| ᠨᠠᠶᠢᠷᠠᠭᠤᠯᠣᠯ ᠬᠤᠶᠠᠷ ᠬᠤᠪᠢ | | ᠨᠠᠮᠤᠷ ᠤᠨ ᠥᠩᠭᠡ | ᠶᠢᠰᠥᠨ ᠰᠠᠷ᠎ᠠ ᠡ ᠭᠡᠵᠤ ᠂ ᠥᠷᠥᠮᠡᠨ ᠰᠢᠷᠭᠠᠯ ᠨᠠᠮᠤᠷ ᠤᠨ ᠥᠩᠭᠡ ᠲᠤᠳᠤᠷᠠᠭᠰᠠᠨ ᠮᠥᠴᠡ ᠪᠠᠶᠢᠯᠳᠠᠢ ︕ | ᠥᠷᠯᠥᠭᠡ᠂ ᠠᠵᠢᠯ ᠵᠥᠭ ᠢᠶᠠᠨ ᠶᠠᠭᠠᠷᠠᠭᠰᠠᠨ ᠬᠥᠮᠥᠨ ᠤ ᠤᠷᠤᠰᠬᠠᠯ ᠲᠡᠷᠭᠡᠨ ᠱᠤᠣᠭᠢᠶᠠᠨ ᠠᠴᠠ ᠵᠠᠶᠢᠳᠠᠵᠤ᠂ | ᠰᠢᠨ᠎ᠡ ᠬᠤᠳᠠ ᠶᠢᠨ ᠴᠡᠴᠡᠷᠯᠢᠭ ᠢ ᠴᠢᠭᠯᠡᠪᠡ ᠃ | ᠴᠡᠴᠡᠷᠯᠢᠭ᠂ ᠨᠠᠮᠵᠢᠭᠤᠬᠠᠨ ᠪᠠᠶᠢᠯ᠎ᠠ ᠃ | ᠡᠪᠡᠰᠤ ᠮᠤᠳᠤᠨ ᠲᠤᠮᠳᠠᠭᠤᠷ ᠭᠤᠯᠭᠤᠭᠰᠠᠨ ᠤᠰᠤᠨ ᠬᠤᠭᠤᠯᠠᠢ ᠠᠴᠠ ᠰᠥᠷᠴᠢᠨ ᠪᠤᠷᠭᠢᠯᠬᠤ ᠤᠰᠤ᠂ | ᠥᠷᠯᠥᠭᠡ ᠶᠢᠨ ᠨᠠᠷᠠᠨ ᠤ ᠰᠢᠵᠢᠷ ᠲᠤᠶᠠᠭ᠎ᠠ ᠲᠠᠢ ᠨᠡᠶᠢᠯᠡᠯᠳᠤᠵᠤ ᠡᠳᠡᠭᠡᠳ ᠤᠨ ᠭᠤᠶᠤ ᠠᠮᠢᠯᠠᠯ ᠤᠨ ᠬᠥᠴᠥᠨ ᠢ | ᠭᠠᠶᠢᠬᠠᠭᠤᠯᠵᠤ ᠬᠠᠷᠠᠭᠳᠠᠨ᠎ᠠ᠃ ᠴᠡᠴᠡᠷᠯᠢᠭ ᠤᠨ ᠬᠤᠭ ᠨᠤᠪᠰᠢ ᠴᠡᠪᠡᠷᠯᠡᠭᠰᠡᠨ ︽ᠠᠵᠢᠯᠴᠢ︾ ᠪᠥᠰᠡᠭᠦᠢ ᠡᠷᠳᠡ | ᠶᠢᠨ ᠠᠵᠢᠯ ᠤᠨ ᠢᠶᠠᠨ ᠰᠡᠭᠦᠯ ᠢ ᠰᠢᠪᠳᠤᠷᠴᠤ᠂ ᠱᠥᠭᠦᠷ ᠲᠡᠪᠢᠭᠦᠷ ᠢᠶᠠᠨ ᠠᠴᠢᠵᠤ ᠴᠠᠬᠢᠯᠭᠠᠨ ᠮᠤᠲ᠋ᠤᠷ ᠢᠶᠠᠨ | ᠤᠨᠤᠭᠰᠠᠭᠠᠷ ᠬᠤᠯᠠᠳᠠᠯ᠎ᠠ᠃ ᠪᠢ᠂ ᠥᠩᠭᠡ ᠨᠢ ᠰᠢᠷᠭᠠᠯᠳᠤᠭᠰᠠᠨ ᠴᠦ ᠡᠷᠬᠢᠮᠰᠥᠭ ᠰᠥᠭᠯᠡᠶᠢᠨ ᠵᠢᠭᠳᠡᠷᠡᠭᠰᠡᠨ ᠴᠠᠭᠠᠨ | ᠤᠯᠢᠶᠠᠰᠤᠨ ᠤ ᠲᠤᠮᠳᠠᠭᠤᠷ ᠶᠡᠷᠤ ᠪᠠᠶᠢᠭ᠎ᠠ ᠥᠭᠡᠢ ᠨᠠᠮᠵᠤᠣᠷᠬᠠᠨ ᠠᠯᠬᠤᠭ᠎ᠠ ᠪᠠᠷ ᠠᠯᠬᠤᠪᠠ ᠁ | ᠲᠡᠶᠢᠮᠤ ᠡ᠂ ᠥᠪᠡᠷ ᠤᠨ ᠪᠡᠶ᠎ᠡ ᠳᠤ ᠪᠠᠨ ᠢᠩᠭᠢᠵᠤ ᠴᠢᠯᠥᠭᠡ ᠥᠭᠭᠦᠭᠡ ᠥᠭᠡᠢ ᠲᠠᠩᠴᠢ ᠤᠳᠠᠵᠠᠢ᠃ ᠲᠡᠭᠡᠬᠦ | ᠳᠤ ᠶᠠᠮᠠᠷ ᠨᠢᠭᠡᠨ ᠲᠠᠯᠳᠠ ᠶᠢᠨ ᠲᠤᠬᠢᠶᠠᠯᠠᠯ ᠨᠠᠳᠠ ᠳᠤ ᠶᠠᠭᠠᠬᠢᠬᠤ ᠠᠷᠭ᠎ᠠ ᠥᠭᠡᠢ ︽ ᠵᠠᠷᠯᠢᠭ︾ ᠪᠠᠭᠤᠯᠭᠠᠵᠤ᠂ ︽ | ᠠᠵᠢᠯ ᠠᠴᠠ ᠴᠢᠯᠥᠭᠡᠯᠡᠵᠤ᠂ ᠠᠮᠢ ᠪᠠᠨ ᠰᠠᠬᠢᠬᠤ︾ ᠶᠢᠨ ︽ᠲᠤᠰᠢᠶᠠᠯ︾ ᠬᠠᠶᠢᠷᠠᠯᠠᠭᠰᠠᠨ ᠢ ᠪᠢ ᠲᠤᠷ᠎ᠠ ᠥᠭᠡᠢ | ᠴᠦ ᠡᠭᠳᠡᠭᠦᠴᠡᠯ ᠥᠭᠡᠢ ᠪᠠᠷ ᠬᠥᠯᠢᠶᠡᠵᠤ ᠠᠪᠤᠪᠠ᠃ ᠪᠢ ᠰᠠᠨᠠᠭ᠎ᠠ ᠰᠡᠳᠬᠢᠯ ᠲᠤᠩ ᠲᠠᠶᠢᠪᠤᠭᠤᠨ ᠢᠶᠠᠷ ᠴᠠᠭ ᠮᠥᠴᠡ | ᠶᠢᠨ ᠠᠨᠢᠷᠭᠦᠢ ᠶᠢ ᠮᠡᠳᠡᠷᠡᠵᠤ᠂ ᠤᠷᠴᠢᠨ ᠪᠠᠶᠢᠭᠠᠯᠢ ᠶᠢᠨ ᠡᠷᠬᠢᠮᠰᠥᠭ ᠭᠤᠶᠤ ᠶᠢ ᠲᠠᠭᠠᠰᠢᠶᠠᠵᠤ ᠲᠠᠶᠢᠪᠤᠭᠤᠬᠠᠨ | ᠠᠯᠬᠤᠯᠠᠪᠠ ᠁ | ᠴᠡᠴᠡᠷᠯᠢᠭ ᠲᠤ ᠬᠥᠮᠥᠨ ᠲᠡᠶᠢᠮᠤ ᠠᠷᠪᠢᠨ ᠪᠢᠰᠢ᠂ ᠭᠡᠪᠡᠴᠤ ᠰᠡᠳᠬᠢᠯ ᠤᠨᠴᠠ ᠶᠢᠨ ᠲᠠᠭᠠᠳᠠᠢ᠃ ᠪᠢ ᠠᠭᠤᠷ | ᠠᠮᠢᠰᠬᠤᠯ ᠤᠨ ᠴᠡᠪᠡᠷ ᠲᠤᠩᠭᠠᠯᠠᠭ ᠢ ᠪᠠᠭ᠋ᠠᠷᠬᠠᠵᠤ᠂ ᠬᠤᠭ ᠲᠤᠭᠤᠰᠤ ᠠᠴᠠ ᠰᠡᠷᠭᠡᠶᠢᠯᠡᠭᠰᠡᠨ ᠠᠮᠠᠪᠴᠢ ᠪᠠᠨ ᠠᠪᠬᠤ | ᠶᠢᠨ ᠵᠠᠭᠤᠷ᠎ᠠ ᠡᠷᠭᠢᠵᠤ ᠬᠠᠷᠠᠬᠤ ᠳᠤ᠂ ᠬᠤᠷᠢᠭᠠᠳ ᠠᠯᠬᠤᠮ ᠤᠨ ᠴᠠᠭᠠᠨ᠎ᠠ ᠥᠪᠴᠢ ᠪᠡᠶ᠎ᠡ ᠳᠤ ᠪᠠᠨ ᠥᠨᠡᠰᠥᠨ | ᠥᠩᠭᠡ ᠶᠢᠨ ᠲᠠᠮᠢᠷ ᠤᠨ ᠬᠤᠪᠴᠠᠰᠤ ᠡᠮᠥᠰᠥᠭᠰᠡᠨᠡᠪᠥᠭᠡᠨ ᠠᠪᠤ ᠴᠢᠮᠪᠠᠶᠢᠯᠢᠭ ᠠᠯᠬᠤᠵᠤ ᠢᠷᠡᠬᠦ ᠨᠢ ᠬᠠᠷᠠᠭᠳᠠᠪᠠ᠃ | ᠤᠨ ᠵᠢᠯ ᠤᠨ ᠡᠯᠡᠭᠡᠯᠳᠡ ᠶᠢ ᠨᠢᠭᠤᠵᠤ ᠴᠢᠳᠠᠭᠰᠠᠨ ᠥᠭᠡᠢ ᠰᠢᠩᠭᠡᠷᠡᠭᠰᠡᠨ ᠬᠡᠳᠥᠨ ᠭᠡᠵᠢᠭᠡ ᠪᠠᠨ ᠡᠪᠯᠢᠭ ᠬᠤᠶᠢᠰᠢ | ᠰᠠᠮᠨᠠᠵᠤ ᠂ ᠥᠳᠡᠯᠥᠭᠡ ᠨᠠᠰᠤᠨ ᠤ ᠨᠠᠮᠪᠠ ᠶᠢ ᠭᠠᠶᠢᠬᠠᠭᠤᠯᠤᠭᠰᠠᠨ ᠡᠨᠡ ᠨᠠᠰᠤᠳᠠᠨ ᠨᠠᠳᠠ ᠳᠤ ᠤᠨᠴᠠ ᠶᠢᠨ | ᠠᠩᠬᠠᠷᠤᠯᠳᠠᠢ ᠰᠠᠨᠠᠭᠳᠠᠪᠠ᠃ ᠥᠷᠯᠥᠭᠡ ᠶᠢᠨ ᠬᠤᠭᠤᠯᠠᠨ ᠤ ᠪᠠᠨ ᠲᠠᠷᠠᠭ᠎ᠠ ᠪᠡᠶ᠎ᠡ ᠶᠢᠨ ᠪᠤᠯᠪᠠᠰᠤᠷᠠᠯ ᠬᠢᠵᠤ ᠶᠠᠪᠤᠭ᠎ᠠ | ᠨᠢ ᠲᠤᠳᠤᠷᠬᠠᠢ᠃ ᠲᠠᠨᠢᠯ ᠬᠥᠮᠥᠨ ᠪᠢᠰᠢ ᠶᠢᠨ ᠤᠴᠢᠷ ᠪᠢ ᠮᠡᠨᠳᠤ ᠠᠰᠠᠭᠤᠬᠤ ᠶᠢ ᠲᠠᠳᠠᠭᠠᠯᠵᠠᠵᠤ ᠴᠠᠭᠠᠰᠢ ᠶᠠᠪᠤᠬᠤ | ᠪᠠᠷ ᠢᠶᠠᠨ ᠶᠠᠪᠤᠭᠰᠠᠭᠠᠷ ᠵᠤᠬᠢᠶᠠᠮᠠᠯ ᠨᠠᠭᠤᠷ ᠤᠨ ᠲᠡᠭᠡᠷᠡᠬᠢ ᠬᠥᠭᠦᠷᠭᠡ ᠬᠥᠷᠪᠡ᠃ ᠤᠰᠤ ᠨᠢ ᠲᠠᠳᠠᠷᠠᠭᠰᠠᠨ ᠵᠤᠬᠢᠶᠠᠮᠠᠯ | ᠨᠠᠭᠤᠷ ᠤᠷᠮ᠎ᠠ ᠬᠠᠶᠢᠷᠠᠯᠠᠭᠰᠠᠨ ᠥᠭᠡᠢ ᠴᠦ᠂ ᠤᠯᠠᠷᠢᠯ ᠲᠠᠭᠠᠵᠤ ᠤᠷᠤᠰᠢᠨ ᠲᠤᠭᠳᠠᠨᠢᠯ ᠳᠤ ᠪᠠᠨ ᠶᠠᠭᠠᠷᠠᠭᠰᠠᠨ | ᠰᠢᠮᠠᠭᠤᠯ ᠰᠢᠪᠡᠵᠢ ᠬᠠᠷᠢᠨ ᠪᠥᠭᠡᠮᠨᠡᠷᠡᠨ ︽ᠪᠤᠵᠢᠭᠢᠨᠠᠯᠳᠤᠨ᠎ᠠ︾᠃ ᠪᠢ ᠲᠡᠨᠳᠡ ᠠᠴᠠ ᠬᠤᠷᠳᠤᠬᠠᠨ ᠵᠠᠶᠢᠯᠠᠬᠤ ᠶᠢ | ᠪᠤᠳᠤᠪᠠ᠃ ᠨᠠᠭᠤᠷ ᠤᠨ ᠴᠠᠭᠠᠳᠤ ᠬᠥᠪᠡᠭᠡᠨ ᠳᠤ ᠲᠡᠭᠵᠢᠨ ᠨᠠᠰᠤᠨ ᠤ ᠬᠤᠶᠠᠷ ᠬᠡᠥᠬᠡᠨ ᠭᠠᠷ ᠲᠤ ᠪᠠᠨ ᠰᠤᠯᠠ | ᠤᠭᠤᠳᠠ ᠲᠠᠢ ᠶᠠᠭᠤᠮ᠎ᠠ ᠲᠡᠭᠦᠵᠢᠯᠡᠵᠤ ᠵᠤᠭᠤᠭᠳᠠᠵᠤ ᠶᠠᠪᠤᠬᠤ ᠨᠢ ᠠᠩᠬ᠎ᠠ ᠶᠡᠭᠡ ᠰᠤᠷᠭᠠᠭᠤᠯᠢ ᠲᠡᠭᠦᠰᠥᠭᠰᠡᠨ | ᠤᠶᠤᠳᠠᠳ ᠪᠠᠶᠢᠬᠤ ᠭᠡᠵᠤ ᠪᠤᠳᠤᠭᠳᠠᠪᠠ᠃ ᠲᠡᠳᠡ ᠢᠷᠡᠬᠦ ᠡᠳᠥᠷ ᠤᠳ ᠤᠨ ᠠᠵᠢᠯ ᠠᠮᠢᠳᠤᠷᠠᠯ ᠢᠶᠠᠨ ᠲᠥᠰᠥᠪᠯᠡᠵᠤ | ᠶᠠᠪᠤᠭ᠎ᠠ ᠳ᠋ᠠ︕ ᠡᠶᠢᠮᠤ ᠡᠷᠳᠡ ᠪᠤᠯᠵᠤᠵᠤ ᠠᠭᠤᠯᠵᠠᠭᠰᠠᠨ ᠢᠶᠠᠷ ᠦᠵᠡᠬᠦ ᠳᠤ᠂ ᠥᠴᠥᠭᠡᠳᠥᠷ ᠰᠥᠨᠢᠵᠢᠨ ᠲᠡᠳᠡ | ᠡᠨᠡ ᠲᠤᠬᠠᠢ ᠪᠤᠳᠤᠯᠭᠠᠨ ᠳᠤ ᠪᠠᠨ ᠲᠠᠷᠤᠭᠳᠠᠵᠤ ᠨᠤᠶᠢᠷ ᠬᠤᠯᠵᠢᠵᠤ ᠬᠤᠨᠤᠭᠰᠠᠨ ᠨᠢ ᠯᠠᠪᠳᠠᠢ᠃ ᠶᠠᠭᠠᠬᠢᠬᠤᠪ ᠳ᠋ᠠ᠂ | ᠤᠳᠤ ᠶᠡᠭᠡ ᠰᠤᠷᠭᠠᠭᠤᠯᠢ ᠲᠡᠭᠦᠰᠥᠭᠡᠳ ᠠᠵᠢᠯ ᠠᠮᠢᠳᠤᠷᠠᠯ ᠤᠨ ᠰᠤᠩᠭᠤᠯᠳᠠ ᠳᠤ ᠪᠠᠨ ᠪᠤᠳᠤᠯ ᠲᠥᠭᠡᠷᠢᠵᠤ | ᠶᠠᠪᠤᠭ᠎ᠠ ᠵᠠᠯᠠᠭᠤᠴᠤᠳ ᠮᠢᠨᠢ ᠮᠤᠩ ᠥᠭᠡᠢ ᠰᠢᠥ ᠳ᠋ᠠ ︕ | ᠪᠢ ᠵᠡᠭᠦᠨᠰᠢ ᠰᠠᠯᠠᠭ᠎ᠠ ᠵᠠᠮ ᠡᠯᠭᠦᠭᠡᠳ ᠲᠡᠮᠡᠢ ᠶᠠᠪᠤᠭ᠎ᠠ ᠥᠭᠡᠢ ᠪᠠᠷ᠂ ᠬᠠᠵᠠᠭᠤ ᠪᠠᠷ ᠠᠷᠪᠠᠨ ᠲᠤᠯᠤᠭ᠎ᠠ | ᠨᠠᠢᠮᠠᠨ ᠨᠠᠰᠤᠨ ᠤ ᠤᠷᠴᠢᠮ ᠤᠨ ᠬᠥᠤ ᠬᠡᠥᠬᠡᠨ ᠬᠤᠶᠠᠷ ᠵᠥᠷᠢᠵᠤ ᠭᠠᠷᠪᠠ᠃ ᠤᠳᠤ ᠶᠢᠨ ᠵᠠᠯᠠᠭᠤᠰ ᠡᠷᠳᠡ | ᠢᠨᠠᠭᠯᠠᠬᠤ ᠨᠢ ᠰᠤᠨᠢᠨ ᠪᠢᠰᠢ ᠶᠢᠨ ᠤᠴᠢᠷ ᠪᠢ ᠲᠡᠳᠥᠢ ᠯᠡ ᠭᠠᠶᠢᠬᠠᠭᠰᠠᠨ ᠥᠭᠡᠢ ᠴᠦ᠂ ᠡᠳᠡ ᠪᠤᠯ ᠥᠨᠳᠥᠷ | ᠲᠤᠮᠳᠠᠳᠤ ᠶᠢᠨ ᠰᠤᠷᠤᠭᠴᠢᠳ ᠪᠠᠶᠢᠬᠤ ᠭᠡᠵᠤ ᠪᠠᠳᠤᠳᠠᠢ ᠨᠤᠳᠠᠯᠠᠵᠤ ᠪᠤᠳᠤᠪᠠ ᠃ ᠭᠡᠬᠦ ᠳᠤ ᠪᠠᠨ ᠲᠡᠳᠡ ᠬᠢᠴᠢᠶᠡᠯ | ᠠᠴᠠ ᠪᠠᠨ ᠲᠤᠳᠠᠭᠠᠭᠰᠠᠨ ᠨᠢ ᠴᠦ ᠯᠠᠪᠳᠠᠢ᠂ ᠲᠡᠳᠡ ᠴᠡᠴᠡᠷᠯᠢᠭ ᠲᠤ ᠨᠠᠭᠠᠳᠬᠤ ᠪᠠᠷ ᠢᠷᠡᠵᠤ ᠪᠠᠶᠢᠭ᠎ᠠ ᠴᠦ ᠪᠢᠰᠢ᠃ | ᠬᠡᠥᠬᠡᠨ ᠰᠤᠷᠤᠭᠴᠢ ᠨᠢ ︽ᠠᠪᠤ ᠡᠵᠢ ᠤᠷᠤᠭ ᠰᠠᠯᠤᠭᠰᠠᠨ ᠠᠴᠠ ᠬᠤᠶᠢᠰᠢ᠂ ᠪᠢ ᠶᠡᠷᠤ ᠨᠢ ᠰᠠᠨᠠᠭ᠎ᠠ ᠰᠡᠳᠬᠢᠯ | ᠪᠠᠴᠢᠮᠳᠠᠭᠠᠳ ᠁︾ ᠭᠡᠵᠤ ᠶᠠᠷᠢᠬᠤ ᠶᠢ ᠨᠢ ᠬᠠᠵᠠᠭᠤ ᠪᠠᠷ ᠵᠥᠷᠢᠵᠤ ᠭᠠᠷᠬᠤ ᠬᠤᠷᠤᠮ ᠳᠤ ᠰᠤᠨᠤᠰᠴᠤ | ᠠᠮᠵᠢᠪᠠ᠃ ᠵᠠᠯᠠᠭᠤ ᠨᠠᠰᠤᠨ ᠤ ᠵᠠᠩ ᠰᠡᠳᠬᠢᠴᠡ ᠶᠢᠨ ᠰᠢᠯᠵᠢᠯᠳᠡ ᠶᠢᠨ ᠴᠢᠬᠤᠯᠠ ᠬᠤᠭᠤᠴᠠᠭᠠᠨ ᠳᠤ ᠪᠠᠨ ᠪᠠᠶᠢᠭ᠎ᠠ | ᠡᠳᠡᠭᠡᠷ ᠵᠠᠯᠠᠭᠤᠰ ᠠᠮᠢᠳᠤᠷᠠᠯ ᠤᠨ ᠶᠠᠭᠤ ᠪᠥᠬᠦᠨ ᠳᠤ ᠰᠡᠷᠭᠡᠭ ᠮᠡᠳᠡᠷᠡᠮᠵᠢ ᠲᠠᠢ ᠪᠠᠶᠢᠵᠤ᠂ ᠬᠢᠯᠪᠠᠷᠬᠠᠨ ᠲᠤᠭᠳᠤᠯᠵᠤ᠂ | ᠬᠢᠯᠪᠠᠷᠬᠠᠨ ᠰᠢᠷᠬᠠᠳᠠᠵᠤ᠂ ᠰᠠᠨᠠᠭ᠎ᠠ ᠰᠡᠳᠬᠢᠯ ᠲᠤᠭᠳᠠᠪᠤᠷᠢ ᠥᠭᠡᠢ ᠪᠠᠶᠢᠳᠠᠭ ᠤᠨ ᠤᠴᠢᠷ᠂ ᠲᠡᠷᠡ ᠬᠡᠥᠬᠡᠨ | ᠠᠮᠢᠳᠤᠷᠠᠯ ᠳᠤ ᠲᠤᠬᠢᠶᠠᠯᠳᠤᠭᠰᠠᠨ ᠪᠤᠬᠢᠨᠢᠳᠥᠯ ᠢᠶᠠᠨ ᠠᠭᠤᠳᠠᠯᠠᠬᠤ ᠭᠠᠵᠠᠷ ᠥᠭᠡᠢ ︽ᠡᠷᠡᠭᠳᠡᠢ ᠨᠠᠶᠢᠵᠠ︾ ᠪᠠᠨ | ᠲᠠᠭᠤᠳᠠᠨ ᠠᠪᠴᠢᠷᠠᠵᠤ᠂ ᠶᠠᠷᠢᠵᠤ ᠠᠭᠤᠵᠢᠷᠠᠬᠤ ᠪᠤᠷᠤᠭᠤ ᠪᠢᠰᠢ᠃ ᠪᠢ ᠲᠡᠳᠡᠨ ᠢ ᠪᠤᠷᠤᠭᠤᠳᠬᠠᠬᠤ ᠶᠢ ᠪᠤᠳᠤᠭᠰᠠᠨ | ᠥᠭᠡᠢ᠃ ᠬᠠᠷᠢᠨ ᠡᠨᠡ ᠬᠡᠥᠬᠡᠳ ᠤᠨ ᠠᠪᠤ ᠡᠵᠢ ᠶᠢᠨ ᠬᠠᠷᠢᠭᠤᠴᠠᠯᠭ᠎ᠠ ᠥᠭᠡᠢ ᠳᠤ ᠭᠤᠮᠤᠳᠠᠯ ᠡᠪᠥᠷᠯᠡᠪᠡ ᠃ | ᠠᠢ᠂ ᠨᠡᠶᠢᠭᠡᠮ ᠶᠡᠭᠡ ᠶᠢᠨ ᠤᠴᠢᠷ᠂ ᠠᠯᠢ ᠤᠴᠢᠷ ᠲᠤ ᠨᠢ ᠬᠠᠷᠠᠮᠰᠠᠭᠠᠳ ᠬᠥᠢᠴᠡᠭᠦ ᠪᠢᠯᠡ ︖ | ᠪᠢ ᠴᠢᠨᠠᠭᠰᠢ ᠠᠯᠬᠤᠵᠤ᠂ ᠴᠢᠯᠠᠭᠤᠨ ᠬᠠᠪᠳᠠᠰᠤ ᠪᠤᠰᠬᠠᠵᠤ ᠰᠡᠶᠢᠯᠥᠭᠰᠡᠨ ᠲᠤᠮᠤᠬᠠᠨ ᠰᠡᠶᠢᠯᠥᠮᠡᠯ ᠤᠨ | ᠲᠡᠷᠭᠡᠳᠡ ᠬᠥᠷᠪᠡ᠃ ᠡᠷᠳᠡᠨ ᠤ ᠬᠠᠭᠤᠴᠢᠨ ᠬᠤᠳᠠ ᠶᠢᠨ ᠥᠵᠡᠮᠵᠢ ᠶᠢ ᠲᠥᠪᠯᠡᠷᠡᠭᠦᠯᠥᠨ ᠲᠤᠰᠬᠠᠬᠤ ᠶᠢ | ᠴᠢᠷᠮᠠᠶᠢᠭᠰᠠᠨ ᠡᠨᠡ ᠪᠥᠳᠥᠭᠡᠯ ᠢ ᠥᠵᠡᠬᠦ ᠪᠤᠯᠭᠠᠨ ᠳᠤ ᠠᠳᠠᠯᠢ ᠪᠤᠰᠤ ᠶᠢᠨ ᠲᠥᠷᠥᠭᠳᠡᠯ ᠤᠷᠤᠳᠠᠭ ᠨᠢ ᠰᠤᠨᠢᠨ᠃ | ᠡᠨᠡ ᠤᠳᠠᠭ᠎ᠠ ᠤᠨᠴᠠᠯᠠᠨ ᠲᠤᠪᠤᠶᠢᠯᠭᠠᠵᠤ ᠲᠤᠳᠤᠷᠠᠭᠤᠯᠤᠭᠰᠠᠨ ᠭᠠᠯᠠᠭᠤᠳ ᠤᠨ ᠨᠡᠭᠦᠳᠡᠯ ᠨᠢ ᠨᠠᠳᠠ ᠳᠤ ᠤᠨᠴᠠᠭᠠᠢ | ᠲᠤᠳᠤᠷᠠᠭᠤᠨ ᠬᠠᠷᠠᠭᠳᠠᠪᠠ᠃ ᠤᠨ ᠵᠢᠯ ᠤᠨ ᠤᠯᠠᠷᠢᠯ ᠰᠤᠯᠢᠭᠳᠠᠯ ᠢ ᠪᠡᠯᠭᠡᠳᠡᠬᠦ ᠭᠡᠰᠡᠨ ᠭᠡᠵᠢ ᠤᠤ ᠭᠡᠵᠤ ᠪᠤᠳᠤᠵᠤ | ᠵᠤᠭᠰᠤᠳᠠᠯ᠎ᠠ᠂ ᠴᠠᠭᠠᠨᠠᠬᠢ ᠰᠠᠯᠠᠭ᠎ᠠ ᠵᠠᠮ ᠢᠶᠠᠷ ᠭᠤᠷᠪᠠᠨ ᠪᠤᠭᠤᠷᠤᠯ ᠡᠵᠢ ᠥᠨᠳᠥᠷ ᠲᠠᠭᠤᠨ ᠢᠶᠠᠷ ᠲᠥᠩᠭᠢᠨᠡᠭᠦᠯᠥᠨ | ᠵᠤᠭᠤᠭᠳᠠᠭᠰᠠᠭᠠᠷ ᠬᠥᠷᠴᠤ ᠢᠷᠡᠪᠡ᠃ ᠲᠡᠳᠡ ᠨᠠᠷ ᠤᠨ ᠴᠢᠷᠠᠢ ᠳᠤ ᠥᠷᠯᠥᠭᠡ ᠶᠢᠨ ᠨᠠᠷᠠᠨ ᠤ ᠰᠢᠷᠭᠠᠯ ᠲᠤᠶᠠᠭ᠎ᠠ | ᠭᠡᠶᠢᠭᠦᠯᠵᠤ ᠬᠠᠷᠠᠭᠳᠠᠭᠰᠠᠨ ᠥᠭᠡᠢ᠂ ᠬᠠᠷᠢᠨ ᠲᠤᠭᠤᠮᠵᠢᠷ ᠥᠭᠡᠢ ᠭᠤᠨᠢᠭ ᠠᠭᠤᠯᠤᠭᠳᠠᠵᠤ ᠪᠠᠶᠢᠭ᠎ᠠ ᠠᠴᠠ ᠬᠡᠨ | ᠠᠯᠢᠨ ᠤ ᠬᠢᠨᠢ ᠪᠤᠳᠤᠯ ᠢ ᠲᠠᠭᠠᠮᠠᠭᠯᠠᠵᠤ ᠴᠢᠳᠠᠭᠰᠠᠨ ᠥᠭᠡᠢ ᠴᠦ᠂ ᠥᠷᠯᠥᠭᠡ ᠶᠢᠨ ᠬᠤᠭᠤᠯᠠᠨ ᠤ ᠥᠶ᠎ᠡ ᠳᠤ | ᠪᠡᠷᠢᠶᠡᠳ ᠬᠡᠥᠬᠡᠳ ᠲᠤ ᠪᠠᠨ ᠲᠤᠷ᠎ᠠ ᠥᠭᠡᠢ ᠬᠥᠷᠥᠭᠰᠡᠨ ᠮᠠᠭᠠᠳ ᠭᠡᠵᠤ ᠪᠤᠳᠤᠯ᠎ᠠ᠃ ᠮᠢᠨᠤ ᠲᠠᠭᠠᠮᠠᠭ ᠤᠷᠤ ᠥᠭᠡᠢ | ᠪᠢᠰᠢ ᠶᠤᠮ᠃ ᠲᠡᠳᠡᠨ ᠤ ᠲᠤᠳᠤᠷᠠᠬᠢ ᠠᠯᠢ ᠨᠢᠭᠡ ᠶᠢᠨ ᠬᠢᠨᠢ ᠶᠠᠷᠢᠭᠰᠠᠨ ︽ᠬᠤᠭᠤᠯᠠ ᠪᠤᠳᠠᠭ᠎ᠠ ᠪᠠᠨ ᠪᠡᠯᠡᠨ | ᠪᠤᠯᠭᠠᠴᠢᠬᠠᠬᠤ ᠳᠤ ᠡᠷ᠎ᠡ ᠡᠮ᠎ᠡ ᠬᠤᠶᠠᠭᠤᠯᠠ ᠪᠠᠨ ᠪᠤᠰᠬᠤ ᠥᠭᠡᠢ᠂ ᠢᠳᠡᠭᠡᠳ ᠪᠠᠷᠠᠬᠤᠯᠠᠷ ᠨᠢ ᠠᠶᠠᠭ᠎ᠠ ᠰᠠᠪᠠ ᠶᠢ | ᠨᠢ ᠪᠠᠰᠠ ᠪᠢ ᠤᠭᠢᠶᠠᠳᠠᠭ ᠰᠢᠥ︾ ᠭᠡᠬᠦ ᠥᠭᠡ ᠶᠢ ᠰᠤᠨᠤᠰᠤᠭᠰᠠᠨ ᠲᠠᠢ ᠬᠤᠯᠪᠤᠭ᠎ᠠ ᠲᠠᠢ ᠶᠤᠮ᠃ ᠨᠠᠰᠤᠳᠠᠢ | ᠬᠥᠮᠥᠰ ᠡ ᠭᠡᠵᠤ ᠵᠠᠷᠢᠮ ᠳᠤ ᠪᠠᠨ ᠪᠠᠰᠠ ᠰᠤᠨᠢᠨ ᠶᠤᠮ᠃ ᠬᠤᠳᠠ ᠭᠠᠵᠠᠷ ᠠᠵᠢᠯᠯᠠᠵᠤ ᠠᠮᠢᠳᠤᠷᠠᠵᠤ ᠪᠠᠶᠢᠭ᠎ᠠ | ᠵᠠᠯᠠᠭᠤᠴᠤᠳ ᠠᠯᠢ ᠨᠢ ᠡᠨᠡ ᠤᠯᠠᠨ ᠤ ᠬᠥᠯ ᠥᠢᠮᠡᠭᠡᠨ ᠤ ᠲᠥᠷᠭᠡᠨ ᠠᠶᠢᠵᠠᠮ ᠳᠤ ᠶᠠᠳᠠᠷᠠᠵᠤ ᠪᠠᠶᠢᠭ᠎ᠠ ᠥᠭᠡᠢ ᠪᠤᠢ | ︖ ᠲᠡᠩᠬᠡᠭᠡ ᠲᠠᠢ ᠯᠠ ᠪᠤᠯ ᠬᠤᠶᠢᠮᠤᠷ ᠤᠨ ᠪᠤᠷᠬᠠᠨ ᠨᠥᠮᠥᠷᠢ ᠶᠢ ᠨᠢ ᠲᠤᠯᠠᠭᠠᠯᠠᠭᠰᠠᠨ ᠨᠠᠰᠣᠳᠠᠳ ᠨᠢ ᠬᠡᠮᠵᠢᠶᠡᠨ | ᠳᠤ ᠪᠠᠨ ᠲᠡᠮ ᠪᠤᠯᠵᠤ ᠶᠠᠪᠤᠬᠤ ᠳᠤ ᠯᠠ᠂ ᠲᠡᠳᠥᠢ ᠯᠡ ᠥᠨ᠎ᠡ ᠲᠤᠭᠠᠴᠢᠭᠠᠳ ᠶᠠᠭᠠᠬᠢᠬᠤᠪ ︖ ᠬᠥᠮᠥᠨ ᠭᠡᠵᠤ | ᠵᠠᠷᠢᠮ ᠳᠤ ᠪᠠᠨ ᠨᠠᠰᠤᠳᠠᠢ ᠵᠠᠯᠠᠭᠤ ᠶᠢᠨ ᠢᠯᠭᠠᠭ᠎ᠠ ᠥᠭᠡᠢ ᠰᠠᠨᠠᠭ᠎ᠠ ᠪᠠᠷ ᠢᠶᠠᠨ ᠶᠠᠳᠠᠷᠠᠬᠤ ᠶᠤᠮ ᠡ ︕ | ᠪᠢ ᠵᠠᠯᠭᠠᠯᠳᠤᠭᠰᠠᠨ ᠪᠤᠳᠤᠯ ᠳᠤ ᠪᠠᠨ ᠬᠥᠳᠥᠯᠥᠭᠳᠡᠵᠤ ᠴᠠᠭᠠᠨᠠᠬᠢ ᠰᠡᠷᠢᠭᠦᠴᠡᠬᠦ ᠲᠡᠶᠢᠰᠠ ᠵᠥᠭ ᠤᠶᠢᠷᠠᠳᠬᠤ | ᠳᠤ᠂ ᠲᠡᠨᠳᠡ ᠬᠠᠷᠢᠨ ᠬᠡᠳᠥᠨ ᠡᠪᠥᠭᠡᠨ ᠠᠭᠤᠯᠵᠠᠴᠢᠬᠠᠭᠠᠳ ᠵᠤᠭᠠᠳᠠᠢ ᠵᠤᠭᠤᠭᠳᠠᠵᠤ ᠢᠨᠢᠶᠡᠯᠴᠡᠬᠦ ᠨᠢ ᠰᠠᠶ᠋ᠢ ᠶᠢᠨ | ᠡᠮᠡᠭᠡᠳ ᠢ ᠪᠤᠳᠤᠪᠠᠯ ᠤᠪᠤᠭ᠎ᠠ ᠵᠢᠷᠭᠠᠯᠳᠠᠢ ᠰᠠᠨᠠᠭᠳᠠᠪᠠ᠃ ᠲᠡᠳᠡ ᠠᠵᠢᠯ ᠤᠨ ᠠᠮᠠᠷᠠᠯᠳᠠ ᠪᠠᠨ ᠠᠪᠤᠭᠰᠠᠨ ᠬᠥᠮᠥᠰ | ᠪᠠᠶᠢᠵᠤ ᠮᠡᠳᠡᠨ᠎ᠡ᠃ ᠠᠮᠢᠳᠤᠷᠠᠯ ᠤᠷᠤᠰᠢᠨ ᠲᠤᠭᠳᠠᠨᠢᠯ ᠤᠨ ᠲᠤᠯᠭᠠᠮ᠎ᠠ ᠱᠠᠭᠠᠷᠳᠠᠯᠭ᠎ᠠ ᠳᠤ ᠪᠠᠴᠢᠯᠠᠭᠳᠠᠬᠤ ᠥᠭᠡᠢ | ᠥᠪᠡᠷ ᠤᠨ ᠢᠶᠠᠨ ᠭᠡᠰᠡᠨ ᠲᠡᠳᠬᠦᠪᠥᠷᠢ ᠪᠤᠶᠤ ᠬᠠᠳᠠᠭᠠᠯᠠᠮᠵᠢ ᠲᠠᠢ ᠬᠥᠮᠥᠰ ᠴᠦ ᠮᠠᠭᠠᠳ᠃ ᠴᠠᠭᠠᠨ᠎ᠠ ᠠᠴᠠ ᠨᠢ | ᠪᠠᠰᠠ ᠲᠤᠭᠤᠢ ᠤᠨᠤᠭᠰᠠᠨ ᠬᠡᠳᠥᠨ ᠡᠪᠥᠭᠡᠳ ᠡᠳᠡᠨᠠᠷ ᠢ ᠴᠢᠭᠯᠡᠵᠤ ᠠᠶᠢᠰᠥᠢ ᠨᠢ ᠲᠡᠳᠡ ᠨᠠᠷ ᠤᠨ ᠨᠢᠭᠡ ᠡᠳᠥᠷ ᠤᠨ | ᠠᠮᠢᠳᠤᠷᠠᠯ ᠢᠩᠭᠢᠵᠤ ᠵᠤᠭᠠᠳᠠᠢ ᠡᠬᠢᠯᠡᠭᠡ ᠨᠢ ᠲᠠᠮᠵᠢᠭ ᠥᠭᠡᠢ᠃ ᠲᠡᠳᠡᠨ ᠤ ᠪᠡᠶ᠎ᠡ ᠲᠡᠭᠡᠷ᠎ᠡ ᠠᠴᠠ ᠶᠤᠰᠤᠳᠠᠢ ᠬᠤᠳᠠ | ᠶᠢᠨ ᠪᠤᠭᠤᠷᠤᠯᠴᠤᠳ ᠤᠨ ᠨᠡᠶᠢᠳᠡᠯᠢᠭ ᠲᠥᠷᠬᠦ ᠶᠢ ᠤᠯᠵᠤ ᠬᠠᠷᠠᠪᠠ ᠃ | ᠪᠢ ᠴᠠᠭ ᠢᠶᠠᠨ ᠥᠵᠡᠬᠦ ᠳᠤ ᠭᠡᠷ ᠠᠴᠠ ᠭᠠᠷᠴᠤ ᠢᠷᠡᠭᠡᠳ ᠴᠠᠭ ᠰᠢᠬᠠᠮ ᠪᠤᠯᠴᠢᠬᠠᠭᠰᠠᠨ ᠲᠤᠯᠠ ᠵᠤᠬᠢᠶᠠᠮᠠᠯ | ᠨᠠᠭᠤᠷ ᠢ ᠵᠥᠪ ᠡᠷᠭᠢᠵᠤ ᠭᠡᠷ ᠵᠥᠭ ᠢᠶᠠᠨ ᠪᠤᠴᠠᠵᠤ ᠠᠯᠬᠤᠳᠠᠯᠠ᠂ ᠮᠢᠨᠤ ᠲᠡᠷᠭᠡᠳᠡᠭᠦᠷ ᠠᠩᠬ᠎ᠠ ᠠᠭᠤᠯᠵᠠᠭᠰᠠᠨ | ᠥᠨᠥᠬᠢ ᠥᠪᠴᠢ ᠪᠡᠶ᠎ᠡ ᠲᠠᠮᠢᠷ ᠤᠨ ᠬᠤᠪᠴᠠᠰᠤᠲᠠᠢ ᠡᠪᠥᠭᠡᠨ ᠴᠦ ᠰᠢᠷᠥᠭᠦᠬᠡᠨ ᠠᠯᠬᠤᠭᠰᠠᠭᠠᠷ ᠪᠤᠴᠠᠬᠤ ᠬᠠᠷᠠᠭᠳᠠᠪᠠ | ᠃ ᠲᠡᠷᠡ ᠪᠠᠰᠠ ᠥᠪᠡᠷ ᠤᠨ ᠢᠶᠠᠨ ᠲᠥᠯᠥᠪᠯᠡᠭᠰᠡᠨ ᠠᠵᠢᠯ ᠲᠠᠢ ᠪᠠᠶᠢᠬ᠎ᠠ᠃ ᠲᠡᠷᠡ ᠲᠡᠳᠬᠦᠪᠥᠷᠢ ᠳᠤ ᠪᠠᠨ ᠰᠠᠨᠠᠭ᠎ᠠ | ᠬᠠᠩᠬᠤᠯᠤᠭᠤᠨ ᠵᠥᠭᠡᠷ ᠰᠠᠭᠤᠬᠤ ᠶᠢ ᠪᠤᠳᠤᠬᠤ ᠥᠭᠡᠢ᠂ ᠥᠳᠡᠯᠥᠭᠡ ᠨᠠᠰᠤᠨ ᠤ ᠥᠪᠡᠷ ᠤᠨ ᠢᠶᠠᠨ ᠲᠡᠮᠡᠥᠯᠡᠯ ᠲᠠᠢ | ᠪᠠᠶᠢᠬᠤ ᠨᠢ ᠨᠠᠳᠠ ᠳᠤ ᠪᠠᠭ᠋ᠠᠷᠬᠠᠬᠤ ᠪᠤᠳᠤᠯ ᠲᠥᠷᠥᠭᠳᠡᠪᠡ᠃ ᠥᠨᠡᠨ ᠳᠤ ᠪᠠᠨ ᠬᠥᠮᠥᠨ ᠥᠳᠡᠯᠥᠨᠡ ᠭᠡᠳᠡᠭ ᠴᠦ | ᠪᠠᠰᠠ ᠥᠳᠡᠯᠬᠦ ᠶᠢᠨ ᠬᠡᠪ ᠨᠠᠮᠪᠠ ᠪᠠᠶᠢᠳᠠᠭ ᠶᠤᠮ ᠪᠠᠶᠢᠨ᠎ᠠ ᠃ | ᠪᠢ ᠰᠠᠭᠤᠭᠠᠯᠢ ᠲᠤᠭᠤᠷᠢᠭ ᠪᠠ ᠴᠡᠴᠡᠷᠯᠢᠭ ᠤᠨ ᠬᠤᠭᠤᠷᠤᠨᠳᠤᠬᠢ ᠵᠠᠰᠠᠮᠠᠯ ᠵᠠᠮ ᠢ ᠥᠩᠭᠡᠷᠡᠬᠦ ᠳᠤ᠂ ᠵᠠᠮ ᠤᠨ | ᠬᠠᠵᠠᠭᠤ ᠳᠤ ᠭᠤᠶᠤ ᠰᠠᠶᠢᠬᠠᠨ ᠵᠢᠵᠢᠭ ᠮᠠᠰᠢᠨ ᠭᠤᠯᠭᠤᠨ ᠵᠤᠭᠰᠤᠵᠤ ᠲᠤᠳᠤᠷ᠎ᠠ ᠠᠴᠠ ᠨᠢ ᠠᠮᠠᠷᠠᠭ ᠬᠤᠶᠠᠷ ᠵᠠᠯᠠᠭᠤ | ᠵᠢᠷᠭᠠᠯᠳᠠᠢ ᠮᠥᠰᠢᠶᠡᠭᠰᠡᠭᠡᠷ ᠪᠠᠭᠤᠵᠤ ᠢᠷᠡᠪᠡ᠃ ᠵᠠᠯᠠᠭᠤ ᠨᠠᠰᠤᠨ ᠤ ᠪᠠᠯ ᠰᠢᠭ᠋ ᠡᠨᠡ ᠢᠨᠢᠶᠡᠳᠤ ᠨᠠᠳᠠ ᠳᠤ | ᠬᠢᠵᠠᠭᠠᠯᠠᠰᠢ ᠥᠭᠡᠢ ᠲᠤᠭᠳᠤᠯᠤᠯ ᠡᠷᠭᠢᠴᠡᠭᠦᠯᠥᠭᠦᠯᠵᠤ᠂ ᠪᠢ ᠴᠦ ᠥᠪᠡᠷ ᠤᠨ ᠡᠷᠬᠡ ᠥᠭᠡᠢ ᠰᠡᠮᠬᠡᠨ ᠢᠨᠢᠶᠡᠪᠡ᠃ | ᠤᠣᠯ ᠳᠤ ᠪᠠᠨ ᠪᠢ ᠢᠩᠬᠢᠵᠤ ᠬᠡᠯᠬᠢᠶᠡᠷᠡᠵᠤ ᠶᠠᠪᠤᠬᠤ ᠬᠤᠣᠰ ᠤᠳ ᠢ ᠥᠵᠡᠭᠡᠳ ᠲᠡᠳᠥᠢ ᠯᠡ ᠲᠠᠭᠠᠰᠢᠶᠠᠳᠠᠭ | ᠥᠭᠡᠢ ᠪᠠᠶᠢᠭᠰᠠᠨ ᠶᠤᠮ᠃ ᠤᠳᠤ ᠬᠠᠷᠢᠨ ᠥᠵᠡᠬᠦ ᠪᠤᠯᠭᠠᠨ ︽ᠪᠠᠰᠠ ᠨᠢᠭᠡ ᠭᠤᠣᠨᠢ ᠵᠠᠯᠠᠭᠤ ᠠᠶᠢᠯ ᠪᠤᠯᠬᠤ ᠨᠢ ᠡ︾ | ᠭᠡᠵᠤ ᠪᠤᠳᠤᠬᠤ ᠪᠤᠯᠤᠭᠰᠠᠨ ᠨᠢ ᠤᠳᠤ ᠬᠥᠳᠡᠭᠡ ᠨᠤᠳᠤᠭ ᠲᠤ ᠮᠢᠨᠢ ᠭᠤᠣᠨᠢ ᠵᠠᠯᠠᠭᠤᠴᠤᠳ ᠲᠠᠩᠴᠢ ᠤᠯᠠᠳᠠᠭᠰᠠᠨ | ᠤ ᠤᠴᠢᠷ ᠪᠠᠶᠢᠬᠤ ᠡ ᠃ | ᠨᠠᠮᠤᠷ ᠤᠨ ᠥᠩᠭᠡ ᠪᠠᠷ ᠰᠡᠳᠬᠢᠯ ᠪᠠᠶᠠᠰᠬᠠᠭᠰᠠᠨ ᠮᠢᠨᠤ ᠨᠢᠭᠡ ᠡᠳᠥᠷ ᠤᠨ ᠠᠵᠢᠯ ᠤᠷᠮ᠎ᠠ ᠲᠠᠢ ᠡᠬᠢᠯᠡᠬᠦ ᠨᠢ | ᠡ ᠁ | | ᠤᠣᠭᠠᠯ ᠮᠠᠯᠵᠢᠯ ᠠᠮᠢᠳᠣᠷᠠᠯ ᠪᠠᠭ᠎ᠠ ᠨᠠᠰᠤ ᠶᠢ ᠮᠢᠨᠢ ᠪᠠᠶᠠᠨ ᠪᠠᠶᠢᠯᠭᠠᠭᠰᠠᠨ ᠶᠤᠮ | ᠪᠢ ᠮᠠᠯᠵᠢᠬᠤ ᠤᠷᠤᠨ ᠳᠤ ᠲᠥᠷᠥᠵᠤ ᠥᠰᠥᠭᠰᠡᠨ ᠪᠤᠯᠬᠤᠷ ᠮᠠᠯᠵᠢᠬᠤ ᠰᠤᠶᠤᠯ ᠤᠨ ᠥᠨ᠎ᠡ ᠴᠡᠨ᠎ᠡ ᠶᠢ | ᠠᠭᠤᠳᠠᠯᠠᠭᠠᠳ ᠪᠠᠷᠠᠬᠤ ᠦᠭᠡᠢ ᠰᠢᠭ᠋ ᠰᠠᠨᠠᠭᠳᠠᠳᠠᠭ᠃ ᠮᠠᠯᠵᠢᠬᠤ ᠠᠮᠢᠳᠤᠷᠠᠯ ᠨᠢ ᠵᠢᠯ ᠤᠨ ᠲᠥᠷᠪᠡᠨ ᠤᠯᠠᠷᠢᠯ ᠳᠤ | ᠰᠡᠯᠡᠭᠦᠤ ᠴᠠᠭ ᠭᠡᠵᠣ ᠪᠠᠶᠢᠳᠠᠭ ᠦᠭᠡᠢ ᠪᠤᠯᠪᠠᠴᠤ᠂ ᠭᠠᠳᠠᠨ᠎ᠠ ᠪᠠᠨ ᠮᠠᠯ ᠲᠠᠢ ᠠᠶᠢᠯ ᠤᠨ ᠠᠳᠠᠯ ᠣᠨᠳᠣᠷᠣᠯᠭ᠎ᠠ | ᠬᠥᠮᠥᠨ ᠳᠤ ᠪᠡᠰᠡᠷᠡᠭ ᠲᠥᠷᠥᠭᠳᠡᠯ ᠥᠭᠳᠡᠭ ᠦᠭᠡᠢ ᠪᠢᠯᠡ ᠃ | ᠪᠢᠳᠡ ᠠᠬ᠎ᠠ ᠲᠡᠭᠦᠣ ᠤᠯᠠᠭᠤᠯᠠ ᠪᠠᠶᠢᠵᠤ᠂ ᠪᠠᠭ᠎ᠠ ᠶᠢᠨ ᠥᠶ᠎ᠡ ᠳᠤ ᠮᠠᠨ ᠤ ᠡᠳ᠋ᠯᠡᠵᠤ ᠬᠡᠷᠡᠭᠯᠡᠳᠡᠭ ᠶᠠᠭᠤ | ᠪᠥᠬᠦᠨ ᠲᠤᠶᠢᠯ ᠤᠨ ᠪᠤᠷᠤᠭᠵᠢᠭᠤᠨ ᠶᠡᠷᠤᠮᠳᠡᠭ ᠪᠠᠶᠢᠭᠰᠠᠨ ᠴᠦ᠂ ᠠᠵᠢᠯᠴᠢ ᠬᠥᠳᠡᠯᠮᠥᠷᠢᠴᠢ ᠠᠪᠤ ᠡᠵᠢ ᠶᠢᠨ ᠮᠢᠨᠢ | ᠲᠤᠳᠤᠮᠳᠠᠯᠭ᠎ᠠ ᠪᠠᠷ ᠡᠳᠥᠷ ᠠᠴᠠ ᠡᠳᠥᠷ ᠥᠷᠡᠵᠢᠨ ᠵᠤᠵᠠᠭᠠᠷᠠᠵᠤ ᠪᠠᠶᠢᠭᠰᠠᠨ ᠬᠠᠯᠠᠭᠤᠨ ᠠᠮᠢᠰᠬᠤᠯᠳᠤ ᠮᠠᠯ ᠰᠦᠷᠦᠭ | ᠨᠢ ᠮᠠᠨ ᠳᠤ ᠦᠶᠦᠭ ᠲᠡᠨᠢᠭᠦᠨ ᠰᠠᠭᠤᠭᠳᠠᠯ ᠦᠭᠴᠦ᠂ ᠰᠡᠳᠬᠢᠯ ᠵᠢᠷᠥᠬᠡ ᠶᠢ ᠮᠢᠨᠢ ᠪᠠᠶᠠᠨ ᠴᠠᠳᠬᠤᠯᠠᠩ ᠪᠠᠶᠢᠯᠭᠠᠵᠤ | ᠴᠢᠳᠠᠭᠰᠠᠨ ᠶᠤᠮ᠃ ᠣᠳᠣ ᠡᠷᠭᠢᠴᠡᠭᠦᠯᠵᠤ ᠦᠵᠡᠬᠦ ᠳᠤ ᠮᠠᠯᠴᠢᠨ ᠮᠤᠩᠭᠤᠯ ᠤᠨ ᠰᠡᠳᠬᠢᠯ ᠳᠤ ︽ᠮᠠᠯ ᠤᠨ ᠪᠤᠶᠠᠨ︾ | ᠬᠡᠴᠢᠨᠡᠨ ᠥᠨ᠎ᠡ ᠴᠡᠨ᠎ᠡ ᠲᠠᠢ ᠤᠬᠠᠭᠲᠠᠬᠤᠨ ᠠᠵᠢ ᠃ | ᠬᠠᠪᠤᠷ ᠤᠨ ᠬᠠᠳᠠᠭᠤ ᠬᠠᠷᠠᠰᠣ ᠤᠯᠠᠷᠢᠯ ᠳᠤ᠂ ᠬᠠᠰᠢᠶᠠᠨ ᠠᠴᠠ ᠲᠤᠭᠤᠯᠳᠠᠬᠤ ᠲᠥᠯ ᠤᠨ ᠲᠠᠭᠤᠨ ᠨᠢ ᠡᠨᠡ | ᠠᠶᠢᠯ ᠤᠨ ᠠᠳᠠᠯ ᠣᠨᠳᠤᠷᠤᠯᠭᠠ ᠶᠢᠨ ᠥᠭᠡᠳᠡ ᠬᠡᠶᠢᠮᠥᠷᠢ ᠶᠢ ᠣᠶᠠᠩᠭᠠᠯᠠᠨ ᠴᠢᠪᠬᠠᠳᠠᠵᠣ ᠂ ᠬᠠᠩᠰᠢ ᠨᠡᠭᠡᠭᠡᠵᠣ | ᠬᠠᠭᠳᠠ ᠨᠣᠭᠤᠭᠠᠷᠠᠬᠤ ᠪᠠᠷ᠂ ᠬᠤᠷᠠᠭ᠎ᠠ ᠲᠤᠭᠤᠯ ᠤᠨ ᠢᠶᠠᠨ ᠬᠤᠶᠢᠨ᠎ᠠ ᠠᠴᠠ ᠬᠢᠴᠢᠶᠡᠯ ᠤᠨ ᠨᠣᠮ ᠢᠶᠠᠨ | ᠰᠤᠭᠤᠪᠴᠢᠯᠠᠵᠤ ᠭᠥᠶᠥᠳᠡᠭ ᠪᠠᠭ᠎ᠠ ᠨᠠᠰᠤ ᠮᠢᠨᠢ ᠶᠤᠰᠤᠳᠠᠢ ᠠᠭᠤᠯᠭ᠎ᠠ ᠪᠠᠶᠠᠨ ᠪᠠᠶᠢᠭᠰᠠᠨ᠃ ᠪᠢᠳᠡ ᠲᠠᠪᠤ | ᠲᠤᠯᠤᠭᠠᠨ ᠨᠠᠰᠤᠨ ᠠᠴᠠ ᠪᠠᠨ ᠡᠬᠢᠯᠡᠵᠤ ᠢᠩᠭᠢᠵᠣ ᠠᠵᠢᠯ ᠳᠤ ᠣᠷᠣᠭᠰᠠᠨ ᠶᠤᠮ ᠳ᠋ᠠ᠃ ᠲᠡᠭᠦᠨ ᠤ ᠲᠠᠷᠠᠭ᠎ᠠ ᠪᠠᠷ | ᠢᠮᠠᠭ᠎ᠠ ᠰᠠᠮᠨᠠᠬᠤ᠂ ᠬᠤᠨᠢ ᠬᠠᠶᠢᠴᠢᠯᠠᠬᠤ ᠣᠯᠠᠷᠢᠯ ᠪᠣᠯᠬᠤ ᠳᠤ ᠮᠠᠯᠴᠢᠳ ᠤᠨ ᠡᠯᠪᠡᠭ ᠬᠤᠷᠢᠶᠠᠯᠲᠠ ᠶᠢᠨ ᠴᠠᠭ | ᠪᠣᠯᠳᠠᠭ ᠴᠦ᠂ ᠨᠤᠲᠤᠭ ᠤᠨ ᠠᠬᠠᠮᠠᠳ ᠤᠨ ᠶᠠᠷᠢᠶᠠᠨ ᠳᠤ ᠢᠮᠠᠭᠠᠨ ᠨᠣᠣᠰᠣ᠂ ᠬᠤᠨᠢᠨ ᠣᠩᠭᠠᠰᠤᠨ ᠠᠴᠠ ᠪᠠᠨ | ᠬᠡᠳᠥᠢ ᠣᠷᠣᠯᠭ᠎ᠠ ᠣᠯᠬᠤ ᠲᠤᠬᠠᠢ ᠶᠠᠷᠢᠶ᠎ᠠ ᠵᠤᠭᠤᠭ ᠰᠣᠨᠣᠷᠳᠠᠳᠠᠭ ᠦᠭᠡᠢ᠂ ᠬᠠᠷᠢᠨ ᠠᠭᠤᠷ ᠠᠮᠢᠰᠬᠤᠯ ᠬᠠᠯᠠᠭᠤᠨ | ᠪᠣᠯᠬᠤ ᠠᠴᠠ ᠡᠮᠥᠨ᠎ᠡ ᠬᠤᠨᠢ ᠮᠠᠯ ᠢᠶᠠᠨ ᠬᠤᠷᠳᠤᠬᠠᠨ ᠬᠦᠩᠭᠡᠷᠡᠭᠦᠯᠵᠣ ᠦᠭᠭᠦᠨ᠂ ᠨᠠᠷᠠ ᠬᠤᠷ᠎ᠠ ᠳᠤ ᠬᠤᠷᠳᠤᠬᠠᠨ | ᠬᠦᠷᠪᠡᠰᠢᠬᠦ ᠳᠤ ᠨᠢ ᠰᠠᠨᠠᠭᠠᠰᠢᠷᠠᠵᠤ ᠶᠠᠭᠠᠷᠠᠳᠠᠭ᠃ ᠮᠠᠯᠴᠢᠨ ᠮᠣᠩᠭᠤᠯ ᠤᠨ ᠮᠢᠨᠢ ︽ᠮᠠᠯ ᠤᠨ ᠪᠣᠶᠠᠨ︾ ᠢᠶᠠᠨ | ᠢᠩᠭᠢᠵᠦ ᠲᠡᠭᠡᠳᠦᠯᠡᠬᠦ ᠤᠬᠠᠮᠰᠠᠷ ᠪᠤᠰᠤᠳ ᠠᠯᠢ ᠴᠦ ᠦᠨᠳᠦᠰᠦᠳᠡᠨ ᠳᠤ ᠪᠠᠶᠢᠵᠤ ᠴᠢᠳᠠᠭᠰᠠᠨ ᠦᠭᠡᠢ ᠶᠤᠮ᠃ | ᠲᠡᠳᠡ ᠮᠠᠯ ᠠᠴᠠ ᠪᠠᠨ ᠣᠯᠬᠤ ᠶᠢ ᠯᠠ ᠪᠤᠳᠤᠳᠠᠭ ᠪᠢᠰᠢ ᠬᠠᠷᠢᠨ ᠮᠠᠯ ᠢ ᠪᠠᠨ ︽ᠠᠮᠢ ᠭᠤᠣᠯ ᠲᠠᠢ ᠶᠤᠮ︾ ᠭᠡᠵᠦ | ᠡᠨᠡᠷᠢᠵᠦ ᠬᠠᠶᠢᠷᠠᠯᠠᠳᠠᠭ ᠨᠢ ᠠᠳᠠᠪᠠᠰᠢ ᠭᠠᠶᠢᠬᠠᠮᠰᠢᠭ ᠲᠠᠢ ᠰᠤᠶᠤᠯ ᠤᠨ ᠲᠤᠭᠳᠠᠴᠠ ᠪᠢᠯᠡ ᠃ | ᠲᠤᠬᠠᠢ ᠶᠢᠨ ᠦᠶ᠎ᠡ ᠳᠤ ᠶᠠᠪᠣᠭᠤᠯ ᠮᠠᠶᠢᠮᠠᠶᠢᠴᠢᠨ ᠴᠥᠬᠡᠨ ᠪᠠᠶᠢᠵᠣ᠂ ᠨᠣᠣᠰᠣ ᠨᠣᠯᠣᠣᠷ ᠢᠶᠠᠨ ᠰᠢᠭᠤᠳ | ᠬᠠᠩᠭᠠᠯᠭ᠎ᠠ ᠶᠢᠨ ᠬᠤᠷᠰᠢᠶᠠᠨ ᠳᠤ ᠥᠭᠳᠡᠭ ᠪᠦᠭᠡᠳ ᠠᠷᠠᠳ ᠨᠢ ᠦᠨᠡᠨᠴᠢ ᠨᠣᠣᠰᠣᠨ ᠳᠤ ᠪᠠᠨ ᠬᠤᠯᠢᠴᠠ ᠬᠢᠳᠡᠭ | ᠦᠭᠡᠢ᠂ ᠬᠤᠷᠰᠢᠶ᠎ᠠ ᠨᠢ ᠢᠳᠡᠭᠡᠮᠵᠢᠳᠡᠢ᠂ ᠦᠨ᠎ᠡ ᠬᠠᠩᠰᠢ ᠬᠡᠯᠪᠡᠯᠵᠡᠭᠦᠯᠳᠡᠭ ᠦᠭᠡᠢ ᠯᠠ ᠪᠠᠶᠢᠵᠤ ᠳ᠋ᠠ᠃ ᠠᠪᠤ ᠮᠢᠨᠢ | ᠨᠣᠣᠰᠣ ᠨᠣᠯᠣᠣᠷ ᠢᠶᠠᠨ ᠬᠤᠳᠠᠯᠳᠤᠵᠤ ᠬᠤᠷᠰᠢᠶᠠᠨ ᠠᠴᠠ ᠪᠣᠴᠠᠵᠤ ᠢᠷᠡᠬᠦ ᠳᠤ ᠪᠠᠨ ᠬᠡᠥᠬᠡᠳ ᠤᠳ ᠲᠤ ᠪᠠᠨ | ᠬᠦᠮᠦᠨ ᠪᠣᠯᠭᠠᠨ ᠳᠤ ᠪᠡᠯᠡᠭ ᠲᠠᠢ ᠪᠠᠶᠢᠬᠤ ᠨᠢ ᠶᠠᠷᠢᠶᠠᠨ ᠦᠭᠡᠢ ᠶᠤᠮ᠃ ᠮᠢᠨᠣ ᠣᠢ ᠤᠬᠠᠭᠠᠨ ᠳᠤ ᠤᠳᠣ ᠪᠣᠯᠲᠠᠯ᠎ᠠ | ᠲᠣᠳᠣ ᠴᠡᠭᠡᠵᠢᠯᠡᠭᠳᠡᠭᠰᠡᠨ ᠵᠦᠢᠯ ᠪᠣᠯ ᠮᠠᠨ ᠤ ᠬᠦᠮᠦᠨ ᠪᠣᠯᠭᠠᠨ ᠳᠤ ᠨᠢᠵᠡᠭᠡᠳ ᠰᠡᠷᠢᠭᠦᠨ ᠱᠠᠬᠠᠢ᠂ ᠭᠤᠶᠣ | ᠬᠠᠨᠵᠢᠶᠠᠷ ᠁ ᠪᠠᠰᠠ ᠮᠢᠶᠠᠨᠪᠣᠣ᠂ ᠴᠢᠱᠦ᠋ᠢ ᠁ ᠵᠡᠷᠭᠡ ᠶᠢ ᠠᠪᠴᠢᠷᠠᠬᠤ ᠨᠢ ᠵᠣᠷᠰᠢᠯ ᠰᠢᠭ᠋ ᠪᠠᠶᠢᠳᠠᠭ ᠶᠤᠮ | ᠃ ᠲᠤᠬᠠᠢ ᠶᠢᠨ ᠦᠶ᠎ᠡ ᠶᠢᠨ ᠲᠡᠷᠡᠬᠦ ᠰᠦᠯᠢᠶᠣᠣ ᠰᠡᠷᠢᠭᠦᠨ ᠱᠠᠬᠠᠢ ᠰᠢᠭ᠋ ᠭᠤᠶᠣ ᠱᠠᠬᠠᠢ ᠶᠢ ᠪᠢ ᠣᠳᠣ ᠪᠣᠯᠳᠠᠯ᠎ᠠ | ᠣᠯᠵᠣ ᠡᠮᠦᠰᠦᠭᠡ ᠦᠭᠡᠢ ᠰᠢᠭ ᠰᠠᠨᠠᠭᠳᠠᠨ᠎ᠠ᠃ ᠲᠤᠬᠠᠢ ᠶᠢᠨ ᠦᠶ᠎ᠠ ᠶᠢᠨ ᠴᠢᠱᠦ᠋ᠢ᠂ ᠮᠢᠶᠠᠨᠪᠣᠣ ᠁ ᠣᠳᠣ ᠶᠢᠨ | ᠶᠠᠮᠠᠷ ᠴᠦ ᠲᠠᠩᠰᠤᠭ ᠢᠳᠡᠭᠡᠨ ᠠᠴᠠ ᠠᠮᠲᠠ ᠲᠠᠢ ᠪᠠᠶᠢᠵᠣ ᠳ᠋ᠠ ᠃ ᠮᠠᠯ ᠤᠨ ᠪᠤᠶᠠᠨ ᠳᠤ ᠲᠦᠰᠢᠵᠦ ᠪᠠᠭ᠎ᠠ ᠨᠠᠰᠤ | ᠮᠢᠨᠢ ᠵᠢᠷᠭᠠᠯᠲᠠᠢ ᠯᠠ ᠪᠠᠶᠢᠭᠰᠠᠨ ᠶᠤᠮ ᠃ | ᠵᠣᠨ ᠤ ᠵᠢᠷᠭᠤᠭᠠᠨ ᠰᠠᠷ᠎ᠠ ᠪᠣᠯᠬᠤ ᠳᠤ ᠰᠠᠭᠠᠯᠢ ᠰᠦ ᠶᠢᠨ ᠡᠯᠪᠡᠭ ᠬᠤᠷᠢᠶᠠᠯᠲᠠ ᠶᠢᠨ ᠴᠠᠭ ᠡᠬᠢᠯᠡᠨ᠎ᠡ᠃ | ᠦᠷ ᠢᠶᠠᠷ ᠪᠣᠰᠴᠣ ᠦᠨᠢᠶᠡᠨ ᠵᠡᠯᠡᠨ ᠳᠤ ᠶᠠᠭᠠᠷᠠᠳᠠᠭ ᠡᠵᠢ ᠮᠢᠨᠢ ᠮᠢᠨᠣ ᠰᠡᠳᠬᠢᠯ ᠳᠤ ᠲᠤᠩ ︽ ᠠᠭᠤᠣ ᠶᠡᠭᠡ︾ | ᠪᠤᠯᠵᠣ ᠰᠠᠨᠠᠭᠳᠠᠳᠠᠭ᠃ ᠤᠴᠢᠷ ᠨᠢ ᠡᠷᠲᠡ ᠶᠢᠨ ᠲᠡᠷᠡ ᠠᠮᠲᠠᠲᠣ ᠨᠣᠶᠢᠷ ᠲᠤ ᠬᠡᠨ ᠬᠦᠮᠦᠨ ᠴᠦ ᠬᠠᠷᠠᠮᠴᠢ ᠪᠠᠶᠢᠳᠠᠭ | ᠴᠦ ᠡᠵᠢ ᠮᠢᠨᠢ ᠬᠠᠷᠢᠨ ᠲᠡᠷᠡ ᠨᠣᠶᠢᠷ ᠲᠤ ᠠᠮᠲᠠᠰᠢᠵᠣ ᠦᠵᠡᠭᠡ ᠦᠭᠡᠢ᠃ ᠭᠠᠯ ᠢᠶᠠᠨ ᠬᠦᠭᠵᠢᠭᠡᠵᠦ ᠴᠠᠢ ᠪᠠᠨ | ᠲᠠᠯᠪᠢᠭᠠᠳ᠂ ᠦᠨᠢᠶᠡᠨ ᠰᠠᠭᠤᠯᠠᠭ᠎ᠠ ᠪᠠᠨ ᠲᠣᠬᠤᠶᠢᠯᠠᠵᠣ ᠡᠭᠦᠳᠡ ᠰᠡᠬᠦᠨ ᠭᠠᠷᠬᠤ ᠁ ᠠᠯᠬᠤᠮ ᠨᠢᠭᠡᠪᠦᠷᠢ ᠨᠢ | ᠪᠦᠦᠪᠡᠢ ᠶᠢᠨ ᠲᠠᠭᠤᠣ ᠰᠢᠭ᠋ ᠬᠡᠥᠬᠡᠳ ᠤᠳ ᠢᠶᠠᠨ ᠠᠷᠭᠠᠳᠠᠵᠣ ᠪᠠᠶᠢᠭᠰᠠᠨ ᠴᠦ ᠨᠣᠶᠢᠷ ᠵᠡᠭᠦᠳᠥᠨ ᠤ ᠪᠠᠨ ᠳᠤᠮᠳᠠ | ᠲᠡᠷᠡ ᠪᠦᠬᠦ ᠬᠢᠳᠡᠯ ᠢ ᠨᠢ ᠪᠢᠳᠡ ᠰᠣᠨᠣᠷ ᠢᠶᠠᠷ ᠢᠶᠠᠨ ᠲᠦᠰᠦᠪᠯᠡᠵᠣ ᠪᠠᠶᠢᠭᠰᠠᠨ ᠶᠤᠮ᠃ ᠰᠠᠭᠠᠯᠢ ᠶᠢᠨ ᠰᠠᠭᠤᠯᠠᠭᠠᠨ | ᠳᠤ ᠪᠠᠭᠤᠬᠤ ᠰᠦᠨ ᠬᠦᠷᠬᠢᠷ᠎ᠡ ᠶᠢᠨ ᠠᠶᠢᠵᠠᠮᠲᠤ ᠠᠰᠬᠠᠷᠠᠯ ᠤᠨ ᠳᠤᠮᠳᠠ ᠡᠵᠢ ᠮᠢᠨᠢ ᠡᠳᠦᠷ ᠤᠨ ᠠᠵᠢᠯ ᠢᠶᠠᠨ | ᠢᠷᠦᠭᠡᠯ ᠲᠠᠢ ᠡᠬᠢᠯᠡᠳᠡᠭ ᠪᠠᠶᠢᠵᠠᠢ᠃ ᠲᠡᠭᠡᠭᠡᠳ ᠯᠠ ᠠᠭᠠᠭ ᠲᠠᠢ ᠴᠠᠢ ᠶᠢᠨ ᠦᠨᠦᠷ ᠢᠶᠠᠷ ᠬᠠᠮᠠᠷ | ᠬᠤᠷᠤᠬᠠᠶᠢᠰᠢᠭᠤᠯᠤᠨ ᠰᠡᠷᠢᠬᠦ ᠳᠤ ᠂ ᠲᠣᠭᠤᠭᠠᠨ ᠳᠤ ᠲᠠᠷᠭᠢᠯᠤᠭᠰᠠᠨ ᠪᠣᠴᠠᠯᠤᠭᠰᠠᠨ ᠰᠦ᠂ ᠬᠠᠶᠠ ᠪᠠᠰᠠ | ᠵᠢᠩᠨᠡᠭᠰᠡᠨ ᠴᠠᠭᠠᠨ ᠭᠤᠯᠢᠷ ᠤᠨ ᠪᠤᠣᠪᠤ ᠁ ᠮᠠᠨ ᠤ ᠡᠮᠥᠨ᠎ᠡ ᠲᠠᠯᠪᠢᠭᠳᠠᠳᠠᠭ᠃ ᠣᠳᠣ ᠪᠣᠳᠣᠬᠤ ᠳᠤ ᠮᠠᠨ ᠤ | ᠪᠠᠭ᠎ᠠ ᠨᠠᠰᠤ ᠡᠵᠢ ᠶᠢᠨ ᠭᠠᠷ ᠢᠶᠠᠷ ᠬᠢᠭᠰᠡᠨ ᠶᠠᠮᠠᠷ ᠰᠠᠶᠢᠬᠠᠨ ᠡᠷᠡᠭᠦᠯ ᠢᠳᠡᠭᠡᠨ ᠢᠶᠠᠷ ᠦᠰᠦᠨ ᠲᠣᠷᠨᠢᠭᠰᠠᠨ ᠪᠢᠯᠡ | ᠳ᠋ᠠ᠃ | ᠦᠳᠡ ᠳᠤ ᠰᠤᠷᠭᠠᠭᠤᠯᠢ ᠲᠠᠷᠬᠠᠭᠠᠳ ᠢᠷᠡᠬᠦ ᠳᠤ ᠦᠯᠦᠰᠦᠭᠰᠡᠨ ᠬᠤᠳᠤᠭᠤᠳᠤ ᠶᠢ ᠠᠶᠢᠷᠠᠭ ᠤᠨ ᠬᠥᠭᠡᠰᠦ | ᠱᠠᠭᠢᠭᠤᠯᠤᠭᠰᠠᠨ ᠬᠠᠭᠤᠷᠤᠭᠰᠠᠨ ᠠᠮᠤ ᠪᠣᠶᠤ ᠰᠦ ᠲᠠᠢ ᠬᠤᠳᠬᠤᠭᠰᠠᠨ ᠵᠠᠷᠮ᠎ᠠ ᠪᠠᠷ ᠬᠤᠷᠤᠮ ᠠᠷᠭᠠᠴᠠᠭᠠᠬᠤ ᠨᠢ | ᠮᠠᠰᠢ ᠵᠢᠷᠭᠠᠯᠲᠠᠢ ᠪᠠᠶᠢᠭᠰᠠᠨ᠃ ᠡᠳᠦᠷ ᠤᠳᠠᠯ ᠦᠭᠡᠢ ᠡᠭᠦᠳᠡᠨ ᠠᠷᠤ ᠳᠤ ᠡᠯᠭᠦᠭᠰᠡᠨ ᠥᠷᠥᠮ᠎ᠡ ᠰᠠᠪᠠᠯᠠᠭᠰᠠᠨ | ᠱᠦᠭᠦᠮᠡᠯ ᠳᠦᠭᠦᠷᠬᠦ ᠳᠤ᠂ ᠡᠵᠢ ᠮᠢᠨᠢ ᠠᠯᠢ ᠨᠢᠭᠡ ᠡᠳᠦᠷ ᠲᠡᠷᠡ ᠱᠦᠭᠦᠮᠡᠯ ᠢ ᠶᠡᠭᠦᠯᠡᠵᠤ ᠡᠷᠴᠢᠭᠡᠵᠤ | ᠪᠣᠯᠪᠠᠰᠤᠷᠠᠭᠤᠯᠤᠨ ᠲᠣᠰᠣ ᠰᠢᠷᠭᠠᠭᠠᠳᠠᠭ ᠪᠣᠯ ᠭᠡᠵᠣ ᠪᠠᠶᠠᠷᠯᠠᠨ ᠬᠦᠯᠢᠶᠡᠳᠡᠭ ᠶᠤᠮ᠃ ᠰᠦ ᠰᠠᠭᠠᠯᠢ ᠡᠳ᠋ᠰᠢᠭᠦᠯᠳᠡᠭ | ᠵᠤᠨ ᠤ ᠤᠯᠠᠷᠢᠯ ᠳᠤ ᠮᠠᠯᠵᠢᠬᠤ ᠠᠮᠢᠳᠤᠷᠠᠯ ᠬᠡᠵᠢᠶᠡᠳᠡ ᠲᠡᠨᠢᠭᠦᠨ ᠴᠠᠳᠬᠤᠯᠠᠩ ᠪᠠᠶᠢᠵᠤ᠂ ᠢᠷᠡᠭᠰᠡᠨ ᠭᠡᠶᠢᠴᠢᠨ | ᠵᠣᠴᠢᠨ ᠢᠶᠠᠨ ᠶᠠᠭᠠᠬᠢᠵᠤ ᠵᠣᠴᠢᠯᠠᠬᠤ ᠲᠤᠬᠠᠢ ᠶᠡᠷᠤ ᠭᠠᠷ ᠨᠤᠬᠤᠯᠠᠵᠤ ᠭᠠᠴᠢᠭᠳᠠᠬᠤ ᠶᠠᠪᠤᠳᠠᠯ ᠭᠠᠷᠳᠠᠭ ᠦᠭᠡᠢ | ᠪᠦᠭᠡᠳ ᠶᠠᠪᠤᠬᠤ ᠳᠤ ᠨᠢ ᠪᠠᠰᠠ ︽ᠴᠠᠭᠠᠨ ᠢᠳᠡᠭᠡᠨ︾ ᠤ ᠪᠡᠯᠡᠭ ᠲᠠᠢ ᠪᠠᠶᠢᠵᠤ᠂ ᠣᠳᠣ ᠶᠢᠨ ᠰᠢᠭ᠋ ᠴᠠᠭᠠᠨ | ᠢᠳᠡᠭᠡᠨ ᠢᠶᠠᠨ ᠥᠨ᠎ᠡ ᠬᠠᠩᠰᠢ ᠲᠦᠰᠦᠪᠯᠡᠳᠡᠭ ᠦᠭᠡᠢ ᠪᠦᠭᠡᠳ᠂ ᠬᠠᠷᠢᠨ ᠲᠡᠭᠡᠪᠡᠯ ︽ᠮᠠᠭᠤ ᠢᠷᠸ᠎ᠠ᠂ ᠮᠠᠯ ᠤᠨ | ᠪᠤᠶᠠᠨ ᠭᠤᠮᠤᠳᠠᠨ᠎ᠠ︾ ᠭᠡᠵᠤ ᠶᠠᠷᠢᠳᠠᠭ᠃ ᠶᠠᠮᠠᠷ ᠰᠠᠶᠢᠬᠠᠨ ᠰᠣᠶᠣᠯ ᠠᠷᠠᠨᠰᠢᠨ ᠪᠢᠯᠡ ᠳ᠋ᠧ ︔ | ᠨᠠᠮᠤᠷ ᠤᠨ ᠲᠣᠰᠣᠨ ᠲᠠᠷᠭᠤ ᠶᠢᠨ ᠤᠯᠠᠷᠢᠯ ᠪᠣᠯ ᠮᠠᠯᠴᠢᠳ ᠤᠨ ᠮᠠᠩᠨᠠᠢ ᠲᠡᠨᠢᠢᠬᠦ ᠴᠠᠭ ᠪᠣᠯᠣᠨ᠎ᠠ᠃ ᠬᠠᠮᠤᠭ | ᠰᠠᠭᠤᠭᠳᠠᠯ ᠲᠠᠢ ᠨᠢ ᠬᠠᠳᠤᠯᠠᠩ ᠤᠨ ᠨᠠᠮᠤᠷ ᠤᠳ ᠪᠢᠯᠡ᠃ ᠠᠳᠤᠭᠤ ᠮᠠᠯ ᠤᠨ ᠢᠶᠠᠨ ᠡᠪᠦᠯ ᠤᠨ ᠲᠡᠵᠢᠭᠡᠯ ᠢ | ᠨᠥᠭᠡᠴᠡᠯᠡᠬᠦ ᠶᠢᠨ ᠲᠦᠯᠦᠭᠡ᠂ ᠨᠠᠮᠤᠷ ᠤᠨ ᠰᠡᠭᠦᠯᠴᠢ ᠪᠠᠷ ᠡᠪᠡᠰᠦᠨ ᠦᠷ᠎ᠡ ᠪᠣᠯᠪᠠᠰᠤᠷᠠᠵᠤ ᠡᠬᠢᠯᠡᠬᠦ ᠪᠠᠷ ᠮᠠᠯᠴᠢᠳ | ᠬᠠᠳᠤᠯᠠᠩ ᠳᠤ ᠭᠠᠷᠤᠨ᠎ᠠ᠃ ᠲᠤᠬᠠᠢ ᠶᠢᠨ ᠦᠶ᠎ᠡ ᠳᠤ ᠮᠠᠰᠢᠨᠴᠢᠯᠠᠯᠲᠠ ᠬᠦᠭᠵᠢᠭᠡ ᠦᠭᠡᠢ ᠪᠠᠶᠢᠵᠤ᠂ ᠪᠦᠷ ᠯᠠ | ᠰᠠᠨᠳᠤᠤ ᠪᠠᠷ ᠬᠠᠳᠤᠨ᠎ᠠ᠃ ᠠᠪᠤ ᠮᠢᠨᠢ ᠮᠠᠰᠢ ᠤᠷᠠᠨ ᠬᠦᠮᠦᠨ ᠪᠠᠶᠢᠵᠤ᠂ ︽ᠬᠠᠳᠤᠯᠠᠩ ᠤᠨ ᠴᠡᠷᠢᠭ︾ ᠢᠶᠠᠨ | ᠵᠡᠪᠰᠡᠭᠯᠡᠬᠦ ᠭᠡᠵᠤ ᠬᠡᠳᠦᠨ ᠡᠳᠦᠷ ᠤᠨ ᠡᠮᠦᠨ᠎ᠡ ᠠᠴᠠ ᠮᠣᠩᠭᠠᠨᠢᠵᠤ ᠡᠬᠢᠯᠡᠳᠡᠭ᠃ ᠲᠡᠭᠡᠭᠡᠳ ᠯᠠ ᠮᠠᠨ ᠤ ᠠᠬ᠎ᠠ | ᠡᠭᠡᠴᠢ ᠨᠠᠷ ᠤᠨ ᠬᠦᠮᠦᠨ ᠪᠣᠯᠭᠠᠨ ᠤ ᠬᠦᠴᠦ ᠲᠡᠩᠭᠡᠬᠡ᠂ ᠪᠡᠶ᠎ᠡ ᠪᠠᠶᠢᠳᠠᠯ ᠳᠤ ᠲᠣᠬᠢᠷᠠᠭᠰᠠᠨ ᠰᠠᠨᠳᠤᠤ ᠶᠢ ᠡᠰᠢᠯᠡᠵᠤ | ᠬᠠᠳᠠᠵᠤ ᠲᠣᠬᠢᠷᠠᠭᠤᠯᠳᠠᠭ᠃ ᠲᠤᠬᠠᠢ ᠶᠢᠨ ᠦᠶ᠎ᠡ ᠳᠤ ᠪᠢ ᠰᠠᠨᠳᠤᠤ ᠪᠠᠷᠢᠬᠤ ᠲᠡᠩᠬᠡᠭᠡ ᠦᠭᠡᠢ ᠴᠦ᠂ ᠬᠠᠳᠤᠭᠰᠠᠨ | ᠡᠪᠡᠰᠥ ᠶᠢ ᠨᠢ ᠬᠤᠶᠢᠨ᠎ᠠ ᠠᠴᠠ ᠨᠢ ᠣᠪᠤᠭᠠᠯᠠᠬᠤ ᠡᠭᠦᠷᠭᠡ ᠲᠠᠢ ᠬᠠᠳᠤᠯᠠᠩ ᠳᠤ ᠲᠠᠭᠠᠵᠤ ᠶᠠᠪᠤᠳᠠᠭ ᠪᠠᠶᠢᠭᠰᠠᠨ᠃ | ᠨᠠᠮᠤᠷ ᠤᠨ ᠬᠠᠳᠤᠯᠠᠩ ᠤᠨ ᠬᠠᠮᠤᠭ ᠤᠨ ᠲᠤᠷᠠᠳᠬᠠᠯ ᠲᠠᠢ ᠵᠦᠢᠯᠡᠰ ᠪᠣᠯ ︽ᠬᠠᠳᠤᠯᠠᠩ ᠤᠨ ᠬᠦᠨᠡᠰᠦ︾ ᠪᠣᠯᠣᠨ᠎ᠠ᠃ | ᠦᠳᠡ ᠤᠶᠢᠷᠠᠳᠬᠤ ᠳᠤ ᠬᠤᠯᠠ ᠣᠶᠢᠷ᠎ᠠ ᠶᠢᠨ ᠬᠠᠳᠤᠯᠠᠩ ᠤᠨ ᠲᠠᠯᠠᠪᠠᠢ ᠶᠢ ᠠᠵᠢᠭᠯᠠᠵᠤ᠂ ᠬᠠᠮᠢᠭ᠎ᠠ ᠠᠴᠠ | ᠡᠬᠢᠯᠡᠵᠤ ᠤᠲᠤᠭ᠎ᠠ ᠰᠤᠭᠤᠨᠠᠭᠯᠠᠬᠤ ᠶᠢ ᠶᠠᠭᠠᠷᠠᠨ ᠬᠦᠯᠢᠶᠡᠳᠡᠭ᠃ ᠲᠡᠭᠡᠭᠡᠳ ᠯᠠ ᠬᠤᠶᠠᠷ ᠭᠤᠷᠪᠠᠨ ᠠᠶᠢᠯ ᠭᠠᠯ | ᠬᠦᠭᠵᠢᠭᠡᠵᠦ ᠡᠬᠢᠯᠡᠭᠰᠡᠭᠡᠷ᠂ ᠪᠢᠳᠡ ᠴᠦ ᠲᠤᠯᠭ᠎ᠠ ᠶᠢᠨ ᠴᠢᠯᠠᠭᠤ ᠲᠣᠬᠢᠷᠠᠭᠤᠯᠵᠤ ᠂ ᠭᠠᠯ ᠬᠦᠭᠵᠢᠭᠡᠵᠦ ᠴᠠᠢ ᠪᠠᠨ | ᠴᠢᠨᠠᠨ᠎ᠠ᠃ ᠬᠠᠳᠤᠯᠠᠩ ᠤᠨ ᠭᠠᠵᠠᠷ ᠢᠳᠡᠬᠦ ᠬᠦᠨᠡᠰᠦ ᠶᠠᠭᠠᠬᠢᠬᠤ ᠳᠤ ᠪᠠᠨ ᠭᠡᠷ ᠲᠤ ᠢᠳᠡᠬᠦ ᠬᠤᠭᠤᠯᠠ ᠠᠴᠠ ᠠᠮᠲᠠ | ᠲᠠᠢ ᠪᠠᠶᠢᠳᠠᠭ ᠲᠤᠬᠠᠢ ᠪᠣᠳᠤᠵᠤ ᠤᠯᠬᠤ ᠦᠭᠡᠢ ᠃ | ᠣᠷᠤᠢ ᠬᠠᠳᠤᠯᠠᠩ ᠠᠴᠠ ᠪᠣᠴᠠᠬᠤ ᠲᠡᠷᠭᠡᠨ ᠴᠣᠪᠤᠭ᠎ᠠ ᠶᠢ ᠳᠠᠭᠠᠵᠤ᠂ ᠪᠢᠳᠡ ᠴᠦ ᠴᠤᠭ ᠪᠤᠴᠠᠨ᠎ᠠ᠃ ᠠᠶᠢᠯ | ᠤᠨ ᠣᠯᠠᠨ ᠲᠠᠢ ᠨᠡᠶᠢᠯᠡᠬᠦ ᠶᠢ ᠶᠠᠭᠠᠷᠠᠳᠠᠭ ᠨᠢ ᠵᠠᠮ ᠲᠠᠭᠤᠰᠤᠨ ᠣᠯᠠᠨ ᠢ ᠢᠨᠢᠶᠡᠯᠭᠡᠳᠡᠭ ᠠᠶᠢᠯ ᠤᠨ ᠠᠪᠠᠭ᠎ᠠ ᠶᠢᠨ | ᠶᠦᠮᠦᠷᠯᠢᠭ ᠶᠠᠷᠢᠶ᠎ᠠ ᠶᠢ ᠰᠤᠨᠤᠰᠬᠤ ᠶᠢᠨ ᠲᠦᠯᠦᠭᠡ ᠶᠤᠮ᠃ ᠣᠳᠣ ᠡᠷᠭᠢᠴᠡᠭᠦᠯᠭᠦ ᠳᠤ ᠶᠠᠮᠠᠷ ᠶᠡᠭᠡ ᠠᠪᠢᠶᠠᠰᠯᠢᠭ | ᠬᠥᠮᠥᠨ ᠪᠢᠯᠡ ᠭᠡᠵᠦ ᠪᠣᠳᠤᠬᠤ ᠶᠤᠮ᠃ ᠡᠨᠡ ᠢᠨᠢᠶᠡᠳᠦᠮ ᠱᠤᠭ ᠤᠨ ᠳᠤᠮᠳᠠ ᠬᠠᠳᠤᠯᠠᠩ ᠳᠤ ᠶᠠᠳᠠᠷᠠᠭᠰᠠᠨ | ᠬᠦᠮᠦᠰ ᠤᠨ ᠴᠤᠭ ᠵᠣᠯᠢ ᠰᠡᠷᠭᠦᠵᠦ ᠪᠠᠶᠢᠳᠠᠭ᠃ ᠬᠠᠳᠤᠯᠠᠩ ᠤᠨ ᠤᠯᠠᠷᠢᠯ ᠨᠢ ᠮᠦᠨ ᠴᠦ ᠨᠢᠭᠡᠨ ᠡᠯᠪᠡᠭ | ᠬᠤᠷᠢᠶᠠᠯᠳᠠ ᠶᠢᠨ ᠤᠯᠠᠷᠢᠯ ᠪᠠᠶᠢᠵᠤ᠂ ᠨᠥᠭᠡᠴᠡᠯᠡᠭᠰᠡᠨ ᠲᠡᠵᠢᠭᠡᠯ ᠡᠪᠡᠰᠦ ᠶᠢᠨ ᠬᠡᠮᠵᠢᠶ᠎ᠡ ᠨᠢ ᠡᠨᠡ ᠠᠶᠢᠯ ᠤᠨ | ᠣᠨᠳᠤᠷᠤᠯᠭᠠ ᠶᠢᠨ ᠡᠪᠥᠯᠵᠢᠶᠡᠨ ᠤ ᠪᠠᠲᠤᠯᠠᠭ᠎ᠠ ᠪᠣᠯᠬᠤ ᠨᠢ ᠳᠠᠮᠵᠢᠭ ᠦᠭᠡᠢ ᠶᠤᠮ᠃ | ᠮᠦᠩᠭᠦᠨ ᠡᠪᠦᠯ ᠤᠨ ᠴᠠᠭ ᠪᠣᠯᠬᠤ ᠳᠤ ᠮᠣᠩᠭᠤᠯ ᠨᠤᠲᠤᠭ ᠲᠤ ᠮᠦᠨ ᠴᠦ ᠨᠢᠭᠡ ᠵᠦᠢᠯ ᠤᠨ ᠲᠠᠩᠰᠤᠭ ᠴᠠᠭ | ᠮᠦᠴᠡ ᠬᠦᠷᠴᠤ ᠢᠷᠡᠨ᠎ᠡ᠃ ᠮᠠᠯ ᠠᠬᠤᠢ ᠪᠠᠨ ᠠᠷᠠᠴᠢᠯᠠᠬᠤ ᠶᠢᠨ ᠵᠠᠶᠢᠴᠢᠨ ᠳᠤ ᠴᠠᠭᠠᠯᠠᠬᠤ ᠶᠢᠨ ᠪᠡᠯᠡᠳᠬᠡᠯ ᠬᠢᠬᠦ | ᠭᠡᠵᠦ ᠶᠠᠭᠠᠷᠠᠬᠤ ᠶᠢᠨ ᠳᠤᠮᠳᠠ ᠪᠠᠶᠠᠰᠤᠯ ᠬᠦᠯᠢᠶᠡᠳᠡᠭ᠃ ᠪᠠᠭ᠎ᠠ ᠨᠠᠰᠤᠨ ᠤ ᠴᠠᠭᠠᠨ ᠰᠠᠷ᠎ᠠ ᠶᠠᠮᠠᠷ ᠪᠠᠶᠠᠷ ᠵᠢᠷᠭᠠᠯ ᠲᠠᠢ | ᠪᠠᠶᠢᠯ᠎ᠠ ᠳ᠋ᠠ᠃ ᠡᠵᠢ ᠮᠢᠨᠢ ᠬᠦᠮᠦᠨ ᠪᠣᠯᠭᠠᠨ ᠢ ᠰᠢᠨ᠎ᠡ ᠱᠠᠬᠠᠢ ᠲᠠᠢ ᠰᠢᠨᠡᠯᠡᠭᠦᠯᠬᠦ ᠭᠡᠵᠦ ᠣᠯᠣᠰᠤ ᠲᠠᠮᠣᠵᠤ᠂ ᠤᠯᠠ | ᠰᠢᠷᠢᠨ᠎ᠡ᠃ ᠪᠢᠳᠡ ᠴᠠᠭᠠᠨ ᠰᠠᠷ᠎ᠠ ᠡᠮᠦᠰᠬᠦ ᠰᠢᠨ᠎ᠡ ᠬᠤᠪᠴᠠᠰᠤ ᠪᠠᠨ ᠠᠪᠳᠠᠷ᠎ᠠ ᠳᠤ ᠪᠠᠨ ᠬᠤᠷᠢᠶᠠᠯᠭᠠᠵᠦ᠂ ︽ᠣᠳᠣ | ᠤᠳᠠᠬᠤ ᠦᠭᠡᠢ ᠣᠯᠵᠤ ᠡᠮᠦᠰᠦᠨ᠎ᠡ ᠳ᠋ᠠ︾ ᠬᠡᠮᠡᠨ ᠪᠤᠳᠤᠨ ᠪᠣᠳᠣᠨ ᠪᠠᠶᠠᠰᠤᠨ᠎ᠠ᠃ ᠠᠯᠢ ᠪᠦᠬᠦᠢ ᠡᠯᠪᠡᠭ ᠳᠡᠯᠪᠡᠭ | ᠢᠳᠡᠭᠡᠨ ᠤᠮᠳᠠᠭᠠᠨ ᠢᠶᠠᠨ ᠢᠷᠡᠭᠰᠡᠨ ᠭᠡᠶᠢᠴᠢᠨ ᠵᠣᠴᠢᠨ ᠳᠤ ᠪᠠᠨ ᠥᠩᠭᠡ ᠲᠠᠢ ᠲᠠᠯ᠎ᠠ ᠲᠠᠢ ᠭᠠᠷᠭᠠᠬᠤ ᠭᠡᠵᠦ | ᠨᠦᠭᠡᠴᠡᠯᠡᠵᠦ ᠲᠠᠯᠪᠢᠬᠤ ᠶᠠᠮᠠᠷ ᠰᠠᠶᠢᠬᠠᠨ ᠵᠤᠴᠢᠨᠰᠠᠭ ᠵᠠᠩᠰᠢᠯ ᠪᠢᠯᠡ᠃ ᠵᠢᠯ ᠴᠠᠭᠠᠨ ᠰᠠᠷ᠎ᠠ ᠪᠣᠯᠬᠤ ᠳᠤ᠂ ᠬᠤᠯᠠ | ᠣᠶᠢᠷ᠎ᠠ ᠶᠢᠨ ᠰᠠᠳᠤᠨ ᠲᠦᠷᠦᠯ ᠢᠶᠠᠨ ᠵᠠᠪᠠᠯ ᠡᠷᠭᠢᠵᠦ ᠦᠵᠡᠬᠦ ᠰᠠᠶᠢᠬᠠᠨ ᠵᠠᠩᠰᠢᠯ ᠲᠠᠢ᠃ ᠲᠡᠭᠡᠬᠦ ᠳᠤ | ᠮᠤᠩᠭᠤᠯᠴᠤᠳ ᠮᠢᠨᠢ ᠦᠨᠳᠦᠷ ᠨᠠᠰᠤ ᠲᠠᠢ ᠠᠬᠠᠮᠠᠳ ᠪᠤᠭᠤᠷᠤᠯ ᠢᠶᠠᠨ᠂ ᠢᠯᠠᠩᠭᠤᠶ᠎ᠠ ᠵᠢᠯ ᠤᠨ ᠪᠠᠶᠠᠷ᠂ ᠨᠠᠰᠤᠨ | ᠪᠠᠶᠠᠷ ᠪᠣᠯᠬᠤ ᠳᠤ ᠨᠢ ᠪᠦᠷ ᠴᠦ ᠶᠡᠭᠡ ᠬᠥᠯ ᠬᠦᠭᠡᠷᠴᠡᠭ ᠪᠣᠯᠳᠠᠭ᠃ ᠢᠩᠭᠢᠭᠡᠳ ᠯᠠ ᠬᠠᠮᠤᠭ ᠲᠡᠭᠡᠳᠦ ᠪᠡᠯᠡᠭ ︽ | ᠬᠠᠯᠠᠭᠤᠨ ᠬᠤᠰᠢᠭᠤᠳᠤ︾ ᠳᠤ ᠪᠠᠨ ᠦᠯᠵᠡᠢ ᠪᠡᠯᠭᠡ ᠶᠢᠨ ᠤᠯᠠᠭᠠᠨ ᠵᠠᠩᠭᠢᠶ᠎ᠠ ᠵᠠᠩᠭᠢᠳᠴᠤ᠂ ᠪᠠᠶᠠᠷ ᠤᠨ ᠪᠡᠯᠡᠭ | ᠪᠣᠯᠭᠠᠳᠠᠭ᠃ ᠣᠳᠣ ᠡᠷᠭᠢᠴᠡᠭᠦᠯᠵᠦ ᠦᠵᠡᠬᠦ ᠳᠤ ᠰᠠᠳᠤᠨ ᠲᠦᠷᠦᠯ ᠤᠨ ᠬᠠᠷᠢᠯᠴᠠᠭᠠᠨ ᠤ ᠰᠡᠳᠬᠢᠯ ᠮᠠᠰᠢ ᠨᠠᠨᠳᠢᠨ | ᠦᠨᠡᠨᠴᠢ ᠪᠠᠶᠢᠵᠤ᠂ ᠲᠡᠷᠡ ᠰᠠᠶᠢᠬᠠᠨ ᠮᠤᠩᠭᠤᠯ ᠰᠣᠶᠣᠯ ᠮᠠᠰᠢ ᠦᠨᠡᠲᠡᠢ ᠪᠠᠶᠢᠵᠠᠢ᠃ ᠣᠳᠣ ᠶᠢᠨ ᠰᠢᠭ᠋ ᠨᠠᠰᠤᠲᠠᠨ | ᠪᠤᠭᠤᠷᠤᠯᠴᠤᠳ ᠢᠶᠠᠷ ᠢᠶᠠᠨ ︽ᠠᠷᠠᠯᠵᠢᠶ᠎ᠠ︾ ᠬᠢᠬᠦ ᠤᠬᠠᠮᠰᠠᠷ ᠁ ᠣᠷᠤᠰᠢᠳᠠᠭ ᠦᠭᠡᠢ ᠯᠠ ᠳ᠋ᠠ ᠃ | ᠰᠢᠨ᠎ᠡ ᠶᠢᠨ ᠨᠢᠭᠡᠨ ᠤ ᠥᠷᠯᠦᠭᠡ ᠪᠣᠯᠬᠤ ᠳᠤ᠂ ᠠᠪᠤ ᠮᠢᠨᠢ ᠮᠠᠨᠤᠰ ᠢ ᠡᠩ ᠤᠨ ᠡᠳᠦᠷ ᠠᠴᠠ ᠨᠡᠩ ᠡᠷᠲᠡ | ᠪᠣᠰᠬᠤ ᠶᠢ ᠱᠠᠭᠠᠷᠳᠠᠳᠠᠭ᠃ ᠠᠶᠢᠯ ᠠᠴᠠ ᠡᠷᠲᠡ᠂ ᠬᠦᠮᠦᠨ ᠠᠴᠠ ᠡᠷᠲᠡ ᠪᠤᠰᠴᠣ᠂ ᠠᠭᠠᠷ ᠲᠡᠭᠷᠢ ᠳᠤ ᠭᠢᠯᠠᠯᠵᠠᠬᠤ | ᠣᠳᠣᠳ ᠤᠨ ᠭᠢᠯᠪᠠᠭ᠎ᠠ ᠰᠢᠩᠭᠡᠷᠡᠭᠡ ᠦᠭᠡᠢ ᠪᠠᠶᠢᠬᠤ ᠳᠤ᠂ ᠠᠯᠤᠰ ᠤᠨ ᠠᠭᠤᠯᠠᠰ ᠤᠨ ᠪᠠᠷ᠎ᠠ ᠲᠣᠳᠤᠷᠠᠭᠠ ᠦᠭᠡᠢ | ᠪᠠᠶᠢᠬᠤ ᠳᠤ᠂ ᠦᠨᠡᠭᠡᠨ ᠬᠠᠷᠠᠩᠭᠤᠢ ᠪᠠᠷ ᠲᠡᠭᠷᠢ ᠳᠤ ᠮᠦᠷᠭᠦᠵᠦ᠂ ᠤᠭᠳᠤᠵᠤ ᠠᠪᠤᠭᠰᠠᠨ ᠰᠢᠨ᠎ᠡ ᠣᠨ ᠳᠤ ᠪᠠᠨ | ᠬᠦᠮᠦᠨ ᠪᠦᠬᠦᠨ ᠥᠭᠡᠳᠡ ᠡᠰᠡᠷᠡᠭ ᠦᠯᠵᠡᠢ ᠬᠡᠶᠢᠮᠦᠷᠢ ᠲᠠᠢ ᠪᠠᠶᠢᠬᠤ ᠶᠢ ᠬᠦᠰᠡᠨ ᠲᠠᠭᠠᠳᠬᠠᠳᠠᠭ᠃ ᠠᠪᠤ ᠮᠢᠨᠢ | ᠶᠡᠷᠤ ᠠᠴᠠ ᠡᠩ ᠤᠨ ᠴᠠᠭ ᠲᠤ ᠴᠦ ᠡᠳᠦᠷ ᠤᠨ ᠠᠵᠢᠯ ᠣᠷᠤᠶᠢᠳᠠᠵᠤ ᠡᠬᠢᠯᠡᠬᠦ ᠶᠢ ᠵᠢᠭᠰᠢᠵᠦ᠂ ᠦᠳᠡ ᠪᠣᠯᠳᠠᠯ᠎ᠠ | ᠤᠨᠳᠠᠬᠤ ᠶᠢ ᠨᠡᠩ ᠴᠡᠭᠡᠷᠯᠡᠵᠦ᠂ ᠠᠳᠤᠭᠤ ᠮᠠᠯ ᠢᠶᠠᠨ ᠬᠡᠪᠲᠡᠷᠢ ᠳᠤ ᠨᠢ ᠬᠤᠷᠢᠬᠤ ᠶᠢ ᠦᠵᠡᠨ ᠶᠠᠳᠠᠳᠠᠭ᠃ | ᠢᠯᠠᠩᠭᠤᠶ᠎ᠠ ᠰᠢᠨ᠎ᠡ ᠵᠢᠯ ᠴᠠᠭᠠᠨ ᠰᠠᠷ᠎ᠠ ᠳᠤ᠂ ᠠᠶᠢᠯ ᠠᠴᠠ ᠤᠷᠢᠳᠠᠵᠤ ᠭᠠᠯ ᠢᠶᠠᠨ ᠬᠥᠭᠵᠢᠭᠡᠨ᠂ ᠴᠠᠢ ᠪᠠᠨ ᠴᠢᠨᠠᠵᠤ᠂ | ᠲᠡᠭᠡᠳᠦᠰ ᠲᠤ ᠪᠠᠨ ᠮᠦᠷᠭᠦᠯ ᠬᠢᠬᠦ ᠶᠢ ᠣᠨᠴᠠ ᠴᠢᠬᠤᠯᠠᠴᠢᠯᠠᠬᠤ ᠪᠠᠷ ᠪᠠᠷᠠᠬᠤ ᠦᠭᠡᠢ ᠠᠳᠤᠭᠤ ᠮᠠᠯ ᠴᠦ ᠠᠳᠠᠯᠢᠬᠠᠨ | ᠰᠢᠨᠡᠯᠡᠨ᠎ᠡ ᠰᠢᠥ ᠬᠡᠮᠡᠨ ᠡᠩ ᠤᠨ ᠡᠳᠦᠷ ᠠᠴᠠ ᠪᠠᠨ ᠢᠯᠡᠭᠦᠤ ᠰᠠᠶᠢᠬᠠᠨ ᠳᠣᠲᠤᠮᠳᠠᠳᠠᠭ᠃ ᠠᠪᠤ ᠮᠢᠨᠢ ᠨᠠᠰᠤᠨ | ᠡᠴᠦᠰᠯᠡᠳᠡᠯᠡ ᠪᠠᠨ ᠡᠨᠡ ᠶᠣᠰᠤ ᠵᠠᠩᠰᠢᠯ ᠢᠶᠠᠷ ᠢᠶᠠᠨ ᠮᠠᠨᠤᠰ ᠢ ᠱᠠᠭᠠᠷᠳᠠᠵᠤ᠂ ᠦᠪᠡᠷ ᠤᠨ ᠮᠣᠩᠭᠤᠯ ᠰᠡᠳᠬᠢᠯ ᠤᠨ | ᠢᠲᠡᠭᠡᠯ ᠰᠦᠰᠦᠭ ᠢᠶᠠᠷ ᠢᠶᠠᠨ ᠬᠡᠥᠬᠡᠳ ᠠᠴᠢ ᠨᠠᠷ ᠢᠶᠠᠨ ᠰᠤᠷᠭᠠᠨ ᠬᠦᠮᠦᠵᠢᠭᠦᠯᠦᠭᠰᠡᠨ ᠪᠢᠯᠡ᠃ ᠶᠠᠮᠠᠷ ᠶᠡᠭᠡ | ᠪᠠᠶᠠᠨ ᠥᠪ ᠰᠤᠷᠭᠠᠯ ᠪᠢᠯᠡ︖ ᠣᠳᠣ ᠡᠷᠭᠢᠴᠡᠭᠦᠯᠦᠨ ᠪᠣᠳᠤᠬᠤ ᠳᠤ ᠪᠠᠭ᠎ᠠ ᠨᠠᠰᠤ ᠮᠢᠨᠢ ᠲᠤᠷᠠᠰᠤᠯ ᠳᠤ | ᠬᠤᠴᠤᠷᠴᠠᠢ᠃ ᠮᠠᠨ ᠤ ᠪᠠᠭ᠎ᠠ ᠨᠠᠰᠤ ᠮᠠᠰᠢ ︽ ᠪᠠᠶᠠᠨ︾ ᠪᠠᠶᠢᠭᠰᠠᠨ ᠃ | ᠨᠤᠲᠤᠭ ᠮᠢᠨᠢ ᠨᠣᠭᠤᠭᠠᠨ ᠢᠶᠠᠷ ᠢᠶᠠᠨ ᠪᠠᠶᠢᠬᠤ ᠳᠤ᠂ ᠠᠳᠤᠭᠤ ᠮᠠᠯ ᠮᠢᠨᠢ ᠰᠦᠷᠦᠭ ᠢᠶᠠᠷ ᠢᠶᠠᠨ ᠪᠠᠶᠢᠬᠤ ᠳᠤ᠂ | ᠪᠢᠳᠡ ︽ᠪᠠᠶᠠᠨ︾ ᠪᠠᠶᠢᠭᠰᠠᠨ᠂ ᠪᠢᠳᠡᠨ ᠤ ᠰᠡᠳᠬᠢᠯ ᠪᠠᠶᠠᠨ ᠪᠠᠶᠢᠭᠰᠠᠨ᠂ ᠪᠢᠳᠡᠨ ᠤ ᠰᠣᠶᠣᠯ ᠪᠠᠶᠠᠨ ᠪᠠᠶᠢᠭᠰᠠᠨ | ᠡ ᠃ |