| ᠰᠣᠨᠢᠷᠬᠠᠯᠳᠡᠢ ᠪᠡᠶ᠎ᠡ ᠶᠢᠨ ᠲᠠᠨᠢᠯᠴᠠᠭᠤᠯᠭ᠎ᠠ | | | ᠰᠢᠮᠠᠭᠤᠯ᠄ | ᠪᠢ ᠴᠢᠨᠢ ᠡᠮᠨᠡᠯᠭᠡ ᠶᠢᠨ ᠬᠤᠷᠢᠶᠠᠨ ᠳᠤ ᠠᠵᠢᠯ ᠲᠠᠢ ᠰᠢᠦ︕ ᠲᠣᠰᠬᠠᠶᠢᠯᠠᠨ ᠵᠡᠭᠦᠦ ᠬᠠᠳᠬᠤᠨ᠎ᠠ᠃ ᠠᠮᠳᠠ | ᠭᠡᠵᠦ ᠡ︕ ᠬᠢ ᠬᠢ᠃ | ᠪᠠᠯᠳᠣ ᠵᠦᠭᠡᠢ᠄ | ᠪᠢ ᠭᠡᠳᠡᠭ ᠴᠢᠨᠢ ᠠᠭᠠᠷ ᠤᠨ ᠠᠭ᠎ᠠ᠃ ᠬᠠ ᠬᠠ︕ | ᠡᠷᠪᠡᠬᠡᠢ᠄ | ᠭᠤᠶᠣᠯᠠᠯ ᠢ ᠮᠢᠨᠢ ᠦᠵᠡᠭᠡᠴᠢ︕ ᠪᠦᠵᠢᠭᠴᠢᠨ ᠰᠢᠦ ᠬᠦᠢ︕ ᠭᠤᠶᠣ ᠡ︕ | ᠠᠭᠠᠯᠵᠢ᠄ | ᠰᠦᠯᠵᠢᠶᠡᠴᠢᠨ ᠭᠡᠳᠡᠭ ᠴᠢᠨᠢ ᠪᠢ ᠰᠢᠳᠠ︕ ᠠᠰᠢᠭ ᠣᠷᠣᠯᠭ᠎ᠠ ᠪᠠᠷ ᠪᠣᠯᠴᠢᠬᠠᠨ᠎ᠠ᠃ ᠬᠡ ᠬᠡ︕ | ᠰᠢᠷᠭᠤᠯᠵᠢ᠄ | ᠠᠢ︕ ᠵᠦᠭᠡᠭᠡᠪᠦᠷᠢ ᠶᠢᠨ ᠠᠵᠢᠯᠴᠢᠨ ᠰᠢᠳᠠ︕ ᠵᠦᠳᠡᠭᠦᠷᠢ ᠲᠠᠢ᠂ ᠵᠣᠪᠠᠭᠤᠷᠢ ᠲᠠᠢ︕ | ᠬᠤᠯᠣᠭᠠᠨ᠎ᠠ᠄ | ᠬᠡᠩ︕ ᠡᠨᠡ ᠴᠠᠭ ᠡᠷᠡᠨ ᠢ ᠦᠵᠡᠬᠦ ᠦᠭᠡᠢ ᠤᠤ︖ ᠬᠤᠯᠣᠭᠠᠢ ᠬᠤᠳᠠᠯ᠂ ᠲᠡᠭᠡᠷᠡᠮ ᠲᠣᠨᠤᠭᠠ ᠭᠡᠵᠦ | ᠬᠠᠮᠤᠭ ᠠᠴᠠ ᠲᠠᠭᠠᠳᠡᠢ ᠠᠮᠢᠳᠣᠷᠠᠨ᠎ᠠ᠃ ᠶᠠᠭᠠᠬᠢᠳᠠᠭ ᠶᠣᠮ︖ ᠴᠢᠳᠠᠯ ᠲᠠᠢ ᠪᠣᠯ ᠴᠢ ᠪᠠᠰᠠ ᠲᠡᠭᠡ︕ | ᠮᠣᠣᠷ᠄ | ᠪᠣᠳᠠᠭᠠᠨ ᠬᠦᠮᠦᠷᠭᠡ ᠶᠢᠨ ᠲᠠᠭᠠᠭᠠᠮᠠᠯ ᠪᠠᠶᠢᠭᠰᠠᠨ ᠡ︕ ᠠᠢ︕ ᠠᠵᠢᠯ ᠠᠴᠠ ᠪᠠᠭᠤᠯᠭᠠᠴᠢᠬᠠᠯ᠎ᠠ᠃ | ᠬᠦᠭᠰᠢᠨ ᠬᠤᠯᠣᠭᠠᠨ᠎ᠠ ᠪᠠᠰᠠ ᠨᠠᠮᠠᠢᠢ ᠮᠠᠭᠤ ᠦᠵᠡᠬᠦ ᠨᠢ ᠡ︕ ᠡᠨᠡ ᠨᠡᠶᠢᠭᠡᠮ ᠡ︕ | ᠢᠮᠠᠭ᠎ᠠ᠄ | ᠬᠦᠳᠡᠭᠡ ᠲᠠᠯ᠎ᠠ᠂ ᠠᠭᠤᠯᠠ ᠣᠰᠣᠨ ᠤ ᠪᠠᠨ ᠡᠵᠡᠨ ᠨᠢ ᠪᠠᠶᠢᠭᠰᠠᠨ ᠡ︕ ᠪᠢ ᠴᠢᠨᠢ︕ ᠣᠳᠣ ᠬᠠᠷᠢᠨ | ᠬᠤᠷᠢᠭᠤᠯ ᠪᠣᠯᠵᠣ ᠭᠢᠨᠳᠠᠨ ᠤ ᠮᠣᠬᠤᠷ ᠰᠠᠬᠢᠴᠢᠬᠠᠯᠠ᠃ ᠪᠢ ᠶᠠᠮᠠᠷ ᠶᠠᠯ᠎ᠠ ᠬᠢᠴᠢᠬᠡᠪᠡ︖ ᠲᠡᠭᠷᠢ ᠡ︕ | ᠠᠳᠣᠭᠤ᠄ | ᠠᠽᠢᠶ᠎ᠠ᠂ ᠡᠸᠦᠪᠷᠦᠫᠠ ᠶᠢ ᠬᠤᠯᠪᠣᠵᠣ ᠴᠢᠳᠠᠭᠰᠠᠨ ᠠᠯᠮᠠᠰ ᠲᠣᠭᠤᠷᠠᠢ ᠮᠢᠨᠢ ᠬᠦᠰᠢᠨ ᠮᠣᠬᠤᠵᠣ᠂ ᠪᠡᠶ᠎ᠡ | ᠰᠣᠯᠠᠷᠠᠵᠣ ᠰᠢᠷᠪᠦᠰᠦ ᠲᠠᠳᠠᠭᠠᠳ ᠦᠵᠡᠮᠦᠷᠢ ᠶᠢᠨ ᠯᠡ ᠶᠠᠭᠤᠮ᠎ᠠ ᠪᠣᠯᠴᠢᠬᠠᠯ᠎ᠠ᠃ ᠶᠠᠭᠠᠬᠢᠯᠳᠡᠢ ᠪᠢᠯᠠ︖ |