠤᠸ᠎ᠠ ᠯᠡ︾ ᠬᠡᠮᠡᠨ ᠶᠡᠬᠡᠳᠡ | ᠤᠷᠢᠯᠠᠯᠳᠤᠭᠰᠠᠭᠠᠷ ᠭᠠᠵᠠᠷ ᠨᠠᠭᠠᠯᠳᠤᠨ ᠬᠡᠪᠳᠡᠵᠡᠬᠡᠵᠤ᠂ ᠦᠨᠦ ᠴᠡᠩᠬᠡᠷ ᠬᠦᠬᠡ ᠤᠳᠤᠭ᠎ᠠ ᠲᠠᠢ ᠨᠠᠷᠢᠨ ᠲᠦᠡᠭᠽᠢ | ᠪᠠᠨ ︽ᠲᠦᠡᠭ ᠲᠠᠩ ᠁︾ ᠦᠬᠡᠢ ᠦᠷᠬᠦᠯᠵᠢᠯᠡᠨ ᠲᠤᠤᠭᠠᠷᠭᠠᠯᠠ᠃ | ᠲᠡᠭᠡ ᠶᠠᠩᠬᠢᠷ ᠲᠠᠬᠢᠨᠳᠠ ᠪᠦᠳᠦᠴᠢᠨ ᠤᠨᠠᠪᠠ᠃ ᠲᠡᠷᠡ ᠰᠢᠷᠬᠠᠨ ᠬᠠᠯᠠᠭᠤᠨ ᠳᠠᠭᠠᠨ ᠲᠤᠤᠷ᠎ᠠ ᠨᠢ | ᠪᠤᠰᠬᠤ ᠶᠢ ᠭᠤᠷᠢᠯᠠᠭᠰᠠᠨ ᠪᠤᠯᠪᠠᠴᠤ᠂ ᠲᠦᠷᠪᠡᠨ ᠬᠦᠯ ᠤᠨ ᠬᠢᠨᠢ ᠠᠯᠢ ᠨᠢᠬᠡᠨ ᠴᠤ ᠲᠡᠬᠦᠨ ᠳᠤ ᠵᠠᠷᠤᠭᠳᠠᠬᠤ ᠪᠠᠨ | ᠪᠤᠯᠢᠵᠠᠢ᠃ ᠲᠡᠷᠡ ᠲᠤᠯᠤᠭᠠᠢ ᠪᠠᠨ ᠠᠭᠠᠵᠢᠮᠬᠠᠨ ᠡᠷᠭᠦᠬᠦ ᠳᠤ ᠬᠤᠶᠠᠷ ᠬᠦᠯ ᠲᠠᠢ ᠭᠤᠵᠤᠭᠤᠷ ᠴᠢᠳᠬᠦᠷ ᠤᠳ ᠤᠨ | ᠦᠰᠦ ᠦᠭᠡᠢ ᠣᠯᠠᠭᠠᠨ ᠨᠢᠭᠤᠷ ᠪᠦᠷᠳᠦᠯᠵᠡᠨ ᠬᠠᠷᠠᠭᠳᠠᠨ᠎ᠠ᠃ ᠵᠢᠪᠡᠬᠦᠤ ᠨᠢ ᠬᠦᠷᠦᠭᠰᠡᠨ ᠲᠡᠭᠡ ᠶᠠᠩᠬᠢᠷ ᠲᠤᠯᠤᠭᠠᠢ | ᠪᠠᠨ ᠲᠠᠭᠠᠭᠠᠵᠤ ᠲᠡᠶᠢᠯᠬᠦ ᠦᠬᠡᠢ ᠭᠠᠵᠠᠷ ᠲᠠᠷᠡᠯᠡᠪᠡ᠃ ᠲᠡᠷᠡ ᠨᠢᠳᠤ ᠪᠠᠨ ᠠᠭᠠᠵᠢᠮᠬᠠᠨ ᠠᠨᠢᠯ᠎ᠠ᠃ ᠤᠳᠤ ᠦᠬᠦᠯ | ᠬᠡᠳᠡᠭ ᠶᠠᠭᠤᠮ᠎ᠠ ᠲᠡᠬᠦᠨ ᠢ ᠰᠦᠷᠳᠡᠬᠦᠯᠵᠤ ᠲᠡᠶᠢᠯᠬᠦ ᠪᠠᠨ ᠪᠤᠯᠢᠵᠠᠢ᠃ | ᠲᠡᠬᠡᠬᠦ ᠳᠤ ᠶᠢᠷᠳᠢᠨᠴᠤ ᠳᠤ ᠢᠷᠡᠵᠤ ᠵᠠᠪᠳᠤᠭ᠎ᠠ ᠦᠬᠡᠢ ᠬᠦᠬᠡᠷᠦᠬᠦᠢ ᠦᠷ᠎ᠡ ᠨᠢ ᠪᠤᠳᠤᠭᠳᠠᠯ᠎ᠠ᠃ ᠦᠷ᠎ᠡ | ᠶᠢ ᠨᠢ ᠬᠡᠵᠤ ᠡᠬᠦᠷᠳᠦᠵᠤ ᠶᠠᠪᠤᠭ᠎ᠠ ᠨᠠᠰᠤᠨ ᠤ ᠬᠠᠨᠢ ᠨᠢ ᠦᠬᠡᠶᠢᠯᠡᠭᠳᠡᠯᠡ᠃ ᠲᠡᠷᠡ ᠨᠢᠳᠤ ᠪᠠᠨ ᠬᠦᠴᠦᠯᠡᠨ | ᠨᠡᠬᠡᠬᠡᠪᠡ᠃ ᠬᠠᠮᠤᠭ ᠡᠴᠦᠰ ᠤᠨ ᠬᠦᠴᠦᠨ ᠴᠢᠳᠠᠯ ᠢᠶᠠᠨ ᠰᠢᠪᠬᠠᠨ ᠪᠠᠶᠢᠵᠤ᠂ ᠲᠤᠯᠤᠭᠠᠢ ᠢᠶᠠᠨ ᠲᠠᠬᠢᠨᠳᠠ ᠡᠷᠬᠦᠯ᠎ᠡ᠃ | ᠪᠦᠬᠦ ᠪᠡᠶ᠎ᠡ ᠨᠢ ᠰᠠᠯᠭᠠᠨᠠᠨ ᠴᠡᠴᠡᠷᠬᠢᠯᠡᠵᠤ᠂ ᠬᠦᠯᠦᠰᠤᠨ ᠳᠤ ᠲᠡᠪᠳᠦᠭᠰᠡᠨ ᠨᠠᠷᠢᠬᠠᠨ ᠬᠦᠵᠦᠬᠦᠤ ᠨᠢ ᠲᠤᠯᠤᠭᠠᠢ ᠶᠢ | ᠨᠢ ᠲᠠᠭᠠᠭᠠᠵᠤ ᠶᠠᠳᠠᠮ᠎ᠠ ᠨᠠᠶᠢᠭᠤᠵᠤ ᠪᠠᠶᠢᠪᠠ ᠃ ᠡᠰᠡᠷᠬᠦ ᠲᠠᠯ᠎ᠠ ᠶᠢᠨ ᠠᠭᠤᠯᠠ ᠶᠢᠨ ᠪᠠᠷᠳᠠᠭᠠᠳᠤ ᠤᠷᠬᠢᠯ | ᠪᠦᠷᠳᠦᠯᠵᠡᠨ ᠪᠠᠶᠢᠭᠰᠠᠨ ᠢᠶᠠᠨ ᠲᠤᠳᠤ ᠬᠠᠷᠠᠭᠳᠠᠯ᠎ᠠ᠃ ᠲᠡᠷᠡ ︽ᠠ︕ ᠠᠮᠠᠷᠠᠭ ᠬᠠᠨᠢ ᠮᠢᠨᠢ ᠲᠡᠨᠳᠡ ᠯᠡ ᠠᠮᠤᠷ | ᠲᠦᠪᠰᠢᠨ ᠪᠠᠶᠢᠵᠤ᠂ ᠬᠦᠬᠡᠷᠦᠬᠦᠢ ᠦᠷ᠎ᠡ ᠶᠢ ᠮᠢᠨᠢ ᠁︾ ᠬᠡᠵᠤ ᠪᠤᠳᠤᠵᠤ ᠠᠮᠵᠢᠳᠠᠯ᠎ᠠ ᠶᠠᠮᠠᠷ ᠨᠢᠬᠡᠨ ᠬᠦᠨᠳᠤ | ᠨᠦᠰᠡᠷ ᠶᠠᠭᠤᠮ᠎ᠠ ᠲᠤᠯᠤᠭᠠᠢ ᠤᠷᠤᠭᠤ ᠨᠢ ︽ᠲᠦᠱ︾ ᠬᠢᠳᠡᠯ᠎ᠡ ᠵᠠᠯᠠᠷᠠᠨ ᠪᠠᠭᠤᠵᠠᠢ ᠁ | ᠤᠰᠤᠨ ᠳᠤ ᠶᠠᠪᠤᠬᠤ ᠵᠠᠮ ᠢᠶᠠᠨ ᠪᠤᠷᠤᠭᠤᠯᠠᠵᠤ᠂ ᠤᠤᠯ ᠵᠠᠮ ᠠᠴᠠ ᠲᠠᠪᠢᠭᠠᠳ ᠠᠯᠬᠤᠮ ᠤᠨ ᠲᠡᠭᠡᠬᠦᠷ | ᠪᠤᠯᠠᠭ ᠤᠨ ᠡᠬᠢᠨ ᠳᠤ ᠤᠴᠢᠬᠤ ᠪᠠᠷ ᠡᠮ᠎ᠡ ᠶᠠᠩᠬᠢᠷ ᠪᠤᠳᠤᠯᠭ᠎ᠠ ᠲᠤᠭᠳᠠᠪᠠ᠃ ᠵᠠᠮ ᠮᠦᠷ ᠦᠬᠡᠢ ᠲᠡᠭᠡᠷ᠎ᠡ ᠪᠠᠨ | ᠠᠶᠤᠮᠰᠢᠭᠳᠠᠢ ᠬᠡᠳᠡᠭ ᠢ ᠲᠤᠳᠤᠷᠬᠠᠢ ᠮᠡᠳᠡᠪᠡᠴᠤ᠂ ᠲᠡᠬᠦᠨ ᠠᠴᠠ ᠦᠬᠡᠷ᠎ᠠ ᠲᠤᠬᠢᠳᠠᠢ ᠠᠷᠭ᠎ᠠ ᠲᠡᠬᠦᠨ ᠳᠤ | ᠤᠯᠳᠠᠭᠰᠠᠨ ᠦᠬᠡᠢ᠃ ᠲᠡᠷᠡ ᠬᠦᠨᠳᠤ ᠬᠡᠳᠡᠰᠤ ᠪᠠᠨ ᠴᠢᠷᠴᠤ᠂ ᠬᠦᠯᠦᠰᠤ ᠤᠰᠤ ᠪᠠᠨ ᠭᠤᠭᠤᠵᠢᠭᠤᠯᠤᠭᠰᠠᠭᠠᠷ | ᠮᠦᠴᠡ ᠬᠢᠷᠢᠳᠡᠢ ᠵᠠᠮᠨᠠᠭᠠᠳ ᠲᠦᠡᠭᠬᠡᠵᠤ ᠤᠰᠤᠨ ᠤ ᠪᠠᠷ᠎ᠠ ᠦᠵᠡᠯ᠎ᠡ᠃ | ᠤᠰᠤ᠂ ᠵᠦᠪᠬᠡᠨ ᠤᠰᠤ ᠲᠡᠳᠦᠢ ᠯᠡ ᠪᠢᠰᠢ ᠪᠠᠶᠢᠵᠠᠢ᠃ ᠬᠠᠷᠢᠨ ᠪᠠᠯ ᠪᠤᠷᠠᠮ᠂ ᠠᠮᠢᠳᠤ ᠶᠢᠨ ᠷᠠᠰᠢᠶᠠᠨ | ᠬᠡᠪᠡᠯ ᠨᠢᠬᠡ ᠯᠡ ᠦᠬᠡ ᠡ︕ ᠬᠤᠷᠤᠮᠬᠠᠨ ᠵᠠᠭᠤᠷ᠎ᠠ ᠬᠤᠪᠳᠤᠭᠯᠠᠨ ᠤᠤᠭᠤᠭᠰᠠᠨ ᠳᠠᠭᠠᠨ ᠪᠡᠶ᠎ᠡ ᠪᠠᠨ ᠵᠢᠮᠡᠯᠡᠵᠤ | ᠠᠪᠤᠭᠰᠠᠨ ᠡᠮ᠎ᠡ ᠶᠠᠩᠬᠢᠷ ᠬᠤᠤᠷᠳᠠᠨ ᠲᠠᠶᠢᠰᠤᠨ — ᠭᠤᠵᠣᠭᠤᠷ ᠴᠢᠳᠬᠦᠷ ᠤᠳ ᠪᠠᠰᠠ ᠬᠦᠷᠦᠬᠡᠳ ᠢᠷᠡᠬᠦ ᠴᠤ | ᠪᠢᠯᠡ ᠤᠤ ᠬᠡᠰᠡᠨ ᠰᠢᠭ ᠤᠷᠴᠢᠨ ᠲᠤᠭᠤᠷᠢᠨ ᠢᠶᠠᠨ ᠰᠡᠷᠡᠮᠵᠢᠳᠡᠶᠢᠬᠡᠨ ᠠᠵᠢᠪᠠ᠃ | ᠲᠡᠷᠡ ᠬᠠᠨᠳᠠᠯ᠎ᠠ ᠤᠤᠭᠤᠵᠤ ᠠᠪᠤᠭᠠᠳ ᠵᠢᠭᠠᠬᠠᠨ ᠠᠮᠢᠰᠬᠤᠭ᠎ᠠ ᠠᠪᠴᠢᠬᠠᠭᠠᠳ ᠪᠤᠴᠠᠬᠤ ᠪᠠᠷ | ᠲᠦᠯᠦᠪᠯᠡᠵᠡᠢ᠃ ᠲᠡᠬᠦᠨ ᠤ ᠨᠢᠳᠤ ᠪᠠᠨ ᠠᠨᠢᠵᠤ ︽ᠦᠷ᠎ᠡ ᠮᠢᠨᠢ᠂ ᠤᠳᠤ ᠴᠤ ᠪᠢᠳᠡ ᠬᠠᠳᠠᠵᠤ ᠦᠬᠦᠬᠦ ᠬᠠᠳᠠᠭᠤ | ᠠᠶᠤᠯ ᠠᠴᠠ ᠮᠤᠯᠳᠤᠷᠠᠯᠠ ᠰᠢᠤ ᠁︾ ᠬᠡᠵᠤ ᠰᠡᠳᠬᠢᠯ ᠲᠠᠯᠪᠢᠭᠤᠷᠠᠨ ᠪᠤᠳᠤᠵᠤ ᠠᠮᠵᠢᠬᠤ ᠶᠢᠨ ᠬᠢᠨᠢ ᠵᠠᠪᠰᠠᠷ | ᠦᠨᠦ ᠰᠤᠨᠢᠬᠠᠨ ᠴᠢᠮᠡᠭᠡ᠂ ᠡᠳᠡᠬᠡᠳ ᠦᠨᠦᠷ ᠤᠤᠯ ᠤᠨ ᠤᠰᠤᠨ ᠤ ᠭᠠᠵᠠᠷ ᠤᠷᠴᠢᠮ ᠠᠴᠠ ᠲᠠᠬᠢᠨᠳᠠ ᠰᠤᠨᠤᠷ ᠢ | ᠨᠢ ᠲᠤᠷᠬᠢᠭᠤᠯᠤᠨ ᠰᠠᠷᠠᠯ ᠢ ᠨᠢ ᠬᠦᠨᠳᠡᠵᠤ ᠢᠷᠡᠯ᠎ᠡ᠃ ︽ᠠᠶᠤᠯ᠂ ᠬᠠᠷ᠎ᠠ ᠠᠶᠤᠯ︾ ᠬᠦᠮᠦᠷᠢᠨ ᠢᠷᠡᠭᠰᠡᠨ ᠬᠡᠳᠡᠭ | ᠢ ᠢᠵᠢᠯᠢ ᠪᠠᠨ ᠠᠯᠳᠠᠭᠰᠠᠨ ᠬᠠᠷᠠᠰᠠᠯᠳᠤ ᠤᠴᠠᠷᠠᠯ ᠨᠢ ᠲᠡᠬᠦᠨ ᠳᠤ ᠲᠤᠳᠤᠷᠬᠠᠢ ᠬᠡᠯᠡᠵᠤ ᠦᠭᠴᠤ ᠪᠠᠶᠢᠯ᠎ᠠ᠃ | ᠭᠤᠵᠤᠭᠤᠷ ᠴᠢᠳᠬᠦᠷ ᠤᠳ ᠲᠤ ᠪᠠᠰᠠ ᠯᠡ ᠰᠡᠷᠡᠭᠳᠡᠵᠡᠢ᠃ ᠡᠮ᠎ᠡ ᠶᠠᠩᠬᠢᠷ ᠤᠬᠤᠰᠬᠢᠨ ᠡᠷᠬᠢᠯᠡ᠃ ᠤᠤᠯ ᠤᠨ | ᠤᠰᠤᠨ ᠤ ᠭᠠᠵᠠᠷ ᠠᠳᠡ ᠠᠴᠠ ᠲᠠᠪᠢᠭᠠᠳ ᠯᠡ ᠠᠯᠬᠤᠮ ᠵᠠᠶᠢᠳᠠᠢ ᠪᠠᠶᠢᠳᠠᠭ ᠪᠤᠯᠬᠤᠷ ᠠᠭᠠᠵᠢᠭᠤᠯᠠᠵᠤ ᠡᠰᠡ | ᠪᠤᠯᠤᠨ᠎ᠠ᠃ ᠲᠡᠷᠡ ᠬᠠᠷᠭᠠᠨ᠎ᠠ ᠤᠯᠠᠭᠠᠪᠦᠷ ᠤᠨ ᠢᠭ᠌ᠴᠢ ᠰᠠᠬᠤᠯᠢᠭ ᠢ ᠨᠢ ᠠᠰᠢᠭᠯᠠᠨ ᠬᠠᠵᠠᠭᠤ ᠲᠡᠰᠢᠭᠤᠯᠤᠨ | ᠲᠡᠭᠡᠭᠰᠢ ᠲᠡᠮᠡᠤᠯᠪᠡ᠃ | ︽ᠭᠤᠸ᠎ᠠ ᠯᠡ ᠱᠠ ᠯᠠ᠂ ᠭᠤᠸ᠎ᠠ ᠯᠠ ᠱᠠ ᠯᠠ ᠁︾᠃ ᠶᠠᠩᠬᠢᠷ ᠤᠨ ᠵᠢᠭᠤᠳᠠᠨ ᠲᠤᠳᠠᠭᠠᠭᠰᠠᠨ | ᠢ ᠤᠯᠵᠤ ᠬᠠᠷᠠᠭᠰᠠᠨ ᠭᠤᠵᠤᠭᠤᠷ ᠤᠳ ᠨᠢᠭᠤᠨ ᠲᠠᠯᠳᠠᠯᠠᠬᠤ ᠪᠠᠨ ᠪᠣᠯᠢᠭᠠᠳ ᠤᠷᠢᠯᠠᠨ ᠪᠠᠷᠬᠢᠯᠳᠤᠭᠰᠠᠭᠠᠷ ᠰᠢᠭᠤᠳ | ᠨᠢᠬᠡᠨ ᠢᠷᠡᠵᠤ ᠪᠠᠶᠢᠭ᠎ᠠ ᠨᠢ ᠲᠤᠳᠤᠷᠬᠠᠢ᠃ ᠤᠳᠤ ᠠᠮᠠᠷᠠᠭ ᠬᠠᠨᠢ — ᠲᠡᠭᠡ ᠶᠠᠩᠬᠢᠷ ᠤᠨ ᠬᠢᠨᠢ ᠬᠠᠮᠠᠭᠠᠯᠠᠯ | ᠪᠦᠪᠠᠶᠢᠯᠠᠯ ᠲᠡᠬᠦᠨ ᠳᠤ ᠪᠠᠶᠢᠬᠤ ᠦᠬᠡᠢ ᠪᠤᠯᠤᠭᠰᠠᠨ᠃ ᠡᠩᠬᠦᠷᠡᠢ ᠦᠷ᠎ᠡ ᠪᠠᠨ ᠡᠰᠡᠨ ᠮᠠᠨᠳᠤ ᠲᠦᠷᠦᠵᠤ ᠦᠰᠬᠡᠬᠦ | ᠲᠠᠷᠬᠠᠨ ᠡᠬᠦᠷᠬᠡ ᠲᠤᠷᠤᠢ ᠪᠠᠭᠤᠷᠠᠢ ᠭᠠᠭᠴᠠ ᠪᠡᠶ᠎ᠡ ᠳᠤᠨᠢ ᠲᠤᠯᠭᠠᠷᠠᠭᠰᠠᠨ ᠢ ᠡᠮ᠎ᠡ ᠶᠠᠩᠬᠢᠷ ᠲᠤᠳᠤ ᠠᠴᠠ ᠲᠤᠳᠤ | ᠮᠡᠳᠡᠨ᠎ᠡ᠃ ᠲᠡᠬᠡᠬᠦ ᠪᠠᠷ ᠲᠡᠬᠦᠨ ᠤ ᠬᠦᠶᠤᠳᠡᠯ ᠠᠯᠢ ᠴᠤ ᠤᠳᠠᠭ᠎ᠠ ᠲᠠᠢ ᠨᠢ ᠠᠳᠠᠯᠢᠳᠬᠠᠰᠢ ᠦᠬᠡᠢ ᠬᠤᠷᠳᠤᠨ | ᠪᠠᠶᠢᠭᠰᠠᠨ ᠪᠦᠬᠡᠳ ᠲᠡᠭᠡᠷ᠎ᠡ ᠤᠳᠠᠭ᠎ᠠ — ᠲᠡᠭᠡ ᠶᠠᠩᠬᠢᠷ ᠤᠨ ᠠᠳᠡᠭᠰᠡᠨ ᠲᠡᠷᠡ ᠤᠳᠠᠭ᠎ᠠ ᠠᠴᠠ ᠴᠤ ᠲᠦᠷᠬᠡᠨ | ᠪᠤᠯᠤᠭᠰᠠᠨ ᠨᠢ ᠭᠠᠶᠢᠬᠠᠯᠳᠠᠢ ᠪᠠᠶᠢᠪᠠ᠃ | ︽ᠲᠦᠡᠭ ᠲᠠᠩ᠂ ᠲᠦᠡᠭ ᠲᠠᠩ ᠁︾ ᠭᠤᠵᠤᠭᠤᠷ ᠴᠢᠳᠬᠦᠷ ᠤᠳ ᠤᠨ ᠬᠦᠬᠡ ᠤᠳᠤᠭ᠎ᠠ ᠲᠠᠢ | ᠬᠦᠨᠳᠡᠯᠡᠨ ᠲᠦᠡᠭᠽᠢ ᠡᠷᠦᠢ ᠬᠤᠷᠤᠢ ᠦᠬᠡᠢ ᠲᠤᠤᠭᠠᠷᠤᠨ᠂ ᠲᠡᠬᠦᠨ ᠠᠴᠠ ᠨᠢ ᠰᠤᠭᠤᠷᠠᠨ ᠭᠠᠷᠤᠭᠰᠠᠨ ᠬᠦᠴᠦᠳᠤ | ᠶᠠᠭᠤᠮ᠎ᠠ ᠬᠠᠵᠠᠭᠤ ᠬᠠᠪᠢᠷᠭ᠎ᠠ ᠪᠠᠷ ᠨᠢ ︽ᠰᠢᠣ ᠰᠢᠤ ᠁︾ ᠢᠰᠬᠡᠷᠤᠨ ᠦᠡᠭᠬᠡᠷᠡᠬᠦ ᠪᠦᠬᠡᠳ ᠬᠠᠳᠠ ᠪᠤᠳᠠᠨ | ᠲᠡᠭᠡᠷ᠎ᠡ ᠭᠠᠯ ᠭᠠᠷᠳᠠᠯ᠎ᠠ ︽ᠨᠢᠱ ᠲᠢᠱ︾ ᠪᠤᠳᠠᠷᠠᠨ ᠲᠤᠰᠤᠨ᠎ᠠ᠃ ︽ᠡᠨᠡ ᠶᠠᠭᠤᠮᠠᠨ ᠳᠤ ᠰᠦᠪᠡᠯᠡᠭᠳᠡᠪᠡᠯ ᠴᠤ ᠁ | ︾ ᠬᠡᠬᠦ ᠠᠴᠠ ᠡᠮ᠎ᠡ ᠶᠠᠩᠬᠢᠷ ᠤᠨ ᠪᠦᠬᠦ ᠪᠡᠶ᠎ᠡ ᠨᠢ ᠲᠠᠭᠵᠢᠰᠬᠢᠨ ᠠᠪᠤᠭᠰᠠᠨ ᠪᠤᠯᠪᠠᠴᠤ ᠬᠠᠷᠢᠨ ᠬᠤᠷᠳᠤᠴᠠ ᠨᠢ | ᠤᠯᠠᠮ ᠠᠴᠠ ᠤᠯᠠᠮ ᠴᠢᠩᠭᠠᠷᠠᠵᠤ ᠢᠷᠡᠯ᠎ᠡ᠃ | ︽ᠬᠠᠨ ᠬᠠᠶᠢᠷᠬᠠᠨ ᠮᠢᠨᠢ᠂ ᠬᠠᠪᠴᠢᠯ ᠵᠢᠯᠠᠭ᠎ᠠ ᠮᠢᠨᠢ ᠁ ᠬᠠᠶᠢᠷᠠᠯᠠᠨ ᠪᠠᠭᠳᠠᠭᠠᠵᠤ ᠦᠵᠡ ᠡ ᠁ | ᠬᠡᠮ ᠦᠬᠡᠢ ᠬᠦᠬᠡᠷᠦᠬᠦᠨ ᠦᠷ᠎ᠡ ᠳᠤ ᠮᠢᠨᠢ ᠬᠡᠷ ᠪᠤᠯᠤᠨ ᠰᠡᠬᠦᠶᠢᠵᠤ ᠦᠯᠦᠬᠡᠢ ᠪᠤᠯᠤᠨ ᠪᠦᠪᠡᠶᠢᠯᠡ ᠳ᠋ᠠ ᠁ | ᠬᠠᠨ ᠬᠠᠶᠢᠷᠬᠠᠨ ᠮᠢᠨᠢ᠂ ᠬᠠᠪᠴᠢᠯ ᠵᠢᠯᠠᠭ᠎ᠠ ᠮᠢᠨᠢ ᠡ ᠁︾ | ᠬᠤᠤᠷ ᠤᠨ ᠦᠨᠳᠤᠰᠤ ᠬᠤᠶᠠᠷ ᠬᠦᠯ ᠲᠠᠢ ᠴᠢᠳᠬᠦᠷ ᠤᠳ ᠠᠴᠠ ᠲᠤᠳᠠᠭᠠᠵᠤ ᠭᠠᠷᠴᠤ ᠪᠤᠯᠳᠠᠭ ᠯᠡ | ᠪᠠᠶᠢᠬᠰᠠᠨ ᠴᠤ ᠬᠦᠬᠡ ᠤᠳᠤᠭ᠎ᠠ ᠲᠠᠢ ᠬᠦᠨᠳᠡᠯᠡᠨ ᠲᠦᠡᠭᠽᠢ ᠠᠴᠠ ᠱᠤᠤᠬᠢᠵᠤ ᠢᠷᠡᠬᠦ ᠲᠡᠷᠡ ᠶᠠᠭᠤᠮ᠎ᠠ ᠬᠠᠳᠠ | ᠴᠢᠯᠠᠭᠤ ᠶᠢ ᠨᠦᠬᠡᠯᠡᠨ ᠰᠦᠪᠡᠯᠡᠵᠤ᠂ ᠬᠠᠷᠭᠠᠨ᠎ᠠ ᠪᠤᠳᠠᠷᠭᠠᠨ᠎ᠠ ᠶᠢ ᠬᠤᠭᠤᠯᠤᠨ ᠬᠤᠪᠬᠤᠯᠠᠳᠠᠭ ᠬᠤᠶᠢᠨ᠎ᠠ ᠲᠡᠬᠦᠨ | ᠠᠴᠠ ᠴᠤ ᠬᠡᠷᠬᠢᠨ ᠵᠢᠭᠤᠳᠠᠵᠤ ᠭᠠᠷᠬᠤ ᠪᠢᠯᠡ︖ ᠲᠡᠭᠡᠭᠡᠳ ᠲᠡᠷᠡ ᠨᠢ ᠬᠠᠷᠭᠠᠨ᠎ᠠ ᠤᠯᠠᠭᠠᠪᠤᠷ ᠤᠨ ᠦᠵᠦᠬᠦᠷ | ᠢᠶᠠᠷ ᠬᠠᠷᠠᠶᠢᠯᠠᠨ ᠦᠡᠭᠬᠡᠷᠡᠵᠤ᠂ ᠬᠠᠪᠴᠢᠯ ᠭᠤᠤ ᠶᠢᠨ ᠲᠡᠬᠡᠬᠦᠷ ᠦᠰᠦᠷᠬᠢᠯᠡᠨ ᠭᠠᠷᠴᠢᠬᠠᠳᠠᠭ ᠠᠷᠳᠠᠭ ᠲᠦᠷᠬᠡᠨ | ᠬᠦᠶᠤᠳᠠᠯ ᠲᠠᠢ ᠠᠷᠤ ᠬᠡᠷ ᠤᠨ ᠬᠢᠨᠢ ᠠᠪᠤᠷᠭᠤ ᠲᠦᠰᠢᠭ — ᠠᠮᠠᠷᠠᠭ ᠬᠠᠨᠢ ᠶᠢ ᠨᠢ ᠴᠤ ᠬᠠᠮᠢᠶ᠎ᠠ ᠨᠠᠮᠢᠶ᠎ᠠ ᠦᠬᠡᠢ | ᠰᠦᠪᠡᠯᠡᠨ ᠨᠦᠬᠡᠯᠡᠬᠡᠳ ᠬᠠᠯᠠᠭᠤᠨ ᠴᠢᠰᠤ ᠶᠢ ᠨᠢ ᠰᠤᠷᠤᠨ ᠲᠠᠭᠤᠰᠬᠠᠵᠤ᠂ ᠬᠠᠷᠠᠮᠰᠠᠯᠳᠠᠢ ᠪᠠᠷ ᠴᠠᠭᠠᠳᠤ ᠶᠢᠷᠳᠢᠨᠴᠤ | ᠳᠤ ᠶᠠᠪᠤᠭᠤᠯᠤᠭᠰᠠᠨ ᠬᠠᠷ᠎ᠠ ᠬᠤᠤᠷᠳᠠᠢ ᠬᠠᠳᠠᠭᠤ ᠶᠠᠭᠤᠮ᠎ᠠ ᠬᠡᠭᠴᠢ ᠶᠢ ᠡᠮ᠎ᠡ ᠶᠠᠩᠬᠢᠷ ᠶᠠᠭᠠᠬᠢᠭᠰᠠᠨ ᠴᠤ ᠮᠠᠷᠳᠠᠵᠤ | ᠴᠢᠳᠠᠬᠤ ᠦᠬᠡᠢ ᠪᠠᠳᠤ ᠴᠡᠬᠡᠵᠢᠯᠡᠵᠤ ᠪᠠᠶᠢᠨ᠎ᠠ ᠰᠢᠣ ᠳ᠋ᠠ᠃ ᠤᠳᠤ ᠲᠡᠬᠦᠨ ᠤ ᠲᠠᠷᠢᠬᠢᠨ ᠳᠤ ︽ᠠᠷᠭ᠎ᠠ᠂ ᠠᠷᠭ᠎ᠠ | ᠤᠬᠠᠭᠠᠨ︾ ᠬᠡᠰᠡᠨ ᠶᠠᠭᠤᠮ᠎ᠠ ᠯᠡ ᠭᠠᠵᠠᠷ ᠠᠪᠤᠨ ᠡᠷᠬᠢᠯᠳᠤᠵᠤ ᠪᠠᠶᠢᠪᠠ ᠁ ᠲᠡᠷᠡ ᠦᠪᠡᠷ ᠤᠨ ᠲᠦᠷᠦᠵᠤ | ᠦᠰᠦᠭᠰᠡᠨ ᠠᠭᠤᠯᠠᠨ ᠠᠭᠤᠢ ᠪᠠᠨ ᠰᠠᠨᠠᠵᠤ ᠤᠯᠤᠯ᠎ᠠ᠃ ︽ᠲᠡᠶᠢᠮᠤ ᠡ᠂ ᠲᠡᠨᠳᠡ ᠤᠴᠢᠶ᠎ᠠ︕ ᠲᠡᠷᠡ ᠪᠤᠯ ᠦᠶ᠎ᠡ | ᠶᠢᠨ ᠦᠶ᠎ᠡ ᠪᠠᠷ ᠢᠶᠠᠨ ᠬᠡᠣᠬᠡᠳ ᠠᠴᠢᠨᠠᠷ ᠢᠶᠠᠨ ᠦᠷᠡᠵᠢᠬᠦᠯᠵᠤ ᠦᠰᠭᠡᠳᠡᠭ ᠦᠯᠦᠬᠡᠢ — ᠲᠡᠯᠳᠡ ᠨᠢᠭᠤᠴᠠᠭᠠᠢ | ᠲᠠᠷᠬᠠᠨ ᠤᠷᠤᠨ ᠶᠤᠮ᠃ ᠬᠤᠷᠳᠣᠨ ᠣᠴᠢᠶ᠎ᠠ︕︾ | ᠲᠡᠷᠡ ᠠᠭᠤᠯᠠᠨ ᠠᠭᠤᠢ ᠨᠢ ᠠᠳᠡ ᠠᠴᠠ ᠲᠠᠪᠤᠨ ᠵᠠᠭᠤᠨ ᠠᠯᠬᠤᠮ ᠤᠨ ᠵᠠᠶᠢᠳᠠᠢ ᠯᠡ ᠪᠠᠶᠢᠳᠠᠭ ᠠᠭᠤᠯᠠᠨ | ᠪᠤᠯᠳᠤᠭᠤᠷ ᠤᠨ ᠠᠷᠤ ᠬᠠᠵᠠᠭᠤ ᠳᠤ ᠤᠪᠤᠶᠢᠵᠤ ᠭᠠᠷᠤᠭᠰᠠᠨ ᠪᠢᠴᠢᠬᠠᠨ ᠬᠠᠳᠠᠨ ᠳᠤ ᠪᠠᠶᠢᠷᠢᠰᠢᠵᠤ᠂ ᠶᠠᠭ ᠲᠡᠷᠡ | ᠪᠤᠯᠳᠤᠭᠤᠷ ᠢ ᠰᠢᠬᠠᠬᠰᠠᠨ ᠤᠷᠤᠭᠰᠢ ᠬᠠᠷᠠᠭᠰᠠᠨ ᠡᠬᠦᠳᠡ ᠲᠠᠢ ᠪᠤᠯᠬᠤᠷ ᠲᠤᠩ ᠨᠢᠭᠤᠴᠠ ᠲᠠᠯᠳᠠ ᠭᠠᠵᠠᠷ ᠪᠠᠶᠢᠵᠠᠢ | ᠃ ᠡᠷᠬᠢᠨ ᠲᠤᠭᠤᠷᠢᠨ ᠢᠶᠠᠷ ᠨᠢ ᠤᠯᠢᠶᠠᠰᠤᠨ ᠮᠤᠳᠤ ᠵᠢᠭᠳᠡᠷᠡᠬᠡᠳ ᠬᠠᠷᠠᠭ᠎ᠠ ᠰᠡᠷᠡᠯ ᠤᠨ ᠬᠠᠯᠬᠠᠪᠴᠢ ᠪᠤᠯᠤᠭᠰᠠᠨ | ᠪᠦᠬᠡᠳ ᠲᠡᠨᠳᠡ ᠬᠦᠷᠳᠡᠯᠡᠬᠢ ᠵᠠᠮ ᠨᠢ ᠪᠡᠷᠬᠡ ᠪᠠᠷᠳᠠᠭ᠎ᠠ ᠶᠡᠭᠡ ᠲᠠᠢ ᠪᠦᠬᠡᠳ ᠤᠢ ᠮᠤᠳᠤ ᠰᠠᠬᠤᠯᠢᠭ ᠪᠤᠯᠬᠤᠷ ᠪᠡᠶ᠎ᠡ | ᠲᠠᠯᠳᠠᠯᠠᠬᠤ ᠰᠠᠶᠢᠨ ᠲᠠᠯ᠎ᠠ ᠲᠠᠢ ᠪᠠᠶᠢᠳᠠᠭ ᠠᠵᠠᠢ᠃ ᠨᠡᠩ ᠴᠤ ᠠᠭᠤᠢ ᠶᠢᠨ ᠤᠶᠢᠷᠠᠯᠴᠠᠭᠠᠬᠢ ᠬᠤᠷᠢᠭᠠᠳ ᠠᠯᠬᠤᠮ | ᠤᠨ ᠵᠠᠮ ᠢ ᠢᠷᠡᠵᠤ ᠦᠡᠭᠬᠡᠷᠡᠭᠰᠡᠨ ᠦᠬᠡᠢ ᠠᠮᠢᠳᠠᠳ ᠪᠤᠯ ᠶᠠᠭᠠᠬᠢᠭᠰᠠᠨ ᠴᠤ ᠡᠷᠢᠵᠤ ᠤᠯᠬᠤ ᠦᠬᠡᠢ ᠪᠠᠶᠢᠳᠠᠭ | ᠪᠦᠬᠡᠳ ᠬᠤᠶᠠᠷ ᠬᠦᠯ ᠲᠠᠢ ᠭᠤᠵᠤᠭᠤᠷ ᠤᠳ ᠲᠤ ᠪᠤᠯ ᠨᠡᠩ ᠴᠤ ᠲᠡᠶᠢᠮᠤ ᠬᠢᠯᠪᠠᠷᠬᠠᠨ ᠣᠯᠣᠭᠠᠳ ᠠᠪᠴᠢᠬᠠᠬᠤ | ᠯᠡ ᠠᠵᠤ ᠪᠢᠰᠢ ᠪᠠᠶᠢᠯ᠎ᠠ᠃ | ︽ᠲᠦᠡᠭ ᠲᠠᠩ ᠁︾ ᠦᠨᠤ ᠨᠦᠰᠡᠷ ᠲᠠᠭᠤᠨ ᠲᠠᠰᠤᠷᠠᠭ᠎ᠠ ᠦᠬᠡᠢ ᠲᠤᠭᠤᠯᠳᠠᠨ ︽ᠰᠢᠤ ᠰᠢᠤ ᠁ | ︾ ᠬᠡᠮᠡᠨ ᠠᠭᠠᠷ ᠲᠡᠭᠷᠢ ᠳᠤ ᠡᠯᠢᠨ ᠬᠠᠯᠢᠨ ᠴᠤᠤᠷᠢᠶ᠎ᠠ ᠲᠠᠳᠠᠭᠠᠳ ︽ᠲᠢᠱ ᠨᠢᠱ︾ ᠬᠢᠳᠡᠯ᠎ᠡ ᠠᠭᠤᠯᠠ ᠬᠠᠳᠠᠨ ᠳᠤ | ᠬᠠᠶᠢᠷ᠎ᠠ ᠨᠠᠶᠢᠷ ᠦᠬᠡᠢ ᠴᠤᠷᠬᠢᠨ ᠪᠠᠭᠤᠨ᠎ᠠ᠃ | ᠡᠮ᠎ᠡ ᠶᠠᠩᠬᠢᠷ ᠡᠨᠡ ᠪᠦᠬᠦᠨ ᠠᠴᠠ ᠠᠶᠤᠵᠤ ᠰᠦᠷᠳᠡᠬᠦ ᠴᠤ ᠦᠬᠡᠢ ᠪᠤᠯᠵᠠᠢ᠃ ᠲᠡᠬᠦᠨ ᠤ ᠪᠦᠬᠦ ᠪᠡᠶ᠎ᠡ | ᠬᠦᠯᠦᠷᠡᠨ᠂ ᠬᠦᠵᠦᠬᠦᠣ ᠨᠢ ᠭᠤᠷᠤᠶᠢᠨ ᠰᠤᠨᠵᠤ᠂ ᠬᠦᠯ ᠨᠢ ᠨᠠᠷᠢᠰᠤᠨ ᠵᠢᠷᠢᠯᠵᠡᠬᠡᠳ᠂ ᠬᠡᠳᠡᠰᠤ ᠨᠢ ᠤᠯᠠᠮ ᠠᠴᠠ | ᠪᠦᠳᠦᠬᠦᠷᠡᠨ ᠲᠤᠮᠤᠷᠠᠵᠤ᠂ ᠡᠮ᠎ᠡ ᠶᠠᠩᠬᠢᠷ ᠲᠤ ᠯᠡ ᠪᠠᠶᠢᠳᠠᠭ ᠭᠤᠸ᠎ᠠ ᠦᠵᠡᠰᠬᠦᠯᠡᠩ ᠭᠠᠯᠪᠢᠷ ᠲᠦᠷᠬᠦ ᠨᠢ | ᠦᠴᠦᠬᠡᠨ ᠴᠤ ᠬᠠᠷᠠᠭᠳᠠᠬᠤ ᠪᠠᠨ ᠪᠤᠯᠢᠵᠠᠢ᠃ ᠬᠡᠳᠡᠯ᠎ᠡ ᠲᠡᠬᠦᠨ ᠳᠤ ᠡᠨᠡ ᠪᠦᠬᠦᠨ ᠢ ᠠᠩᠵᠠᠭᠠᠷᠠᠬᠤ ᠵᠠᠪ ᠴᠢᠯᠦᠬᠡ | ᠬᠡᠵᠤ ᠬᠠᠨᠣᠰᠠ ᠠᠴᠠ ᠪᠠᠶᠢᠬᠤ ᠪᠢᠯᠠ᠃ | ᠶᠠᠩᠬᠢᠷ ᠪᠢᠴᠢᠬᠠᠨ ᠪᠤᠯᠳᠤᠭᠤᠷ ᠢ ᠤᠷᠢᠶᠠᠭᠠᠳ ᠭᠠᠷᠤᠯ᠎ᠠ᠃ ᠭᠤᠵᠤᠭᠤᠷ ᠤᠳ ᠵᠠᠭᠤᠭᠠᠳ ᠠᠯᠬᠤᠮ ᠤᠨ | ᠴᠠᠭᠠᠨ᠎ᠠ ᠤᠷᠢᠯᠠᠨ ᠬᠠᠰᠬᠢᠷᠴᠤ ᠪᠠᠶᠢᠬᠤ ᠶᠢ ᠶᠠᠩᠬᠢᠷ ᠬᠤᠷᠴᠠ ᠰᠡᠷᠡᠯ ᠢᠶᠠᠷ ᠢᠶᠠᠨ ᠮᠡᠳᠡᠵᠤ ᠪᠠᠶᠢᠯ᠎ᠠ᠃ ᠤᠳᠤ | ᠲᠡᠭᠡᠭᠰᠢ ᠦᠭᠰᠤᠨ ᠨᠠᠶᠠ ᠶᠡᠷᠡᠨ ᠠᠯᠬᠤᠮ ᠲᠠᠢ ᠪᠤᠯ ᠠᠭᠤᠢ ᠳᠤ ᠬᠦᠷᠴᠢᠬᠡᠨ᠎ᠡ᠃ ᠡᠮ᠎ᠡ ᠶᠠᠩᠬᠢᠷ ᠬᠦᠨ ᠬᠡᠭᠴᠢ | ᠠᠮᠢᠰᠬᠤᠵᠤ ᠠᠪᠤᠭᠠᠳ ︽ᠬᠦᠬᠡᠷᠦᠬᠦᠢ ᠦᠷ᠎ᠡ ᠮᠢᠨᠢ᠂ ᠶᠢᠷᠳᠢᠨᠴᠦ ᠶᠢᠨ ᠨᠠᠷᠠ ᠶᠢ ᠦᠵᠡᠬᠦ ᠬᠤᠪᠢ ᠲᠠᠢ ᠠᠵᠠᠢ ᠁ | ︾ ᠬᠡᠮᠡᠨ ᠪᠤᠳᠤᠬᠤ ᠪᠠᠷ ᠬᠠᠯᠠᠭᠤᠨ ᠨᠢᠯᠪᠤᠰᠤ ᠨᠢ ᠤᠷᠤᠰᠬᠤ ᠠᠯᠳᠠᠭᠠᠳ ᠬᠠᠮᠤᠭ ᠪᠡᠶ᠎ᠡ ᠨᠢ ᠲᠠᠯᠪᠢᠭᠤᠷᠠᠵᠤ | ᠢᠷᠡᠵᠡᠢ᠃ | ᠭᠤᠵᠤᠭᠤᠷ ᠴᠢᠳᠬᠦᠷ ᠤᠳ ᠠᠭᠤᠯᠠᠨ ᠪᠤᠯᠳᠤᠭᠤᠷ ᠢ ᠤᠷᠢᠶᠠᠭᠠᠳ ᠭᠠᠷᠴᠤ ᠢᠷᠡᠬᠦ ᠦᠶ᠎ᠡ ᠳᠤ ᠡᠮ᠎ᠡ | ᠶᠠᠩᠬᠢᠷ ᠠᠯᠢ ᠬᠡᠳᠤᠶᠢᠨᠡᠢ ᠠᠭᠤᠯᠠᠨ ᠠᠭᠤᠢ ᠳᠠᠭᠠᠨ ᠠᠮᠤᠷ ᠲᠠᠶᠢᠪᠤᠡᠭ ᠬᠦᠷᠦᠬᠡᠳ ᠢᠷᠡᠴᠢᠬᠡᠭᠰᠡᠨ ᠪᠠᠶᠢᠯ᠎ᠠ᠃ | ᠭᠤᠵᠤᠭᠤᠷ ᠤᠳ ᠤᠨ ︽ᠭᠤᠸ᠎ᠠ ᠯᠠ ᠱᠠ ᠯᠠ ᠁︾ ᠬᠡᠬᠦ ᠡᠭᠳᠡᠬᠦᠤ ᠬᠦᠷᠬᠡᠮᠡ ᠭᠠᠰᠠᠩ ᠲᠠᠭᠤᠨ ᠠᠭᠤᠢ | ᠶᠢᠨ ᠤᠶᠢᠷᠠᠯᠴᠠᠭ᠎ᠠ ᠰᠤᠨᠤᠰᠳᠠᠨ ᠪᠠᠶᠢᠬᠰᠠᠨ ᠢᠶᠠᠨ ᠢᠳᠡᠭ ᠢᠳᠡᠭ ᠢᠶᠠᠷ ᠴᠢᠨᠠᠭᠰᠢᠯᠠᠯᠠ᠃ ᠲᠡᠳᠡ ᠶᠠᠩᠬᠢᠷ ᠤᠨ ᠪᠡᠷ᠎ᠡ | ᠶᠢ ᠠᠯᠳᠠᠴᠢᠬᠠᠭᠠᠳ ᠡᠷᠢᠯ ᠪᠤᠯᠵᠤ ᠪᠠᠶᠢᠭ᠎ᠠ ᠠᠵᠣᠭᠤ᠃ | ᠶᠠᠩᠬᠢᠷ ᠤᠳᠤ ᠰᠠᠶ᠋ᠢ ᠶᠠᠳᠠᠷᠠᠭᠰᠠᠨ ᠢᠶᠠᠨ ᠮᠡᠳᠡᠯ᠎ᠡ᠃ ᠪᠦᠬᠦ ᠪᠡᠶ᠎ᠡ ᠨᠢ ᠲᠠᠭᠵᠢᠨ ᠴᠡᠴᠡᠷᠡᠬᠦ ᠪᠦᠬᠡᠳ | ᠬᠡᠳᠡᠰᠤ ᠨᠢ ᠦᠶ᠎ᠡ ᠦᠶ᠎ᠡ ᠮᠤᠰᠬᠢᠨ ᠡᠪᠡᠳᠴᠤ ᠪᠠᠶᠢᠯ᠎ᠠ᠃ ᠢᠰᠢᠬᠡᠯᠡᠬᠦ ᠴᠠᠭ ᠨᠢ ᠠᠷᠠᠢ ᠪᠤᠯᠤᠭ᠎ᠠ ᠦᠬᠡᠢ ᠪᠤᠯᠬᠤᠷ | ᠡᠮ᠎ᠡ ᠶᠠᠩᠬᠢᠷ ᠲᠦᠷᠬᠡᠨ ᠬᠦᠶᠤᠯᠳᠡ ᠠᠴᠠ ᠪᠤᠯᠤᠯ᠎ᠠ ᠬᠡᠮᠡᠨ ᠪᠤᠳᠤᠭᠠᠳ ᠠᠭᠤᠢ ᠶᠢᠨ ᠲᠤᠳᠤᠷᠠᠬᠢ ᠬᠠᠭᠤᠷᠠᠢ ᠭᠠᠵᠠᠷ | ᠬᠦᠯ ᠵᠢᠬᠢᠨ ᠬᠡᠪᠳᠡᠯ᠎ᠡ᠃ ᠬᠡᠳᠤᠢ ᠤᠳᠠᠭᠰᠠᠨ ᠢ ᠪᠤᠤ ᠮᠡᠳᠡ᠂ ᠤᠷᠢᠯᠠᠨ ᠬᠠᠰᠬᠢᠷᠬᠤ ᠲᠠᠭᠤᠨ ᠢᠶᠠᠷ ᠡᠮ᠎ᠡ ᠶᠠᠩᠬᠢᠷ | ᠵᠦᠳᠡᠬᠦᠬᠡᠨ ᠰᠡᠷᠡᠪᠡ᠃ ᠶᠠᠳᠠᠷᠠᠨ ᠲᠤᠶᠢᠯᠳᠠᠭᠰᠠᠨ ᠲᠡᠷᠡ ᠪᠠᠷ ᠪᠦᠬᠡ ᠤᠨᠳᠠᠭᠰᠠᠨ ᠪᠠᠶᠢᠵᠠᠢ᠃ ᠨᠢᠯᠤᠭᠤᠨ ᠮᠠᠭᠤᠬᠠᠢ | ᠦᠨᠦᠷ ᠶᠠᠭᠠᠬᠢᠬᠤ ᠶᠢᠨ ᠠᠷᠭ᠎ᠠ ᠦᠬᠡᠢ ᠬᠠᠮᠠᠷ ᠭᠠᠳᠠᠮ᠎ᠠ ᠦᠨᠦᠷᠳᠦᠭᠳᠡᠨ ︽ᠭᠤᠸ᠎ᠠ ᠯᠠ ᠱᠠ ᠯᠠ ᠁︾ | ᠬᠡᠳᠡᠭ ᠭᠤᠵᠤᠭᠤᠷ ᠤᠳ ᠤᠨ ᠡᠭᠳᠡᠬᠦᠤ ᠲᠠᠢ ᠲᠠᠭᠤᠨ ᠴᠢᠬᠢ ᠲᠠᠯᠠᠳᠤᠮᠠ ᠤᠶᠢᠷᠠᠳᠴᠤ ᠢᠷᠡᠭᠰᠡᠨ ᠪᠠᠶᠢᠵᠤ ᠰᠢᠣ᠃ | ᠶᠠᠩᠬᠢᠷ ᠠᠶᠤᠨ ᠰᠤᠴᠢᠭᠰᠠᠨ ᠬᠦᠴᠦᠨ ᠳᠡᠭᠡᠨ ᠭᠤᠰ ᠦᠰᠦᠷᠤᠨ ᠪᠣᠰᠪᠠ᠃ ᠲᠤᠷᠮᠤᠭᠤᠷ ᠬᠤᠶᠠᠷ ᠨᠢᠳᠤ ᠨᠢ | ᠤᠷᠤᠨ ᠲᠤᠷᠤᠨ ᠦᠬᠡᠢ ᠬᠦᠯᠢᠪᠡᠯᠵᠡᠵᠤ᠂ ᠨᠠᠮᠠᠶᠢᠭᠰᠠᠨ ᠬᠤᠶᠠᠷ ᠴᠢᠬᠢ ᠨᠢ ᠠᠰ ᠲᠡᠭᠡᠭᠰᠢ ᠪᠠᠨ ᠰᠡᠷᠡᠶᠢᠵᠡᠢ᠃ ᠲᠡᠷᠡ | ᠠᠭᠤᠢ ᠠᠴᠠ ᠭᠠᠷᠴᠤ ᠰᠡᠷᠡᠮᠵᠢᠳᠡᠶᠢᠬᠡᠨ ᠠᠵᠢᠭᠯᠠᠪᠠ᠃ | ᠭᠤᠵᠤᠭᠤᠷ ᠤᠳ ᠲᠠᠪᠢᠭᠠᠳ ᠯᠡ ᠠᠯᠬᠤᠮ ᠤᠨ ᠵᠠᠶᠢᠳᠠᠢ ᠲᠤᠤᠷ᠎ᠠ ᠬᠠᠵᠠᠭᠤ ᠳᠤᠨᠢ ᠬᠦᠷᠴᠤ | ᠢᠷᠡᠴᠢᠬᠡᠬᠡᠳ ᠡᠬᠦᠷ ᠦᠬᠡᠳᠡ ᠨᠢ ᠵᠢᠭᠠᠨ ᠲᠤᠬᠢᠯᠴᠠᠨ ᠬᠦᠬᠡᠷᠦᠯᠳᠤᠵᠤ ᠪᠠᠶᠢᠪᠠ᠃ ᠲᠡᠷᠡ ᠤᠯᠠᠨ ᠲᠠᠨᠢᠯ ᠪᠣᠰᠣ | ᠤᠭᠳᠤᠷ ᠲᠤᠭᠳᠤᠷ ᠤᠨ ᠲᠤᠮᠳᠠ ᠡᠳᠡᠬᠡᠳ ᠠᠰᠳᠠᠭᠠᠨ ᠠᠳᠠᠯ᠎ᠠ ᠪᠠᠨ ᠤᠨᠴᠠ ᠶᠢᠨ ᠲᠠᠰᠤᠯ ᠦᠷᠬᠦᠯᠵᠢ ᠶᠠᠭᠤᠮ᠎ᠠ | ᠭᠤᠳᠣᠷᠠᠭᠰᠠᠨ ᠤᠨᠴᠠᠭᠠᠢ ᠨᠢᠬᠡᠨ ᠭᠤᠵᠤᠭᠤᠷ ᠬᠠᠷ᠎ᠠ ᠪᠠᠶᠢᠬᠤ ᠪᠠᠷ ᠨᠢ ᠯᠠᠪᠳᠠᠭᠤᠯᠠᠪᠠᠯ ᠬᠡᠴᠢᠨᠡᠬᠡᠨ ᠵᠢᠯ ᠢᠶᠠᠷ ᠡᠲᠦᠷ | ᠤᠨ ᠮᠠᠷᠭᠠᠰᠢ ᠦᠪᠡᠷ ᠤᠨ ᠬᠢᠨᠢ ᠢᠵᠢᠯ ᠲᠦᠷᠦᠯᠳᠡᠨ ᠢᠮᠠᠭᠠᠳ ᠢ ᠠᠳᠤᠭᠤᠯᠠᠵᠤ ᠶᠠᠪᠤᠳᠠᠭ ᠨᠤᠮᠤᠬᠠᠨ ᠬᠠᠷ᠎ᠠ | ᠪᠠᠶᠢᠯ᠎ᠠ᠃ ᠲᠡᠷᠡ ᠶᠡᠷᠦ ᠠᠴᠠ ᠶᠠᠩᠬᠢᠷ ᠲᠤ ᠬᠤᠤᠷ ᠬᠦᠷᠬᠡᠳᠡᠭ ᠦᠬᠡᠢ ᠪᠤᠯᠬᠤᠷ ᠲᠡᠳ᠋ᠨ ᠬᠡᠨ ᠠᠯᠢᠨ ᠠᠴᠠ ᠪᠠᠨ | ᠠᠶᠤᠵᠤ ᠰᠤᠴᠢᠬᠤ ᠦᠬᠡᠢ ᠡᠶ᠎ᠡ ᠨᠠᠶᠢᠷᠳᠠᠢ ᠪᠤᠯᠤᠭᠰᠠᠨ ᠶᠤᠮ᠃ ᠬᠡᠳᠡᠯ᠎ᠡ ᠲᠡᠷᠡ ᠦᠨᠦᠳᠦᠷ ᠶᠠᠭᠠᠬᠢᠬᠤ ᠳᠠᠭᠠᠨ | ᠦᠬᠦᠯ ᠤᠨ ᠲᠠᠶᠢᠰᠤᠨ — ᠴᠢᠳᠬᠦᠷ ᠤᠳ ᠲᠢ ᠬᠠᠮᠰᠠᠨ ᠨᠠᠶᠢᠯᠡᠪᠡ︖ | ︽ᠠ︕ ᠲᠡᠷᠡ ᠵᠠᠮ ᠲᠠᠭᠠᠭᠤᠯᠵᠤ ᠢᠷᠡᠵᠡᠢ᠃ ᠲᠡᠷᠡ ᠮᠠᠨ ᠢ ᠪᠠᠨ ᠬᠤᠳᠠᠯᠳᠤᠴᠢᠬᠠᠵᠠᠢ ᠁︾ | ᠬᠡᠬᠦ ᠠᠴᠠ ᠶᠠᠩᠬᠢᠷ ᠤᠨ ᠠᠮᠠᠷᠠᠨ ᠲᠠᠶᠢᠪᠤᠷᠢᠰᠢᠬᠰᠠᠨ ᠪᠡᠶ᠎ᠡ ᠠᠬᠢᠭᠠᠳ ᠠᠬᠵᠢᠰᠬᠢᠨ ᠴᠡᠴᠡᠷᠬᠢᠯᠡᠵᠤ᠂ ᠰᠠᠶ᠋ᠢᠬᠠᠨ | ᠰᠡᠪᠬᠢᠭᠰᠡᠨ ᠬᠦᠯᠦᠰᠤ ᠨᠢ ᠲᠠᠬᠢᠭᠠᠳ ᠴᠢᠭᠢᠭᠯᠡᠵᠡᠢ᠃ ︽ᠨᠣᠮᠣᠬᠠᠨ ᠬᠠᠷ᠎ᠠ ᠡ︕ ᠴᠢ ᠴᠤ ᠮᠦᠨ ᠴᠢᠳᠬᠦᠷ | ᠪᠠᠶᠢᠵᠠᠢ ᠁︾᠃ ᠲᠡᠷᠡᠬᠡᠨ ᠠᠬᠱᠠᠨᠠ ᠶᠠᠩᠬᠢᠷ ᠤᠨ ᠲᠤᠷᠮᠤᠯᠵᠠᠬᠰᠠᠨ ᠪᠤᠷᠤ ᠨᠢᠳᠤᠨ ᠠᠴᠠ ᠬᠤᠷᠣᠰᠣᠯ | ᠭᠤᠮᠤᠳᠠᠯ ᠤᠨ ᠨᠢᠯᠪᠤᠰᠤ ᠬᠤᠶᠠᠷ ᠵᠤᠷᠪᠤᠰᠯᠠᠨ ᠤᠷᠤᠰᠪᠠ᠃ | ᠨᠢᠭᠤᠴᠠ ᠡᠬᠦᠷ ᠨᠢ ᠰᠡᠷᠡᠭᠳᠡᠭᠰᠡᠨ ᠨᠢ ᠭᠠᠷᠴᠠᠭ᠎ᠠ ᠦᠬᠡᠢ ᠪᠤᠯᠵᠠᠢ᠃ ᠤᠳᠤ ᠶᠠᠭᠠᠬᠢᠳᠠᠭ ᠪᠢᠯᠡ︖ ᠢᠰᠢᠬᠡ ᠲᠠᠢ | ᠬᠡᠳᠡᠰᠤ ᠪᠠᠨ ᠴᠢᠷᠦᠬᠡᠳ ᠲᠣᠳᠠᠭᠠᠵᠦ ᠲᠡᠶᠢᠯᠬᠦ ᠦᠬᠡᠢ ᠨᠢ ᠮᠡᠳᠡᠬᠡᠵᠢ ᠶᠢᠨ ᠬᠡᠷᠡᠭ᠃ ︽ᠪᠠᠷᠰ ᠢ ᠠᠭᠤᠯᠠᠨ ᠠᠴᠠ ᠨᠢ | ᠰᠠᠯᠭᠠᠬᠤ︾ ᠪᠤᠯ ᠲᠡᠭᠡᠳᠤ ᠠᠷᠭ᠎ᠠ ᠶᠤᠮ ᠰᠠᠨ᠃ ᠲᠡᠭᠡ ᠶᠠᠩᠬᠢᠷ ᠨᠢ ᠡᠨᠡ ᠠᠷᠭ᠎ᠠ ᠶᠢ ᠯᠡ ᠬᠡᠷᠡᠭᠯᠡᠬᠡᠳ ᠡᠬᠡ ᠦᠷ᠎ᠡ | ᠬᠤᠶᠠᠭᠤᠯᠠ ᠶᠢ ᠠᠮᠢ ᠪᠠᠨ ᠦᠭᠴᠤ ᠪᠠᠶᠢᠭᠠᠳ ᠠᠪᠤᠷᠠᠭᠰᠠᠨ ᠶᠤᠮ᠃ ᠤᠳᠤ ᠦᠪᠡᠷ ᠤᠨ ᠬᠢᠨᠢ ᠡᠬᠡᠯᠵᠢ ᠪᠤᠯᠵᠠᠢ᠃ | ᠠᠮᠢ ᠪᠠᠨ ᠴᠦᠯᠡᠵᠤ ᠪᠠᠶᠢᠭᠠᠳ ᠴᠤ ᠬᠡᠰᠡᠨ ᠦᠷ᠎ᠡ ᠪᠠᠨ ᠠᠪᠤᠷᠠᠬᠤ ᠴᠠᠭ ᠶᠠᠭᠠᠬᠢᠬᠤ ᠶᠢᠨ ᠠᠷᠭ᠎ᠠ ᠦᠬᠡᠢ ᠲᠤᠯᠵᠤ | ᠢᠷᠡᠯ᠎ᠡ᠃ ᠬᠡᠳᠡᠯ᠎ᠡ ᠡᠮ᠎ᠡ ᠶᠠᠩᠬᠢᠷ ᠤᠨ ᠢᠰᠢᠬᠡᠯᠡᠬᠦ ᠴᠠᠭ ᠨᠢ ᠪᠤᠯᠤᠭ᠎ᠠ ᠦᠬᠡᠢ᠂ ᠪᠠᠰᠠ ᠴᠤ ᠬᠡᠳᠤᠨ ᠡᠲᠦᠷ ᠤᠨ ᠵᠠᠢ | ᠲᠠᠢ ᠪᠠᠶᠢᠭᠰᠠᠭᠠᠷ᠃ ᠶᠠᠭᠠᠬᠢᠯᠳᠠᠢ ᠪᠢᠯᠡ︖ ᠭᠤᠵᠤᠭᠤᠷ ᠤᠳ ᠡᠭᠴᠡ ᠠᠰᠬ᠎ᠠ ᠬᠠᠳᠠᠨ ᠵᠠᠮ ᠢᠶᠠᠷ ᠠᠭᠤᠢ ᠳᠤ | ᠤᠷᠤᠵᠤ ᠢᠷᠡᠳᠡᠯ᠎ᠡ ᠨᠠᠭᠠᠳᠤ ᠵᠠᠬ᠎ᠠ ᠳᠠᠭᠠᠨ ᠬᠠᠭᠠᠰ ᠮᠦᠴᠡ ᠬᠡᠷᠡᠭᠰᠡᠬᠦ ᠨᠢ ᠯᠠᠪᠳᠠᠢ᠃ ᠡᠨᠡ ᠬᠠᠭᠠᠰ ᠮᠦᠴᠡ ᠯᠡ | ᠡᠮ᠎ᠡ ᠶᠠᠩᠬᠢᠷ ᠲᠤ ᠦᠯᠡᠳᠡᠭᠰᠡᠨ ᠦᠷ᠎ᠡ ᠶᠢᠨ ᠢᠶᠠᠨ ᠬᠠᠯᠠᠭᠤᠨ ᠠᠮᠢ ᠶᠢ ᠠᠪᠤᠷᠠᠬᠤ ᠠᠯᠳᠠ ᠠᠴᠠ ᠴᠤ ᠦᠨᠡᠳᠡᠢ | ᠬᠤᠪᠤᠷᠬᠠᠨ ᠴᠠᠭ ᠪᠤᠯᠵᠤ ᠦᠯᠡᠳᠡᠵᠡᠢ᠃ | ︽ᠢᠰᠢᠬᠡᠯᠡᠨᠡ︕ ᠤᠷᠢᠳᠴᠢᠯᠠᠨ ᠢᠰᠢᠬᠡᠯᠡᠨᠡ᠃︾ ᠡᠨᠡ ᠪᠤᠯ ᠴᠤᠷ ᠤᠨ ᠭᠠᠭᠴᠠ ᠠᠷᠭ᠎ᠠ ᠦᠬᠡᠢ | ᠠᠴᠠ ᠰᠢᠬᠠᠬᠳᠠᠨ ᠭᠠᠷᠤᠭᠰᠠᠨ ︽ᠲᠡᠭᠡᠳᠤ︾ ᠠᠷᠭ᠎ᠠ᠃ ᠡᠮ᠎ᠡ ᠶᠠᠩᠬᠢᠷ ᠢ ᠪᠠᠶᠢᠴᠢᠬ᠎ᠠ ᠡᠷᠳᠡ ᠲᠡᠭᠡᠳᠤ ᠶᠢᠨ ᠬᠢᠨ | ᠦᠶ᠎ᠡ ᠳᠤ ᠴᠤ ᠭᠠᠷᠴᠤ ᠦᠡᠭᠬᠡᠷᠡᠭᠰᠡᠨ ᠦᠬᠡᠢ ᠵᠤᠷᠢᠭᠤᠳᠠ ᠤᠷᠢᠳᠴᠢᠯᠠᠨ ᠢᠰᠢᠬᠡᠯᠡᠬᠦ ᠹᠢᠽᠢᠦᠯᠤᠬᠢ ᠶᠢᠨ ᠬᠡᠨᠡᠨ | ᠠᠵᠢᠯᠯᠠᠭ᠎ᠠ ᠶᠢ ᠲᠡᠷᠡ ᠠᠪᠬᠤ ᠪᠠᠷ ᠰᠢᠭᠤᠳᠴᠠᠢ᠃ ︽ᠡᠴᠢᠬᠡ ᠲᠡᠭᠷᠢ᠂ ᠡᠬᠡ ᠲᠡᠯᠡᠬᠡᠢ ᠮᠢᠨᠢ︕ ᠦᠷᠦᠰᠢᠶᠡᠵᠤ | ᠬᠠᠶᠢᠷᠠᠯᠠ ᠁ ᠬᠠᠨ ᠬᠠᠶᠢᠷᠬᠠᠨ ᠬᠠᠪᠴᠢᠯ ᠵᠢᠯᠠᠭ᠎ᠠ ᠮᠢᠨᠢ ᠲᠡᠮᠵᠢᠵᠦ ᠲᠣᠰᠠᠯᠠ ᠁︾ ᠡᠮ᠎ᠡ ᠶᠠᠩᠬᠢᠷ | ᠬᠠᠵᠠᠭᠤᠯᠠᠨ ᠬᠡᠪᠳᠡᠬᠡᠳ ᠲᠤᠭᠤᠭᠰᠢ ᠬᠦᠴᠦᠯᠡᠨ ᠲᠦᠯᠢᠵᠤ ᠡᠬᠢᠯᠡᠪᠡ᠃ ᠬᠠᠯᠠᠭᠤᠨ ᠨᠢᠯᠪᠤᠰᠤ ᠨᠢ ᠴᠢᠮᠡᠭᠡ ᠢᠮᠡᠭᠡ | ᠦᠬᠡᠢ ᠪᠦᠮᠪᠦᠷᠢᠵᠤ᠂ ᠬᠦᠢᠳᠡᠨ ᠬᠦᠯᠦᠰᠤ ᠨᠢ ᠴᠢᠪ ᠴᠢᠪ ᠲᠤᠰᠤᠯᠠᠨᠠ᠃ ︽ᠦᠷ᠎ᠡ ᠮᠢᠨᠢ᠂ ᠬᠦᠬᠡᠷᠦᠬᠦᠢ ᠦᠷ᠎ᠡ | ᠮᠢᠨᠢ ᠡ︕ ᠮᠠᠭᠤ ᠡᠵᠢ ᠳᠡᠭᠡᠨ ᠬᠠᠮᠵᠢ ᠳ᠋ᠠ ᠬᠠᠮᠵᠢ᠃ ᠦᠬᠡᠢ ᠪᠤᠯ ᠡᠬᠡ ᠦᠷ᠎ᠡ ᠬᠤᠶᠠᠭᠤᠯᠠ ᠪᠠᠨ ᠬᠠᠷ᠎ᠠ ᠲᠠᠮᠦᠷ | ᠢᠶᠠᠷ ᠰᠦᠪᠡᠯᠡᠬᠦᠯᠵᠤ᠂ ᠬᠠᠯᠠᠭᠤᠨ ᠠᠮᠢ ᠪᠠᠨ ᠠᠯᠳᠠᠨ᠎ᠠ ᠰᠢᠤ ᠳ᠋ᠠ︕︾᠃ ᠬᠠᠷ᠎ᠠ ᠬᠦᠴᠦᠨ ᠢᠶᠠᠷ ᠢᠶᠠᠨ ᠲᠡᠪᠬᠡᠷᠤᠨ | ᠬᠦᠶᠦᠭᠰᠡᠨ ᠤ ᠤᠤ ᠡᠰᠡᠬᠦᠯ᠎ᠡ ᠡᠴᠢᠬᠡ ᠲᠡᠭᠷᠢ ᠡᠬᠡ ᠲᠡᠯᠡᠬᠡᠢ ᠦᠷᠦᠰᠢᠶᠡᠯ ᠬᠠᠶᠢᠷᠠᠯᠠᠪᠠ ᠤᠤ ᠪᠤᠤ ᠮᠡᠳᠡ ᠶᠠᠭᠤ ᠴᠤ | ᠬᠡᠰᠡᠨ ᠢᠰᠢᠬᠡ ᠨᠢ ᠲᠤᠭᠤᠭᠰᠢᠯᠠᠨ ᠠᠭᠠᠷᠴᠠᠭ ᠤᠨ ᠶᠠᠰᠤ ᠨᠢ ᠨᠢᠬᠡᠨᠳᠡ ᠨᠡᠬᠡᠬᠡᠭᠳᠡᠭᠰᠡᠨ ᠨᠢ ᠡᠮ᠎ᠠ ᠶᠠᠩᠬᠢᠷ ᠤᠨ | ᠢᠳᠡᠬᠡᠯ ᠵᠤᠷᠢᠭ ᠢ ᠨᠡᠩ ᠴᠤ ᠬᠦᠪᠴᠢᠯᠠᠵᠤ ᠦᠭᠴᠡᠢ᠃ | ᠲᠦᠷᠦᠵᠤ ᠬᠦᠡᠭᠬᠡᠵᠢᠬᠦ ᠬᠡᠮᠡᠭᠴᠢ ᠨᠢᠬᠡ ᠶᠤᠰᠤᠨ ᠤ ᠵᠢᠷᠭᠠᠯᠠᠩ ᠤᠨ ᠡᠮᠤᠨᠡᠬᠢ ᠵᠤᠪᠠᠯᠠᠩ ᠪᠠᠶᠢᠵᠤ᠂ | ᠦᠬᠦᠵᠤ ᠰᠡᠬᠡᠬᠦ ᠶᠢᠨ ᠬᠠᠳᠠᠭᠤ ᠲᠡᠮᠡᠴᠡᠬᠡᠨ ᠪᠤᠯᠳᠠᠭ ᠠᠪᠠᠴᠤ ᠡᠨᠡᠬᠦᠬᠡᠨ ᠠᠬᠱᠠᠨᠠ ᠡᠮ᠎ᠡ ᠶᠠᠩᠬᠢᠷ ᠲᠤ ᠠᠪᠴᠤ | ᠬᠡᠯᠡᠪᠡᠯ ᠡᠪᠡᠳᠴᠤ ᠬᠠᠪᠤᠳᠬᠤ ᠬᠡᠮᠡᠭᠴᠢ ᠡᠩ ᠵᠢᠷ ᠤᠨ ᠦᠴᠦᠬᠡᠨ ᠶᠠᠪᠤᠳᠠᠯ ᠰᠢᠭ᠋ ᠪᠤᠯᠵᠤ᠂ ᠶᠠᠮᠠᠷ ᠴᠤ ᠬᠠᠷᠰᠢ | ᠰᠠᠭᠠᠳ ᠤᠴᠠᠷᠠᠭᠤᠯᠵᠤ ᠴᠢᠳᠠᠭᠰᠠᠨ ᠦᠬᠡᠢ ᠨᠢ ᠭᠠᠶᠢᠬᠠᠮᠠᠷ ᠪᠠᠶᠢᠯ᠎ᠠ᠃ | ᠢᠰᠢᠬᠡ ᠮᠠᠶᠢᠯᠠᠨ ᠮᠠᠶᠢᠯᠠᠭᠰᠠᠭᠠᠷ ᠶᠢᠷᠳᠢᠨᠴᠦ ᠳᠤ ᠮᠡᠨᠳᠤᠯᠡᠪᠡ᠃ ᠡᠮ᠎ᠡ ᠶᠠᠩᠬᠢᠷ ᠲᠤ ᠲᠠᠶᠢᠪᠤᠰᠢᠷᠠᠵᠤ ᠬᠡᠪᠳᠡᠬᠦ ᠴᠠᠭ | ᠪᠠᠶᠢᠭᠰᠠᠨ ᠦᠬᠡᠢ ᠪᠤᠯᠬᠤᠷ ᠠᠯᠪᠠ ᠪᠠᠷ ᠪᠤᠰᠴᠤ ᠢᠰᠢᠬᠡ ᠪᠠᠨ ᠪᠤᠰᠢᠭᠤᠬᠠᠨ ᠲᠤᠯᠢᠶᠠᠨ ᠬᠠᠳᠠᠭᠠᠬᠤ ᠶᠢ ᠰᠠᠨᠠᠪᠠ᠃ | ᠦᠬᠢᠨ ᠢᠰᠢᠬᠡ ᠪᠠᠶᠢᠬᠤ ᠪᠠᠷ ᠨᠢ ︽ᠠᠢ︕ ᠦᠬᠢᠨ ᠦᠷ᠎ᠡ ᠮᠢᠨᠢ︕ ᠡᠨᠡ ᠯᠡ ᠡᠷᠢᠶᠡᠨ ᠪᠠᠷᠠᠭᠠᠨ ᠶᠢᠷᠳᠢᠨᠴᠤ | ᠳᠤ ᠴᠢ ᠮᠢᠨᠢ ᠶᠠᠭᠠᠬᠢᠵᠤ ᠴᠤ ᠠᠮᠢᠳᠤᠷᠠᠬᠤ ᠪᠤᠯ ᠡ︾ ᠬᠡᠳ ᠨᠢᠯᠪᠤᠰᠤ ᠨᠢ ᠤᠷᠤᠰᠬᠤ ᠶᠢ ᠵᠠᠪᠳᠤᠳᠠᠯ᠎ᠠ ᠬᠡᠳᠡᠰᠤ ᠨᠢ | ᠲᠠᠬᠢᠭᠠᠳ ᠮᠤᠰᠬᠢᠭᠠᠳ ᠲᠤᠭᠤᠭᠰᠢ ᠪᠠᠭᠤᠯᠭᠠᠬᠤ ᠰᠢᠭ᠋ ᠪᠤᠯᠪᠠ᠃ ᠡᠮ᠎ᠡ ᠶᠠᠩᠬᠢᠷ ᠰᠠᠨᠳᠣᠷᠣᠨ ᠲᠣᠷᠣᠭᠰᠢ ᠣᠴᠣᠶᠢᠨ | ᠰᠠᠭᠤᠳᠠᠯ᠎ᠠ ︽ᠮᠠᠢ ᠮᠠᠢ︾ ᠮᠠᠶᠢᠯᠠᠭᠰᠠᠭᠠᠷ ᠪᠠᠰᠠ ᠨᠢᠭᠡ ᠢᠰᠢᠬᠡ ᠨᠢ ᠪᠣᠯᠳᠠᠰᠬᠢᠨ ᠭᠠᠷᠴᠦ ᠢᠷᠡᠪᠡ᠃ ᠬᠡᠳᠡᠰᠤ ᠨᠢ | ᠴᠦᠯᠳᠦᠶᠢᠬᠡᠳ ᠲᠡᠩᠴᠤ ᠪᠦᠳᠦᠬᠦᠨ ᠪᠠᠶᠢᠭᠰᠠᠨ ᠨᠢ ᠢᠬᠡᠷ᠎ᠡ ᠪᠠᠶᠢᠭᠰᠠᠨ ᠰᠠᠨᠵᠠᠢ᠃ ᠲᠡᠷᠡ ᠨᠢ ᠬᠠᠷᠢᠨ ᠡᠷ᠎ᠡ | ᠢᠰᠢᠬᠡ ᠪᠠᠶᠢᠭᠰᠠᠨ ᠢᠶᠠᠷ ᠡᠮ᠎ᠡ ᠶᠠᠩᠬᠢᠷ ︽ᠶᠠᠭᠤ ᠴᠤ ᠬᠡᠰᠡᠨ ᠬᠠᠨᠢ ᠲᠠᠢ ᠪᠤᠯᠤᠭᠰᠠᠨ ᠁ ᠪᠤᠷᠬᠠᠨ ᠲᠡᠭᠷᠢ | ᠦᠷᠦᠰᠢᠶᠡᠵᠡᠢ︾ ᠬᠡᠳ ᠲᠦᠷ ᠴᠤ ᠬᠡᠰᠡᠨ ᠪᠠᠶᠠᠷᠯᠠᠵᠤ ᠠᠪᠤᠪᠠ᠃ | ︽ᠭᠤᠸ᠎ᠠ ᠯᠠ ᠱᠠ ᠯᠠ᠂ ᠭᠤᠸ᠎ᠠ ᠯᠠ ᠱᠠ ᠯᠠ ᠁︾ ᠬᠡᠮᠡᠬᠦ ᠭᠤᠵᠤᠭᠤᠷ ᠴᠢᠳᠬᠦᠷ ᠤᠳ ᠤᠨ | ᠲᠠᠭᠤᠨ ᠤᠯᠠᠮ ᠠᠴᠠ ᠤᠯᠠᠮ ᠤᠶᠢᠷᠠᠳᠴᠤ ᠢᠷᠡᠯ᠎ᠡ᠃ ᠬᠡᠶ᠎ᠡ ᠡᠮ᠎ᠡ ᠶᠠᠩᠬᠢᠷ ᠤᠳᠤ ᠪᠠᠷ ᠢᠶᠠᠨ ᠶᠠᠪᠤᠵᠤ ᠡᠰᠡ | ᠪᠤᠯᠤᠨ᠎ᠠ᠃ ᠬᠠᠯᠳᠤ ᠮᠦᠯᠳᠤ ᠲᠤᠯᠢᠶᠠᠨ ᠬᠠᠳᠠᠭᠠᠭᠰᠠᠨ ᠬᠤᠶᠠᠷ ᠢᠰᠢᠬᠡ ᠪᠠᠨ ᠵᠦᠬᠡᠯᠡᠨ ᠬᠤᠰᠢᠭᠤ ᠪᠠᠷ ᠢᠶᠠᠨ | ᠠᠷᠭᠠᠯᠠᠨ ᠪᠠᠶᠢᠵᠤ ᠪᠤᠰᠬᠠᠭᠰᠠᠨ ᠡᠮ᠎ᠡ ᠶᠠᠩᠬᠢᠷ ᠰᠠᠷᠠᠶᠢᠨ ᠴᠢᠨᠤᠷᠡᠭᠰᠡᠨ ᠬᠤᠶᠠᠷ ᠬᠦᠬᠦ ᠪᠠᠨ ᠠᠮᠠ ᠦᠬᠡᠳᠡ ᠨᠢ | ᠣᠶᠢᠷᠠᠳᠣᠭᠤᠯᠵᠦ ᠦᠭᠪᠡ᠃ | ᠠᠮᠢᠳᠠᠨ ᠭᠤᠤᠯᠳᠠᠨ ᠤ ᠲᠦᠷᠦᠯᠬᠢ ᠶᠢᠨ ᠠᠪᠢᠶᠠᠰ ᠴᠢᠳᠠᠪᠦᠷᠢ ᠬᠡᠵᠤ ᠠᠶᠢᠬᠤᠪᠳᠤᠷ ᠬᠡᠴᠡᠬᠦᠤ ᠪᠠᠶᠢᠭᠰᠠᠨ | ᠰᠠᠨᠵᠠᠢ᠃ ᠬᠦᠯ ᠲᠡᠭᠡᠷ᠎ᠡ ᠪᠠᠨ ᠵᠦᠳᠡᠬᠦᠬᠡᠨ ᠲᠤᠭᠳᠠᠭᠠᠳ ᠲᠡᠯᠳᠡᠷᠬᠢᠯᠡᠵᠤ ᠪᠠᠶᠢᠭᠰᠠᠨ ᠴᠤ ᠪᠢᠴᠢᠬᠠᠨ ᠬᠤᠶᠠᠷ | ᠢᠰᠢᠬᠡ᠂ ᠡᠬᠡ ᠶᠢᠨ ᠢᠶᠠᠨ ᠬᠦᠬᠦᠨ ᠲᠣᠪᠴᠢ ᠶᠢ ᠨᠢᠬᠡ ᠨᠢ ᠨᠢᠬᠡ ᠤᠯᠵᠤ ᠡᠮᠬᠦᠬᠡᠳ ᠬᠦᠬᠡᠰᠤ ᠰᠠᠭᠭᠠᠭᠤᠯᠤᠨ | ᠬᠤᠪᠳᠤᠭ ᠰᠤᠷᠤᠬᠤ ᠨᠢ ᠶᠠᠮᠠᠷ ᠬᠦᠬᠡᠷᠦᠬᠦᠶᠢᠯᠡᠯᠳᠡᠢ ᠠᠵᠠᠢ᠃ | ᠡᠮ᠎ᠡ ᠶᠠᠩᠬᠢᠷ ᠤᠨ ᠨᠢᠯᠪᠤᠰᠤ ᠠᠬᠢᠭᠠᠳ ᠯᠡ ᠢᠪᠢᠯᠵᠤ ᠪᠠᠶᠢᠭ᠎ᠠ ᠰᠦ ᠰᠢᠭ ᠢᠶᠠᠨ ᠵᠤᠭᠰᠤᠭ᠎ᠠ ᠦᠬᠡᠢ ᠤᠷᠤᠰᠤᠯ᠎ᠠ᠃ | ᠬᠦᠬᠡᠷᠦᠬᠦᠢ ᠠᠮᠢᠳᠠᠨ ᠵᠢᠷᠭᠤᠭᠠᠨ ᠭᠤᠤᠯᠳᠠᠨ ᠤ ᠡᠬᠡ ᠪᠤᠯᠤᠭᠰᠠᠳ ᠪᠦᠷ ᠡᠶᠢᠮᠤ ᠯᠡ ᠦᠷᠦᠪᠴᠢᠬᠡᠨ ᠮᠦᠷᠳᠡᠬᠡᠨ | ᠲᠡᠶᠢᠮᠤ ᠯᠡ ᠬᠠᠷᠠᠮ ᠦᠬᠡᠢ ᠪᠠᠶᠢᠳᠠᠭ ᠰᠠᠨᠵᠠᠢ᠃ ᠤᠳᠠᠵᠤ ᠲᠦᠳᠡᠯ ᠦᠬᠡᠢ ᠡᠬᠡ ᠶᠢᠨ ᠰᠢᠷ᠎ᠠ ᠤᠭᠤᠷᠠᠭ ᠲᠠᠭᠠᠨ | ᠱᠠᠩᠳᠠᠭᠤᠷᠠᠭᠰᠠᠨ ᠢᠬᠡᠷ᠎ᠡ ᠢᠰᠢᠬᠡ ᠨᠢ ᠡᠬᠡ ᠲᠠᠢ ᠪᠠᠨ ᠨᠤᠤᠷᠠᠯᠳᠤᠬᠤ ᠪᠠᠨ ᠪᠤᠯᠢᠵᠤ ᠡᠶᠢᠰᠢ ᠲᠡᠶᠢᠰᠢ ᠰᠢᠷᠳᠡᠯᠬᠢᠯᠡᠨ | ᠲᠡᠨᠳᠦᠷ ᠮᠦᠨᠳᠤᠷ ᠲᠤᠭᠤᠷᠢᠨ᠎ᠠ᠃ ᠨᠢᠯᠬ᠎ᠠ ᠪᠡᠯᠴᠢᠷ ᠬᠦᠬᠡᠷᠦᠬᠦᠨ ᠬᠤᠶᠠᠷ ᠢᠰᠢᠬᠡ᠂ ᠬᠠᠭᠠᠴᠠᠯ ᠰᠠᠨᠠᠯ᠂ ᠠᠮᠢᠳᠤᠷᠠᠯ | ᠲᠡᠮᠡᠴᠡᠯ ᠬᠡᠵᠤ ᠶᠠᠭᠤ ᠪᠤᠯᠬᠤ ᠶᠢ ᠬᠡᠷᠬᠢᠨ ᠮᠡᠳᠡᠬᠦ ᠪᠢᠯᠡ︕ | ᠤᠳᠤ ᠡᠬᠡ ᠦᠷ᠎ᠡ ᠶᠢᠨ ᠬᠠᠶᠢᠷ᠎ᠠ ᠰᠡᠳᠬᠢᠯᠬᠡ ᠬᠡᠳ ᠨᠤᠤᠷᠠᠯᠳᠤᠬᠤ ᠴᠠᠭ ᠪᠠᠶᠢᠬᠤ ᠦᠬᠡᠢ ᠪᠤᠯᠵᠠᠢ᠃ | ᠡᠮ᠎ᠡ ᠶᠠᠩᠬᠢᠷ ᠬᠦᠬᠡᠷᠦᠬᠦᠨ ᠬᠤᠶᠠᠷ ᠦᠷ᠎ᠡ ᠪᠠᠨ ᠨᠢᠯᠪᠤᠰᠤ ᠠᠰᠬᠠᠷᠠᠭᠤᠯᠤᠨ ᠦᠨᠦᠷᠯᠡᠨ ᠦᠬᠦᠬᠡᠷᠳᠦᠭᠰᠡᠨ ᠢᠶᠠᠨ | ᠬᠡᠨᠡᠳᠳᠡ ᠤᠬᠤᠰᠬᠢᠨ ᠡᠷᠬᠢᠵᠤ ᠠᠭᠤᠢ ᠠᠴᠠ ᠪᠠᠨ ᠭᠠᠷᠤᠮᠠᠭᠴᠠ ᠬᠠᠳᠠᠨ ᠤ ᠪᠠᠷᠳᠠᠭ᠎ᠠ ᠶᠢ ᠠᠰᠢᠭᠯᠠᠨ ᠬᠠᠵᠠᠭᠤ | ᠲᠠᠭᠠᠨ ᠬᠤᠷᠳᠤᠯᠠᠪᠠ᠃ ᠲᠡᠬᠦᠨ ᠢ ᠠᠭᠤᠢ ᠠᠴᠠ ᠲᠦᠴᠢ ᠲᠠᠪᠢᠨ ᠠᠯᠬᠤᠮ ᠵᠠᠶᠢᠳᠠᠬᠤ ᠦᠶ᠎ᠡ ᠳᠤ ᠰᠠᠶ᠋ᠢ | ᠭᠤᠵᠤᠭᠤᠷ ᠤᠳ ᠤᠯᠵᠤ ᠬᠠᠷᠠᠭᠠᠳ ᠠᠭᠤᠢ ᠦᠬᠡᠳᠡ ᠮᠠᠴᠤᠬᠤ ᠪᠠᠨ ᠪᠤᠯᠢᠵᠤ᠂ ᠬᠤᠶᠢᠨ᠎ᠠ ᠠᠴᠠ ᠨᠢ ᠡᠷᠢᠶᠡᠨ | ᠰᠠᠭᠠᠷᠠᠯ ᠢᠶᠠᠷ ᠪᠠᠷᠬᠢᠷᠠᠯᠳᠤᠭᠰᠠᠭᠠᠷ ᠠᠰᠯᠠᠨ ᠨᠡᠬᠡᠵᠤ ᠢᠷᠡᠪᠡ᠃ | ︽ᠭᠤᠸ᠎ᠠ ᠯᠠ ᠱᠠ ᠯᠠ ᠁︾ ︽ᠲᠦᠡᠭ ᠲᠠᠩ᠂ ᠲᠦᠡᠭ ᠲᠠᠩ ᠁︾ ᠬᠤᠶᠠᠷ ᠬᠦᠯ ᠲᠠᠢ | ᠭᠤᠵᠤᠭᠤᠷ ᠴᠢᠳᠬᠦᠷ ᠤᠳ ᠡᠷᠦᠢ ᠬᠤᠷᠤᠢ ᠦᠬᠡᠢ ᠤᠷᠢᠯᠠᠯᠳᠤᠨ᠂ ᠬᠦᠬᠡ ᠤᠳᠤᠭ᠎ᠠ ᠲᠠᠢ ᠬᠦᠨᠳᠡᠯᠡᠨ ᠲᠦᠡᠭᠽᠢ | ᠵᠤᠭᠰᠤᠭ᠎ᠠ ᠵᠢᠯᠤᠭᠤ ᠦᠬᠡᠢ ᠲᠦᠡᠭᠬᠢᠨᠡᠨᠡ᠃ | ᠡᠮ᠎ᠡ ᠶᠠᠩᠬᠢᠷ ᠤᠨ ᠪᠡᠶ᠎ᠡ ᠲᠡᠭᠬᠡᠬᠡ ᠲᠠᠮᠢᠷ ᠰᠤᠯᠠ ᠪᠠᠶᠢᠭᠰᠠᠨ ᠴᠤ ᠬᠠᠷᠢᠨ ᠶᠡᠬᠡᠳᠡ ᠬᠦᠡᠭᠬᠡᠨ ᠱᠦᠡᠭᠬᠡᠨ | ᠪᠤᠯᠴᠢᠬᠠᠵᠠᠢ᠃ ᠲᠡᠷᠡ ᠬᠠᠵᠠᠭᠤ ᠶᠢ ᠲᠠᠭᠠᠨ ᠣᠮᠠᠷᠠᠰᠢᠯᠠᠵᠦ᠂ ᠠᠭᠤᠯᠠ ᠲᠠᠪᠠᠨ ᠭᠠᠷᠬᠤ ᠪᠠᠷ ᠲᠦᠯᠦᠪᠯᠡᠪᠡ᠃ | ᠠᠭᠤᠯᠠᠨ ᠤᠷᠤᠢ ᠠᠳᠡ ᠠᠴᠠ ᠲᠦᠷᠪᠡ ᠲᠠᠪᠤᠨ ᠵᠠᠭᠤᠨ ᠠᠯᠬᠤᠮ ᠠᠴᠠ ᠬᠡᠳᠦᠷᠡᠬᠦ ᠦᠬᠡᠢ ᠪᠦᠬᠡᠳ ᠬᠤᠶᠠᠷ | ᠬᠦᠯᠳᠡᠨ ᠨᠦᠭᠦᠳ ᠶᠠᠭᠠᠬᠢᠭᠰᠠᠨ ᠴᠤ ᠲᠠᠪᠠᠵᠤ ᠲᠡᠶᠢᠯᠬᠦ ᠦᠬᠡᠢ ᠬᠡᠳᠡᠭ ᠢ ᠲᠡᠷᠡ ᠲᠤᠳᠤᠷᠬᠠᠢ ᠮᠡᠳᠡᠵᠤ ᠪᠠᠶᠢᠯ᠎ᠠ᠃ | ᠡᠮ᠎ᠡ ᠶᠠᠩᠬᠢᠷ ᠬᠤᠷᠳᠤᠴᠠ ᠪᠠᠨ ᠲᠡᠩᠴᠡᠬᠦᠯᠦᠨ ᠭᠤᠵᠤᠭᠤᠷ ᠴᠢᠳᠬᠦᠷ ᠤᠳ ᠲᠠᠢ ᠵᠠᠭᠤᠨ ᠠᠯᠬᠤᠮ ᠤᠨ | ᠵᠠᠢ ᠲᠠᠢ ᠪᠠᠶᠢᠬᠤ ᠶᠢ ᠪᠠᠷᠢᠮᠳᠠᠯᠠᠵᠤ ᠪᠠᠶᠢᠯ᠎ᠠ᠃ ᠲᠡᠩᠴᠤ ᠬᠤᠷᠳᠤᠯᠠᠭᠠᠳ ᠬᠡᠳᠦᠷᠬᠡᠢ ᠵᠠᠶᠢᠳᠠᠪᠠᠯ ᠴᠢᠳᠬᠦᠷ ᠤᠳ | ᠬᠠᠰᠢᠷᠠᠵᠤ ᠴᠦᠬᠦᠬᠡᠳ ᠲᠡᠬᠦᠨ ᠢ ᠬᠠᠶᠠᠵᠤ᠂ ᠠᠭᠤᠢ ᠦᠬᠡᠳᠡ ᠨᠢ ᠡᠷᠬᠢᠵᠤ ᠤᠴᠢᠬᠤ ᠠᠴᠠ ᠡᠮᠢᠶᠡᠨ᠎ᠡ᠃ | ᠲᠡᠩᠳᠡᠬᠦᠣ ᠠᠭᠠᠵᠢᠭᠤᠯᠤᠭᠠᠳ ᠭᠤᠵᠤᠭᠤᠷ ᠤᠳ ᠲᠠᠢ ᠬᠡᠳᠤ ᠤᠶᠢᠷᠠᠳᠪᠠᠯ ᠦᠨᠦ ᠬᠦᠬᠡ ᠤᠳᠤᠭ᠎ᠠ ᠲᠠᠢ ᠬᠦᠨᠳᠡᠯᠡᠨ | ᠶᠠᠭᠤᠮᠠᠨ ᠳᠤ ᠬᠢᠯᠪᠠᠷᠬᠠᠨ ᠰᠦᠪᠡᠯᠡᠭᠳᠡᠬᠦ ᠶᠢ ᠪᠤᠤ ᠬᠡᠯᠡ ᠬᠢᠷᠠᠬᠠᠢ ᠨᠢᠳᠤ ᠲᠠᠢ ᠨᠢᠬᠡᠨ ᠳᠤᠨᠢ ᠢᠰᠢᠬᠡᠯᠡᠭᠰᠡᠨ ᠬᠡᠳᠡᠭ | ᠢᠶᠠᠨ ᠰᠡᠷᠡᠭᠳᠡᠪᠡᠯ ᠨᠡᠩ ᠴᠤ ᠪᠠᠷᠠᠭᠰᠠᠨ ᠬᠡᠷᠡᠭ ᠪᠤᠯᠤᠨ᠎ᠠ ᠬᠡᠵᠤ ᠰᠡᠷᠬᠡᠭ ᠤᠬᠠᠭᠠᠨ ᠳᠠᠭᠠᠨ ᠰᠡᠳᠬᠢᠨ ᠪᠤᠳᠤᠵᠤ | ᠠᠮᠵᠢᠭᠰᠠᠨ ᠪᠠᠶᠢᠵᠠᠢ᠃ | ᠵᠠᠮ ᠤᠨ ᠶᠡᠬᠡᠨᠭᠬᠢ ᠬᠠᠭᠠᠰ ᠢ ᠬᠤᠷᠤᠭᠠᠵᠤ᠂ ᠴᠠᠭ ᠨᠡᠯᠢᠶᠡᠳ ᠢ ᠦᠷᠡᠭᠰᠡᠨ ᠪᠤᠯᠪᠠᠴᠤ ᠡᠨᠡ ᠤᠳᠠᠭ᠎ᠠ ᠡᠮ᠎ᠡ ᠶᠠᠩᠬᠢᠷ | ᠲᠡᠳᠤᠢ ᠶᠠᠳᠠᠷᠠᠭ᠎ᠠ ᠦᠬᠡᠢ᠃ ᠤᠳᠤ ᠤᠢ ᠮᠤᠳᠤ ᠰᠡᠶᠢᠷᠡᠭᠵᠢᠭᠰᠡᠨ ᠠᠪᠠᠴᠦ ᠠᠰᠬ᠎ᠠ ᠬᠠᠳᠠ ᠰᠡᠭᠦᠶᠢᠯᠴᠡᠭᠡᠳ | ᠪᠠᠷᠳᠠᠭ᠎ᠠ ᠪᠡᠷᠬᠡ ᠶᠡᠭᠡ ᠪᠤᠯᠵᠠᠢ᠃ ᠡᠮ᠎ᠡ ᠶᠠᠩᠬᠢᠷ ᠤᠨ ᠪᠤᠳᠤᠯ ᠰᠡᠳᠬᠢᠯᠬᠡ ᠲᠠᠯᠪᠢᠭᠤᠷᠠᠨ ᠲᠡᠭᠰᠢᠷᠡᠵᠤ᠂ ︽ | ᠲᠠᠪᠢᠭᠠᠳ ᠯᠡ ᠠᠯᠬᠤᠮ ᠲᠠᠢ ᠪᠤᠯ ᠠᠭᠤᠯᠠ ᠲᠠᠪᠠᠨ᠎ᠠ ᠁ ᠬᠦᠬᠡᠷᠦᠬᠦᠢ ᠡᠬᠡ ᠦᠷ᠎ᠡ ᠪᠢᠳᠡ ᠭᠤᠷᠪᠠᠭᠤᠯᠠ | ᠮᠠᠷᠭᠠᠰᠢ ᠶᠢᠨ ᠨᠠᠷᠠ ᠶᠢ ᠡᠰᠡᠨ ᠮᠡᠨᠳᠤ ᠬᠠᠷᠠᠬᠤ ᠨᠢ ᠁︾ ᠬᠡᠵᠤ ᠪᠤᠳᠤᠬᠤ ᠪᠠᠷ ᠲᠤᠷᠮᠤᠯᠵᠠᠭᠰᠠᠨ ᠬᠤᠶᠠᠷ | ᠨᠢᠳᠤᠨ ᠳᠤᠨᠢ ᠮᠦᠨ ᠯᠡ ᠨᠢᠯᠪᠤᠰᠤ ᠪᠦᠷᠬᠦᠵᠡᠢ᠃ | ᠭᠤᠵᠤᠭᠤᠷ ᠤᠳ ᠮᠠᠭᠤᠳᠠᠵᠤ ᠲᠤᠶᠢᠯᠳᠠᠭᠰᠠᠨ ᠨᠢ ᠢᠯᠡᠷᠬᠡᠢ ᠪᠤᠯᠵᠤ᠂ ᠬᠦᠬᠡ ᠤᠳᠤᠭᠠᠳᠤ ᠬᠦᠨᠳᠡᠯᠡᠨ | ᠲᠦᠡᠭᠽᠢ ᠪᠠᠨ ᠠᠯᠪᠠ ᠶᠢᠨ ᠲᠡᠳᠦᠢ ᠲᠤᠤᠭᠠᠷᠭᠠᠵᠤ ᠪᠠᠶᠢᠪᠠ᠃ ᠡᠮ᠎ᠡ ᠶᠠᠩᠬᠢᠷ ᠠᠭᠤᠯᠠ ᠲᠠᠪᠠᠨ ᠴᠢᠨᠠᠭᠰᠢ ᠭᠠᠷᠬᠤ | ᠶᠢ ᠶᠠᠭᠠᠷᠠᠭᠰᠠᠨ ᠦᠬᠡᠢ᠃ ︽ᠭᠤᠵᠤᠭᠤᠷ ᠤᠳ ᠴᠤᠬᠤᠮ ᠶᠠᠭᠤ ᠶᠠᠭᠠᠬᠢᠬᠤ ᠬᠡᠵᠤ ᠁ ᠪᠠᠰᠠ ᠶᠠᠮᠠᠷ ᠵᠠᠯᠢ ᠮᠡᠭᠡ | ᠭᠠᠷᠭᠠᠬᠤ ᠪᠤᠯ︖︾ ᠬᠡᠰᠡᠨ ᠰᠢᠭ ᠬᠤᠶᠢᠰᠢ ᠡᠷᠬᠢᠨ ᠠᠵᠢᠶᠠᠷᠠᠪᠠ᠃ | ᠭᠤᠵᠤᠭᠤᠷ ᠤᠳ ᠤᠨᠵᠢᠢᠵᠤ ᠯᠠᠪᠳᠠᠶᠢᠨ ᠵᠤᠭᠰᠤᠵᠠᠭᠠᠵᠤ ᠪᠠᠶᠢᠬᠰᠠᠨ ᠢᠶᠠᠨ ᠪᠦᠬᠦᠳᠡᠬᠡᠷ ᠭᠠᠵᠠᠷ ᠨᠠᠭᠠᠯᠳᠤᠨ | ᠬᠡᠪᠳᠡᠴᠢᠬᠡᠪᠡ᠃ ︽ᠮᠠᠭᠤ ᠴᠢᠳᠬᠦᠷ ᠤᠳ ᠤᠨ ᠲᠡᠩᠬᠡᠬᠡ ᠲᠠᠮᠢᠷ ᠨᠢ ᠲᠠᠭᠤᠰᠤᠭᠰᠠᠨ ᠪᠠᠶᠢᠯᠬᠦᠢ᠂ ᠤᠳᠤ ᠶᠠᠭᠠᠬᠢᠵᠦ | ᠴᠢᠳᠠᠬᠤᠪ ᠁︾ ᠬᠡᠵᠤ ᠡᠮ᠎ᠡ ᠶᠠᠩᠬᠢᠷ ᠡᠮᠵᠡᠭᠬᠡᠨ ᠪᠤᠳᠤᠯ ᠳᠠᠭᠠᠨ ᠪᠠᠶᠠᠰᠤᠨ ᠪᠠᠶᠢᠳᠠᠯ᠎ᠠ ᠦᠨᠦ ᠬᠦᠬᠡ ᠴᠡᠩᠬᠡᠷ | ᠤᠳᠤᠭ᠎ᠠ ᠶᠠᠭ ᠯᠡ ᠬᠤᠯᠠ ᠶᠢᠨ ᠬᠤᠯᠠᠬᠢ ᠠᠶᠢᠯ ᠤᠳ ᠤᠨ ᠤᠷᠤᠢ ᠠᠴᠠ ᠰᠤᠭᠤᠨᠠᠭᠯᠠᠬᠤ ᠴᠡᠩᠬᠡᠷ ᠤᠳᠤᠭ᠎ᠠ | ᠰᠢᠳᠬᠠᠨ ᠵᠡᠷᠬᠡ ᠪᠠᠷ ᠰᠤᠭᠤᠨᠠᠭᠯᠠᠭᠰᠠᠨ ᠢᠶᠠᠨ ᠬᠦᠨᠳᠡᠯᠡᠨ ᠲᠦᠡᠭᠽᠢ ᠨᠦᠭᠦᠳ ᠵᠢᠭᠳᠡ ᠪᠠᠷ ︽ᠲᠦᠡᠭ ᠲᠠᠩ᠂ | ᠲᠦᠡᠭ ᠲᠠᠩ ᠁︾ ᠬᠡᠵᠤ ᠴᠢᠬᠢ ᠶᠢ ᠨᠢ ᠲᠤᠷᠬᠢᠳᠠᠯᠠ ᠫᠠᠷᠴᠢᠬᠢᠨᠠᠨ ᠲᠤᠤᠭᠠᠷᠤᠭᠠᠳ ︽ᠰᠢᠤ ᠰᠢᠤ ᠁︾ | ᠬᠡᠮᠡᠨ ᠠᠭᠠᠷ ᠢ ᠵᠦᠰᠦᠨ ᠢᠰᠬᠡᠷᠤᠨ ᠱᠤᠤᠬᠢᠭᠠᠳ ︽ᠨᠢᠱ ᠲᠢᠱ ᠁︾ ᠬᠡᠯᠴᠡᠨ ᠠᠭᠤᠯᠠ ᠬᠠᠳᠠ ᠶᠢ | ᠨᠦᠬᠡᠯᠡᠨ ᠰᠦᠪᠡᠯᠡᠪᠡ᠃ | ᠠᠷᠭ᠎ᠠ ᠴᠦᠬᠦᠭᠰᠡᠨ ᠴᠢᠳᠬᠦᠷ ᠤᠳ᠂ ᠮᠠᠭᠤ ᠰᠠᠶᠢᠨ ᠵᠠᠯᠢ ᠮᠡᠬᠡᠳᠡᠨ ᠨᠦᠭᠦᠳ ᠤᠬᠠᠭᠠᠨ ᠵᠠᠷᠤᠵᠤ ᠲᠠᠬᠦᠨ | ᠢ ᠰᠠᠭᠠᠳᠤᠭᠤᠯᠤᠭᠠᠳ ᠡᠴᠦᠰ ᠤᠨ ᠪᠤᠷᠤᠩᠬᠤᠢ ᠲᠠᠭᠠᠷᠢᠯᠳᠠ ᠬᠢᠵᠤ ᠪᠠᠶᠢᠬᠤ ᠶᠢ ᠮᠡᠳᠡᠭᠰᠡᠨ ᠶᠠᠩᠬᠢᠷ᠂ ᠲᠡᠶᠢᠰᠤᠨ | ᠢᠶᠠᠨ ᠲᠠᠩᠴᠤ ᠬᠦᠡᠭᠬᠡᠪᠴᠢᠯᠡᠭᠰᠡᠨ ᠢᠶᠠᠨ ᠤᠳᠤ ᠰᠠᠶ᠋ᠢ ᠤᠬᠠᠭᠠᠷᠠᠭᠠᠳ ᠤᠬᠤᠰᠬᠢᠨ ᠡᠷᠬᠢᠨ ᠵᠢᠭᠤᠳᠠᠬᠤ ᠬᠡᠳᠡᠯ᠎ᠡ | ᠪᠤᠷᠤᠭᠤ ᠲᠠᠯ᠎ᠠ ᠶᠢᠨ ᠭᠤᠶ᠎ᠠ ᠨᠢ ︽ᠵᠢᠮ︾ ᠬᠡᠬᠦ ᠶᠢᠨ ᠵᠡᠷᠬᠡ ᠪᠡᠶ᠎ᠡ ᠪᠠᠨ ᠡᠵᠡᠮᠳᠡᠵᠤ ᠲᠡᠶᠢᠯᠤᠯ ᠦᠬᠡᠢ ᠠᠷᠤᠭᠰᠢ | ᠬᠠᠨᠳᠠᠷᠤᠨ ᠤᠨᠠᠭᠠᠳ ᠬᠡᠳᠤ ᠬᠡᠳᠤ ᠦᠡᠭᠬᠦᠷᠢᠪᠡ᠃ ᠶᠠᠩᠬᠢᠷ ᠦᠨᠦ ᠯᠡ ᠶᠠᠭᠤᠮᠠᠨ ᠳᠤ ᠰᠦᠪᠡᠯᠡᠭᠳᠡᠵᠡᠢ᠃ ᠠᠷᠢᠭᠤᠨ | ᠤᠯᠠᠭᠠᠨ ᠴᠢᠰᠤ ᠨᠢ ᠠᠰᠬᠠᠵᠤ ᠴᠢᠳᠬᠤᠮᠠ ᠤᠷᠤᠰᠬᠤ ᠶᠢ ᠬᠠᠷᠠᠭᠰᠠᠨ ᠡᠮ᠎ᠡ ᠶᠠᠩᠬᠢᠷ ᠡᠪᠡᠳᠬᠦ ᠪᠠᠨ ᠲᠡᠰᠪᠦᠷᠢᠯᠡᠨ | ᠰᠢᠷᠬ᠎ᠠ ᠪᠠᠨ ᠲᠤᠯᠢᠶᠠᠪᠠ᠃ | ︽ᠭᠤᠸ᠎ᠠ ᠯᠠ ᠱᠠ ᠯᠠ ᠁︾ ᠬᠡᠵᠤ ᠬᠦᠭᠡᠷᠦᠯᠳᠦᠨ ᠤᠷᠢᠯᠠᠯᠳᠤᠬᠤ ᠲᠠᠭᠤᠨ ᠠᠯᠢ ᠴᠤ ᠤᠳᠠᠭ᠎ᠠ | ᠠᠴᠠ ᠲᠠᠭᠡᠷᠡᠳᠡᠨ ᠭᠤᠵᠤᠭᠤᠷ ᠴᠢᠳᠬᠦᠷ ᠤᠳ ᠶᠠᠩᠬᠢᠷ ᠦᠬᠡᠳᠡ ᠦᠬᠦᠯᠳᠡᠨ ᠭᠦᠶᠦᠯᠳᠦᠪᠡ᠃ ᠠᠵᠠ ᠪᠠᠷ ᠦᠨᠦ | ᠶᠠᠭᠤᠮ᠎ᠠ ᠶᠠᠰᠤᠨ ᠳᠤᠨᠢ ᠰᠢᠷᠭᠤᠭᠰᠠᠨ ᠦᠬᠡᠢ ᠪᠤᠯᠬᠤᠷ ᠡᠮ᠎ᠡ ᠶᠠᠩᠬᠢᠷ ᠬᠠᠳᠠᠭᠤᠵᠢᠨ ᠪᠤᠰᠴᠤ ᠲᠠᠬᠢᠨ ᠵᠢᠭᠤᠳᠠᠬᠤ | ᠬᠡᠮᠡᠳᠡᠯ᠎ᠡ ︽ᠡ ᠠ ᠁︾ ᠬᠡᠮᠡᠬᠦ ᠡᠷᠢᠶᠠᠨ ᠰᠠᠭᠠᠷᠠᠯ ᠴᠤᠴᠢᠮᠠᠭ ᠲᠠᠭᠤᠨ ᠭᠤᠵᠤᠭᠤᠷ ᠤᠳ ᠤᠨ ᠲᠡᠨᠳᠡ ᠠᠴᠠ | ᠠᠬᠢᠨ ᠲᠤᠭᠤᠯᠳᠠᠪᠠ᠃ ᠶᠠᠩᠬᠢᠷ ᠬᠦᠶᠦᠬᠦ ᠬᠡᠰᠡᠨ ᠢᠶᠠᠨ ᠪᠤᠯᠢᠵᠤ ᠰᠡᠷᠡᠮᠵᠢᠳᠡᠶᠢᠬᠡᠨ ᠠᠵᠢᠭᠯᠠᠪᠠᠯ ᠬᠠᠷᠢᠨ ᠢᠯᠡᠯᠳᠡ | ᠳᠠᠭᠠᠨ ᠰᠣᠭᠳᠣᠭᠤᠷᠠᠭᠰᠠᠨ ᠨᠢᠬᠡ ᠴᠢᠳᠬᠦᠷ ᠨᠢ ᠬᠠᠳᠠᠨ ᠠᠴᠠ ᠪᠦᠮᠪᠦᠷᠢᠬᠦ ᠴᠢᠯᠠᠭᠤ ᠰᠢᠭ᠋ ᠯᠡ ᠲᠤᠷᠤᠭᠰᠢ | ᠦᠡᠭᠬᠦᠷᠢᠳᠤᠵᠤ ᠪᠠᠶᠢᠭᠰᠠᠨ ᠠᠵᠠᠢ᠃ ᠨᠦᠬᠦᠬᠡ ᠴᠢᠳᠬᠦᠷ ᠤᠳ ᠨᠢ ︽ᠦ ᠠ ᠁︾ ᠬᠡᠯᠴᠡᠨ ᠦᠨᠦᠬᠢ ᠶᠢᠨ | ᠢᠶᠠᠨ ᠵᠦᠭ ᠤᠨᠠᠵᠤ ᠲᠤᠰᠤᠨ ᠭᠦᠶᠦᠯᠳᠦᠪᠡ᠃ | ᠬᠦᠬᠡᠷᠦᠬᠦᠢ ᠶᠠᠩᠬᠢᠷ ᠤᠨ ᠮᠢᠬ᠎ᠠ ᠶᠢ ᠢᠳᠡᠬᠦ ᠬᠡᠰᠡᠨ ᠰᠢᠨᠤᠬᠠᠢ ᠴᠢᠳᠬᠦᠷ ᠤᠳ ᠨᠢᠬᠡ ᠶᠢᠨ ᠢᠶᠠᠨ ᠴᠢᠰᠤ | ᠶᠢ ᠦᠵᠡᠭᠡᠳ ᠰᠠᠶ᠋ᠢ ᠰᠠᠨᠠᠭ᠎ᠠ ᠨᠢ ᠠᠮᠠᠷᠠᠵᠤ ᠰᠡᠳᠬᠢᠯ ᠨᠢ ᠮᠤᠬᠤᠵᠠᠢ᠃ ᠡᠮ᠎ᠡ ᠶᠠᠩᠬᠢᠷ ᠬᠦᠨ ᠬᠡᠭᠴᠢ ᠠᠮᠢᠰᠬᠤᠵᠤ | ᠠᠪᠤᠭᠠᠳ ᠰᠢᠷᠬ᠎ᠠ ᠲᠠᠢ ᠬᠦᠯ ᠢᠶᠠᠨ ᠴᠢᠷᠦᠭᠰᠡᠬᠡᠷ ᠠᠭᠤᠢ ᠵᠦᠭ ᠢᠶᠠᠨ — ᠦᠷ᠎ᠡ ᠦᠬᠡᠳᠡ ᠪᠠᠨ ᠨᠢᠯᠪᠤᠰᠤ | ᠠᠰᠬᠠᠷᠠᠭᠤᠯᠤᠨ ᠲᠡᠮᠡᠤᠯᠪᠡ ᠁ | | | |