| ᠠᠯᠪᠠᠨ ᠭᠡᠷ ᠲᠠᠬᠢ ᠢᠨᠢᠶᠡᠳᠦᠮ | | | ᠰᠠᠷᠠᠨ᠎ᠠ ᠬᠡᠦᠬᠡᠨ ᠨᠢᠭᠡ ᠬᠤᠪᠢ ᠬᠢᠳᠡᠳ ᠰᠡᠳᠬᠦᠯ ᠪᠠᠷᠢᠴᠢᠬᠠᠰᠠᠨ ᠣᠷᠣᠵᠣ ᠢᠷᠡᠭᠡᠳ᠄ | — ᠰᠠᠶ᠋ᠢ ᠪᠢ ᠰᠡᠳᠬᠦᠯ ᠲᠡᠭᠡᠷ᠎ᠡ ᠠᠴᠠ ᠢᠨᠢᠶᠡᠳᠦᠮ ᠱᠤᠭ ᠲᠠᠢ ᠨᠢᠭᠡ ᠵᠣᠬᠢᠶᠠᠯ ᠦᠵᠡᠯ᠎ᠡ᠃ ᠭᠠᠷᠴᠠᠭ | ᠨᠢ ︿︿ᠡᠬᠡᠨᠡᠷ ᠠᠴᠠ ᠪᠠᠨ ᠠᠶᠣᠳᠠᠭ ᠦᠬᠡᠨᠴᠡ ᠡᠷ᠎ᠡ ᠶᠢᠨ10 ᠢᠯᠡᠷᠡᠯ﹀﹀ ᠭᠡᠨ᠎ᠡ᠃ ᠡᠷᠬᠢᠮ ᠲᠠᠨᠠᠷ ᠲᠠᠭᠠᠨ | ᠣᠩᠰᠢᠵᠦ ᠦᠭᠭᠦᠶ᠎ᠡ︕ ᠬᠠᠷᠢᠯᠴᠠᠨ ᠪᠣᠳᠣᠵᠣ ᠦᠵᠡ᠂ ᠴᠣᠬᠤᠮ ᠬᠡᠨ ᠨᠢ ᠡᠬᠡᠨᠡᠷ ᠠᠴᠠ ᠪᠠᠨ ᠠᠶᠣᠳᠠᠭ ᠦᠬᠡᠨᠴᠡ | ᠶᠠᠭᠤᠮ᠎ᠠ ᠪᠣᠢ ᠭᠡᠵᠦ ᠱᠣᠭᠯᠠᠨ ᠢᠨᠢᠶᠡᠭᠰᠡᠭᠡᠷ ᠬᠡᠯᠡᠪᠡ᠃ | ᠰᠠᠷᠠᠨ᠎ᠠ ᠶᠢᠨ ᠦᠭᠡ ᠠᠷᠠᠢ ᠲᠠᠭᠤᠰᠣᠳᠠᠯᠠ ᠯᠣᠣ ᠵᠠᠩ ᠭᠤᠸᠡᠢ ᠴᠢᠷᠠᠢ ᠪᠠᠨ ᠲᠡᠰᠭᠡᠶᠢᠯᠭᠡᠨ᠄ | — ᠠᠢ ᠶᠣᠣ︕ ᠶᠠᠮᠠᠷ ᠴᠠᠭ ᠦᠶ᠎ᠡ ᠪᠣᠯᠵᠣ ᠪᠠᠶᠢᠬᠤ ᠶᠢ ᠮᠡᠳᠡᠬᠦ ᠦᠭᠡᠢ ᠦᠦ︖ ᠡᠮ᠎ᠡ ᠠᠴᠠ ᠪᠠᠨ | ᠠᠶᠣᠳᠠᠭ ᠦᠬᠡᠨᠴᠡ ᠡᠷ᠎ᠡ ᠭᠡᠵᠦ ᠪᠠᠰᠠ ᠪᠠᠶᠢᠳᠠᠭ ᠭᠡᠵᠢ ᠦᠦ︖ ᠮᠠᠨ ᠤ ᠭᠡᠷ ᠤᠨ ᠶᠡᠭᠡ ᠪᠠᠭ᠎ᠠ ᠶᠠᠮᠠᠷ ᠨᠢᠭᠡᠨ | ᠣᠴᠢᠷ ᠶᠠᠪᠣᠳᠠᠯ ᠳᠤ ᠯᠣᠣ ᠵᠠᠩ ᠪᠢ ᠲᠣᠣᠭᠠᠷᠬᠤ ᠦᠭᠡᠢ ᠪᠣᠯ ᠪᠦᠳᠦᠬᠦ ᠶᠠᠭᠤᠮ᠎ᠠ ᠭᠡᠵᠦ ᠦᠭᠡᠢ᠃ ᠠᠯᠢ ᠵᠣᠷᠪᠣᠰ ᠢ | ᠨᠢ ᠶᠠᠭᠠᠬᠢᠵᠦ ᠣᠩᠰᠢᠭᠰᠠᠨ ᠴᠦ ᠨᠠᠮᠠᠢᠢ ᠳᠤ ᠯᠡ ᠵᠣᠬᠢᠴᠠᠬᠤ ᠵᠦᠢᠯ ᠦᠭᠡᠢ ᠭᠡᠵᠦ ᠵᠠᠨᠴᠢᠯᠠ᠃ | ᠰᠠᠷᠠᠨ᠎ᠠ ᠯᠣᠣ ᠵᠠᠩ ᠢ ᠬᠠᠷᠠᠵᠦ᠂ ᠵᠣᠮᠢᠢᠨ ᠢᠨᠢᠶᠡᠭᠡᠳ᠄ | — ᠨᠢᠭᠡᠳᠦᠭᠡᠷ ᠢᠯᠡᠷᠡᠯ᠄ ᠡᠬᠡᠨᠡᠷ ᠠᠴᠠ ᠪᠠᠨ ᠠᠶᠣᠳᠠᠭ ᠡᠷ᠎ᠡ ᠬᠦᠮᠦᠨ᠂ ᠶᠡᠷᠦᠨᠢ ᠭᠡᠷ ᠪᠦᠯᠢ ᠳᠡᠭᠡᠨ | ᠦᠪᠡᠷ ᠢ ᠪᠠᠨ ᠬᠦᠨᠳᠦᠳᠭᠡᠬᠦ ᠰᠡᠳᠬᠢᠯᠭᠡ ᠨᠢ ᠨᠢᠭᠡᠮᠦᠰᠣᠨ ᠦᠭᠡᠢ ᠪᠣᠯᠣᠭᠰᠠᠨ ᠪᠣᠯᠬᠤᠷ ᠣᠯᠠᠨ ᠨᠡᠶᠢᠳᠡ ᠶᠢᠨ | ᠭᠠᠵᠠᠷ ᠬᠡᠯᠡᠬᠦ ᠬᠦᠳᠡᠯᠬᠦ ᠪᠦᠬᠦᠨ ᠳᠡᠭᠡᠨ ᠦᠪᠡᠷ ᠢ ᠪᠠᠨ ᠲᠣᠪᠣᠶᠢᠯᠭᠠᠨ᠂ ᠶᠡᠭᠡ ᠡᠷ᠎ᠡ᠂ ᠰᠠᠶᠢᠨ ᠡᠷ᠎ᠡ ᠬᠡᠮᠡᠨ | ᠢᠯᠡᠷᠡᠭᠦᠯᠬᠦ ᠶᠢ ᠵᠣᠷᠢᠨ᠂ ᠦᠪᠡᠷ ᠢ ᠪᠠᠨ ᠰᠡᠳᠬᠢᠯ ᠰᠠᠨᠠᠭ᠎ᠠ ᠶᠢ ᠲᠠᠶᠢᠳᠬᠠᠷᠠᠭᠤᠯᠳᠠᠭ ᠶᠣᠮ ᠭᠡᠵᠦ ᠣᠩᠰᠢᠵᠦ | ᠭᠠᠷᠣᠯ᠎ᠠ᠃ | ᠠᠯᠪᠠᠨ ᠭᠡᠷ ᠤᠨ ᠬᠦᠮᠦᠰ ︿ ᠬᠢ ᠬᠢ᠂ ᠬᠡ ᠬᠡ﹀ ᠰᠡᠮ ᠢᠶᠠᠨ ᠢᠨᠢᠶᠡᠯᠴᠡᠵᠦ ᠡᠬᠢᠯᠡᠪᠡ᠃ | ᠶᠠᠩ ᠬᠦᠭᠰᠢᠨ ᠴᠦ ᠢᠨᠢᠶᠡᠭᠰᠡᠭᠡᠷ᠄ | — ᠬᠦᠢ᠂ ᠡᠨᠡ ᠵᠣᠷᠪᠣᠰ ᠴᠢᠨᠢ ᠶᠠᠭ ᠯᠡ ᠮᠠᠨ ᠤ ᠯᠣᠣ ᠵᠠᠩ ᠭᠤᠸᠡᠢ ᠶᠢ ᠬᠡᠯᠡᠴᠢᠬᠡᠭᠰᠡᠨ ᠰᠢᠭ ᠯᠡ | ᠶᠣᠮ ᠭᠡᠯᠡ᠃ | ᠯᠣᠣ ᠵᠠᠩ ᠴᠢᠷᠠᠢ ᠪᠠᠨ ᠴᠢᠰ ᠣᠯᠠᠶᠢᠯᠭᠠᠨ ᠪᠣᠰᠴᠣ ᠵᠣᠭᠰᠣᠭᠠᠳ᠂ ᠰᠦᠪᠡᠭᠡ ᠲᠣᠯᠣᠨ᠂ ᠴᠡᠴᠡᠷᠬᠡᠯᠡᠭᠰᠡᠨ | ᠲᠠᠭᠤᠨ ᠢᠶᠠᠷ᠄ —— ᠮᠠᠭᠤ ᠶᠠᠩ ᠬᠦᠭᠰᠢᠨ ᠴᠢ ᠪᠣᠣ ᠴᠠᠯᠴᠢ︕ ᠬᠡᠨ ᠡᠮ᠎ᠡ ᠠᠴᠠ ᠪᠠᠨ ᠠᠶᠣᠳᠠᠭ ᠶᠣᠮ︖ | ᠠ︕ ᠲᠠᠨᠣᠰ ᠦᠵᠡ︕ ᠯᠣᠣ ᠵᠠᠩ ᠪᠢ ᠡᠮ᠎ᠡ ᠠᠴᠠ ᠪᠠᠨ ᠠᠶᠣᠳᠠᠭ ᠶᠠᠩᠵᠦ ᠪᠠᠶᠢᠨᠠᠣ ᠭᠡᠵᠦ ᠬᠠᠰᠬᠢᠷᠬᠤ | ᠵᠠᠪᠳᠣᠭᠤ ᠬᠡᠯᠡᠪᠡ᠃ | ᠰᠠᠷᠠᠨ᠎ᠠ ᠵᠠᠯᠭᠠᠭᠠᠳ ᠣᠩᠰᠢᠨ᠎ᠠ᠃ | — ᠬᠤᠶᠠᠳᠣᠭᠠᠷ ᠢᠯᠡᠷᠡᠯ ᠨᠢ ᠭᠡᠪᠡᠯ᠄ ᠪᠣᠰᠣᠳ ᠬᠦᠮᠦᠨ ᠲᠡᠭᠦᠨ ᠢ ᠨᠢᠭᠤᠷ ᠲᠡᠭᠡᠷ᠎ᠡ ᠨᠢ ᠡᠬᠡᠨᠡᠷ ᠠᠴᠠ | ᠪᠠᠨ ᠠᠶᠣᠨ᠎ᠠ ᠭᠡᠬᠦ ᠮᠡᠳᠦ ᠪᠠᠷ ᠱᠣᠭᠯᠠᠪᠠᠯ᠂ ᠲᠡᠷᠡ ᠰᠣᠨᠢᠨ ᠭᠠᠶᠢᠬᠠᠯᠳᠠᠢ ᠪᠠᠷ ᠲᠣᠭᠳᠣᠯᠣᠨ ᠴᠡᠴᠡᠷᠬᠡᠯᠡᠵᠦ᠂ ᠬᠠᠷ᠎ᠠ | ᠠᠯᠪᠠ ᠪᠠᠷ ᠲᠡᠶᠢᠮᠦ ᠪᠢᠰᠢ ᠬᠡᠮᠡᠨ ᠪᠣᠯᠠᠬᠠᠶᠢᠯᠠᠬᠤ ᠶᠣᠮ ᠭᠡᠵᠦ ᠣᠩᠰᠢᠳᠠᠯᠠ᠂ ᠨᠢᠭᠤᠷ ᠴᠢᠷᠠᠢ ᠨᠢ ᠣᠯᠠᠶᠢᠨ ᠪᠣᠷᠣᠯᠠᠵᠣ | ᠂ ᠠᠮᠢᠰᠬᠤᠭ᠎ᠠ ᠲᠠᠪᠬᠤᠴᠠᠨ᠂ ᠲᠣᠭᠳᠣᠯᠣᠨ ᠴᠡᠴᠡᠷᠬᠡᠯᠡᠵᠦ ᠪᠠᠶᠢᠭ᠎ᠠ ᠯᠣᠣ ᠵᠠᠩ ᠢ ᠬᠠᠷᠠᠭᠠᠳᠣᠯᠠᠨ ᠢᠶᠠᠷ ᠢᠶᠠᠨ ᠨᠢᠭᠡ | ᠯᠡ ᠲᠠᠭᠤᠨ ᠢᠶᠠᠷ᠄ | — ᠠᠳᠠᠯᠢ ᠡ︕ ᠶᠣᠰᠣᠳᠠᠢ ᠠᠳᠠᠯᠢ ᠭᠡᠵᠡᠭᠡᠯ᠎ᠡ᠃ | |