ᠬᠦᠳᠤᠯ ᠤᠨ ᠭᠤᠤᠯ ᠤᠨ ᠴᠢᠯᠠᠭᠤᠳ
ᠨᠡᠶᠢᠲᠡᠯᠡᠭᠰᠡᠨ ᠴᠠᠭ᠄
2018/6/22
                  ᠬᠦᠳᠤᠯ ᠤᠨ ᠭᠤᠤᠯ ᠤᠨ ᠴᠢᠯᠠᠭᠤᠳ ( ᠦᠷᠭᠦᠯᠵᠢᠯᠡᠯ ᠪᠣᠢ)    ᠬᠦᠬᠡ ᠠᠭᠤᠯᠠᠰ ᠢᠶᠠᠷ ᠬᠦᠷᠢᠶᠡᠯᠡᠭᠳᠡᠭᠰᠡᠨ ᠡᠨᠡ ᠪᠠᠭᠠᠬᠠᠨ ᠬᠤᠳᠠ ᠳᠤ ᠪᠢᠳᠠ ᠭᠤᠷᠪᠠᠭᠤᠯᠠ ᠲᠠᠨᠢᠯᠴᠠᠭᠠᠳ ᠠᠷᠪᠠᠭᠠᠳ ᠵᠢᠯ ᠪᠤᠯᠵᠥ ᠪᠠᠶᠢᠭ᠎ᠠ ᠶᠤᠮ᠃ ᠡᠳᠡᠭᠡᠷ ᠵᠢᠯ ᠤᠳ ᠲᠤ ᠡᠨᠡ ᠵᠢᠵᠢᠭ ᠪᠠᠯᠭᠠᠰᠤ ᠶᠢᠨ ᠡᠷᠬᠢᠨ ᠲᠤᠭᠤᠷᠢᠨ ᠤ ᠬᠢᠨᠢ ᠠᠭᠤᠯᠠ ᠤᠰᠤᠨ ᠳᠤ ᠶᠠᠮᠠᠷ ᠠᠮᠢᠳᠠᠳ ᠠᠮᠢᠳᠤᠷᠠᠳᠠᠭ᠂ ᠬᠠᠪᠴᠢᠯ ᠵᠢᠯᠠᠭ᠎ᠠ ᠪᠠᠷ ᠨᠢ ᠶᠠᠮᠠᠷ ᠮᠤᠳᠤ ᠤᠷᠭᠤᠳᠠᠭ᠂ ᠬᠠᠵᠠᠭᠤ ᠬᠠᠪᠢ ᠪᠠᠷ ᠨᠢ ᠬᠡᠳᠤᠢ ᠪᠤᠯᠠᠭ ᠣᠨᠳᠤᠷᠠᠳᠠᠭ ᠢ ᠠᠯᠠᠭᠠᠨ ᠵᠢᠷᠤᠭᠠᠰᠤ ᠪᠠᠨ ᠰᠢᠭ᠋ ᠮᠡᠳᠡᠳᠡᠭ ᠴᠤ ᠬᠦᠳᠤᠯ  ᠤᠨ ᠭᠤᠤᠯ ᠳᠤ ᠦᠨᠡᠭᠡᠷ ᠡᠷᠳᠡᠨᠢ ᠲᠠᠢ ᠭᠡᠳᠡᠭ ᠢ ᠪᠢᠳᠠ ᠭᠤᠷᠪᠠ ᠦᠢᠷᠡᠬᠠᠨ ᠠᠴᠠ ᠰᠠᠶ᠋ᠢ ᠮᠡᠳᠡᠭᠰᠡᠨ ᠶᠤᠮ᠃ ᠪᠢᠲᠠ ᠭᠤᠷᠪᠠ ᠠᠩᠬ᠎ᠠ ᠨᠢᠭᠡ ᠤᠳᠠᠭᠠᠨ ᠤ ᠪᠢᠯᠢᠭ ᠤᠨ ᠴᠤᠬᠯᠠᠭᠠᠨ ᠢᠶᠠᠷ ᠲᠠᠨᠢᠯᠴᠠᠬᠰᠡᠨ ᠶᠤᠮ᠃  ︽ᠲᠠᠨᠢᠯᠴᠠᠬᠤ  ᠠᠴᠠ ᠡᠮᠤᠨ᠎ᠠ ᠲᠠᠯ᠎ᠠ ᠶᠢᠨ ᠭᠤᠷᠪᠠᠨ ᠬᠦᠷᠤᠭᠡᠰᠤ ᠲᠠᠨᠢᠯᠴᠠᠬᠰᠡᠨ ᠤ ᠲᠠᠷᠠᠭ᠎ᠠ ᠲᠠᠩᠨᠠᠢ ᠶᠢᠨ ᠭᠤᠷᠪᠠᠨ ᠰᠤᠳᠠᠰᠤ︾ ᠭᠡᠵᠥ ᠪᠢᠳᠠ ᠭᠤᠷᠪᠠ ᠶᠢ ᠯᠡ ᠬᠡᠯᠡᠵᠥ ᠲᠤᠬᠢᠷᠠᠨ᠎ᠠ᠃ ᠬᠦᠷᠳᠤ ᠲᠡᠩᠨᠡᠵᠥ ᠬᠦᠯ ᠲᠠᠭᠠᠷᠠᠵᠥ ᠲᠠᠨᠢᠯᠴᠠᠮᠠᠬᠴᠠ ᠢᠵᠢᠯᠳᠤᠨ ᠲᠠᠰᠤᠯᠴᠠᠭᠠᠳ ᠬᠡᠳᠤ ᠬᠤᠨᠤᠭ ᠠᠭᠤᠯᠵᠠᠬᠤ ᠦᠭᠡᠢ ᠲᠤᠳᠤᠷ᠎ᠠ ᠬᠤᠭᠤᠰᠤᠷᠠᠬᠤ ᠰᠢᠭ᠋ ᠪᠤᠯᠬᠤ ᠨᠢ ᠰᠤᠨᠢᠨ ᠶᠤᠮ᠃ ᠪᠢᠲᠠ ᠭᠤᠷᠪᠠ ᠤᠷᠠᠨ ᠵᠤᠬᠢᠶᠠᠯ ᠳᠤ ᠪᠠᠭ᠋ᠠᠳᠠᠢ ᠪᠠᠷ ᠪᠠᠷᠠᠬᠤ ᠦᠭᠡᠢ ᠠᠭᠤᠯᠠ ᠤᠰᠤᠨ ᠢᠶᠠᠷ ᠲᠤᠭᠤᠷᠢᠬᠤ ᠲᠤᠷ᠎ᠠ ᠲᠠᠢ ᠶᠤᠮ᠃      ᠰᠡᠳᠬᠢᠯ ᠢᠶᠠᠷ ᠬᠠᠨᠢᠯᠠᠳᠠᠭ ᠪᠢᠲᠠ ᠰᠡᠵᠢᠭ ᠦᠭᠡᠢ ᠨᠡᠶᠢᠯᠡᠳᠡᠭ ᠤᠴᠢᠷ ᠪᠤᠳᠠᠩᠲᠤ ᠲᠡᠯᠡᠬᠡᠢ ᠶᠢᠨ ᠪᠣᠬᠢᠨᠢᠳᠤᠯ  ᠠᠴᠠ ᠵᠠᠶᠢᠯᠠᠬᠤ ᠶᠢ ᠬᠦᠰᠡᠭᠰᠡᠨ ᠰᠢᠭ ᠪᠤᠷᠤᠬᠵᠢᠭᠤᠨ ᠵᠠᠩ ᠪᠠᠷ ᠠᠮᠢᠳᠤᠷᠠᠬᠤ ᠡᠬᠡᠯᠬᠡᠨ ᠮᠦᠷᠲᠡᠭᠡᠨ ᠡᠳᠡᠭᠡᠳ ᠠᠷᠠᠨᠰᠢᠨ ᠲᠠᠢ ᠬᠦᠮᠤᠰ ᠶᠤᠮ᠃ ᠤᠯᠠᠨ ᠲᠠᠢ ᠵᠦᠢᠵᠥ ᠠᠭᠤᠰᠳᠠᠭ ᠦᠭᠡᠢ ᠵᠦᠷᠢᠬᠦᠳ ᠵᠠᠩ ᠲᠠᠢ ᠪᠢᠲᠠ ᠭᠤᠷᠪᠠ ᠠᠭᠤᠯᠠ ᠶᠢᠨ ᠭᠤᠷᠪᠡᠨ ᠬᠦᠷᠤᠭᠡᠰᠤ ᠰᠢᠭ ᠨᠡᠶᠢᠯᠡᠵᠥ ᠶᠠᠪᠤᠬᠤ ᠪᠠᠷ ᠨᠢ ᠲᠠᠨᠢᠯ ᠤᠳ ᠮᠠᠨᠢ ︽ᠤᠷᠤᠭ᠎ᠠ ᠨᠢ ᠤᠷᠤᠭ᠎ᠠ  ᠪᠠᠷ ᠢᠶᠠᠨ ᠵᠢᠷᠤᠭ᠎ᠠ ᠨᠢ ᠵᠢᠷᠤᠭ᠎ᠠ ᠪᠠᠷ ᠢᠶᠠᠨ︾ ᠭᠡᠵᠥ ᠮᠠᠨ ᠢ ᠱᠤᠬᠯᠠᠨ ᠦᠪᠡᠷ ᠢ ᠪᠠᠨ ᠪᠠᠶᠠᠰᠬᠠᠳᠠᠭ ᠶᠤᠮ᠃ ᠡᠶᠢᠮᠤ ᠮᠠᠶ᠋ᠢᠭ ᠤᠨ ︽ᠠᠳᠠᠭᠠᠷᠬᠠᠯ︾ ᠢ ᠪᠢᠲᠠ ᠶᠠᠭᠤᠮ᠎ᠠ ᠳᠤ ᠦᠯᠤ ᠲᠤᠭᠤᠨ ᠴᠢᠬᠢᠨ ᠬᠠᠵᠠᠭᠤ ᠶᠢᠨ ᠰᠠᠯᠬᠢ᠂ ᠴᠡᠴᠡᠭᠡᠰ  ᠲᠤ ᠡᠭᠰᠢᠬᠦ ᠰᠢᠬᠦᠳᠡᠷᠢ ᠪᠠᠷ ᠦᠵᠡᠨ ᠶᠠᠪᠤᠳᠠᠭ ᠢᠶᠠᠷ ᠢᠶᠠᠨ ᠶᠠᠪᠤᠵᠥ᠂ ᠨᠠᠷᠬᠢᠳᠠᠭ ᠢᠶᠠᠷ ᠢᠶᠠᠨ ᠨᠠᠷᠬᠢᠵᠥ᠂ ᠬᠠᠨᠢᠯᠠᠳᠠᠭ  ᠢᠶᠠᠷ ᠢᠶᠠᠨ ᠬᠠᠨᠢᠯᠠᠳᠠᠭ ᠶᠤᠮ᠃    ᠬᠤᠶᠠᠷ ᠨᠠᠶᠢᠵᠠ ᠶᠢᠨ ᠮᠠᠨᠢ ᠨᠢᠭᠡ ᠨᠢ ᠦᠨᠳᠤᠷ ᠪᠡᠶ᠎ᠠ ᠲᠠᠢ ᠰᠢᠷ᠎ᠠ ᠴᠢᠷᠠᠢ ᠲᠠᠢ ᠵᠠᠮᠪᠠ ᠭᠡᠳᠡᠭ᠃  ᠲᠤᠰ ᠬᠤᠲᠠ ᠶᠢᠨ ᠰᠤᠶᠤᠯ ᠤᠨ ᠲᠤᠪᠴᠢᠶᠠᠨ ᠳᠤ ᠠᠵᠢᠯ ᠲᠠᠢ᠃ ᠡᠬᠢᠯᠡᠭᠡᠳ ᠤᠷᠠᠨ ᠵᠤᠬᠢᠶᠠᠯ ᠤᠷᠤᠯᠳᠤᠵᠥ ᠪᠠᠶᠢᠬᠰᠡᠨ  ᠢᠶᠠᠨ ᠲᠠᠷᠠᠭ᠎ᠠ ᠨᠢ ᠲᠡᠤᠬᠡ ᠶᠢᠨ ᠲᠠᠯ᠎ᠠ ᠪᠠᠷ ᠰᠤᠷᠴᠤ ᠰᠤᠳᠤᠯᠤᠭᠠᠳ ᠬᠤᠶᠠᠷ ᠰᠠᠶᠢᠬᠠᠨ ᠨᠤᠮ ᠪᠢᠴᠢᠭᠰᠡᠨ᠃ ᠤᠶᠢᠷ᠎ᠡ  ᠠᠴᠠ ᠡᠷᠳᠡᠨ ᠤ ᠦᠰᠦᠭ ᠪᠢᠴᠢᠭ ᠤᠨ ᠢᠷᠡᠯ ᠭᠠᠷᠤᠯ ᠢ ᠡᠷᠴᠢᠮᠲᠠᠢ ᠰᠤᠳᠤᠯᠵᠥ᠂ ᠡᠨᠡ ᠲᠤᠬᠠᠢ ᠪᠦᠳᠤᠭᠡᠯ ᠢᠶᠠᠨ ᠭᠠᠷᠭᠠᠬᠤ ᠪᠠᠷ ᠪᠡᠯᠡᠳᠭᠡᠵᠥ  ᠪᠠᠶᠢᠭ᠎ᠠ᠃ ᠡᠨᠡ ᠬᠦᠮᠤᠨ ᠨᠠᠶᠢᠭᠡᠮ ᠨᠠᠶᠢᠲᠠ ᠠᠴᠠ ᠡᠷᠬᠢᠯᠡᠭᠰᠡᠨ ᠶᠠᠮᠠᠷᠴᠤ ᠡᠪᠯᠡᠯ ᠬᠤᠯᠪᠤᠭ᠎ᠠ ᠳᠤ ᠤᠷᠤᠬᠤ ᠲᠤᠷ᠎ᠠ ᠦᠭᠡᠢ᠂ ᠪᠡᠶ᠎ᠡ ᠭᠠᠶᠢᠬᠠᠭᠤᠯᠵᠥ ᠮᠡᠳᠡᠮᠡᠬᠡᠶᠢᠷᠡᠬᠦ ᠵᠠᠩ ᠴᠤ ᠠᠯᠠᠭ᠎ᠠ᠃ ᠪᠤᠰᠤᠳ ᠢ ᠡᠭᠡᠯ ᠲᠤᠤᠷᠠᠳᠤ ᠭᠡᠵᠥ ᠢᠯᠠᠭᠠᠳᠠᠭ ᠦᠭᠡᠢ᠃ ︽ᠪᠤᠯᠪᠠᠰᠤᠨ ᠰᠤᠶᠤᠯ︾ ᠭᠡᠳᠡᠭ ᠢ ᠪᠤᠰᠤᠳ ᠬᠠᠷᠠᠭ᠎ᠠ ᠪᠠᠷ ᠦᠵᠡᠳᠡᠭ ᠲᠤᠳᠤᠷ ᠲᠠᠮᠢᠷᠯᠢᠭ ᠬᠦᠮᠤᠨ ᠶᠤᠮ᠃ ᠲᠠᠬᠳᠠᠭ ᠪᠡᠶ᠎ᠡ ᠲᠠᠢ ᠬᠡᠳᠡᠰᠤ ᠲᠦᠯᠬᠢᠭᠰᠡᠨ ᠤᠷᠤᠭᠤᠯ ᠨᠢ ᠵᠢᠭᠠᠬᠠᠨ ᠡᠷᠳᠡᠭᠡᠷ ᠲᠤᠮᠤ ᠲᠠᠪᠬᠤᠷ ᠨᠢᠳᠤ ᠲᠠᠢ ᠡᠨᠡ ᠵᠠᠯᠠᠭᠤ ᠶᠢ ᠭᠠᠮᠪᠠ ᠭᠡᠳᠡᠭ᠃ ᠴᠠᠬᠳᠠᠭ᠎ᠠ ᠶᠢᠨ ᠲᠤᠪᠴᠢᠶᠠᠨ  ᠳᠤ ᠠᠵᠢᠯ ᠲᠠᠢ᠃ ᠦᠭᠡ ᠴᠡᠴᠡᠨ ᠬᠡᠯᠡ ᠬᠤᠷᠴᠠ ᠳᠠᠭᠠᠨ ᠡᠷᠳᠤᠵᠥ ᠶᠠᠮᠠᠷᠪᠠ ᠨᠢᠭᠡ ᠨᠡᠶᠢᠲᠠ ᠶᠢᠨ ᠲᠠᠯᠠᠪᠤᠷ ᠲᠤ ᠦᠬᠦᠯᠡᠬᠦ ᠵᠠᠢ ᠶᠢ ᠪᠤᠰᠤᠳ ᠲᠤ ᠨᠠᠶᠢᠷ ᠲᠠᠯᠪᠢᠳᠠᠭ ᠦᠭᠡᠢ ᠪᠠᠶᠢᠳᠠᠭ ᠢᠶᠠᠷ ᠨᠢ ᠲᠠᠨᠢᠯ ᠨᠦᠬᠦᠳ ᠨᠢ ᠲᠡᠬᠦᠨ ᠢ ᠲᠠᠯ᠎ᠠ ᠬᠠᠴᠠᠷ ᠲᠡᠭᠡᠷ᠎ᠡ ᠪᠠᠨ ᠪᠠᠰᠠ ᠨᠢᠭᠡ ᠠᠮᠠ ᠭᠠᠷᠭᠠᠬᠤ ᠶᠢ ᠴᠢᠩᠭ᠎ᠠ ᠱᠠᠭᠠᠷᠳᠠᠵᠥ ᠪᠠᠶᠢᠳᠠᠭ ᠶᠤᠮ᠃ ᠲᠡᠷᠡ ᠢᠷᠠᠭᠤ ᠨᠠᠶᠢᠷᠠᠭ ᠲᠤ ᠠᠪᠢᠶᠠᠰ ᠲᠠᠢ᠃ ᠢᠷᠡᠭᠤ ᠨᠠᠶᠢᠷᠠᠭ ᠢ ᠺᠢᠨᠤ᠋ ᠶᠢᠨ ᠦᠵᠡᠭᠳᠡᠯ ᠰᠢᠭ ᠭᠤᠶᠤ ᠪᠢᠴᠢᠳᠡᠭ ᠢᠶᠠᠷ ᠢᠶᠠᠨ ᠤᠩᠰᠢᠬᠴᠢ ᠶᠢᠨ ᠠᠩᠬᠠᠷᠤᠯ ᠳᠤ ᠤᠷᠤᠬᠰᠡᠨ᠂ ᠪᠠᠰᠠ ᠨᠢᠭᠡ ᠵᠤᠵᠠᠭᠠᠨ ᠭᠡᠭᠴᠢ ᠰᠢᠯᠦᠭ ᠤᠨ ᠲᠡᠬᠦᠪᠦᠷᠢ ᠲᠠᠢ᠃ ᠲᠡᠷᠡ ᠮᠠᠨᠢ ᠵᠠᠮᠪᠠ ᠰᠢᠭ᠋ ᠨᠡᠮ ᠲᠤᠭᠤᠢ ᠪᠢᠰᠢ᠂ ᠪᠠᠭ᠋ᠠᠨ ᠬᠦᠪᠰᠡᠭᠡᠷ ᠵᠠᠩ ᠲᠠᠢ ᠲᠤᠯᠠ ᠵᠠᠷᠢᠮ ᠳᠠᠭᠠᠨ ᠰᠠᠷᠬᠤᠳ ᠤᠨ ᠬᠦᠴᠤᠨ ᠳᠤ ᠪᠢᠯᠢᠭ ᠨᠢ ᠤᠷᠬᠢᠯᠪᠡᠯ ᠯᠢ ᠪᠠᠢ᠂ ᠳ᠋ᠦ᠋ ᠹᠦ᠋ ᠶᠢ ᠴᠤ ᠰᠢᠷᠡᠭᠡᠨ ᠲᠡᠭᠡᠷ᠎ᠡ ᠴᠢᠷᠴᠤ ᠭᠠᠷᠭᠠᠭᠠᠳ ᠭᠠᠯ ᠭᠠᠷᠳᠠᠯ᠎ᠠ ᠵᠢᠮᠡᠯᠡᠭᠡᠳ ᠰᠢᠷᠡᠭᠡᠨ ᠲᠤᠤᠭᠤᠷ ᠰᠢᠳᠡᠵᠥ ᠤᠷᠤᠭᠤᠯᠳᠠᠭ᠃    ᠮᠡᠨ ᠤ ᠭᠤᠷᠪᠠ ᠶᠢᠨ ᠪᠠᠰᠠ ᠨᠢᠭᠡ ᠨᠠᠶᠢᠲᠠ ᠶᠢᠨ ᠤᠨᠴᠠᠯᠢᠭ ᠨᠢ ᠭᠤᠷᠪᠠᠭᠤᠯᠠ ᠪᠠᠨ ᠴᠢᠯᠠᠭᠤᠨ ᠳᠤ ᠪᠠᠭ᠋ᠠᠲᠠᠢ᠂ ᠴᠢᠯᠠᠭᠤᠨ ᠳᠤ ᠬᠠᠶᠢᠷᠠᠲᠠᠢ᠃ ᠤᠨᠤᠪᠴᠢᠲᠠᠢ ᠬᠡᠯᠡᠪᠡᠯ ᠴᠢᠯᠠᠭᠤᠨ ᠳᠤ ᠰᠢᠨᠤᠯ ᠲᠠᠢ᠃ ᠡᠶᠢᠮᠦᠷᠬᠦ ᠲᠤᠷ᠎ᠠ ᠪᠠᠬ᠎ᠠ ᠶᠢᠨ ᠪᠦᠷᠢᠯᠳᠦᠭᠰᠡᠨ ᠦᠨᠳᠤᠰᠤᠨ ᠰᠢᠯᠳᠠᠭᠠᠨ ᠨᠢ ᠮᠠᠨ ᠤ ᠬᠠᠵᠠᠭᠤᠬᠠᠨ ᠳᠤ ᠪᠠᠶᠢᠭ᠎ᠠ ᠢᠮᠠᠭᠠᠳᠤ ᠶᠢᠨ ᠠᠭᠤᠯᠠᠨ ᠠᠴᠠ ᠲᠡᠯᠡᠬᠡᠢ ᠳᠤ ᠨᠡᠷ᠎ᠡ ᠲᠠᠢ ︽ᠪᠠᠭᠠᠷᠢᠨ ᠴᠢᠯᠠᠭᠤ︾ ᠭᠠᠷᠳᠠᠭ ᠰᠢᠯᠲᠠᠭᠠᠨ ᠠᠴᠠ ᠪᠤᠯᠤᠬᠰᠡᠨ ᠶᠤᠮ᠃ ᠲᠦᠯᠦᠪᠯᠡᠭᠡᠳᠤ ᠠᠵᠥ ᠠᠬᠤᠢ ᠶᠢᠨ ᠦᠶ᠎ᠠ ᠳᠤ ᠪᠠᠭᠠᠷᠢᠨ ᠴᠢᠯᠠᠭᠤ ᠶᠢᠨ ᠦᠢᠯᠡᠳᠪᠤᠷᠢ ᠶᠢ ᠬᠢᠬᠦ ᠠᠵᠢᠯ ᠦᠯᠤ ᠤᠯᠳᠠᠬᠤ ᠬᠡᠰᠡᠭ ᠵᠡᠮᠳᠡᠭᠴᠤᠳ ᠡᠷᠬᠢᠯᠡᠵᠥ ᠪᠠᠶᠢᠬᠰᠡᠨ ᠶᠤᠮ᠃ ᠲᠡᠷᠡ ᠦᠶ᠎ᠠ ᠳᠤ ᠲᠠᠪᠤᠨ ᠢᠮᠡᠬᠤ ᠶᠢᠨ ᠴᠢᠰᠤ ᠲᠠᠢ ᠬᠤᠤᠰ ᠲᠠᠮᠠᠭ᠎ᠠ ᠠᠷᠪᠠᠨ ᠲᠦᠬᠦᠷᠢᠭ ᠯᠡ ᠬᠦᠷᠴᠤ ᠪᠠᠶᠢᠬᠰᠡᠨ᠂ ᠦᠪᠡᠷ ᠢᠶᠠᠨ ᠪᠢ ᠬᠠᠩᠭᠠᠯᠭ᠎ᠠ ᠶᠢᠨ ᠬᠤᠷᠰᠢᠶᠠᠨ ᠳᠤ ᠪᠠᠶᠢᠬᠤ ᠳᠠᠭᠠᠨ ᠪᠤᠰᠤᠳ ᠤᠨ ᠪᠡᠯᠡᠭᠯᠡᠭᠰᠡᠨ ᠨᠤᠬᠠᠢ ᠶᠢᠨ ᠲᠤᠯᠤᠭᠠᠢ ᠶᠢᠨ ᠴᠢᠨᠡᠭᠡᠨ ᠦᠩᠭᠡᠳᠤ ᠲᠡᠨᠢᠭᠡᠷ ᠢ ᠰᠦᠬᠡ ᠪᠠᠷ ᠬᠠᠭ᠎ᠠ ᠴᠤᠬᠢᠵᠥ ᠲᠤᠳᠤᠷ᠎ᠠ ᠨᠢ ᠴᠢᠰᠤ   ᠲᠠᠢ ᠡᠰᠡᠬᠦ ᠶᠢ ᠡᠷᠢᠵᠥ ᠪᠠᠶᠢᠬᠰᠡᠨ᠃ ᠡᠷᠳᠡᠨᠢ ᠪᠤᠯᠤᠬᠰᠡᠨ ᠴᠢᠯᠠᠭᠤᠨ ᠳᠠᠭᠠᠨ ᠢᠩᠬᠢᠵᠥ ᠬᠠᠶᠢᠷ᠎ᠠ ᠦᠭᠡᠢ ᠬᠠᠨᠳᠤᠵᠥ ᠪᠠᠶᠢᠬᠰᠡᠨ ᠡᠶᠢᠮᠦᠷᠬᠦ ᠬᠠᠷᠠᠰᠠᠯᠲᠠᠢ ᠲᠡᠨᠡᠭ ᠠᠵᠢᠯᠯᠠᠭ᠎ᠠ ᠶᠢ ᠪᠢ ᠨᠢᠭᠡ ᠪᠢᠰᠢ ᠤᠳᠠᠭ᠎ᠠ ᠬᠢᠭᠰᠡᠨ ᠶᠤᠮ᠃ ︽ᠴᠠᠭ ᠴᠠᠭ ᠢᠶᠠᠷ ᠢᠶᠠᠨ ᠪᠠᠶᠢᠳᠠᠭ ᠦᠭᠡᠢ ᠴᠠᠬᠢᠯᠳᠠᠭ ᠬᠦᠬᠡ ᠪᠠᠷ ᠢᠶᠠᠨ ᠪᠠᠶᠢᠳᠠᠭ ᠦᠭᠡᠢ︾ ᠭᠡᠳᠡᠭ ᠶᠤᠰᠤᠲᠠᠢ ᠤᠨᠤᠬᠰᠡᠨ ᠦᠭᠡ ᠪᠠᠶᠢᠵᠠᠢ᠃ ᠵᠠᠬ᠎ᠠ ᠲᠡᠯᠭᠡᠬᠦᠷ ᠤᠨ ᠠᠵᠥ ᠠᠬᠤᠢ ᠬᠦᠭᠵᠢᠬᠦ ᠶᠢ ᠲᠠᠭᠠᠯᠳᠤᠨ ᠪᠠᠭᠠᠷᠢᠨ ᠲᠡᠨᠢᠭᠡᠷ ᠤᠨ ᠨᠡᠷ᠎ᠡ ᠠᠯᠳᠠᠷ ᠴᠤ ᠢᠳᠡᠭ ᠢᠳᠡᠭ ᠢᠶᠠᠷ ᠲᠠᠭᠤᠷᠢᠰᠤᠨ ᠲᠡᠯᠡᠬᠡᠢ ᠶᠢᠨ ᠲᠦᠷᠪᠡᠨ ᠶᠡᠭᠡ ᠴᠢᠯᠠᠭᠤᠨ ᠤ ᠡᠩᠨᠡᠬᠡᠨ ᠳᠤ ᠨᠢᠷᠤᠭᠤ ᠡᠬᠦᠷᠴᠤ ᠲᠦᠷᠪᠡᠯᠵᠢᠨ ᠠᠯᠬᠤᠬᠰᠠᠭᠠᠷ ᠤᠷᠤᠬᠰᠡᠨ ᠶᠤᠮ᠃ ᠪᠠᠭᠠᠷᠢᠨ ᠴᠢᠯᠠᠭᠤᠨ ᠤ ᠬᠠᠩᠰᠢ ᠨᠢ ᠨᠢᠭᠡ ᠯᠡ ᠲᠡᠭᠡᠷ᠎ᠡ ᠲᠡᠭᠷᠢ ᠬᠠᠳᠠᠬᠰᠡᠨ ᠠᠴᠠ ᠠᠵᠥ ᠠᠬᠤᠢ ᠶᠢᠨ ᠲᠠᠷᠢᠬᠢ ᠲᠠᠢ ᠬᠦᠮᠤᠰ  ᠤᠨ ᠰᠦᠭ ᠰᠦᠨᠡᠰᠤ ᠶᠢ ᠴᠢᠳᠬᠦᠷ ᠰᠢᠭ ᠲᠠᠯᠠᠯᠤᠬᠰᠡᠨ ᠶᠤᠮ᠃ ︽ᠦᠭᠡᠳᠡ ᠲᠠᠢ ᠪᠤᠯ ᠤᠷᠤᠭᠤ ᠲᠠᠢ᠂ ᠦᠰᠤᠯᠲᠠ ᠲᠠᠢ ᠪᠤᠯ ᠪᠠᠭᠤᠷᠠᠯ ᠲᠠᠢ︾ ᠭᠡᠳᠡᠭ ᠦᠭᠡ ᠶᠢ ᠵᠠᠮᠪᠠ ᠮᠠᠨᠢ ᠦᠷᠬᠦᠯᠵᠢ ᠬᠡᠯᠡᠳᠡᠭ ᠪᠤᠯᠬᠤᠷ ᠪᠢᠲᠠ ᠭᠤᠷᠪᠠ ᠶᠡᠭᠡ ᠬᠦᠯ ᠤᠨ ᠮᠠᠶᠢᠮᠠᠢ ᠠᠴᠠ ᠰᠠᠨᠠᠭᠠᠴᠢᠯᠠᠭ᠎ᠠ ᠲᠠᠢ ᠪᠠᠷ ᠵᠠᠶᠢᠳᠠᠭᠤᠬᠠᠨ ᠵᠤᠬᠰᠤᠵᠥ ᠪᠤᠰᠤᠳ ᠤᠨ ᠲᠠᠨᠢᠬᠤ ᠦᠭᠡᠢ ᠡᠷᠳᠡᠨᠢ ᠶᠢ ᠲᠠᠨᠢᠵᠥ ᠠᠪᠬᠤ ᠬᠡᠬᠡᠨ ᠤᠬᠠᠭᠠᠨ ᠢᠶᠠᠷ ᠦᠪᠡᠷ ᠢ ᠪᠠᠨ ᠬᠡᠶᠢᠬᠦᠯᠦᠨ ᠨᠢᠳᠤ ᠬᠤᠷᠴᠠ ᠭᠠᠷ ᠭᠠᠮᠲᠠᠢ ᠪᠠᠷ  ᠵᠠᠪᠰᠢᠶᠠᠨ ᠡᠷᠢᠵᠥ ᠶᠠᠪᠤᠬᠰᠡᠨ ᠶᠤᠮ᠃                ᠭᠤᠷᠪᠠᠭᠤᠯᠠ ᠡᠩ ᠤᠨ ᠦᠶ᠎ᠠ ᠳᠤ ᠠᠰ ᠠᠰ ᠤᠨ ᠠᠵᠢᠯ ᠳᠠᠭᠠᠨ ᠶᠠᠭᠠᠷᠠᠳᠠᠭ ᠤᠴᠢᠷ ᠭᠠᠷᠠᠭ ᠤᠨ ᠡᠳᠤᠷ ᠪᠤᠶᠤ ᠰᠤᠯᠠ ᠰᠡᠯᠡᠬᠦᠤ ᠴᠠᠭ ᠢᠶᠠᠷ ᠪᠤᠯᠵᠤᠨ ᠠᠭᠤᠯᠵᠠᠵᠥ ᠬᠦᠭᠵᠢᠶᠡᠨ ᠶᠡᠬᠡᠲᠡᠢ ᠴᠢᠯᠠᠭᠤᠨ ᠵᠠᠬ᠎ᠠ ᠪᠠᠷ ᠲᠤᠭᠤᠷᠢᠳᠠᠭ ᠪᠤᠶᠤ ᠵᠠᠮᠪᠠ ᠶᠢᠨ ᠪᠠᠭ᠎ᠠ ᠲᠡᠷᠭᠡᠨ ᠳᠤ ᠰᠠᠭᠤᠭᠠᠳ ᠭᠡᠭᠡᠷ᠎ᠡ ᠭᠠᠷᠴᠤ ᠭᠤᠤᠯ ᠮᠦᠷᠡᠨ᠂ ᠠᠭᠤᠯᠠ ᠬᠠᠳᠠ᠂ ᠤᠢ ᠬᠦᠪᠴᠢ ᠪᠠᠷ ᠦᠵᠡᠮᠵᠢ ᠰᠤᠨᠢᠷᠬᠠᠨ ᠰᠡᠯᠡᠬᠦᠴᠡᠵᠥ ᠲᠡᠤᠬᠡ ᠨᠠᠮᠳᠠᠷ ᠬᠦᠤᠷᠨᠢᠵᠥ᠂ ᠤᠷᠠᠨ ᠵᠤᠬᠢᠶᠠᠯ ᠶᠠᠷᠢᠵᠥ ᠰᠢᠬᠦᠮᠵᠢᠯᠡᠨ ᠲᠤᠮᠲᠠ ᠨᠢ ᠪᠠᠰᠠ ᠭᠡᠭᠡᠷ᠎ᠡ ᠶᠢᠨ ᠴᠠᠭᠠᠨ ᠬᠦᠷᠢᠮ ᠠᠶᠢᠯᠠᠳᠴᠤ ᠶᠠᠪᠤᠳᠠᠭ ᠶᠤᠮ᠃ ᠭᠠᠮᠪᠠ ᠶᠢᠨ ᠬᠡᠯᠡᠬᠦ  ᠪᠠᠷ ᠠᠭᠤᠯᠠ ᠤᠰᠤᠨ ᠤ ᠨᠠᠪᠳᠠᠭ ᠰᠠᠪᠳᠠᠭ ᠬᠦᠷᠲᠡᠯ᠎ᠠ ᠤᠯᠠᠭᠠᠨ ᠲᠤᠭᠤᠰᠤᠳᠤ ᠤᠷᠴᠢᠯᠠᠩ ᠤᠨ ᠬᠦᠮᠤᠨ ᠤ ᠨᠢᠭᠤᠴᠠ ᠶᠢ ᠰᠤᠨᠤᠰᠴᠤ ᠪᠠᠶᠠᠰᠳᠠᠭ ᠭᠡᠨ᠎ᠠ᠃  ᠲᠡᠭᠡᠭᠡᠳ ᠯᠡ ᠪᠢᠲᠠ ᠭᠤᠷᠪᠠ ᠰᠠᠨᠠᠭ᠎ᠠ ᠪᠠᠷ ᠢᠶᠠᠨ ᠶᠠᠷᠢᠵᠥ ᠠᠮᠠᠨ ᠵᠠᠪᠠᠭ᠎ᠠ ᠪᠠᠨ ᠭᠠᠷᠭᠠᠨ ᠢᠨᠢᠶᠡᠵᠥ ᠬᠠᠰᠬᠢᠷᠴᠤ ᠲᠦᠷ ᠴᠠᠭ ᠴᠤ ᠬᠡᠰᠡᠨ ᠡᠬᠡ ᠪᠠᠶᠢᠭᠠᠯᠢ ᠳᠠᠭᠠᠨ ᠪᠡᠶ᠎ᠡ ᠰᠡᠳᠬᠢᠯ ᠢᠶᠠᠷ  ᠢᠶᠠᠨ ᠠᠭᠤᠰᠤᠭᠠᠳ ᠵᠦᠭᠡᠯᠡᠨ ᠶᠠᠳᠠᠷᠠᠭ᠎ᠠ ᠲᠠᠢ ᠪᠤᠴᠠᠬᠤ ᠳᠤ ᠠᠭᠤᠯᠠ ᠬᠠᠳᠠ ᠴᠤ ᠴᠤᠤᠷᠢᠶ᠎ᠠ ᠲᠠᠳᠠᠨ ᠮᠠᠨ ᠲᠠᠢ ᠬᠠᠮᠳᠤ ᠪᠠᠶᠠᠰᠤᠬᠰᠡᠨ ᠳᠠᠭᠠᠨ ᠤᠯᠠᠮ ᠴᠤ ᠲᠡᠨᠢᠭᠡᠷ ᠰᠠᠶᠢᠬᠠᠨ ᠦᠩᠭᠡ ᠵᠢᠪᠬᠤᠭ᠎ᠠ ᠲᠠᠢ ᠪᠤᠯᠴᠢᠬᠠᠬᠰᠡᠨ ᠰᠢᠭ᠋ ᠰᠠᠨᠠᠬᠳᠠᠳᠠᠭ ᠶᠤᠮ᠃    ᠪᠢᠲᠠ ᠭᠤᠷᠪᠠ ᠤᠯᠠᠩᠬᠢ ᠳᠠᠭᠠᠨ ᠪᠠᠯᠭᠠᠰᠤ ᠶᠢᠨ ᠠᠷᠤ ᠳᠤ ᠪᠠᠶᠢᠭ᠎ᠠ ᠬᠦᠳᠤᠯ ᠤᠨ ᠭᠤᠤᠯ ᠤᠨ ᠬᠡᠪᠡᠯᠢ ᠪᠠᠷ ᠶᠠᠪᠤᠵᠥ ᠬᠠᠰ ᠴᠢᠯᠠᠭᠤ ᠡᠷᠢᠳᠡᠭ᠃ ᠬᠦᠳᠤᠯ ᠤᠨ ᠭᠤᠤᠯ ᠭᠡᠵᠥ ᠠᠰᠬᠠᠨ ᠲᠠᠷᠬᠠᠨ ᠬᠤᠶᠠᠷ ᠠᠭᠤᠯᠠ ᠶᠢᠨ ᠲᠤᠮᠳᠠᠭᠤᠷ  ᠬᠤᠶᠢᠨ᠎ᠠ ᠠᠴᠠ ᠡᠮᠤᠨᠡᠰᠢ ᠮᠢᠷᠠᠯᠵᠠᠬᠰᠡᠨ ᠨᠠᠷᠢᠬᠠᠨ ᠭᠤᠤᠯ ᠶᠤᠮ᠃ ᠭᠡᠪᠡᠴᠤ ᠬᠠᠶᠠ ᠳᠠᠭᠠᠨ ᠦᠶᠡᠷᠯᠡᠳᠡᠭ ᠠᠴᠠ ᠭᠡᠪᠡᠯᠢ ᠨᠢ ᠬᠠᠷᠢᠨ ᠶᠡᠭᠡ ᠠᠭᠤᠵᠢᠮ ᠪᠠᠶᠢᠳᠠᠭ᠃ ᠲᠡᠷᠡ ᠠᠭᠤᠵᠢᠮ ᠭᠡᠪᠡᠯᠢ ᠳᠤ ᠨᠢ ᠡᠯᠳᠡᠪ ᠴᠢᠯᠠᠭᠤᠳ ᠢᠷᠠᠯᠵᠠᠨ ᠪᠠᠶᠢᠭ᠎ᠠ ᠨᠢ ᠡᠨᠡ ᠭᠤᠤᠯ ᠤᠨ ᠦᠷᠤᠭᠡᠯ ᠠᠴᠠ ᠠᠰᠳᠠᠭᠠᠨ ᠨᠢᠬᠡ ᠤᠨᠴᠠᠯᠢᠭ ᠨᠢ ᠶᠤᠮ᠃ ᠮᠦᠨ ᠴᠤ ᠤᠤᠯ ᠳᠠᠭᠠᠨ ᠪᠠᠰᠠᠴᠤ ᠶᠡᠭᠡ ᠤᠷᠤᠰᠬᠠᠯ ᠲᠠᠢ ᠭᠤᠤᠯ ᠪᠠᠶᠢᠬᠰᠡᠨ ᠨᠢ ᠲᠤᠳᠤ ᠮᠡᠳᠡᠭᠳᠡᠨ᠎ᠠ᠃ ᠮᠡᠨ ᠤ ᠭᠠᠮᠪᠠ ᠡᠨᠡ ᠨᠤᠳᠤᠭ ᠤᠨ ᠬᠦᠮᠤᠨ ᠪᠤᠯᠬᠤᠷ ᠲᠡᠷᠭᠡᠨ ᠡᠬᠦᠲᠠ ᠨᠡᠭᠡᠭᠡᠭᠳᠡᠨ ᠬᠦᠯ ᠨᠢ ᠭᠠᠵᠠᠷ ᠬᠦᠷᠬᠦ ᠲᠠᠢ ᠯᠡ ᠵᠡᠷᠭᠡ ︽ᠵᠠ᠂ ᠮᠢᠨᠤ ᠠᠰᠬᠠᠨ ᠠᠭᠤᠯᠠ᠂ ᠮᠢᠨᠤ ᠲᠠᠷᠬᠠᠨ ᠠᠭᠤᠯᠠ᠂ ᠮᠢᠨᠤ ᠬᠦᠳᠤᠯ ᠤᠨ ᠭᠤᠤᠯ ᠁︾ ᠭᠡᠳ ᠯᠡ ᠵᠠᠮᠪᠠ ᠪᠢᠲᠠ ᠬᠤᠶᠠᠷ ᠠᠴᠠ ᠨᠤᠳᠤᠭ ᠢᠶᠠᠨ ᠬᠠᠷᠠᠮᠨᠠᠵᠥ ᠬᠠᠮᠪᠠᠭᠠᠯᠠᠭᠠᠳ ᠡᠬᠢᠯᠡᠳᠡᠭ᠃ ᠲᠡᠬᠡᠬᠦ ᠳᠤ ᠪᠢᠲᠠ ᠪᠠᠭ᠋ᠠᠨ ᠠᠳᠠᠭ᠎ᠠ ᠬᠦᠷᠳᠡᠭ ᠴᠤ ᠲᠡᠬᠦᠨ ᠤ ᠶᠠᠷᠢᠳᠠᠭ ᠦᠯᠢᠭᠡᠷ ᠲᠤᠮᠤᠭ ᠢ ᠰᠤᠨᠤᠰᠴᠤ ᠡᠬᠢᠯᠡᠬᠦ ᠪᠠᠷ ᠯᠡ ᠡᠨᠡ ᠦᠬᠡ ᠶᠢ ᠨᠢ ᠤᠷᠤ ᠦᠭᠡᠢ ᠮᠠᠷᠳᠠᠳᠠᠭ᠃ ᠭᠠᠮᠪᠠ ᠶᠢᠨ ᠶᠠᠷᠢᠬᠤ ᠪᠠᠷ ᠦᠩᠭᠡᠷᠡᠭᠰᠨᠨ ᠳᠤ ᠦᠢᠷ᠎ᠠ ᠠᠶᠢᠯ ᠶᠢᠨ ᠬᠢᠨ ᠨᠢᠭᠡ ᠬᠦᠮᠤᠨ ᠬᠦᠳᠤᠯ ᠤᠨ ᠭᠤᠤᠯ ᠠᠴᠠ ᠶᠠᠰᠤᠳᠤ ᠮᠡᠯᠡᠬᠡᠢ ᠬᠡᠯᠪᠡᠷᠢ ᠲᠠᠢ ᠰᠤᠨᠢᠨ ᠴᠢᠯᠠᠭᠤ ᠤᠯᠵᠥ ᠭᠡᠷ ᠲᠡᠭᠡᠨ ᠠᠪᠠᠴᠢᠬᠰᠡᠨ ᠭᠡᠨ᠎ᠠ᠃ ᠲᠡᠭᠡᠬᠦ ᠳᠤ ᠬᠡᠤᠬᠡᠳ ᠨᠢ ᠲᠡᠷᠡ ᠴᠢᠯᠠᠭᠤ ᠶᠢ ᠤᠭᠤᠰᠤᠷᠯᠠᠭᠠᠳ ᠴᠢᠷᠴᠤ ᠨᠠᠭᠠᠳᠤᠬᠰᠡᠨ ᠪᠠᠶᠢᠵᠠᠢ᠃ ᠤᠯᠡᠨ ᠬᠡᠤᠬᠡᠳ ᠲᠠᠢ ᠠᠶᠢᠯ ᠯᠡ ᠪᠠᠶᠢᠵᠥ ᠶᠡᠭᠡ ᠠᠴᠠ ᠨᠢ ᠪᠠᠭ᠎ᠠ ᠲᠠᠰᠢ ᠪᠠᠨ ᠤᠯᠠᠨ ᠵᠢᠯ ᠴᠢᠷᠦᠭᠰᠡᠭᠡᠷ ᠪᠠᠶᠢᠵᠥ ᠶᠠᠰᠤᠳᠤ ᠮᠡᠯᠡᠬᠡᠢ ᠶᠢᠨ ᠡᠯᠢᠭᠡ ᠨᠢ ᠴᠤᠭᠤᠷᠤᠬᠰᠡᠨ ᠳᠤ ᠨᠢᠯ ᠨᠤᠭᠤᠭᠠᠨ ᠬᠠᠰ ᠢᠯᠡᠷᠡᠭᠰᠡᠨ ᠭᠡᠨ᠎ᠠ᠃ ᠲᠡᠷᠡ ᠴᠠᠭ ᠠᠴᠠ ᠡᠬᠢᠯᠡᠨ ᠬᠦᠳᠤᠯ ᠤᠨ ᠭᠤᠤᠯ ᠳᠤ ᠬᠠᠰ ᠲᠠᠢ ᠭᠡᠬᠦ ᠶᠠᠷᠢᠶ᠎ᠠ ᠤᠤᠭᠠᠯ ᠠᠷᠠᠳ ᠤᠨ ᠲᠤᠮᠲᠠ ᠰᠡᠮ ᠲᠡᠯᠭᠡᠷᠡᠭᠰᠡᠨ ᠶᠤᠮ᠃ ᠡᠨᠡ ᠯᠡ ᠶᠠᠷᠢᠶᠠᠨ ᠳᠤ ᠪᠢᠳᠠ ᠬᠦᠳᠤᠯᠦᠭᠳᠡᠨ ᠠᠳᠠ ᠢᠷᠡᠵᠥ ᠬᠦᠳᠤᠯ ᠤᠨ ᠭᠤᠤᠯ ᠤᠨ ᠴᠢᠯᠠᠭᠤᠨ ᠬᠦᠭᠦᠷᠭᠡᠨ  ᠠᠴᠠ ᠵᠠᠶᠢᠳᠠᠭᠤ ᠲᠡᠷᠭᠡ ᠪᠠᠨ ᠲᠠᠯᠪᠢᠵᠥ᠂ ᠵᠠᠮᠪᠠ ᠠᠭᠤᠯᠠ ᠤᠰᠤᠨ ᠳᠤ ᠢᠳᠡᠭᠡᠨ ᠰᠠᠴᠤᠬᠯᠠᠬᠰᠡᠨ ᠤ ᠲᠠᠷᠠᠭ᠎ᠠ ᠪᠢᠲᠠ ᠰᠠᠶ᠋ᠢ ᠦᠨᠳᠤᠷ ᠠᠭᠤᠯᠠᠰ ᠲᠤ ᠬᠠᠪᠴᠢᠬᠳᠠᠬᠰᠡᠨ ᠬᠦᠳᠤᠯ ᠤᠨ ᠭᠤᠤᠯ ᠤᠨ ᠬᠠᠭᠤᠷᠠᠢ ᠬᠡᠪᠡᠯᠢ ᠪᠠᠷ ᠤᠷᠤᠰᠬᠠᠯ ᠦᠭᠰᠤᠨ ᠵᠠᠢ ᠵᠠᠢ ᠪᠠᠨ ᠠᠪᠤᠨ ᠡᠷᠢᠯ ᠪᠤᠯᠵᠥ ᠠᠯᠬᠤᠯᠠᠳᠠᠭ ᠶᠤᠮ᠃ ᠠᠯᠬᠤᠬᠤ ᠵᠠᠭᠤᠷ᠎ᠠ ᠵᠠᠮᠪᠠ ᠲᠠᠩᠲᠠ  ᠪᠠᠨ ︽ᠡᠨᠡᠷᠢᠵᠥ ᠬᠠᠶᠢᠷᠠᠯᠠ︾᠂ ︽ᠢᠳᠡᠭᠡᠨ ᠰᠤᠶᠤᠷᠬ᠎ᠠ︾ ᠭᠡᠬᠦ ᠮᠠᠶ᠋ᠢᠭ ᠤᠨ ᠭᠤᠶᠤᠯᠲᠠ ᠶᠢᠨ ᠦᠭᠡ ᠶᠠᠷᠢᠬᠤ  ᠳᠤ ᠭᠠᠮᠪᠠ ᠬᠠᠷᠢᠨ ᠱᠤᠭ ᠭᠠᠷᠭᠠᠵᠥ ᠬᠦᠳᠤᠯ ᠤᠨ ᠭᠤᠤᠯ ᠢ ᠵᠠᠷᠯᠢᠬᠳᠠᠬᠤ ᠠᠶᠠᠰ ᠲᠠᠢ ︽ᠬᠠᠰ ᠴᠢᠯᠠᠭᠤ ᠪᠠᠨ ᠭᠠᠷᠭᠠᠵᠥ ᠦᠭ︕︾ ᠭᠡᠵᠦ ᠰᠦᠷᠳᠡᠬᠦᠯᠵᠥ ᠪᠠᠶᠢᠳᠠᠭ᠃ ᠲᠡᠭᠡᠬᠦ ᠳᠤ ᠵᠠᠮᠪᠠ ᠠᠭᠤᠷᠯᠠᠵᠥ ︽ᠠᠮᠠ ᠪᠠᠨ ᠲᠠᠳᠠ︕ ᠴᠢ ᠦᠨᠤᠳᠤᠷ ᠶᠠᠭᠤᠮ᠎ᠠ ᠤᠯᠬᠤ ᠦᠭᠡᠢ︕︾ ᠭᠡᠵᠥ ᠭᠠᠮᠪᠠ ᠶᠢ ᠠᠶᠤᠯᠭᠠᠳᠠᠭ᠃      ᠬᠦᠳᠤᠯ ᠤᠨ ᠭᠤᠤᠯ ᠳᠤ ᠬᠤᠷᠠᠬᠰᠡᠨ ᠴᠢᠯᠠᠭᠤᠳ ᠲᠡᠷᠡ ᠪᠦᠬᠦᠨ ᠢᠶᠠᠷ ᠢᠶᠠᠨ ᠭᠤᠶᠤ ᠪᠢᠰᠢ᠂  ᠬᠠᠶᠠ ᠵᠠᠷᠢᠮ  ᠳᠠᠭᠠᠨ ᠡᠯᠳᠡᠪ ᠦᠩᠭᠡ ᠶᠢᠨ ᠴᠢᠯᠠᠭᠤᠳ ᠢᠯᠡᠷᠡᠳᠡᠭ ᠮᠦᠷᠲᠡᠭᠡᠨ ᠠᠮᠢᠳᠠᠨ ᠰᠢᠪᠠᠭᠤᠳ ᠤᠨ ᠲᠦᠷᠰᠤ ᠲᠠᠢ ᠴᠢᠯᠠᠭᠤ ᠴᠤ ᠤᠯᠳᠠᠳᠠᠭ ᠶᠤᠮ᠃ ᠪᠢ ᠲᠤᠷᠤᠬᠰᠢ ᠬᠠᠷᠠᠵᠥ ᠴᠢᠯᠠᠭᠤ ᠠᠵᠢᠬᠯᠠᠬᠤ ᠶᠢᠨ ᠲᠠᠭᠠᠤ ᠳᠠᠭᠠᠨ ᠤᠷᠤᠨ ᠳᠠᠭᠠᠨ ᠵᠤᠬᠰᠤᠵᠥ ᠠᠭᠤᠯᠠ ᠬᠠᠶᠢᠷᠬᠠᠨ ᠢ ᠪᠠᠭ᠋ᠠᠷᠬᠠᠬᠤ ᠲᠤᠷ᠎ᠠ ᠲᠠᠢ᠃ ᠬᠡᠰᠡᠷ ᠪᠤᠬᠳᠠ ᠶᠢᠨ ᠠᠯᠳᠠᠨ ᠵᠢᠪᠡ ᠳᠤ ᠰᠠᠳᠠ ᠤᠨᠤᠬᠳᠠᠬᠰᠡᠨ ᠠᠰᠬᠠᠨ ᠠᠭᠤᠯᠠ ᠪᠡ ᠵᠠᠩᠵᠤᠨ ᠲᠠᠶᠠ ᠸᠠᠩ ᠤᠨ ᠠᠪᠠ ᠬᠢᠳᠡᠭ ᠲᠠᠷᠬᠠᠨ ᠠᠭᠤᠯᠠ ᠶᠢ ᠬᠠᠷᠠᠬᠤ ᠲᠤᠷ᠎ᠠ ᠲᠠᠢ᠃ ᠬᠠᠳᠠ ᠮᠤᠳᠤ ᠨᠢ ᠢᠯᠭᠠᠷᠠᠳᠠᠭ ᠲᠡᠷᠡ ᠰᠠᠶᠢᠬᠠᠨ ᠠᠭᠤᠯᠠᠰ ᠬᠠᠷᠠᠭᠠᠨ ᠳᠤ ᠲᠤᠯᠠᠭᠠᠬᠠᠨ ᠮᠦᠷᠲᠡᠭᠡᠨ ᠨᠡᠩ ᠴᠤ ᠨᠠᠮᠤᠷ ᠤᠨ ᠰᠡᠷᠢᠬᠦᠨ ᠤᠷᠤᠬᠰᠡᠨ ᠤ ᠲᠠᠷᠠᠭ᠎ᠠ ᠲᠠᠷᠬᠠᠨ ᠠᠭᠤᠯᠠ ᠶᠢᠨ ᠨᠠᠪᠴᠢᠰ ᠨᠢ ᠬᠦᠨ ᠤᠯᠠᠶᠢᠭᠠᠳ ᠲᠤᠩ ᠭᠤᠶᠤ ᠪᠠᠶᠢᠳᠠᠭ ᠰᠠᠨ᠃ ᠨᠢᠭᠡ ᠬᠠᠷᠠᠬᠤ ᠳᠤ ᠠᠩᠬᠠᠨ ᠤ ᠴᠠᠰᠤᠨ ᠤ ᠲᠠᠷᠠᠭᠠᠬᠢ ᠲᠠᠷᠬᠠᠨ ᠠᠭᠤᠯᠠ ᠶᠢᠨ ᠦᠵᠡᠮᠵᠢ ᠭᠡᠵᠥ ᠴᠠᠰᠤ ᠨᠢ ᠴᠠᠶᠢᠷᠠᠵᠥ ᠨᠠᠪᠴᠢᠰ ᠨᠢ ᠤᠯᠠᠶᠢᠭᠠᠳ ᠁ ᠶᠤᠰᠤᠲᠠᠢ ᠪᠤᠷᠬᠠᠨ ᠰᠠᠬᠢᠭᠤᠯᠰᠤᠨ ᠤ ᠤᠷᠤᠨ ᠰᠢᠭ᠋ ᠪᠤᠯᠳᠠᠭ᠃ ᠡᠶᠢᠮᠤ ᠯᠡ ᠰᠠᠶᠢᠬᠠᠨ ᠪᠠᠶᠢᠭᠠᠯᠢ ᠲᠤᠮᠳᠠᠭᠤᠷ ᠪᠢᠲᠠ ᠭᠤᠷᠪᠠᠭᠤᠯᠠ ᠬᠠᠪᠤᠷ ᠲᠠᠨᠠᠶᠢᠵᠥ᠂ ᠵᠤᠨ ᠬᠠᠯᠠᠭᠤᠴᠠᠨ᠂ ᠨᠠᠮᠤᠷ ᠲᠤᠬᠳᠤᠯᠵᠥ᠂ ᠡᠪᠤᠯ ᠪᠡᠬᠡᠷᠡᠨ ᠵᠤᠭᠠᠯᠠᠵᠥ ᠵᠢᠷᠭᠠᠳᠠᠭ ᠪᠠᠶᠢᠯ᠎ᠠ᠃  ᠵᠠᠮᠪᠠ ᠶᠢᠨ ᠬᠡᠯᠡᠬᠦ  ᠪᠠᠷ ᠪᠤᠯ ᠪᠢᠲᠠ ᠡᠷᠳᠡᠨᠢ ᠬᠠᠶᠢᠬᠤ ᠶᠢᠨ ᠲᠦᠯᠤᠭᠡ ᠠᠭᠤᠯᠠ ᠤᠰᠤ ᠪᠠᠷ ᠶᠠᠪᠤᠵᠥ ᠪᠠᠶᠢᠭ᠎ᠠ ᠪᠢᠰᠢ ᠬᠠᠷᠢᠨ ᠤᠬᠠᠭᠠᠨ ᠪᠢᠯᠢᠭ ᠢᠶᠠᠨ ᠴᠡᠪᠡᠷᠰᠢᠬᠦᠯᠵᠥ᠂ ᠠᠭᠤᠯᠠ ᠤᠰᠤ ᠲᠠᠢ ᠪᠠᠨ ᠦᠬᠡ ᠪᠠᠨ ᠶᠡᠷᠢᠵᠥ᠂ ᠪᠡᠶ᠎ᠡ ᠰᠡᠳᠬᠢᠯᠭᠡ ᠳᠡᠭᠡᠨ ᠴᠡᠪᠡᠷ ᠠᠷᠢᠭᠤᠨ ᠲᠠᠮᠢᠷ ᠨᠦᠬᠦᠵᠥ ᠪᠠᠶᠢᠭ᠎ᠠ ᠭᠡᠨ᠎ᠠ᠃ ᠲᠡᠬᠦᠨ ᠤ  ᠦᠬᠡ ᠮᠠᠰᠢ ᠶᠤᠰᠤᠲᠠᠢ ᠪᠤᠯᠬᠤ ᠶᠢ ᠪᠢ ᠰᠡᠬᠦᠯᠡᠷ ᠨᠢ ᠰᠠᠶ᠋ᠢ ᠣᠶᠢᠯᠠᠭᠠᠭᠰᠠᠨ ᠶᠤᠮ᠃    ᠨᠢᠭᠡ ᠡᠳᠤᠷ ᠪᠢᠲᠠ ᠭᠤᠷᠪᠠᠭᠤᠯᠠ ᠭᠤᠤᠯ ᠤᠨ ᠬᠡᠪᠡᠯᠢ ᠪᠠᠷ ᠶᠠᠪᠤᠵᠥ ᠪᠠᠶᠢᠲᠠᠯ᠎ᠠ ᠨᠢᠳᠤ ᠬᠢᠷᠠᠬᠠᠢ ᠵᠠᠮᠪᠠ ᠮᠠᠨᠢ ᠤᠷᠤᠰᠬᠠᠯ ᠲᠤᠳᠤᠷ᠎ᠠ ᠠᠴᠠ ᠡᠷᠡᠬᠡᠢ ᠴᠢᠨᠡᠬᠡᠨ ᠴᠡᠩᠭᠡᠷ ᠴᠢᠯᠠᠭᠤ ᠤᠯᠵᠥ ᠠᠪᠤᠭᠠᠳ ᠲᠠᠭᠤ ᠠᠯᠳᠠᠨ ᠬᠠᠰᠬᠢᠷᠤᠬᠰᠡᠨ ᠶᠤᠮ᠃ ᠲᠡᠷᠡ ᠴᠢᠯᠠᠭᠤ ᠮᠠᠰᠢ ᠲᠤᠩᠭᠠᠯᠠᠭ ᠪᠠᠶᠢᠵᠥ ᠨᠠᠷᠠᠨ ᠤ ᠭᠡᠷᠡᠯ ᠳᠤ ᠨᠡᠪᠳᠠ ᠬᠠᠷᠠᠬᠳᠠᠵᠥ ᠪᠠᠶᠢᠪᠠ᠃  ᠭᠠᠷ  ᠲᠠᠭᠠᠨ ᠨᠢᠳᠤ ᠲᠠᠢ ᠪᠢᠳᠠ ᠭᠤᠷᠪᠠ ᠲᠡᠷᠡ ᠴᠢᠯᠠᠭᠤ ᠶᠢ ᠡᠬᠡᠯᠵᠢᠯᠡᠨ ᠪᠠᠷᠢᠵᠥ ᠨᠠᠷᠠᠨ ᠵᠦᠭ ᠬᠠᠨᠳᠤᠭᠤᠯᠤᠨ ᠰᠢᠨᠵᠢᠭᠡᠳ᠄    — ᠬᠠᠰ ᠪᠠᠶᠢᠨ᠎ᠠ᠂ ᠬᠠᠰ ᠪᠠᠶᠢᠨ᠎ᠠ︕ ᠭᠡᠵᠥ ᠦᠵᠤᠬᠦᠷ ᠦᠭᠡᠢ ᠪᠠᠶᠠᠰᠪᠠ᠃  ᠭᠡᠰᠡᠭ ᠪᠠᠶᠠᠰᠣᠭᠠᠳ ᠰᠡᠳᠬᠢᠯ ᠲᠤᠬᠳᠠᠭᠤᠨ ᠪᠤᠯᠤᠬᠰᠡᠨ ᠬᠤᠶᠢᠨ᠎ᠠ ᠵᠠᠮᠪᠠ᠄    — ᠰᠢᠯ ᠪᠢᠰᠢ ᠪᠢᠵᠠ︖  ᠭᠡᠪᠡ᠃    — ᠲᠡᠯᠡᠬᠡᠢ ᠲᠡᠭᠡᠷ᠎ᠡ ᠪᠠᠰᠠ ᠴᠠᠩᠭᠡᠷ ᠬᠠᠰ ᠪᠠᠶᠢᠳᠠᠭ ᠪᠤᠯ ᠤᠤ︖  ᠭᠡᠵᠥ ᠭᠠᠮᠪᠠ ᠴᠤ ᠮᠠᠳᠠᠭ ᠲᠠᠢ ᠠᠰᠠᠭᠤᠪᠠ᠃    — ᠪᠠᠶᠢᠯᠬᠦᠢ ᠶᠠᠭᠠᠬᠢᠬᠤ ᠪᠤᠢ︖ ᠴᠠᠭᠠᠨ ᠬᠠᠰ ᠨᠤᠭᠤᠭᠠᠨ ᠬᠠᠰ ᠪᠠᠶᠢᠵᠥ ᠪᠠᠶᠢᠬᠤ ᠳᠤ ᠴᠡᠩᠭᠡᠷ ᠬᠠᠰ ᠯᠠᠪ ᠪᠠᠶᠢᠨ᠎ᠠ︖ ᠪᠢᠷᠮᠠ ᠶᠢᠨ ᠬᠠᠰ᠂ ᠰᠢᠨᠵᠢᠶᠠᠩ ᠤᠨ ᠾᠧ ᠲᠢᠶᠠᠨ ᠤ ᠬᠠᠰ ᠭᠡᠵᠥ ᠡᠯᠳᠡᠪ ᠦᠩᠭᠡ ᠶᠢᠨ ᠪᠠᠶᠢᠳᠠᠭ ᠰᠢᠤ᠃ ᠡᠨᠡ ᠴᠤ ᠯᠠᠪᠲᠠᠢ ᠬᠠᠰ ᠭᠡᠵᠥ ᠪᠢ ᠮᠡᠳᠡᠳᠡᠭ ᠢᠶᠠᠨ ᠶᠠᠷᠢᠪᠠ᠃ ᠲᠡᠭᠡᠬᠦ ᠳᠤ ᠵᠠᠮᠪᠠ ᠴᠤ ᠦᠵᠡᠯᠲᠠ ᠪᠠᠨ ᠪᠠᠳᠤᠯᠠᠨ᠄— ᠮᠦᠨ ᠡ᠂ ᠡᠨᠡ ᠴᠢᠨᠢ ᠬᠤᠪᠤᠷᠬᠠᠨ ᠪᠠᠶᠢᠳᠠᠭ ᠴᠡᠩᠭᠡᠷ ᠬᠠᠰ ᠮᠠᠭᠠᠳ ᠭᠡᠪᠡ᠃ ᠭᠡᠳᠤᠬᠦᠯᠡ ᠪᠠᠭ᠋ᠠᠨ ᠮᠠᠷᠭᠤᠵᠥ ᠬᠠᠰ ᠭᠡᠵᠥ  ᠠᠮᠠᠨ ᠲᠡᠭᠡᠷ᠎ᠡ ᠪᠠᠨ ᠪᠠᠳᠤᠲᠠᠢ ᠲᠤᠳᠤᠯᠠᠬᠰᠡᠨ ᠴᠤ ᠲᠤᠳᠤᠷ᠎ᠠ ᠪᠠᠨ ᠲᠤᠭ᠎ᠠ ᠦᠭᠡᠢ ᠪᠠᠶᠢᠵᠥ᠂ ᠤᠤᠯ ᠤᠷᠤᠨ ᠳᠠᠭᠠᠨ ᠲᠠᠬᠢᠵᠥ ᠬᠡᠳᠤᠢ ᠡᠷᠢᠭᠰᠡᠨ ᠴᠤ ᠡᠶᠢᠮᠤ ᠲᠤᠩᠭᠠᠯᠠᠭ ᠴᠢᠯᠠᠭᠤ ᠶᠢ ᠤᠯᠤᠬᠰᠡᠨ ᠦᠭᠡᠢ᠃ ᠡᠩ ᠤᠨ ᠡᠳᠤᠷ ᠪᠢᠲᠠ ᠭᠤᠷᠪᠡᠭᠤᠯᠠ ᠪᠠᠭᠠᠷᠢᠨ ᠴᠢᠯᠠᠭᠤᠨ ᠤ ᠵᠠᠬ᠎ᠠ ᠪᠠᠷ ᠲᠤᠭᠤᠷᠢᠵᠥ ᠴᠢᠳᠠᠯ ᠤᠨ ᠢᠶᠠᠨ ᠬᠡᠪᠴᠢᠶᠠᠨ ᠳᠤ ᠲᠤᠭᠤᠵᠥ ᠪᠠᠭ᠋ᠠᠷᠤᠬᠰᠡᠨ ᠴᠢᠯᠠᠭᠤᠳ ᠢᠶᠠᠨ ᠠᠪᠳᠠᠭ ᠠᠴᠠ ᠮᠠᠭᠤ ᠰᠠᠶᠢᠨ ᠴᠤ ᠬᠡᠳᠤᠨ ᠴᠢᠯᠠᠭᠤᠨ ᠲᠠᠷᠬᠠᠨ ᠢ ᠲᠠᠨᠢᠳᠠᠭ ᠶᠤᠮ᠃ ᠪᠢᠲᠠ ᠭᠤᠷᠪᠠ ᠶᠢᠨ ᠨᠡᠶᠢᠲᠡᠯᠢᠭ ᠤᠨᠴᠠᠯᠢᠭ ᠨᠢ ᠵᠢᠷᠤᠭ ᠲᠦᠷᠰᠤ ᠲᠠᠢ ᠴᠢᠯᠠᠭᠤᠨ ᠳᠤ ᠲᠤᠷ᠎ᠠ  ᠲᠠᠢ᠂ ᠵᠠᠮᠪᠠ ᠳᠤ ᠨᠢᠭᠡ ᠭᠠᠵᠠᠷ ᠤᠨ ᠲᠤᠮᠳᠠᠳᠤ ᠲᠠᠩᠬᠢᠰ ᠤᠨ ᠵᠢᠷᠤᠭ ᠲᠦᠷᠰᠤ ᠲᠠᠢ ᠬᠠᠪᠳᠠᠭᠠᠢ ᠴᠢᠯᠠᠭᠤ ᠪᠠᠶᠢᠳᠠᠭ᠃ ᠬᠡᠳᠤᠨ ᠵᠢᠯ ᠤᠨ ᠡᠮᠤᠨ᠎ᠡ ᠲᠡᠷᠡ ᠴᠢᠯᠠᠭᠤᠨ ᠳᠤ ᠨᠢ ᠭᠠᠳᠠᠷ ᠤᠷᠤᠨ ᠤ ᠠᠷᠠᠯᠵᠢᠶᠠᠴᠢᠨ 150 ᠲᠦᠮᠡ ᠦᠭᠬᠦ ᠳᠤ ᠵᠠᠮᠪᠠ ᠮᠠᠨᠢ 200 ᠲᠦᠮᠡ ᠭᠡᠵᠥ ᠬᠠᠨᠳᠤᠷᠠᠭᠠᠳ ᠠᠷᠠᠯᠵᠢᠶ᠎ᠠ ᠪᠦᠳᠦᠭᠰᠡᠨ ᠦᠭᠡᠢ ᠶᠤᠮ᠃ ᠭᠠᠮᠪᠠ ᠳᠤ ᠴᠤ ᠰᠢᠪᠠᠭᠤᠳ ᠪᠠ ᠰᠠᠷᠮᠠᠭᠴᠢᠨ ᠤ ᠵᠢᠷᠤᠭ ᠲᠦᠷᠰᠤ ᠲᠠᠢ ᠬᠡᠳᠤᠨ ᠭᠤᠶᠤ ᠴᠢᠯᠠᠭᠤ ᠪᠠᠶᠢᠳᠠᠭ᠃ ᠴᠢᠯᠠᠭᠤᠨ ᠠᠷᠠᠯᠵᠢᠶᠠᠴᠢᠳ ᠲᠡᠳᠡᠭᠡᠷ ᠴᠢᠯᠠᠭᠤᠳ ᠢ ᠲᠤᠭᠤᠵᠥ ᠪᠠᠶᠢᠳᠠᠭ ᠴᠤ ᠵᠢᠷᠤᠭ ᠲᠦᠷᠰᠤ ᠨᠢ ᠶᠠᠭ ᠲᠡᠷᠡ ᠠᠮᠢᠳᠠᠨ ᠭᠡᠵᠥ ᠨᠡᠷᠡᠯᠡᠵᠥ ᠵᠢᠭᠠᠴᠢᠮᠡᠷ ᠲᠤᠳᠤ ᠦᠭᠡᠢ ᠬᠡᠳᠡᠭ ᠰᠢᠯᠳᠠᠭ ᠢᠶᠠᠷ ᠶᠡᠭᠡ ᠬᠠᠩᠰᠢ ᠦᠭᠳᠡᠭ ᠦᠭᠡᠢ᠃ ᠪᠠᠭ᠎ᠠ ᠬᠠᠩᠰᠢ ᠶᠢ ᠭᠠᠮᠪᠠ ᠴᠤ ᠲᠤᠭᠤ ᠶᠠᠳᠠᠵᠥ ᠴᠢᠯᠠᠭᠤ ᠪᠠᠨ ᠵᠠᠷᠤᠳᠠᠭ ᠦᠭᠡᠢ᠃ ᠡᠪᠡᠰᠤ ᠢᠳᠡᠵᠥ ᠤᠰᠤ ᠦᠭᠡᠢ ᠶᠠᠭᠤᠮ᠎ᠠ ᠬᠤᠶᠢᠨ᠎ᠠ ᠪᠠᠶᠢᠪᠠᠯ ᠪᠠᠶᠢᠵᠥ ᠪᠠᠶᠢᠭ᠂ ᠬᠠᠩᠰᠢ ᠨᠢ ᠲᠤᠯᠬᠤ ᠦᠭᠡᠢ ᠪᠤᠯ ᠦᠭᠬᠦ ᠦᠭᠡᠢ︕ ᠭᠡᠵᠥ ᠭᠠᠮᠪᠠ ᠮᠠᠨᠢ ᠭᠡᠳᠤᠶᠢᠵᠥ ᠪᠠᠶᠢᠳᠠᠭ᠃ ᠨᠠᠳᠠ ᠳᠤ ᠬᠠᠷᠢᠨ ᠤᠢ ᠮᠤᠳᠤ ᠲᠠᠢ᠂ ᠰᠢᠪᠠᠭᠤ ᠦᠨᠳᠡᠭᠡ ᠲᠠᠷᠤᠬᠰᠡᠨ᠂  ᠮᠠᠨᠠᠨ ᠪᠠᠭᠤᠬᠰᠡᠨ ᠠᠭᠤᠯᠠᠰ  ᠤᠨ ᠵᠢᠷᠤᠭ ᠲᠠᠢ ᠬᠡᠳᠤᠨ ᠰᠠᠶᠢᠬᠠᠨ ᠴᠢᠯᠠᠭᠤ ᠪᠠᠶᠢᠳᠠᠭ᠃ ᠮᠢᠨᠤ ᠬᠠᠮᠤᠭ ᠠᠴᠠ ᠪᠠᠭ᠋ᠠᠷᠳᠠᠭ ᠨᠢ ᠠᠭᠤᠯᠠᠰ ᠤᠨ ᠲᠡᠭᠡᠬᠦᠷ ᠮᠠᠨᠠᠨ ᠪᠠᠭᠤᠬᠰᠡᠨ ᠵᠢᠷᠤᠭ ᠲᠠᠢ ᠲᠡᠷᠡ ᠴᠢᠯᠠᠭᠤ ᠶᠤᠮ᠃ ᠪᠢ ᠲᠡᠷᠡ ᠴᠢᠯᠠᠭᠤ ᠶᠢ ᠨᠢᠭᠡ ᠦᠷᠯᠤᠭᠡ ᠴᠢᠯᠠᠭᠤᠨ ᠵᠠᠬ᠎ᠠ ᠪᠠᠷ ᠡᠷᠬᠢᠴᠡᠵᠥ ᠪᠠᠶᠢᠬᠤ ᠳᠠᠭᠠᠨ ᠨᠢᠭᠡ ᠡᠪᠤᠬᠡᠨ ᠤ ᠡᠮᠤᠨᠡᠬᠢ ᠤᠪᠤᠭ᠎ᠠ ᠲᠠᠢ ᠴᠢᠯᠠᠭᠤᠨ ᠠᠴᠠ ᠰᠤᠩᠭᠤᠵᠥ ᠤᠯᠤᠬᠰᠡᠨ ᠶᠤᠮ᠃ ᠲᠠᠬᠢᠶᠠᠨ ᠦᠨᠳᠡᠭᠡᠨ ᠬᠢᠷᠢ ᠲᠡᠷᠡ ᠴᠢᠯᠠᠭᠤ ᠶᠢ ᠪᠢ ᠠᠮᠠᠨ ᠠᠭᠤᠷ ᠢᠶᠠᠷ ᠵᠶ᠋ᠠᠨ‌ᠦᠯᠢᠶᠡᠵᠥ ᠦᠵᠡᠮᠡᠭᠴᠠ ᠲᠤᠳᠤᠷ᠎ᠠ ᠨᠢ ᠵᠢᠷᠤᠭ ᠲᠠᠢ ᠶᠢ ᠲᠤᠳᠤᠯᠠᠵᠥ ᠮᠡᠳᠡᠭᠡᠳ ᠠᠷᠪᠠᠨ ᠲᠦᠬᠦᠷᠢᠭ ᠢᠶᠠᠨ ᠨᠢᠳᠤ ᠮᠠᠭᠤᠳᠠᠢ ᠡᠪᠤᠭᠡᠨ ᠳᠤ ᠲᠤᠷᠠᠲᠠᠢ ᠬᠠᠶᠠᠵᠥ ᠦᠭᠭᠦᠭᠰᠡᠨ ᠶᠤᠮ᠃ ᠬᠠᠷᠢᠵᠥ ᠢᠷᠡᠭᠡᠳ ᠦᠷᠡᠵᠥ ᠦᠵᠡᠬᠦ ᠳᠤ ᠮᠠᠨᠠᠨ ᠤ ᠳᠤᠮᠳᠠᠭᠤᠷ ᠲᠠᠪᠬᠤᠷ ᠲᠠᠪᠬᠤᠷ ᠠᠭᠤᠯᠠᠰ ᠬᠠᠷᠠᠬᠳᠠᠬᠰᠡᠨ ᠭᠤᠶᠤ ᠵᠢᠷᠤᠭ ᠢᠯᠡᠷᠡᠭᠰᠡᠨ ᠶᠤᠮ᠃ ᠪᠢ ᠲᠡᠷᠡ ᠴᠢᠯᠠᠭᠤ ᠪᠠᠨ ᠪᠠᠭ᠎ᠠ ᠭᠡᠵᠥ ᠪᠢ ᠭᠤᠯᠤᠳᠠᠭ ᠦᠭᠡᠢ᠂ ︽ᠬᠤᠷᠤᠭᠤᠨ ᠴᠢᠨᠡᠬᠡᠨ ᠴᠢᠯᠠᠭᠤᠨ ᠳᠤ ᠬᠤᠷᠸ᠎ᠠ ᠪᠠᠭᠳᠠᠳᠠᠭ︾ ᠭᠡᠳᠡᠭ ᠶᠠᠷᠢᠶ᠎ᠠ ᠪᠠᠶᠢᠳᠠᠭ ᠪᠤᠯᠬᠤᠷ ᠪᠢ ᠲᠡᠷᠡ ᠴᠢᠯᠠᠭᠤᠨ ᠳᠠᠭᠠᠨ ᠮᠠᠰᠢ ᠬᠠᠶᠢᠷᠠᠲᠠᠢ᠃ ᠰᠡᠳᠬᠢᠯ ᠰᠠᠨᠠᠭ᠋ ᠪᠣᠬᠢᠨᠢᠳᠤᠬᠤ ᠦᠶ᠎ᠡ ᠳᠡᠭᠡᠨ ᠭᠠᠷᠭᠠᠵᠥ ᠬᠠᠷᠠᠪᠠᠯ ᠲᠤᠳᠤᠷ᠎ᠠ ᠲᠠᠯ᠎ᠠ ᠰᠢᠭ᠋ ᠠᠭᠤᠵᠢᠷᠠᠳᠠᠭ ᠶᠤᠮ᠃ ᠡᠶᠢᠮᠤ ᠠᠴᠠ ᠬᠠᠰ ᠴᠢᠯᠠᠭᠤᠨ ᠳᠤ ᠭᠤᠸ᠎ᠠ ᠰᠠᠶᠢᠬᠠᠨ ᠤ ᠷᠢᠳᠢ ᠰᠢᠳᠢ ᠲᠠᠢ ᠭᠡᠳᠡᠭ ᠲᠤ ᠦᠨᠡᠨ ᠭᠤᠤᠯ ᠠᠴᠠ ᠪᠠᠨ ᠢᠳᠡᠭᠡᠳᠡᠭ᠃ ᠰᠡᠬᠦᠯᠡᠷ ᠨᠢ ᠪᠢ ᠴᠢᠯᠠᠭᠤ ᠬᠤᠳᠠᠯᠳᠤᠳᠠᠭ ᠲᠡᠷᠡ ᠡᠪᠤᠭᠡᠨ ᠲᠠᠢ ᠮᠠᠰᠢ ᠲᠠᠨᠢᠯ ᠪᠤᠯᠵᠥ ᠴᠢᠯᠠᠭᠤᠨ ᠵᠠᠬ᠎ᠠ ᠳᠤ ᠤᠴᠢᠬᠤ ᠪᠤᠯᠭᠠᠨ ᠲᠡᠷᠡ ᠡᠪᠤᠭᠡᠨ ᠢ ᠨᠢᠳᠤ ᠬᠠᠶᠠᠨ ᠡᠷᠢᠳᠡᠭ ᠶᠤᠮ᠃ ᠪᠢᠲᠠ ᠬᠡᠳᠤᠬᠦᠯᠡ ᠬᠦᠳᠤᠯ ᠤᠨ ᠭᠤᠤᠯ ᠤᠨ ᠭᠡᠪᠡᠯᠢ ᠳᠤ ᠤᠷᠭᠤᠬᠰᠡᠨ ᠲᠤᠮᠤᠬᠠᠨ ᠤᠳᠠᠨ ᠤ ᠰᠡᠬᠦᠳᠡᠷ ᠲᠤ ᠰᠠᠭᠤᠵᠥ ᠨᠢᠳᠤᠨ ᠴᠡᠩᠭᠡᠷ  ᠴᠢᠯᠠᠭᠤ ᠪᠠᠨ ᠪᠠᠭ᠋ᠠᠷᠬᠠᠪᠠ᠃— ᠶᠠᠭᠤ ᠴᠤ ᠪᠤᠯᠤᠭ ᠭᠤᠷᠪᠠᠭᠤᠯᠠ ᠯᠢ ᠲᠠᠷᠬᠠᠨ ᠳᠤ ᠤᠴᠢᠵᠥ ᠴᠤᠬᠤᠮ ᠶᠠᠭᠤ ᠪᠤᠯᠬᠤ ᠶᠢ ᠨᠢ ᠲᠤᠳᠤᠯᠠᠭᠤᠯᠵᠥ ᠦᠵᠡᠶ᠎ᠠ ᠭᠡᠵᠥ ᠵᠠᠮᠪᠠ ᠪᠤᠳᠤᠯᠭ᠎ᠠ ᠲᠤᠬᠳᠠᠪᠠ᠃ ᠯᠢ ᠲᠠᠷᠬᠠᠨ ᠭᠡᠵᠥ ᠴᠢᠯᠠᠭᠤ ᠲᠠᠨᠢᠳᠠᠭ ᠮᠦᠷᠲᠡᠭᠡᠨ ᠬᠠᠰ ᠤᠷᠠᠯᠠᠳᠠᠭ ᠮᠠᠰᠢᠨ ᠪᠠᠭᠠᠵᠢ ᠲᠠᠢ ᠴᠢᠯᠠᠭᠤᠨ ᠠᠷᠠᠯᠵᠢᠶᠠᠴᠢᠨ ᠲᠤᠯᠠ ᠪᠠᠯᠭᠠᠰᠤᠨ ᠳᠤ ᠪᠠᠭ᠋ᠠᠨ ᠨᠡᠷ᠎ᠡ ᠠᠯᠳᠠᠷ ᠲᠠᠢ ᠶᠤᠮ᠃ ᠪᠢᠲᠠ ᠮᠠᠰᠢᠨ ᠢᠶᠠᠨ ᠪᠠᠷᠢᠨ ᠪᠠᠯᠭᠠᠰᠤ ᠶᠢᠨ ᠵᠡᠬᠦᠨ ᠲᠡᠭᠦᠷᠭᠡ ᠳᠤ ᠪᠠᠶᠢᠷᠢᠰᠢᠭ᠎ᠠ ᠦᠨᠳᠤᠷ ᠭᠡᠷᠡᠮ ᠢᠶᠠᠷ ᠬᠦᠷᠢᠶᠡᠯᠡᠭᠳᠡᠭᠰᠡᠨ ᠲᠠᠪᠤᠨ ᠲᠠᠰᠤᠯᠭ᠎ᠠ ᠶᠡᠭᠡ ᠭᠡᠷ ᠤᠨ ᠡᠬᠦᠳᠠᠨ ᠳᠤ ᠬᠦᠷᠬᠦ ᠳᠤ ᠯᠢ ᠲᠠᠷᠬᠠᠨ ᠶᠠᠭ ᠰᠠᠶᠢᠬᠠᠨ ᠡᠬᠦᠳᠠᠨ ᠭᠡᠷ ᠤᠨ ᠠᠵᠢᠯᠯᠠᠬᠤ ᠦᠷᠤᠭᠡᠨ ᠳᠡᠭᠡᠨ ᠨᠢᠭᠡ ᠬᠡᠰᠡᠭ ᠴᠢᠯᠠᠭᠤ ᠶᠢ ᠭᠡᠷᠴᠢᠭᠡᠳ ᠨᠠᠷᠢᠨ ᠰᠢᠨᠵᠢᠵᠥ ᠪᠠᠶᠢᠪᠠ᠃ ᠲᠡᠷᠠ ᠪᠠᠭᠠᠷᠢᠨ ᠴᠢᠯᠠᠭᠤᠨ ᠤ ᠨᠡᠷᠡᠳᠤ ᠬᠦᠮᠤᠨ ᠪᠤᠯᠬᠤ ᠵᠠᠮᠪᠠ ᠶᠢ ᠰᠠᠶᠢᠨ ᠲᠠᠨᠢᠳᠠᠭ ᠲᠤᠯᠠ᠄    — ᠸᠠ᠂ ᠡᠳ᠋ ᠶᠢᠨ ᠡᠵᠠᠨ ᠢᠷᠡᠵᠤ ᠪᠠᠶᠢᠨ᠎ᠠ︕ ᠭᠡᠳ ᠮᠡᠨ ᠤ ᠭᠤᠷᠪᠠ ᠶᠢ ᠤᠬᠳᠤᠵᠥ ᠪᠠᠭ᠋ᠠᠨ ᠶᠠᠷᠢᠶ᠎ᠠ ᠬᠦᠭᠡᠷᠤᠭᠡ ᠪᠤᠯᠤᠬᠰᠡᠨ ᠤ ᠲᠠᠷᠠᠭ᠎ᠠ ᠦᠪᠡᠷ ᠤᠨ ᠬᠢᠵᠥ ᠪᠦᠳᠦᠭᠡᠭᠰᠡᠨ ᠪᠦᠬᠡᠵᠢ᠂ ᠭᠠᠷ ᠡᠷᠢᠬᠡ᠂ ᠵᠢᠵᠢᠭ ᠱᠤᠭᠤᠮᠠᠯ ᠵᠡᠷᠭᠡ ᠪᠠᠨ ᠭᠠᠶᠢᠬᠠᠭᠤᠯᠵᠥ᠂ ᠪᠦᠬᠡᠮ ᠢᠶᠠᠷ ᠬᠤᠳᠠᠯᠳᠤᠬᠤ ᠪᠠᠷ ᠬᠠᠶᠢᠷᠴᠠᠬᠯᠠᠵᠥ ᠪᠠᠶᠢᠭ᠎ᠠ ᠡᠯᠳᠡᠪ ᠦᠩᠭᠡ ᠲᠠᠢ ᠮᠠᠨᠤ ᠪᠦᠭᠡᠵᠢ ᠪᠠᠨ ᠴᠤ ᠲᠠᠨᠢᠯᠴᠠᠭᠤᠯᠵᠥ ᠵᠠᠪᠳᠤᠪᠠ᠃ ᠲᠡᠷᠡ ᠮᠠᠨᠤ ᠪᠦᠭᠡᠵᠢ ᠪᠠᠨ ᠬᠤᠷᠤᠭᠤᠨ ᠦᠨᠳᠡᠭᠡ ᠪᠠᠷ ᠢᠶᠠᠨ ᠢᠷᠮᠡᠭᠰᠡᠭᠡᠷ  ᠄    — ᠲᠠ ᠨᠠᠷ ᠦᠵᠡ᠂ ᠶᠠᠮᠠᠷ ᠰᠠᠶᠢᠬᠠᠨ ᠪᠤᠢ︖ ᠡᠨᠡ ᠴᠢᠨᠢ ᠬᠦᠮᠤᠨ ᠤ ᠮᠢᠬᠠᠨ ᠳᠤ ᠤᠶᠢᠷᠠᠳᠤᠬᠰᠠᠭᠠᠷ ᠤᠯᠡᠮ ᠭᠤᠶᠤ ᠬᠢᠯᠠᠯᠵᠠᠳᠠᠭ ᠰᠢᠤ᠂ ᠤᠰᠤ ᠰᠢᠷᠦᠢ ᠡᠷᠳᠡᠨᠢ ᠶᠢᠨ ᠴᠢᠯᠠᠭᠤ ᠶᠢ ᠲᠡᠵᠢᠭᠡᠳᠡᠭ᠃ ᠬᠦᠮᠤᠨ ᠬᠠᠰ ᠢ ᠲᠡᠵᠢᠭᠡᠵᠥ ᠬᠠᠰ ᠬᠠᠷᠢᠭᠤ ᠳᠤ ᠨᠢ ᠬᠦᠮᠤᠨ ᠢ ᠲᠡᠵᠢᠭᠡᠳᠡᠭ ᠶᠤᠮ᠃ ᠪᠠᠭᠠᠷᠢᠨ ᠴᠢᠯᠠᠭᠤ ᠶᠢ ᠤᠰᠤᠯᠠᠵᠥ ᠲᠤᠰᠤᠯᠠᠬᠤ ᠦᠭᠡᠢ ᠪᠤᠯ ᠬᠠᠭᠠᠷᠠᠵᠥ ᠡᠪᠳᠡᠷᠡᠳᠡᠭ᠃ ᠲᠡᠶᠢᠮᠤ ᠪᠤᠯᠬᠤᠷ ᠪᠢ ᠠᠭᠤᠯᠠᠨ ᠠᠴᠠ ᠠᠪᠴᠢᠷᠠᠬᠰᠡᠨ ᠶᠠᠮᠠᠷᠴᠤ ᠴᠢᠯᠠᠭᠤ ᠶᠢ ᠪᠦᠷ ᠵᠤᠭᠤᠷᠢ ᠳᠤ ᠤᠷᠤᠭᠤᠯᠵᠥ ᠭᠤᠤᠯ ᠤᠨ ᠡᠯᠡᠰᠤ ᠶᠢ ᠵᠠᠪᠰᠠᠷ ᠢᠶᠠᠷ ᠨᠢ ᠴᠢᠳᠬᠤᠭᠠᠳ ᠤᠰᠤ ᠬᠢᠵᠥ ᠬᠠᠳᠠᠭᠠᠯᠠᠳᠠᠭ ᠶᠤᠮ᠃ ᠮᠢᠨᠤ ᠤᠷᠠᠯᠠᠬᠰᠡᠨ ᠪᠦᠭᠡᠵᠢ᠂ ᠡᠷᠢᠬᠡ ᠵᠡᠷᠭᠡ ᠪᠦᠳᠦᠭᠳᠡᠬᠦᠨ ᠤᠳᠤ ᠪᠦᠬᠦ ᠤᠯᠤᠰ ᠤᠨ ᠡᠯ᠎ᠠ ᠭᠠᠵᠠᠷ ᠲᠤ ᠪᠤᠷᠤᠯᠠᠭᠤᠯᠤᠬᠳᠠᠵᠥ ᠪᠠᠶᠢᠨ᠎ᠠ ᠰᠢᠤ︕ ᠭᠡᠵᠥ ᠪᠡᠶᠢᠪᠠ᠃  ᠯᠢ ᠲᠠᠷᠬᠠᠨ ᠤ ᠶᠠᠷᠢᠶ᠎ᠠ ᠶᠢ ᠪᠠᠭ᠋ᠠᠨ ᠰᠤᠨᠤᠰᠤᠭᠠᠳ ᠵᠠᠮᠪᠠ ᠮᠠᠨᠢ ᠴᠢᠯᠠᠭᠤ ᠪᠠᠨ ᠭᠠᠷᠭᠠᠵᠥ  ᠄    — ᠪᠢᠲᠠ ᠰᠠᠶ᠋ᠢᠬᠠᠨ ᠴᠢᠯᠠᠭᠤᠨ ᠵᠠᠬ᠎ᠠ ᠠᠴᠠ ᠢᠷᠡᠯ᠎ᠠ᠂ ᠲᠠ ᠡᠨᠡ ᠴᠢᠯᠠᠭᠤ ᠶᠢ ᠬᠡᠳᠤᠢ ᠬᠦᠷᠳᠡᠭ ᠲᠤᠬᠠᠢ ᠦᠵᠡᠭᠡᠳ ᠠᠯᠢ᠂ ᠪᠢ ᠪᠠᠷᠤᠭ ᠲᠡᠷᠡ ᠭᠠᠶᠢᠬᠠᠯ ᠳᠤ ᠬᠤᠨᠵᠢᠬᠳᠠᠬᠰᠡᠨ ᠪᠠᠶᠢᠬ᠎ᠠ︖ ᠭᠡᠳ ᠯᠢ ᠲᠠᠷᠬᠠᠨ ᠳᠤ ᠦᠭᠪᠡ᠃   ᠭᠠᠮᠪᠠ ᠪᠢᠲᠠ ᠬᠤᠶᠠᠷ ᠪᠡᠶ᠎ᠡ ᠪᠡᠶ᠎ᠡ ᠪᠠᠨ ᠬᠠᠷᠠᠵᠥ ︽ᠮᠠᠶᠢᠮᠠᠶᠢᠴᠢᠨ ᠬᠦᠮᠤᠨ ᠦᠨᠡᠨ ᠦᠭᠡ ᠦᠭᠡᠢ ᠭᠡᠳᠡᠭ ᠨᠢ ᠦᠨᠡᠨ ᠪᠢᠰᠢᠤ︖︾ ᠭᠡᠳᠡᠭ ᠦᠭᠡ ᠶᠢ ᠨᠢᠳᠤ ᠪᠠᠷ ᠢᠶᠠᠨ ᠰᠤᠯᠢᠵᠥ ᠠᠮᠵᠢᠪᠠ᠃ ᠵᠠᠮᠪᠠ ᠮᠠᠨ ᠤ ᠬᠤᠶᠠᠷ ᠤᠨ ᠵᠦᠭ ᠬᠠᠷᠠᠬᠰᠡᠨ ᠴᠤ ᠦᠭᠡᠢ ᠪᠠᠷ ᠬᠠᠭᠠᠷᠠᠳᠠᠯ᠎ᠠ ᠬᠤᠳᠠᠯ ᠬᠡᠯᠡᠭᠰᠡᠨ ᠨᠢ ᠲᠡᠬᠦᠨ ᠤ ᠠᠷᠠᠯᠵᠢᠶᠠᠨ ᠤ ᠲᠠᠯ᠎ᠠ ᠪᠠᠷ ᠵᠤᠬᠢᠬᠤ ᠲᠦᠪᠰᠢᠨ ᠳᠤ ᠬᠦᠷᠦᠭᠰᠡᠨ ᠢ ᠬᠠᠷᠠᠭᠤᠯᠵᠥ ᠪᠠᠶᠢᠭ᠎ᠠ ᠶᠤᠮ᠃ ᠲᠡᠬᠦᠨ ᠤ ᠢᠩᠬᠢᠵᠥ ᠬᠡᠯᠡᠬᠦ ᠶᠢ ᠪᠢᠲᠠ ᠬᠤᠶᠠᠷ ᠲᠤᠳᠤᠷ᠎ᠠ ᠪᠠᠨ ᠵᠦᠪᠰᠢᠶᠡᠷᠡᠵᠥ ᠪᠠᠶᠢᠬᠰᠡᠨ ᠴᠤ ᠬᠡᠯᠡᠭᠰᠡᠨ ᠦᠭᠡᠨ ᠳᠡᠭᠡᠨ ᠴᠢᠷᠠᠢ ᠶᠢᠨ ᠦᠩᠭᠡ ᠨᠢ ᠴᠤ ᠬᠤᠪᠢᠷᠠᠬᠤ ᠦᠭᠡᠢ ᠪᠠᠶᠢᠭ᠎ᠠ ᠳᠤ ᠪᠢᠰᠢᠷᠡᠨ ᠭᠠᠶᠢᠬᠠᠬᠤ ᠮᠦᠷᠲᠡᠭᠡᠨ ᠢᠨᠢᠶᠡᠳᠤ ᠬᠦᠷᠪᠡ᠃ ᠯᠢ ᠲᠠᠷᠬᠠᠨ ᠴᠡᠩᠬᠡᠷ ᠴᠢᠯᠠᠭᠤ ᠶᠢ ᠠᠪᠴᠤ ᠬᠡᠳᠤ ᠢᠷᠮᠡᠭᠰᠡᠨ ᠢᠶᠠᠨ ᠬᠤᠷᠴᠠ ᠭᠡᠷᠡᠯ ᠲᠤᠰᠬᠠᠨ ᠨᠡᠯᠢᠶᠡᠳ ᠬᠠᠷᠠᠵᠥ᠂ ᠲᠤᠷᠠᠨ ᠰᠢᠯ ᠢᠶᠠᠨ ᠭᠠᠷᠭᠠᠨ ᠤᠳᠠᠭᠠᠨ ᠰᠢᠨᠵᠢᠭᠰᠡᠨ ᠢᠶᠠᠨ ᠨᠢᠳᠤ ᠨᠢ ᠬᠢᠯᠠᠯᠵᠠᠵᠥ᠄    —  ᠴᠢᠨᠤ ᠡᠨᠡ ᠴᠢᠯᠠᠭᠤ ᠡᠩ ᠤᠨ ᠴᠢᠯᠠᠭᠤ ᠪᠢᠰᠢ᠂ ᠪᠦᠳᠤᠴᠠ ᠨᠢ ᠨᠠᠷᠢᠯᠢᠭ ᠮᠦᠷᠳᠡᠭᠡᠨ ᠬᠤᠯᠢᠴᠠ ᠪᠠᠷ ᠲᠤᠩ ᠪᠠᠭ᠎ᠠ᠂  ᠶᠤᠰᠤᠲᠠᠢ ᠲᠡᠭᠡᠳᠤ ᠲᠡᠰ ᠤᠨ ᠬᠠᠰ ᠭᠡᠵᠥ ᠪᠠᠳᠤᠯᠠᠵᠥ ᠲᠠᠶᠢᠯᠤᠨ᠎ᠠ ᠭᠡᠳ ᠲᠤᠷᠠᠨ ᠰᠢᠯ ᠢᠶᠠᠨ ᠲᠠᠯᠪᠢᠬᠤ ᠳᠤ ᠭᠠᠷ ᠨᠢ ᠴᠡᠴᠡᠷᠡᠵᠥ ᠪᠠᠶᠢᠪᠠ᠃ ᠲᠡᠬᠦᠨ ᠤ ᠬᠡᠯᠡᠭᠰᠡᠨ ᠦᠭᠡ ᠪᠡ ᠴᠡᠴᠡᠷᠡᠭᠰᠡᠨ ᠭᠠᠷ ᠲᠠᠢ ᠠᠳᠠᠯᠢᠬᠠᠨ  ᠢᠶᠠᠷ ᠪᠢᠲᠠᠨ ᠤ ᠰᠡᠳᠬᠢᠯ ᠴᠤ ᠲᠤᠯᠬᠢᠰᠴᠤ ᠠᠪᠤᠯ᠎ᠠ᠃ ᠨᠡᠩ ᠴᠤ ᠵᠠᠮᠪᠠ ᠮᠠᠨᠢ ᠴᠢᠯᠠᠭᠤᠨ ᠵᠦᠭ ᠢᠶᠠᠨ ᠭᠠᠷ ᠶᠠᠪᠤᠭᠤᠯᠵᠥ ᠠᠯᠳᠠᠬᠰᠡᠨ ᠢᠶᠠᠨ ᠪᠡᠶ᠎ᠡ ᠪᠠᠨ ᠪᠠᠷᠢᠵᠥ  ᠄    — ᠡᠨᠡ ᠴᠢᠯᠠᠭᠤ ᠬᠡᠳᠤᠢ ᠵᠤᠭᠤᠰ ᠬᠦᠷᠤᠨ᠎ᠠ︖  ᠬᠡᠵᠥ ᠯᠠᠪᠳᠠᠭᠤᠨ ᠰᠠᠭᠤᠪᠠ᠃  ᠯᠢ ᠲᠠᠷᠬᠠᠨ ᠮᠡᠨ ᠳᠤ ᠲᠠᠮᠠᠬᠢ ᠲᠦᠭᠡᠭᠡᠵᠥ ᠠᠰᠠᠭᠠᠬᠰᠡᠨ ᠢᠶᠠᠨ ᠵᠠᠮᠪᠠ ᠶᠢ ᠬᠠᠷᠠᠵᠥ  ᠄    — ᠬᠠᠰ ᠲᠠᠨᠢᠳᠠᠭ ᠬᠦᠮᠤᠨ ᠡᠬᠦᠨ ᠢ ᠬᠤᠳᠠᠯᠳᠤᠬᠤ ᠦᠭᠡᠢ᠂ ᠬᠤᠳᠠᠯᠳᠤᠬᠤ ᠪᠠᠷ ᠪᠤᠳᠤᠬᠤ ᠳᠤ ᠲᠡᠶᠢᠮᠤ ᠬᠠᠩᠰᠢ ᠪᠠᠷ ᠴᠢ ᠠᠪᠬᠤ ᠦᠭᠡᠢ᠃ ᠲᠠ ᠯᠠᠪᠲᠠᠢ ᠡᠩ ᠤᠨ ᠬᠦᠮᠤᠨ ᠤ ᠭᠠᠷ ᠠᠴᠠ ᠠᠪᠤᠬᠰᠡᠨ ᠨᠢ ᠢᠯᠡᠷᠬᠡᠢ ᠭᠡᠵᠥ ᠤᠳᠤᠭ᠎ᠠ ᠪᠠᠨ ᠦᠯᠢᠶᠡᠭᠰᠡᠨ ᠢᠶᠠᠨ᠄    — ᠡᠨᠡ ᠴᠢᠯᠠᠭᠤ ᠶᠢ ᠲᠠ ᠲᠠᠳᠠᠵᠥ ᠬᠡᠯᠡᠬᠦ ᠳᠤ ᠡᠳᠤᠢ ᠪᠠᠷ ᠠᠪᠤᠬᠰᠡᠨ ᠭᠡᠵᠥ ᠬᠤᠶᠠᠷ ᠬᠤᠷᠤᠭᠤ ᠭᠠᠷᠭᠠᠪᠠ᠃  ᠭᠠᠮᠪᠠ ᠤᠷᠤᠨ ᠠᠴᠠ ᠪᠠᠨ ᠦᠨᠳᠡᠶᠢᠵᠥ᠄    — ᠬᠤᠶᠠᠷ ᠮᠢᠩᠭ᠎ᠠ ᠭᠡᠵᠢ ᠤᠤ︖ ᠭᠡᠬᠦ ᠳᠤ ᠯᠢ ᠲᠠᠷᠬᠠᠨ ᠲᠤᠯᠤᠭᠠᠢ ᠰᠡᠭᠰᠤᠷᠤᠨ᠄    —  ᠦᠬᠡᠢ᠂ ᠦᠭᠡᠢ᠃ ᠲᠠᠳᠠᠵᠥ ᠬᠡᠯᠡᠭᠡᠳ ᠬᠤᠶᠠᠷ ᠲᠦᠮᠡ ᠭᠡᠪᠡ᠃  ᠪᠢᠲᠠ ᠭᠤᠷᠪᠠᠭᠤᠯᠠ ᠦᠭᠡᠲᠡ ᠦᠭᠡᠲᠡ ᠠᠴᠠ ᠪᠠᠨ ᠮᠡᠯᠡᠷᠡᠵᠥ ᠠᠪᠤᠪᠠ᠃    — ᠵᠠ᠂ ᠲᠡᠭᠡᠪᠡᠯ ᠪᠢ ᠬᠤᠨᠵᠢᠬᠳᠠᠭᠰᠡᠨ ᠦᠭᠡᠢ︕ ᠬᠤᠶᠠᠭᠤᠯᠠ ᠲᠠᠷᠠᠭ᠎ᠠ ᠪᠠᠷ ᠶᠠᠷᠢᠶ᠎ᠠ︕ ᠭᠡᠳ ᠵᠠᠮᠪᠠ ᠤᠷᠤᠨ ᠠᠴᠠ ᠪᠠᠨ ᠪᠤᠰᠴᠤ ᠰᠢᠷᠡᠭᠡᠨ ᠲᠡᠭᠡᠷᠡᠬᠢ ᠴᠢᠯᠠᠭᠤ ᠪᠠᠨ ᠠᠪᠴᠤ ᠯᠢ ᠲᠠᠷᠬᠠᠨ ᠤ ᠵᠦᠭ ᠲᠤᠯᠤᠭᠠᠢ ᠲᠤᠬᠢᠨ ᠡᠬᠦᠳᠡᠨ ᠵᠦᠭ ᠠᠯᠬᠤᠯᠠᠪᠠ᠃      ᠬᠦᠳᠤᠯ ᠤᠨ ᠭᠤᠤᠯ ᠳᠤ ᠡᠷᠳᠡᠨᠢ ᠲᠠᠢ ᠭᠡᠳᠡᠭ ᠦᠭᠡ ᠦᠨᠡᠨ ᠪᠤᠯᠬᠤ ᠶᠢ ᠦᠨᠤᠳᠤᠷ ᠣᠶᠢᠯᠠᠭᠠᠭᠰᠠᠨ ᠪᠢᠳᠠ ᠭᠤᠷᠪᠠ ᠶᠤᠰᠤᠲᠠᠢ ᠲᠡᠭᠷᠢ ᠶᠢᠨ ᠴᠢᠨᠡᠬᠡᠨ ᠨᠢᠭᠤᠴᠠ ᠶᠢ ᠢᠯᠡᠷᠡᠬᠦᠯᠦᠭᠰᠡᠨ ᠪᠤᠯᠵᠥ ᠲᠡᠷᠬᠡᠨ ᠲᠤᠳᠤᠷ᠎ᠠ ᠪᠠᠨ ᠤᠷᠤᠬᠰᠡᠨ ᠴᠤ ᠨᠡᠮ ᠲᠠᠭᠤᠨ ᠢᠶᠠᠷ ᠶᠠᠷᠢᠯᠴᠠᠵᠥ ᠶᠠᠪᠤᠯ᠎ᠠ᠃      — ᠲᠡᠷᠡ ᠵᠢᠭᠠᠬᠠᠨ ᠨᠢᠳᠤᠨ ᠴᠡᠩᠭᠡᠷ ᠴᠢᠯᠠᠭᠤ ᠡᠩ ᠤᠨ ᠬᠦᠮᠤᠨ ᠤ ᠭᠠᠷ ᠲᠤ ᠬᠤᠶᠠᠷ ᠲᠦᠮᠡ ᠬᠡᠳᠡᠭ ᠴᠢᠨᠢ ᠡᠷᠳᠡᠨᠢ ᠲᠠᠨᠢᠳᠠᠭ ᠬᠦᠮᠤᠨ ᠤ ᠭᠠᠷ ᠲᠤ ᠴᠤᠬᠤᠮ ᠭᠡᠳᠤᠢ ᠬᠠᠩᠰᠢ ᠬᠦᠷᠳᠡᠭ ᠪᠤᠯ︖ ᠵᠠᠮᠪᠠ ᠮᠠᠨᠢ ᠬᠦᠳᠤᠯ ᠤᠨ ᠭᠤᠤᠯ ᠠᠴᠠ ᠯᠤᠤᠰ ᠤᠨ ᠡᠷᠳᠡᠨᠢ ᠶᠢ ᠠᠪᠴᠢᠬᠠᠬᠰᠡᠨ ᠦᠭᠡᠢ ᠪᠢᠵᠠ︖ ᠡᠬᠦᠨ ᠢᠶᠠᠷ ᠦᠵᠡᠬᠦ ᠳᠤ ᠮᠢᠨᠤ ᠨᠤᠳᠤᠭ  ᠲᠤ ᠬᠠᠰᠢᠯᠠ ᠡᠷᠳᠡᠨᠢ ᠲᠠᠢ ᠶᠤᠮ ᠪᠠᠶᠢᠨ᠎ᠠ᠂ ᠭᠡᠳᠤᠨ ᠡᠳᠤᠷ ᠠᠴᠠ ᠪᠢᠲᠠ ᠲᠠᠬᠢᠵᠥ ᠬᠦᠳᠤᠯ ᠤᠨ ᠭᠤᠤᠯ ᠳᠤ ᠬᠦᠷᠴᠤ ᠵᠠᠮᠪᠠ ᠶᠢᠨ ᠡᠷᠳᠡᠨᠢ ᠠᠴᠠ ᠰᠠᠶᠢᠨ ᠮᠦᠷᠲᠡᠬᠡᠨ ᠲᠤᠮᠤ ᠶᠢ ᠤᠯᠤᠶ᠎ᠠ ᠭᠡᠵᠥ ᠭᠠᠮᠪᠠ ᠨᠠᠳᠠ ᠵᠦᠭ ᠬᠦᠭᠡᠷᠤᠨ᠎ᠠ ᠃ ᠵᠠᠮᠪᠠ ᠴᠤ ᠶᠡᠬᠡᠯᠡ ᠲᠤᠬᠳᠤᠯᠵᠥ᠄    —  ᠦᠨᠤᠳᠤᠷ ᠪᠢ ᠲᠠ ᠬᠤᠶᠠᠷ ᠢ ᠪᠤᠳᠠᠭᠠᠯᠠᠶ᠎ᠠ︕ ᠭᠡᠳ ᠲᠡᠷᠭᠡ ᠪᠠᠨ ᠬᠠᠭᠤᠴᠢᠨ ᠵᠠᠩ ᠢᠶᠠᠷ ᠢᠶᠠᠨ ︽ᠢᠳᠡᠬᠦᠷᠢ ᠶᠢᠨ ᠵᠡᠭᠡᠯᠢ︾ ᠵᠦᠭ ᠵᠠᠯᠠᠪᠠ᠃ ᠢᠳᠡᠬᠦᠷᠢ ᠶᠢᠨ ᠵᠡᠭᠡᠯᠢ ᠶᠢᠨ ᠦᠨᠡᠨ ᠨᠡᠷ᠎ᠡ ᠨᠢ ︽ᠬᠠᠨ ᠠᠭᠤᠯᠠ ᠵᠡᠭᠡᠯᠢ ︾ ᠭᠡᠳᠡᠭ ᠪᠤᠯᠪᠠᠴᠤ ᠵᠠᠮ ᠤᠨ ᠬᠤᠶᠠᠷ ᠲᠠᠯ᠎ᠠ ᠪᠠᠷ ᠡᠯᠳᠡᠪ ᠶᠠᠩᠵᠥ ᠶᠢᠨ ᠬᠤᠭᠤᠯᠠᠨ ᠭᠡᠷ᠂ ᠠᠷᠢᠬᠢᠨ ᠠᠰᠠᠷ ᠮᠢᠬ᠎ᠠ ᠨᠤᠭᠤᠭ᠎ᠠ ᠶᠢᠨ ᠲᠡᠯᠬᠡᠬᠦᠷ ᠨᠢᠬᠳᠠ ᠲᠦᠪᠯᠡᠷᠡᠭᠰᠡᠨ ᠪᠤᠯᠬᠤᠷ ᠪᠠᠯᠭᠠᠰᠤ ᠶᠢᠨ ᠬᠦᠮᠤᠰ ᠡᠨᠡᠬᠦ ᠵᠡᠭᠡᠯᠢ ᠶᠢ ︽ᠢᠳᠡᠬᠦᠷᠢ  ᠶᠢᠨ ᠵᠡᠭᠡᠯᠢ︾ ᠭᠡᠵᠥ ᠮᠠᠰᠢ ᠤᠨᠤᠪᠴᠢᠲᠠᠢ ᠨᠡᠷᠡᠯᠡᠭᠰᠡᠨ ᠶᠤᠮ᠃    ᠵᠡᠮᠪᠡ ᠭᠤᠸᠠᠢ ᠶᠢᠨ ᠪᠦᠯᠤ ᠦᠬᠢᠨ ᠲᠡᠬᠦᠤ ᠨᠢ ᠡᠨᠡᠬᠦ ᠵᠡᠭᠡᠯᠢ ᠳᠤ ︽ᠠᠯᠳᠠᠨ ᠨᠠᠮᠤᠷ︾ ᠬᠤᠭᠤᠯᠠᠨ ᠭᠡᠷ ᠡᠷᠬᠢᠯᠡᠵᠥ ᠪᠠᠶᠢᠭ᠎ᠠ ᠲᠤᠯᠠ ᠪᠢᠳᠠ ᠭᠤᠷᠪᠠ ᠬᠡᠳᠤ ᠬᠤᠨᠤᠯ ᠦᠭᠡᠢ ᠨᠢᠭᠡ ᠠᠭᠤᠯᠵᠠᠵᠥ᠂ ᠨᠢᠭᠤᠷ ᠲᠦᠬᠦᠷᠡᠩ ᠢᠨᠢᠶᠡᠮᠰᠦᠭ ᠴᠢᠷᠠᠶᠢᠯᠠᠬᠰᠡᠨ ᠮᠧᠩᠨᠠᠯᠢᠱᠠ ᠶᠢᠨ ᠬᠦᠷᠦᠭ ᠲᠠᠢ ᠲᠤᠳᠤᠷ᠎ᠠ ᠦᠷᠤᠭᠡᠨ ᠳᠤ ᠨᠢ ᠤᠷᠤᠵᠥ ᠨᠠᠶᠢᠷᠯᠡᠵᠥ ᠰᠠᠭᠤᠳᠠᠭ ᠶᠤᠮ᠃ ᠨᠢᠭᠡ ᠰᠢᠷᠡᠭᠡ ᠬᠦᠮᠤᠨ ᠯᠡ ᠪᠠᠭᠳᠠᠬᠤ ᠡᠨᠡᠬᠦ ᠵᠢᠵᠢᠭᠬᠡᠨ ᠦᠷᠤᠭᠡᠨ ᠤ ᠴᠤᠩᠬᠤ ᠨᠢ ᠶᠠᠭ ᠰᠠᠶᠢᠬᠠᠨ ᠵᠡᠭᠡᠯᠢ ᠲᠠᠢ ᠨᠢᠭᠤᠷᠯᠠᠵᠥ ᠪᠠᠶᠢᠬᠤ ᠪᠦᠭᠡᠳ ᠴᠤᠩᠬᠤᠨ ᠬᠠᠵᠠᠭᠤ ᠳᠤ ᠨᠢ ᠨᠢᠭᠡ ᠲᠤᠮᠤ ᠭᠡᠭᠴᠢ ᠰᠠᠬᠰᠠᠭᠠᠷ ᠤᠳᠠ ᠤᠷᠭᠤᠵᠥ ᠪᠠᠶᠢᠳᠠᠭ᠃ ᠤᠨᠵᠠᠶᠢᠬᠰᠡᠨ ᠤᠳᠠᠨ ᠮᠦᠴᠢᠷ ᠨᠢ ᠨᠡᠷᠡᠨ ᠤ ᠭᠡᠷᠡᠯ ᠢ ᠬᠠᠯᠬᠠᠯᠠᠳᠠᠭ ᠠᠴᠠ ᠵᠤᠨ ᠤ ᠬᠠᠯᠠᠭᠤᠨ ᠳᠤ ᠡᠨᠡᠬᠦ ᠦᠷᠤᠭᠡ ᠨᠢ ᠮᠠᠰᠢ ᠰᠡᠷᠢᠬᠦᠨ ᠲᠠᠭᠠᠯᠠᠮᠵᠢᠲᠠᠢ ᠪᠠᠶᠢᠳᠠᠭ᠃ ᠭᠡᠪᠡᠴᠤ ᠨᠢᠭᠡ ᠮᠠᠭᠤ ᠨᠢ ᠴᠤᠩᠬᠤ ᠪᠠᠬᠢᠯᠡᠭᠰᠡᠨ ᠲᠡᠮᠤᠷ ᠰᠡᠷᠡᠯᠵᠢ ᠨᠢ ᠲᠤᠯᠤᠭᠠᠢ ᠰᠢᠷᠭᠤᠵᠥ ᠪᠠᠭᠳᠠᠳᠠᠭ ᠪᠤᠯᠬᠤᠷ ᠬᠡᠳᠤ ᠤᠳᠠᠭ᠎ᠠ ᠬᠤᠭᠤᠯᠡ ᠢᠳᠡᠭᠰᠡᠨ ᠬᠢᠳᠡᠳ ᠤᠳ ᠲᠠᠩᠰᠠ ᠴᠠᠶᠢᠷᠠᠭᠤᠯᠬᠤ ᠠᠴᠠ ᠵᠠᠶᠢᠯᠠᠨ ᠠᠯᠠᠭ᠎ᠠ ᠪᠤᠯᠤᠬᠰᠡᠨ ᠪᠠᠶᠢᠵᠠᠢ᠃ ᠢᠩᠬᠢᠵᠥ ᠬᠡᠳᠤ ᠬᠡᠨᠡᠳᠡᠭᠰᠡᠨ  ᠠᠴᠠ ᠵᠠᠮᠪᠠ ᠶᠢᠨ ᠪᠦᠯᠤ ᠦᠬᠢᠨ ᠲᠡᠬᠦᠦ ᠨᠢ ᠡᠨᠡᠬᠦ ᠦᠷᠤᠭᠡᠨ ᠳᠤ ᠲᠠᠨᠢᠯ ᠪᠤᠰᠤ ᠵᠤᠴᠢᠳ ᠢ ᠤᠷᠤᠭᠤᠯᠬᠤ ᠪᠠᠨ ᠪᠤᠯᠢᠬᠰᠡᠨ ᠨᠢ ᠶᠡᠭᠡ ᠰᠠᠶᠢᠨ ᠪᠠᠶᠢᠵᠥ᠂ ᠤᠳᠠᠭ᠎ᠠ ᠪᠤᠯᠭᠠᠨ ᠰᠡᠷᠢᠬᠦᠨ ᠲᠠᠭᠠᠲᠠᠢ  ᠡᠨᠡᠬᠦ ᠦᠷᠤᠭᠡ ᠨᠢ ᠮᠠᠨ ᠤ ᠭᠤᠷᠪᠠ  ᠶᠢ ᠪᠠᠭᠳᠠᠭᠠᠳᠠᠭ ᠠᠴᠠ ᠡᠨᠡᠬᠦ ᠦᠷᠤᠭᠡ ᠨᠢ ᠮᠠᠨ ᠤ ᠭᠤᠷᠪᠠ ᠶᠢᠨ ᠰᠠᠭᠤᠷᠢᠨ ᠭᠠᠵᠠᠷ ᠪᠤᠯᠴᠢᠬᠠᠬᠰᠡᠨ ᠰᠢᠭ᠋ ᠪᠠᠶᠢᠪᠠ᠃ ᠪᠢᠲᠠ ᠤᠳᠠ ᠮᠤᠳᠤᠨ ᠤ ᠲᠤᠤᠷ᠎ᠠ ᠬᠦᠷᠴᠤ ᠲᠡᠷᠬᠡᠨ ᠠᠴᠠ ᠪᠠᠭᠤᠳᠠᠯ᠎ᠠ ᠴᠣᠩᠬᠤ ᠨᠠᠯᠠᠬᠰᠡᠨ ᠮᠤᠳᠤᠨ ᠰᠡᠬᠦᠳᠡᠷ  ᠲᠤ ᠨᠢᠭᠡ ᠬᠦᠮᠤᠨ ᠭᠡᠪᠳᠡᠵᠥ ᠪᠠᠶᠢᠪᠠ᠃ ᠵᠠᠮᠪᠠ ᠲᠡᠷᠡ ᠬᠦᠮᠤᠨ ᠤ ᠲᠡᠭᠡᠷ᠎ᠡ ᠠᠴᠠ ᠪᠠᠭ᠋ᠠᠨ ᠬᠠᠷᠠᠬᠰᠡᠨ ᠢᠶᠠᠨ ᠲᠠᠨᠢᠴᠢᠬᠠᠬᠰᠡᠨ ᠪᠠᠶᠢᠳᠠᠯ ᠲᠠᠢ ︽ᠪᠠᠰᠠᠯᠠ ᠰᠤᠬᠳᠤᠭᠤ︕︾ ᠭᠡᠵᠥ ᠲᠦᠳᠦᠨᠡᠭᠰᠡᠭᠡᠷ ᠬᠤᠭᠤᠯᠠᠨ ᠭᠡᠷ ᠲᠤ ᠮᠡᠨ ᠢ ᠲᠠᠭᠠᠭᠤᠯᠤᠨ ᠤᠷᠤᠯ᠎ᠠ᠃ ᠬᠡᠳᠤᠨ ᠲᠠᠨᠢᠯ ᠪᠤᠰᠤ ᠬᠦᠮᠤᠨ ᠶᠡᠭᠡ ᠲᠡᠩᠬᠢᠮ ᠳᠤ ᠬᠤᠭᠤᠯᠠ ᠢᠳᠡᠵᠥ ᠪᠠᠶᠢᠬᠤ ᠪᠠᠷ ᠨᠢ ᠪᠢᠲᠠ ᠲᠠᠰᠤᠯ ᠪᠤᠯᠤᠬᠰᠡᠨ ᠨᠦᠬᠦᠭᠡ ᠦᠷᠤᠭᠡᠨ ᠳᠤ ᠪᠠᠨ ᠰᠢᠭᠤᠳᠬᠠᠨ ᠤᠷᠤᠯ᠎ᠠ᠃  ᠮᠡᠨ ᠤ ᠢᠷᠡᠭᠰᠡᠨ ᠢ ᠬᠠᠷᠠᠬᠰᠡᠨ ᠵᠠᠮᠪᠠ ᠶᠢᠨ ᠪᠦᠯᠤ ᠦᠬᠢᠨ ᠲᠡᠬᠦᠦ ᠴᠠᠢ ᠴᠤᠮᠤ ᠲᠡᠬᠦᠵᠢᠯᠡᠨ ᠢᠨᠢᠶᠡᠭᠰᠡᠭᠡᠷ ᠦᠷᠤᠭᠡᠨ ᠳᠤ ᠤᠷᠤᠵᠥ ᠢᠷᠡᠪᠡ᠃ ᠪᠠᠶᠠᠷ ᠦᠭᠡᠢ ᠴᠢᠷᠠᠶᠢᠯᠠᠬᠰᠡᠨ ᠵᠠᠮᠪᠠ ᠲᠡᠬᠦᠨ ᠵᠦᠭ ᠬᠠᠨᠳᠤᠵᠥ᠄    —  ᠲᠡᠷᠡ ᠶᠠᠭᠠᠬᠢᠭᠠᠳ ᠪᠠᠰᠠ ᠢᠷᠡᠴᠢᠭᠡᠪᠡ  ︖  ᠤᠷᠤᠭᠤ ᠲᠠᠢ ᠠᠮᠢᠳᠠᠨ ᠳᠤ ᠨᠢᠭᠤᠷ ᠦᠭᠬᠦᠭᠡᠳ︕ ᠭᠡᠵᠥ ᠴᠤᠩᠬᠤᠨ ᠵᠦᠭ ᠰᠢᠷᠪᠢᠵᠥ ᠠᠪᠤᠪᠠ᠃    — ᠲᠡᠭᠡᠭᠡᠳ ᠶᠠᠭᠠᠬᠢᠨ᠎ᠠ ᠳ᠋ᠠ︖  ᠠᠮᠢᠰᠬᠤᠭ᠎ᠠ ᠲᠠᠢ ᠶᠠᠭᠤᠮ᠎ᠠ ᠵᠦᠳᠡᠭᠡᠳ ᠢᠷᠡᠬᠦᠯᠡᠷ ᠨᠢ ᠬᠤᠭᠤᠯᠠ ᠦᠭᠬᠦᠭᠰᠡᠨ᠂ ᠪᠠᠰᠠ ᠯᠡ ᠵᠡᠭᠡᠯᠢ ᠪᠠᠷ ᠲᠡᠨᠤᠵᠥ ᠪᠠᠶᠢᠨ᠎ᠠ ᠤᠤ︖    — ᠵᠡᠭᠡᠯᠢ ᠪᠠᠷ ᠲᠡᠨᠤᠵᠥ ᠪᠠᠶᠢᠬᠤ ᠦᠭᠡᠢ᠂ ᠴᠤᠩᠬᠤᠨ ᠲᠤᠤᠷ᠎ᠠ ᠴᠢᠨᠢ ᠬᠤᠷᠬᠢᠷᠠᠵᠥ ᠪᠠᠶᠢᠨ᠎ᠠ ᠁ ᠭᠡᠬᠦ ᠳᠤ ᠦᠬᠢᠨ ᠲᠡᠬᠦᠤ ᠨᠢ ᠬᠦᠮᠤᠰᠬᠡ ᠠᠳᠤᠷᠢᠨ᠄    — ᠦᠢᠯᠡ ᠡ᠂ ᠪᠠᠰᠠ ᠦᠯᠡᠳᠡᠪᠦᠷᠢ ᠠᠷᠢᠬᠢ ᠠᠴᠠ ᠨᠢᠭᠤᠵᠥ ᠤᠤᠭᠤᠴᠢᠬᠰᠡᠨ ᠪᠠᠶᠢᠨ᠎ᠠ ᠰᠢᠲᠠ ᠭᠡᠵᠥ ᠴᠤᠩᠬᠤᠨ ᠵᠦᠭ ᠤᠶᠢᠷᠡᠳᠬᠤ ᠭᠡᠬᠦ ᠪᠠᠷ ᠨᠢ ᠵᠠᠮᠪᠠ᠄    — ᠬᠠᠮᠢᠶᠠᠷᠬᠤ ᠭᠡᠷᠡᠭ ᠦᠭᠡᠢ ᠮᠠᠭᠤ ᠰᠡᠭ ᠢ᠂ ᠴᠢᠮ᠎ᠠ ᠶᠢ ᠬᠠᠶᠠᠬᠤ ᠦᠶ᠎ᠡ ᠳᠤ ᠡᠶᠢᠮᠤ ᠪᠤᠯᠬᠤ ᠪᠠᠨ ᠮᠡᠳᠡᠭᠡ ᠦᠭᠡᠢ ᠲᠡᠨᠡᠭ ᠶᠤᠮ᠂ ᠪᠠᠶᠢᠴᠢᠬ᠎ᠠ︕  ᠲᠡᠭᠡᠬᠦ ᠶᠢᠨ ᠤᠷᠤᠨ ᠳᠤ ᠲᠦᠷᠬᠡᠬᠡᠨ ᠬᠤᠶᠠᠷ ᠨᠤᠭᠤᠭ᠎ᠠ ᠬᠠᠭᠤᠷᠤᠭᠠᠳ ᠤᠷᠤᠭᠤᠯ ᠭᠡᠪᠡ᠃ ᠪᠦᠯᠤ ᠲᠡᠬᠦᠦ ᠨᠢ ᠴᠤᠩᠬᠤᠨ ᠵᠦᠭ ᠬᠡᠳᠤ ᠬᠠᠷᠠᠭᠠᠳ ᠭᠠᠷᠴᠤ ᠶᠠᠪᠤᠪᠠ᠃ ᠵᠠᠮᠪᠠ ᠴᠠᠢ ᠬᠢᠵᠥ ᠤᠭᠤᠴᠢᠯᠠᠬᠰᠡᠨ ᠢᠶᠠᠨ᠄    — ᠬᠦᠮᠤᠨ ᠭᠡᠳᠡᠭ ᠨᠢᠬᠦᠯ ᠲᠠᠢ ᠶᠠᠪᠤᠵᠥ ᠪᠤᠯᠬᠤ ᠦᠭᠡᠢ᠂ ᠬᠡᠳᠤᠨ ᠵᠢᠯ ᠤᠨ ᠡᠮᠤᠨ᠎ᠡ ᠡᠨᠡ ᠭᠠᠶᠢᠬᠠᠯ ᠱᠤᠶᠢᠱᠤᠭ ᠲᠠᠢ ᠨᠡᠶᠢᠯᠡᠵᠥ ᠮᠠᠨ ᠤ ᠦᠬᠢᠨ ᠲᠡᠬᠦᠦ ᠲᠠᠢ ᠰᠠᠯᠤᠭᠠᠳ ᠰᠠᠶᠢᠨ ᠢᠶᠠᠨ ᠦᠵᠡᠵᠥ ᠲᠡᠪᠡᠯᠡᠭᠰᠡᠨ ᠦᠭᠡᠢ ᠶᠤᠮ᠂ ᠲᠡᠷᠭᠡ ᠪᠠᠨ ᠬᠦᠷᠪᠡᠭᠦᠯᠵᠥ ᠬᠡᠳᠤᠨ ᠬᠦᠮᠤᠨ ᠤ ᠠᠮᠢ ᠶᠢ ᠠᠪᠤᠭᠠᠳ ᠪᠠᠶᠢᠳᠠᠭ ᠪᠠᠨ ᠪᠠᠷᠠᠵᠥ ᠪᠠᠯᠢᠩ ᠲᠠᠬᠢᠯ  ᠢᠶᠠᠨ ᠬᠤᠷᠢᠶᠠᠯᠭᠠᠭᠰᠠᠨ ᠶᠤᠮ᠃ ᠤᠳᠤ ᠱᠦᠢᠱᠤᠭ ᠡᠮ᠎ᠡ ᠴᠤ ᠦᠭᠡᠢ ᠱᠤᠳᠤᠷᠠᠬᠤ ᠭᠡᠷ ᠤᠷᠤᠨ ᠴᠤ ᠦᠭᠡᠢ ᠪᠤᠯᠤᠭᠠᠳ ᠬᠠᠶᠠᠬᠳᠠᠮᠠᠯ ᠲᠡᠬᠦᠳᠡᠭ ᠠᠪᠤ ᠪᠠᠨ ᠲᠦᠰᠢᠨ ᠭᠡᠷ ᠲᠦᠷᠢᠶᠡᠰᠦᠯᠡᠨ ᠠᠮᠢᠳᠤᠷᠠᠵᠥ ᠪᠠᠶᠢᠨ᠎ᠠ᠃ ᠠᠪᠤ ᠨᠢ ᠬᠦᠭᠡᠷᠦᠬᠦᠢ᠂ ᠬᠦᠳᠡᠭᠡ ᠳᠡᠭᠡᠨ ᠨᠤᠳᠤᠭ ᠲᠠᠢ ᠪᠠᠶᠢᠬᠰᠡᠨ ᠪᠤᠯ ᠠᠷᠭᠠᠯ ᠢᠶᠠᠨ ᠲᠡᠬᠦᠭᠰᠡᠨ ᠴᠤ ᠵᠢᠷᠭᠠᠯ ᠰᠢᠤ ᠭᠡᠵᠥ ᠨᠠᠳᠠ ᠳᠤ ᠶᠠᠷᠢᠳᠠᠭ ᠶᠤᠮ ᠭᠡᠵᠥ ᠰᠠᠨᠠᠭ᠎ᠠ ᠠᠯᠳᠠᠬᠰᠡᠨ ᠢᠶᠠᠨ᠄    — ᠮᠢᠨᠤ ᠡᠨᠡ ᠦᠬᠢᠨ ᠲᠠᠬᠦᠦ ᠦᠷᠤ ᠵᠦᠭᠡᠯᠡᠨ ᠪᠤᠯᠬᠤᠷ ᠠᠪᠤ ᠳᠤ ᠨᠢ ᠤᠳᠤ ᠶᠢᠨ ᠨᠦᠬᠦᠷ ᠠᠴᠠ ᠪᠠᠨ ᠨᠢᠭᠤᠵᠥ ᠬᠠᠪᠴᠢᠭᠠᠳ ᠢᠳᠡᠵᠥ ᠤᠭᠤᠤᠬᠤ ᠶᠠᠭᠤᠮ᠎ᠠ ᠪᠤᠯᠤᠨ ᠵᠤᠭᠤᠰ ᠵᠤᠭ᠎ᠠ ᠦᠭᠳᠡᠭ ᠶᠤᠮ᠃ ᠭᠡᠪᠡᠴᠤ ᠡᠨᠡ ᠮᠠᠭᠤ ᠰᠡᠭ ᠲᠤ ᠬᠤᠭᠤᠯᠠ ᠪᠤᠳᠠᠭ᠎ᠠ ᠦᠭᠬᠦᠨ᠎ᠠ ᠭᠡᠳᠡᠭ ᠲᠤ ᠨᠢ ᠪᠢ ᠲᠤᠳᠤᠷ᠎ᠠ ᠠᠴᠠ ᠪᠠᠨ ᠠᠭᠤᠷ ᠬᠦᠷᠤᠭᠡᠳ ᠪᠠᠶᠢᠬᠤ ᠶᠤᠮ ᠭᠡᠳ ᠭᠠᠳᠠᠬᠰᠢ ᠬᠠᠷᠠᠪᠠ᠃ ᠵᠠᠮᠪᠠ ᠡᠩ ᠤᠨ ᠦᠶ᠎ᠠ ᠳᠤ ᠪᠦᠯᠤ ᠦᠬᠢᠨ ᠲᠡᠬᠦᠤ ᠶᠢᠨ ᠢᠶᠠᠨ ᠲᠤᠬᠠᠢ ᠮᠡᠨ ᠳᠤ ᠶᠠᠷᠤᠨᠢ ᠭᠠᠷᠭᠠᠵᠥ ᠶᠠᠷᠢᠳᠠᠭ ᠦᠭᠡᠢ ᠶᠤᠮ᠃ ᠦᠨᠤᠳᠤᠷ ᠡᠳᠡᠭᠡᠷ ᠪᠠᠶᠢᠳᠠᠯ ᠢ ᠣᠶᠢᠯᠠᠭᠠᠭᠠᠳ ᠭᠠᠮᠪᠠ ᠪᠢᠲᠠ ᠬᠤᠶᠠᠷ ᠠᠯᠢ ᠠᠯᠢᠨ ᠤ ᠬᠢᠨ ᠡᠮᠤᠨ᠎ᠠ ᠠᠴᠠ ᠴᠤ ᠪᠠᠭ᠋ᠠᠨ ᠵᠤᠪᠠᠵᠥ ᠠᠪᠤᠯ᠎ᠠ᠃ ᠴᠤᠩᠬᠤᠨ ᠲᠤᠤᠷ᠎ᠠ ᠬᠤᠷᠬᠢᠷᠠᠨ ᠤᠨᠳᠠᠵᠥ ᠪᠠᠶᠢᠭ᠎ᠠ ᠰᠤᠬᠳᠤᠭᠤ ᠮᠠᠨ ᠤ ᠬᠦᠭᠰᠡᠵᠥ ᠢᠷᠡᠭᠰᠡᠨ ᠰᠡᠳᠬᠢᠯ ᠳᠤ ᠬᠦᠢᠲᠠᠨ ᠤᠰᠤ ᠰᠠᠴᠤᠬᠰᠡᠨ ᠪᠤᠯᠪᠠᠴᠤ ᠵᠠᠮᠪᠠ ᠮᠠᠨᠢ ᠨᠢᠳᠤᠨ ᠴᠡᠩᠭᠡᠷ ᠴᠢᠯᠠᠭᠤ ᠪᠠᠨ ᠰᠢᠷᠡᠭᠡᠨ ᠲᠡᠭᠡᠷ᠎ᠡ ᠭᠠᠷᠭᠠᠬᠤ ᠲᠠᠢ ᠵᠡᠷᠭᠡ ᠪᠢᠲᠠ ᠪᠠᠰᠠ ᠯᠡ ᠪᠠᠶᠠᠰᠤᠯᠳᠤᠵᠥ ᠡᠬᠢᠯᠡᠭᠰᠡᠨ ᠶᠤᠮ᠃ᠭᠤᠷᠪᠠᠭᠤᠯᠠ ᠶᠠᠷᠢᠵᠥ ᠬᠦᠭᠡᠷᠤᠨ ᠬᠤᠭᠤᠯᠠ ᠪᠠᠨ ᠢᠳᠡᠵᠥ ᠪᠠᠷᠠᠭᠠᠳ ᠦᠳᠡ ᠶᠢᠨ ᠬᠤᠶᠢᠨ᠎ᠠ ᠲᠡᠮᠡᠢ ᠤᠴᠢᠷ ᠦᠭᠡᠢ ᠲᠤᠯᠠ ᠬᠦᠳᠤᠯ ᠤᠨ ᠭᠤᠤᠯ ᠵᠦᠭ ᠴᠢᠯᠠᠭᠤᠨ ᠡᠷᠢᠯ ᠳᠤ ᠶᠠᠪᠤᠬᠤ ᠪᠠᠷ ᠲᠦᠯᠦᠪᠯᠡᠪᠡ᠃ ᠪᠢᠲᠠ ᠢᠳᠡᠵᠥ ᠤᠤᠭᠤᠵᠤ ᠪᠠᠷᠠᠭᠠᠳ ᠭᠠᠳᠠᠨ᠎ᠠ ᠭᠠᠷᠬᠤ ᠳᠤ ᠦᠨᠤ ᠰᠤᠬᠳᠤᠭᠤ ᠬᠠᠷᠢᠨ ᠲᠡᠷᠭᠡᠨ ᠤ ᠬᠠᠵᠠᠭᠤ ᠳᠤ ᠰᠠᠭᠤᠴᠢᠬᠰᠡᠨ ᠵᠠᠮᠪᠠ ᠶᠢ ᠬᠠᠷᠠᠭᠠᠳ᠄    —  ᠠᠬ᠎ᠠ ᠡ᠂  ᠲᠠ ᠪᠤᠯ ᠰᠠᠶᠢᠨ ᠬᠦᠮᠤᠨ᠂ ᠪᠢ ᠪᠠᠰᠠ ᠬᠦᠳᠤᠯ ᠤᠨ ᠭᠤᠤᠯ ᠳᠤ ᠶᠠᠪᠤᠶ᠎ᠠ ᠬᠡᠴᠢᠭᠰᠡᠨ ᠪᠠᠶᠢᠪᠠ᠃  ᠡᠨᠡ ᠦᠶ᠎ᠠ ᠳᠤ ᠮᠠᠨ ᠤ ᠴᠠᠬᠳᠠᠭ᠎ᠠ ᠭᠠᠮᠪᠠ᠄    — ᠴᠠᠰᠢ ᠪᠠᠨ ᠴᠢ︕ ᠬᠡᠨ ᠴᠢᠮ᠎ᠠ ᠲᠠᠢ ᠴᠤᠭ ᠶᠠᠪᠤᠬᠤ ᠶᠤᠮ︖ ᠭᠡᠵᠥ ᠬᠠᠰᠬᠢᠷᠪᠠ᠃ ᠵᠠᠮ ᠢᠶᠠᠷ ᠦᠩᠭᠡᠷᠡᠬᠦ ᠬᠡᠳᠤᠨ ᠬᠦᠮᠤᠨ ᠲᠠᠬᠦᠨ ᠤ ᠲᠠᠭᠤᠨ ᠳᠤ ᠰᠤᠴᠢᠰᠬᠢᠨ ᠡᠷᠬᠢᠨ ᠬᠠᠷᠠᠵᠥ ᠪᠠᠶᠢᠪᠠ᠃ ᠵᠠᠮᠪᠠ ᠭᠠᠮᠪᠠ ᠵᠦᠭ ᠭᠠᠷ ᠰᠠᠵᠢᠨ ᠰᠤᠬᠳᠤᠭᠤ ᠵᠦᠭ ᠬᠡᠰᠡᠭ ᠬᠠᠷᠠᠬᠰᠠᠨ ᠢᠶᠠᠨ᠄    — ᠪᠤᠯᠵᠠᠢ᠂ ᠲᠡᠬᠦᠨ ᠢ ᠠᠳᠡ ᠠᠴᠠ ᠵᠠᠶᠢᠯᠠᠭᠤᠯᠵᠥ  ᠭᠡᠷ ᠤᠶᠢᠷᠡᠯᠴᠠᠭ᠎ᠠ ᠨᠢ ᠠᠪᠠᠴᠢᠵᠥ ᠬᠠᠶᠠᠶ᠎ᠠ ᠭᠡᠳ ᠠᠷᠤ ᠡᠬᠦᠳᠠ ᠪᠠᠨ ᠨᠡᠭᠡᠭᠡᠵᠥ ᠰᠤᠬᠳᠤᠭᠤ ᠶᠢ ᠲᠡᠷᠭᠡᠨ ᠳᠤ ᠰᠠᠭᠤᠯᠭᠠᠪᠠ᠃  ᠲᠡᠷᠭᠡ ᠬᠦᠳᠡᠯᠬᠦ ᠳᠤ ᠰᠤᠬᠳᠤᠭᠤ ᠴᠤ ᠠᠮᠠ ᠨᠡᠭᠡᠭᠡᠵᠥ᠄    — ᠪᠢ ᠲᠠ ᠨᠠᠷ ᠤᠨ ᠶᠠᠷᠢᠶ᠎ᠠ ᠶᠢ ᠪᠦᠬᠦᠨ ᠢ ᠰᠤᠨᠤᠰᠤᠬᠰᠡᠨ᠂ ᠪᠢ ᠲᠠᠨ ᠳᠤ ᠨᠢᠭᠡ ᠨᠢᠭᠤᠴᠠ ᠵᠦᠢᠯ ᠶᠠᠷᠢᠶ᠎ᠠ᠃ ᠬᠦᠳᠤᠯ ᠤᠨ ᠭᠤᠤᠯ ᠳᠤ ᠪᠠᠶᠢᠳᠠᠭ ᠦᠩᠭᠡ ᠲᠠᠢ ᠴᠢᠯᠠᠭᠤᠳ ᠴᠢᠨᠢ ᠭᠤᠤᠯ ᠲᠤᠳᠤᠷ᠎ᠠ ᠠᠴᠠ ᠤᠷᠭᠤᠬᠰᠡᠨ ᠪᠢᠰᠢ᠂ ᠠᠷᠤ ᠶᠢᠨ ᠲᠠᠪᠠᠭᠠᠨ ᠠᠴᠠ ᠢᠳᠡᠭ ᠢᠳᠡᠭ ᠢᠶᠠᠷ ᠭᠤᠤᠯ ᠳᠤ ᠤᠷᠤᠰᠴᠤ ᠤᠷᠤᠬᠰᠡᠨ ᠶᠤᠮ᠃ ᠤᠰᠤ ᠭᠡᠳᠡᠭ ᠠᠶᠤᠮᠠᠷ ᠶᠠᠭᠤᠮ᠎ᠠ ᠰᠢᠤ᠂ ᠲᠡᠳᠡᠭᠡᠷ ᠴᠢᠯᠠᠭᠤᠳ ᠢ ᠤᠳᠠᠭᠠᠨ ᠤᠨ ᠶᠦᠷᠬᠦᠬᠦᠯᠵᠥ ᠳᠡᠪᠲᠦᠭᠡᠵᠦ ᠦᠩᠬᠡ ᠬᠢᠯᠪᠠᠭ᠎ᠠ ᠤᠷᠤᠭᠤᠯᠤᠬᠰᠡᠨ ᠶᠤᠮ᠃ ᠬᠦᠳᠤᠯ ᠤᠨ ᠭᠤᠤᠯ ᠤᠨ ᠠᠷᠤ ᠶᠢᠨ ᠦᠩᠭᠡᠳᠤ ᠴᠢᠯᠠᠭᠤ ᠤᠷᠭᠤᠳᠠᠭ ᠲᠡᠷᠡ ᠲᠤᠪᠤ ᠶᠢ ᠨᠤᠳᠤᠭ ᠤᠨ ᠴᠦᠬᠡᠨ ᠬᠦᠮᠤᠨ ᠮᠡᠳᠡᠳᠡᠭ ᠴᠤ ᠠᠭᠤᠯᠠ ᠶᠢᠨ ᠲᠠᠷᠬᠠᠨ ᠪᠤᠶᠠᠨ᠂ ᠬᠡᠨ ᠬᠦᠳᠡᠯᠭᠡᠪᠡᠯ ᠬᠡᠨ ᠳᠤ ᠵᠤᠯ ᠪᠤᠰᠤ ᠤᠴᠢᠷ ᠢᠷᠡᠨ᠎ᠠ ᠭᠡᠳ ᠤᠬᠳᠤ ᠬᠦᠳᠡᠯᠭᠡᠳᠡᠭ ᠦᠭᠡᠢ ᠶᠤᠮ᠃ ᠲᠡᠷᠡ ᠭᠠᠵᠠᠷ ᠢ ᠪᠢ ᠰᠠᠶᠢᠬᠠᠨ ᠮᠡᠳᠡᠨ᠎ᠠ ᠡ ᠭᠡᠪᠡ᠃ ᠡᠨᠡ ᠦᠭᠡ ᠶᠢ ᠰᠤᠨᠤᠰᠤᠬᠰᠡᠨ ᠵᠠᠮᠪᠠ ᠰᠤᠬᠳᠤᠭᠤ ᠶᠢᠨ ᠭᠡᠷ ᠵᠦᠭ ᠶᠠᠪᠤᠬᠰᠡᠨ ᠵᠠᠮ ᠢᠶᠠᠨ ᠲᠤᠤᠷ᠎ᠠ ᠪᠠᠨ ᠦᠬᠡᠷᠡᠴᠢᠯᠠᠵᠥ ᠰᠢᠭᠤᠳ ᠬᠦᠳᠤᠯ ᠤᠨ ᠭᠤᠤᠯ ᠵᠦᠭ ᠵᠢᠯᠤᠭᠤ ᠵᠠᠯᠠᠪᠠ᠃ ᠵᠠᠮᠪᠠ ᠶᠢᠨ ᠰᠠᠨᠠᠭ᠎ᠠ ᠶᠢ ᠮᠡᠳᠡᠭᠰᠡᠨ ᠭᠠᠮᠪᠠ ᠴᠤ ᠰᠠᠭᠤᠳᠠᠯ ᠠᠴᠠ ᠦᠨᠳᠡᠶᠢᠵᠥ ᠠᠷᠤ ᠰᠠᠭᠤᠳᠠᠯ ᠳᠤ ᠠᠳᠤᠷᠢᠨ ᠰᠠᠭᠤᠬᠰᠡᠨ ᠰᠤᠬᠳᠤᠭᠤ ᠵᠦᠭ᠄    — ᠴᠢ ᠪᠢᠲᠡᠭᠡᠢ ᠬᠤᠳᠠᠯ ᠲᠤᠩᠭᠤᠰ᠂  ᠲᠠᠬᠢᠭᠠᠳ ᠬᠤᠳᠠᠯ ᠲᠤᠩᠭᠤᠰᠪᠠᠯ ᠴᠢᠮ᠎ᠠ ᠶᠢ ᠬᠦᠭᠡᠭᠡᠵᠥ ᠪᠠᠭᠤᠯᠭᠠᠨ᠎ᠠ ᠰᠢᠤ︕ ᠭᠡᠵᠥ ᠦᠭᠡ ᠶᠢ ᠨᠢ ᠴᠠᠰᠢ ᠪᠠᠨ ᠱᠠᠬᠯᠠᠪᠠ᠃    — ᠶᠠᠭᠤᠨ ᠳᠤ ᠬᠤᠳᠠᠯ ᠲᠤᠩᠭᠤᠰᠬᠤ ᠪᠤᠢ︖ ᠪᠢ ᠵᠠᠮᠪᠠ ᠠᠬ᠎ᠠ ᠪᠠᠨ ᠯᠠᠪ ᠬᠤᠳᠠᠯ ᠬᠡᠯᠡᠬᠦ ᠦᠭᠡᠢ᠂ ᠪᠢ ᠲᠡᠷᠡ ᠭᠠᠵᠠᠷ ᠢ ᠠᠯᠠᠭᠠᠨ ᠵᠢᠷᠤᠭᠠᠰᠤ ᠪᠠᠨ ᠰᠢᠭ᠋ ᠮᠡᠳᠡᠨ᠎ᠠ᠂ ᠨᠢᠭᠡ ᠵᠢᠵᠢᠭᠬᠡᠨ ᠲᠤᠪᠤ ᠶᠤᠮ ᠁  ᠬᠦᠮᠤᠨ ᠮᠡᠳᠡᠬᠦ ᠦᠭᠡᠢ ᠡ ᠁ ᠭᠡᠵᠥ ᠬᠡᠯᠡᠭᠰᠡᠨ ᠢᠶᠠᠨ ᠦᠨᠡᠨᠴᠢᠯᠠᠵᠥ ᠲᠤᠯᠤᠭᠠᠢ ᠲᠠᠮᠠᠷᠤᠳᠠᠨ᠎ᠠ᠃    — ᠪᠢᠲᠠ ᠴᠢᠨᠢ ᠦᠨᠤᠳᠤᠷ ᠬᠦᠮᠤᠨ ᠢᠶᠠᠨ ᠤᠯᠵᠥ ᠲᠡᠭᠡᠭᠰᠡᠨ ᠪᠠᠶᠢᠨ᠎ᠠ ᠁ ᠭᠡᠵᠥ ᠭᠠᠮᠪᠠ ᠵᠠᠮᠪᠠ ᠵᠦᠭ ᠰᠡᠮᠡᠭᠡᠷ ᠬᠠᠷᠠᠵᠥ ᠢᠨᠢᠶᠡᠪᠡ᠃  ᠵᠠᠮᠪᠠ ᠶᠠᠭᠤ ᠴᠤ ᠲᠤᠤᠭᠠᠷᠬᠤ ᠦᠭᠡᠢ ᠲᠡᠷᠭᠡ ᠪᠠᠨ ᠪᠠᠷᠢᠵᠥ ᠵᠠᠮ ᠢᠶᠠᠨ ᠬᠠᠷᠠᠨ᠎ᠠ᠃ ᠠᠷᠤ ᠰᠠᠭᠤᠳᠠᠯ ᠳᠤ ᠰᠤᠬᠳᠤᠭᠤ ᠪᠢᠲᠠ ᠬᠤᠶᠠᠷ ᠪᠠᠶᠢᠬᠰᠡᠨ ᠪᠤᠯᠬᠤᠷ ᠪᠢ ᠦᠨᠡᠨ ᠬᠤᠳᠠᠯ ᠢ ᠨᠢ ᠲᠤᠳᠤᠯᠠᠬᠤ ᠪᠠᠷ ᠶᠠᠭᠠᠷᠠᠨ᠄    — ᠵᠠ᠂ ᠦᠨᠤᠳᠤᠷ ᠪᠢᠲᠠ ᠲᠦᠷᠪᠡ ᠨᠢᠭᠡ ᠭᠠᠯ ᠪᠤᠯᠤᠯ᠎ᠠ᠂ ᠲᠠ ᠬᠤᠳᠠᠯ ᠬᠡᠯᠡᠭᠡ ᠦᠭᠡᠢ ᠪᠤᠯ ᠲᠡᠷᠡ ᠭᠠᠵᠠᠷ  ᠲᠠᠭᠠᠨ ᠮᠡᠨ ᠢ ᠲᠠᠭᠠᠭᠤᠯᠤᠭᠠᠳ ᠤᠴᠢ᠂᠂ ᠦᠨᠠᠨ ᠬᠤᠳᠠᠯ ᠢ ᠨᠢ ᠪᠢᠲᠠ ᠦᠵᠡᠶ᠎ᠠ︕ ᠭᠡᠪᠡ᠃    — ᠦᠨᠡᠨ ᠡ︕ ᠡᠨᠡ ᠵᠠᠮ ᠢᠶᠠᠷ ᠰᠢᠭᠤᠳᠬᠠᠨ ᠶᠠᠪᠤ᠂ ᠮᠤᠷᠤᠶᠢᠬᠤ ᠭᠠᠵᠠᠷ ᠨᠢ ᠬᠦᠷᠪᠡᠯ ᠪᠢ ᠬᠡᠯᠡᠵᠥ ᠦᠭᠬᠦᠶ᠎ᠠ ᠭᠡᠪᠡ᠃ ᠪᠢᠲᠠ ᠲᠡᠬᠦᠨ ᠤ ᠶᠠᠷᠢᠬᠤ ᠶᠢ ᠦᠨᠡᠮᠰᠢᠵᠥ ᠲᠠᠬᠦᠨ ᠢ ᠭᠠᠮᠪᠠ ᠶᠢᠨ ᠤᠷᠤᠨ ᠳᠤ ᠵᠠᠯᠠᠵᠥ ᠰᠠᠭᠤᠯᠭᠠᠭᠠᠳ ᠲᠠᠪᠬᠢᠯ᠎ᠠ᠃ ᠨᠠᠯᠢᠶᠠᠳ ᠲᠠᠪᠬᠢᠭᠠᠳ ᠲᠡᠬᠦᠨ ᠤ ᠵᠢᠭᠠᠬᠰᠡᠨ ᠭᠠᠵᠠᠷ ᠵᠠᠮ ᠠᠴᠠ ᠪᠠᠭᠤᠵᠥ ᠨᠠᠷᠢᠬᠠᠨ ᠵᠦᠷᠢᠭ ᠪᠠᠷᠢᠵᠥ ᠲᠠᠪᠠᠭ᠎ᠠ ᠦᠭᠰᠤᠯ᠎ᠠ᠃ ᠡᠪᠡᠰᠤ ᠬᠠᠷᠠᠭᠠᠨ᠎ᠠ ᠲᠠᠢ ᠨᠢᠭᠡ ᠬᠡᠰᠡᠭ ᠭᠠᠵᠠᠷ ᠢᠶᠠᠷ ᠦᠭᠡᠳᠡᠯᠡᠨ ᠲᠠᠪᠬᠢᠵᠥ ᠶᠠᠪᠤᠳᠠᠯ᠎ᠠ ᠰᠤᠬᠳᠤᠭᠤ ᠮᠠᠨᠢ ᠡᠮᠤᠨ᠎ᠡ ᠬᠠᠷᠠᠬᠳᠠᠬᠤ ᠲᠤᠪᠤ ᠶᠢ ᠵᠢᠭᠠᠵᠥ᠄    — ᠤᠳᠤ ᠬᠦᠷᠦᠯ᠎ᠠ᠂ ᠶᠠᠭ ᠲᠠᠷᠠ ᠲᠤᠪᠤ︕ ᠭᠡᠵᠥ ᠵᠢᠭᠠᠪᠠ᠃  ᠪᠢᠲᠠ ᠤᠳᠠᠯ ᠦᠭᠡᠢ ᠲᠡᠷᠡ ᠲᠤᠪᠤᠨ ᠳᠤ ᠬᠦᠷᠬᠦ ᠳᠤ ᠬᠦᠳᠤᠯ ᠤᠨ ᠭᠤᠤᠯ ᠳᠤ ᠪᠠᠶᠢᠳᠠᠭ ᠦᠭᠡᠢ ᠡᠯᠳᠡᠪ ᠦᠩᠭᠡ ᠲᠠᠢ ᠴᠢᠯᠠᠭᠤ ᠲᠡᠷᠭᠡᠨ ᠤ ᠬᠠᠵᠠᠭᠤ ᠪᠠᠷ ᠡᠷᠢᠶᠡᠯᠵᠡᠬᠦ ᠳᠤ ᠨᠢᠳᠤ ᠰᠡᠳᠬᠢᠯ ᠨᠢᠭᠡᠯᠡ ᠭᠡᠷᠡᠯᠳᠤᠵᠥ ᠡᠬᠢᠯᠡᠪᠡ᠃ ᠰᠤᠨᠢᠨ ᠭᠠᠶᠢᠬᠠᠯᠲᠠᠢ ᠡᠨᠡᠬᠦ ᠦᠵᠡᠭᠳᠡᠯ ᠨᠢ ᠶᠠᠭ ᠯᠡ ᠭᠠᠯᠠᠪ ᠪᠦᠷᠢᠯᠳᠤᠬᠦ ᠦᠶ᠎ᠠ ᠳᠤ ᠭᠠᠳᠠᠷ ᠤᠷᠴᠢᠯᠠᠩ ᠠᠴᠠ ᠢᠷᠡᠭᠰᠡᠨ ᠦᠩᠭᠡᠳᠤ ᠰᠤᠯᠢᠷ ᠡᠨᠡ ᠭᠠᠵᠠᠷ ᠲᠤ ᠲᠡᠯᠪᠡᠷᠡᠭᠰᠡᠨ ᠰᠢᠭ ᠰᠡᠷᠡᠯᠲᠡ ᠦᠭᠬᠦᠨ᠎ᠠ᠃  ᠭᠠᠮᠪᠠ ᠮᠢᠨᠤ ᠵᠦᠭ ᠬᠠᠨᠳᠤᠵᠥ᠄    — ᠪᠢ ᠴᠢᠨᠢ ᠡᠨᠡ ᠨᠤᠳᠤᠭ ᠤᠨ ᠬᠦᠮᠤᠨ ᠪᠠᠶᠢᠲᠠᠯ᠎ᠠ ᠪᠠᠨ ᠠᠳᠡ ᠡᠶᠢᠮᠤ ᠴᠢᠯᠠᠭᠤ ᠪᠠᠶᠢᠬᠤ ᠶᠢ ᠲᠠᠭ ᠮᠡᠳᠡᠬᠦ ᠦᠭᠡᠢ ᠨᠢ ᠡ ᠭᠡᠵᠥ ᠦᠪᠡᠷ ᠢ ᠪᠠᠨ ᠰᠤᠨᠢᠷᠬᠠᠬᠤ ᠮᠦᠷᠲᠡᠭᠡᠨ ᠬᠠᠷᠠᠮᠰᠠᠬᠤ ᠢᠯᠡᠷᠡᠯ ᠲᠠᠢ ᠪᠠᠶᠢᠪᠠ᠃  ᠲᠡᠷᠡ ᠨᠢᠳᠤ ᠰᠠᠯᠭᠠᠯ ᠦᠭᠡᠢ ᠭᠠᠳᠠᠬᠰᠢ ᠰᠢᠷᠳᠡᠵᠥ ᠪᠠᠶᠢᠬᠰᠡᠨ ᠢᠶᠠᠨ ᠬᠡᠳᠤᠨ ᠰᠠᠶᠢᠬᠠᠨ ᠴᠢᠯᠠᠭᠤ ᠬᠠᠷᠠᠬᠰᠡᠨ ᠪᠤᠯᠤᠯᠲᠠᠢ ᠲᠡᠷᠭᠡ ᠵᠤᠬᠰᠤᠬᠤ ᠶᠢ ᠬᠦᠰᠡᠭᠰᠡᠨ ᠳᠤ ᠰᠤᠬᠳᠤᠭᠤ ᠬᠠᠷᠢᠨ ᠦᠯᠤ ᠲᠣᠭᠤᠮᠰᠠᠷᠯᠠᠭᠰᠠᠨ ᠶᠠᠩᠵᠤ ᠲᠠᠢ ᠭᠠᠮᠪᠠ ᠵᠦᠭ ᠡᠷᠬᠢᠵᠥ ᠬᠠᠷᠠᠭᠠᠳ᠄    — ᠴᠢ ᠦᠨᠡᠭᠡᠷ ᠶᠠᠭᠤᠮ᠎ᠠ ᠦᠵᠡᠭᠡ ᠦᠭᠡᠢ ᠪᠠᠨ ᠭᠠᠷᠭᠠᠵᠥ ᠪᠠᠶᠢᠨ᠎ᠠ᠂ ᠤᠷᠤᠢ ᠲᠡᠭᠡᠷ᠎ᠡ ᠤᠷᠭᠤᠵᠥ ᠪᠠᠶᠢᠭ᠎ᠠ ᠲᠡᠷᠡ ᠰᠠᠶᠢᠬᠠᠨ ᠴᠢᠯᠠᠭᠤᠳ ᠢ ᠬᠠᠷᠠᠪᠠᠯ ᠴᠢ ᠶᠠᠭᠠᠬᠢᠳᠠᠭ ᠶᠤᠮ︖ ᠭᠡᠪᠡ᠃ ᠰᠤᠬᠳᠤᠭᠤ ᠶᠢᠨ ᠦᠭᠡᠨ ᠳᠤ ᠭᠠᠮᠪᠠ ᠲᠠᠭᠤ ᠪᠠᠨ ᠬᠤᠷᠢᠶᠠᠵᠥ ᠵᠠᠮᠪᠠ ᠴᠤ ᠮᠠᠰᠢᠨ ᠳᠠᠭᠠᠨ ᠲᠤᠰᠤ ᠦᠭᠬᠦᠨ ᠲᠤᠪᠤ ᠶᠢᠨ ᠤᠷᠤᠢ ᠵᠦᠭ ᠮᠠᠴᠤᠨ᠎ᠠ  ᠃    —  ᠵᠠ᠂ ᠤᠳᠤ ᠡᠨᠡ ᠬᠠᠵᠠᠭᠤ ᠳᠤ ᠲᠡᠷᠭᠡ ᠵᠤᠬᠰᠤᠨ᠎ᠠ ᠰᠢᠤ᠂ ᠲᠡᠭᠡᠭᠰᠢ ᠪᠠᠨ ᠠᠯᠬᠤᠭᠠᠳ ᠯᠡ ᠭᠠᠷᠳᠠᠭ ᠶᠤᠮ ᠭᠡᠵᠥ ᠰᠤᠬᠳᠤᠭᠤ ᠵᠢᠭᠠᠪᠤᠷᠢᠯᠠᠪᠠ᠃ ᠲᠡᠷᠭᠡ ᠬᠠᠵᠠᠭᠤ ᠭᠠᠵᠠᠷ ᠦᠵᠡᠵᠥ ᠠᠯᠭᠤᠷᠬᠠᠨ ᠵᠤᠬᠰᠤᠬᠤ ᠲᠠᠢ ᠵᠡᠷᠭᠡ ᠪᠢᠲᠠ ᠪᠠᠭᠤᠵᠠᠭᠠᠪᠠ᠃ ᠲᠤᠪᠤ ᠪᠦᠷᠬᠦᠭᠰᠡᠨ ᠭᠡᠷᠡᠯ ᠲᠠᠢ ᠴᠢᠯᠠᠭᠤᠳ ᠨᠢᠳᠤ ᠬᠢᠯᠠᠰᠬᠠᠨ᠎ᠠ᠂ ᠰᠠᠳᠬᠢᠯ ᠢ ᠴᠤ ᠬᠢᠯᠠᠰᠬᠠᠨ᠎ᠠ ᠁ ᠭᠠᠮᠪᠠ ᠲᠤᠷᠤᠬᠰᠢ ᠪᠦᠬᠦᠶᠢᠨ ᠭᠡᠷᠡᠯ ᠨᠡᠪᠳᠡᠷᠡᠵᠥ ᠬᠠᠷᠠᠬᠳᠠᠬᠤ ᠬᠡᠳᠤᠨ ᠰᠠᠶᠢᠬᠠᠨ ᠰᠢᠷᠭᠠᠯ ᠴᠢᠯᠠᠭᠤ ᠲᠡᠬᠦᠯ᠎ᠠ᠃ ᠵᠠᠮᠪᠠ ᠰᠤᠬᠳᠤᠭᠤ ᠲᠠᠢ ᠬᠤᠶᠠᠭᠤᠯᠠ ᠲᠤᠪᠤ ᠶᠢᠨ ᠤᠷᠤᠢ ᠦᠭᠡᠲᠡ ᠠᠯᠬᠤᠯᠠᠨ᠎ᠠ᠃ ᠪᠢ ᠴᠤ ᠦᠵᠡᠭᠡ ᠦᠭᠡᠢ ᠪᠠᠨ ᠦᠵᠡᠵᠥ ᠶᠠᠭ ᠯᠡ ᠰᠤᠪᠤᠳ ᠡᠷᠳᠡᠨᠢ ᠶᠢᠨ ᠲᠤᠮᠲᠠ ᠢᠷᠡᠭᠰᠡᠨ ᠰᠢᠭ ᠰᠠᠨᠠᠬᠳᠠᠵᠥ᠂ ᠲᠡᠯᠡᠬᠡᠢ ᠶᠢᠷᠳᠢᠨᠴᠤ ᠭᠡᠵᠥ ᠶᠤᠰᠤᠲᠠᠢ ᠰᠤᠨᠢᠨ ᠰᠠᠶᠢᠬᠠᠨ ᠶᠠᠭᠤᠮ᠎ᠠ ᠪᠠᠷ ᠪᠦᠳᠦᠭᠰᠡᠨ ᠪᠠᠶᠢᠨ᠎ᠠ ᠭᠡᠵᠥ ᠲᠤᠳᠤᠷ᠎ᠠ ᠪᠠᠨ ᠪᠤᠳᠤᠨ ᠪᠢᠰᠢᠷᠡᠵᠥ ᠪᠠᠶᠢᠬᠰᠡᠨ ᠴᠤ  ᠶᠠᠭᠤᠮ᠎ᠠ ᠠᠷᠪᠢᠳᠤᠪᠠᠯ ᠦᠨ᠎ᠡ ᠬᠦᠷᠬᠦ ᠦᠭᠡᠢ ᠭᠡᠳᠡᠭ ᠢᠶᠠᠷ ᠲᠡᠯᠡᠬᠡᠢ ᠶᠢᠨ ᠪᠦᠮᠪᠦᠷᠴᠡᠭ  ᠤᠨ ᠬᠠᠭᠠᠰ ᠨᠢ ᠭᠡᠷᠪᠡ ᠬᠠᠰ ᠪᠠᠶᠢᠬᠰᠡᠨ ᠪᠤᠯ ᠲᠠᠷᠠ ᠴᠢᠨᠢ ᠶᠤᠰᠤᠲᠠᠢ ᠭᠠᠭ᠋ᠠᠢ ᠶᠢᠨ ᠡᠬᠦᠷ ᠪᠠᠷᠢᠳᠠᠭ ᠴᠢᠯᠠᠭᠤ ᠯᠡ ᠪᠤᠯᠤᠨ᠎ᠠ ᠭᠡᠵᠥ ᠤᠷᠮ᠎ᠠ ᠬᠤᠭᠤᠷᠠᠵᠤ ᠠᠪᠤᠪᠠ᠃          ᠪᠢᠲᠠ ᠲᠦᠷᠪᠡᠬᠦᠯᠡ ᠲᠤᠪᠤ ᠶᠢᠨ ᠤᠷᠤᠢ ᠳᠤ ᠭᠠᠷᠤᠯ᠎ᠠ᠃ ᠰᠤᠬᠳᠤᠭᠤ ᠶᠢᠨ ᠲᠦᠷᠰᠦᠯᠡᠵᠥ ᠬᠡᠯᠡᠭᠰᠡᠨ ᠭᠠᠵᠠᠷ ᠬᠦᠷᠬᠦ ᠳᠤ ᠢᠯᠠ ᠴᠤᠬᠤᠶᠢᠬᠰᠡᠨ ᠲᠠᠷᠠ ᠤᠯᠠᠨ ᠦᠩᠭᠡᠳᠤ ᠴᠢᠯᠠᠭᠤ ᠨᠢ ᠠᠯᠠᠭ᠎ᠠ ᠪᠤᠯᠪᠠ᠃  ᠲᠡᠷᠭᠡᠨ ᠠᠴᠠ ᠪᠠᠭᠤᠬᠰᠡᠨ ᠰᠤᠨᠳᠤᠭᠤ ᠮᠠᠨᠢ ︽ᠡᠨᠡ ᠴᠢᠨᠢ ᠁ ᠡᠨᠡ ᠴᠢᠨᠢ ᠁︾ ᠭᠡᠵᠥ ᠬᠡᠯᠡᠬᠦ ᠦᠭᠡ ᠪᠠᠨ ᠤᠯ ᠶᠠᠳᠠᠨ ᠨᠢᠳᠤ ᠨᠢ ᠪᠦᠯᠲᠡᠶᠢᠵᠦ ᠪᠠᠶᠢᠬᠰᠡᠨ ᠢᠶᠠᠨ ᠨᠠᠰᠢ ᠴᠠᠰᠢ ᠡᠷᠬᠢᠴᠡᠨ ᠬᠦᠶᠤᠪᠠ᠃ ᠲᠤᠪᠤ ᠶᠢᠨ ᠤᠷᠤᠢ ᠳᠤ ᠶᠤᠰᠤᠲᠠᠢ ᠪᠦᠳᠤᠨ ᠭᠠᠵᠠᠷ ᠦᠭᠡᠢ᠂ ᠠᠳᠠ ᠲᠠᠨᠳᠠ ᠮᠠᠰᠢᠨ ᠢᠶᠠᠷ ᠰᠡᠭᠴᠢᠵᠥ ᠮᠠᠯᠳᠠᠬᠰᠡᠨ ᠬᠦᠨ ᠬᠦᠨ ᠨᠦᠬᠡ ᠭᠠᠵᠠᠷ ᠰᠠᠢ ᠦᠭᠡᠢ ᠬᠠᠷᠠᠬᠳᠠᠵᠥ ᠪᠠᠰᠠ ᠲᠤᠮᠤ ᠵᠢᠵᠢᠭ ᠲᠡᠷᠬᠡᠨ ᠤ ᠰᠢᠨ᠎ᠠ ᠬᠠᠭᠤᠴᠢᠨ ᠮᠦᠷ ᠤᠳ ᠵᠦᠷᠢᠯᠳᠤᠨ ᠲᠤᠳᠤᠷᠠᠵᠥ ᠪᠠᠶᠢᠪᠠ᠃    — ᠨᠢᠭᠡ ᠠᠯᠬᠤᠮ ᠤᠷᠤᠶᠢᠳᠠᠯ᠎ᠠ︕ ᠭᠡᠵᠥ ᠵᠠᠮᠪᠠ  ᠭᠠᠵᠠᠷ ᠠᠴᠠ ᠨᠢᠭᠡ ᠬᠡᠰᠡᠭ ᠦᠩᠭᠡᠳᠤ ᠴᠢᠯᠠᠭᠤ ᠶᠢ ᠲᠡᠬᠦᠵᠥ ᠰᠢᠨᠵᠢᠭᠰᠡᠨ ᠢᠶᠠᠨ ᠰᠢᠳᠠᠵᠥ ᠶᠠᠪᠤᠭᠤᠯᠪᠠ᠃    — ᠨᠢᠭᠡ ᠠᠯᠬᠤᠮ ᠪᠢᠰᠢ᠂ ᠬᠡᠳᠤᠨ ᠠᠯᠬᠤᠮ ᠤᠶᠢᠷᠠᠳᠤᠬᠰᠡᠨ︕ ᠭᠡᠵᠥ ᠪᠢ ᠬᠠᠷᠠᠮᠰᠠᠨ ᠦᠬᠦᠯᠡᠪᠡ᠃ ᠲᠤᠪᠤ  ᠶᠢᠨ ᠤᠷᠤᠢ ᠲᠡᠭᠡᠷ᠎ᠡ ᠰᠠᠯᠬᠢ ᠰᠡᠩᠬᠢᠨᠠᠵᠥ ᠮᠠᠨ ᠤ ᠠᠯᠬᠤᠬᠰᠡᠨ ᠮᠦᠷ ᠲᠡᠭᠡᠷ᠎ᠡ ᠨᠠᠷᠢᠨ ᠰᠢᠷᠤᠢ  ᠬᠤᠷᠠᠨ ᠰᠠᠭᠤᠵᠥ ᠪᠠᠶᠢᠪᠠ᠃    — ᠡᠨᠡ ᠴᠠᠳᠬᠤ ᠶᠢ ᠮᠡᠳᠡᠳᠡᠭ ᠦᠭᠡᠢ ᠦᠯᠤᠨ ᠴᠢᠳᠬᠦᠷ᠂ ᠴᠦᠯᠪᠡᠭᠴᠢ ᠲᠡᠭᠡᠷᠡᠮ ᠤᠳ︕ ᠭᠡᠵᠥ ᠭᠠᠮᠪᠠ ᠲᠤᠯᠤᠭᠠᠢ ᠪᠠᠨ ᠲᠠᠪᠠᠷᠢᠨ ᠭᠠᠵᠠᠷ ᠰᠠᠭᠤᠬᠰᠡᠨ ᠢᠶᠠᠨ᠄    — ᠪᠢᠲᠠ ᠠᠪᠳᠠᠷ᠎ᠠ ᠳᠠᠬᠢ ᠶᠠᠭᠤᠮ᠎ᠠ ᠪᠠᠨ ᠪᠤᠰᠤᠳ ᠲᠤ ᠠᠯᠳᠠᠭᠠᠳ ᠪᠠᠶᠢᠬᠤ ᠶᠤᠮ︕ ᠭᠡᠵᠥ ᠤᠬᠢᠯᠠᠮᠠᠷ ᠪᠣᠬᠢᠨᠢᠳᠤᠪᠠ᠃ ᠪᠢ ᠶᠠᠭᠤ ᠬᠡᠯᠡᠬᠦ ᠪᠠᠨ ᠤᠯ ᠶᠠᠳᠠᠨ ᠲᠤᠳᠤᠷ᠎ᠠ ᠬᠠᠷᠠᠯᠠᠭᠠᠳ ᠲᠤᠪᠤᠨ ᠲᠤᠤᠷ᠎ᠠ ᠠᠴᠠ ᠲᠡᠬᠦᠭᠰᠡᠨ ᠬᠡᠳᠤᠨ ᠴᠢᠯᠠᠭᠤᠳ ᠢᠶᠠᠨ ᠲᠡᠮᠡᠶᠢᠯᠡ ᠪᠠᠵᠠᠯᠠᠬᠤ ᠳᠤ ᠭᠠᠷ ᠮᠢᠨᠢ ᠬᠦᠯᠦᠷᠡᠴᠢᠭᠡᠭᠰᠡᠨ ᠪᠠᠶᠢᠪᠠ᠃ ᠪᠢᠲᠠ ᠠᠭᠤᠷᠰᠠᠯ ᠬᠠᠷᠠᠮᠰᠠᠯ ᠤᠨ ᠲᠤᠮᠲᠠ ᠰᠤᠬᠳᠤᠭᠤ ᠪᠠᠨ ᠬᠦᠯᠢᠶᠠᠨ ᠵᠤᠬᠰᠤᠬᠤ ᠳᠤ ᠠᠰᠬᠠᠨ ᠠᠭᠤᠯᠠ ᠶᠢᠨ ᠲᠡᠨᠳᠠ ᠠᠴᠠ ᠨᠢᠰᠴᠤ ᠢᠷᠡᠭᠰᠡᠨ ᠬᠡᠳᠤᠨ ᠭᠠᠯᠠᠭᠤ ᠰᠠᠯᠬᠢ ᠡᠰᠡᠷᠭᠦ ᠵᠢᠬᠦᠷ ᠢᠶᠠᠨ ᠴᠢᠨᠡᠭᠡ ᠮᠡᠳᠡᠨ ᠲᠡᠯᠭᠡᠵᠥ ᠲᠠᠷᠬᠠᠨ ᠠᠭᠤᠯᠠ ᠶᠢᠨ ᠤᠷᠤᠢ ᠦᠭᠡᠲᠠ ᠬᠦᠴᠢᠷᠲᠡᠶᠢᠬᠡᠨ ᠨᠢᠰᠴᠤ ᠶᠠᠪᠤᠪᠠ᠃ ᠰᠢᠪᠠᠭᠤᠳ ᠤᠨ ᠰᠡᠬᠦᠳᠡᠷ ᠮᠡᠨ ᠤ ᠲᠡᠭᠡᠬᠦᠷ ᠲᠤᠰᠴᠤ ᠦᠩᠭᠡᠷᠡᠭᠰᠡᠨ  ᠢᠶᠠᠨ ᠬᠠᠷᠠᠭᠠᠨ᠎ᠠ ᠶᠢᠨ ᠨᠠᠪᠴᠢᠰ ᠢ ᠰᠢᠬᠦᠷᠳᠠᠨ ᠨᠡᠬᠦᠭᠰᠡᠭᠡᠷ ᠴᠠᠭᠠᠬᠰᠢᠯᠠᠪᠠ᠃ ᠰᠤᠬᠳᠤᠭᠤ ᠮᠠᠨᠢ ᠲᠤᠪᠤ ᠶᠢᠨ ᠤᠷᠤᠢ  ᠪᠠᠷ ᠮᠤᠬᠤᠳᠠᠯ᠎ᠠ ᠡᠷᠢᠭᠡᠳ ᠤᠤᠯ ᠤᠨ ᠪᠠᠶᠢᠬᠰᠡᠨ ᠤᠷᠭᠤᠭ᠎ᠠ ᠴᠢᠯᠠᠭᠤᠳ ᠢ ᠤᠯᠤᠬᠰᠡᠨ ᠦᠭᠡᠢ᠂ ᠭᠤᠷᠢ ᠲᠠᠰᠤᠷᠠᠬᠰᠡᠨ ᠪᠠᠶᠢᠳᠠᠯ ᠲᠠᠢ ᠮᠠᠨ ᠤ ᠲᠡᠷᠭᠡᠳᠡ ᠪᠤᠴᠠᠵᠥ ᠢᠷᠡᠭᠡᠳ ᠭᠠᠵᠠᠷ ᠰᠠᠭᠤᠵᠥ ᠲᠤᠯᠤᠭᠠᠢ ᠪᠠᠨ ᠠᠯᠠᠨ ᠳᠠᠭᠠᠨ ᠬᠠᠪᠴᠢᠮ᠎ᠠ ᠪᠦᠬᠦᠶᠢᠪᠡ᠃ ᠤᠯᠠᠨ ᠢ ᠡᠶᠢᠮᠤ ᠬᠤᠯᠠ ᠲᠠᠭᠠᠭᠤᠯᠵᠥ ᠢᠷᠡᠭᠰᠡᠨ ᠨᠢ ᠶᠠᠭ ᠯᠡ ᠮᠡᠬᠡᠯᠡᠯ ᠰᠢᠭ ᠪᠤᠯᠤᠬᠰᠡᠨ ᠭᠡᠵᠥ ᠪᠤᠳᠤᠵᠥ ᠪᠠᠶᠢᠭ᠎ᠠ ᠪᠤᠯᠤᠯᠲᠠᠢ  ᠲᠠᠷᠠ ᠶᠡᠭᠡ ᠯᠡ ᠵᠤᠪᠠᠵᠥ ᠪᠠᠰᠠ ᠬᠡᠨ ᠨᠢᠭᠡᠨ ᠳᠤ ᠠᠭᠤᠷᠯᠠᠬᠤ ᠰᠢᠭ᠋ ᠪᠠᠶᠢᠬᠰᠡᠨ ᠢᠶᠠᠨ᠄    —  ᠯᠠᠪ ᠲᠡᠷᠡ ᠠᠮᠢᠳᠠᠨ ᠦᠢᠯᠡᠳᠦᠭᠰᠡᠨ︕ ᠬᠤᠶᠠᠷ ᠵᠢᠯ ᠤᠨ ᠡᠮᠤᠨ᠎ᠡ ᠪᠢ ᠯᠢ ᠲᠠᠷᠬᠠᠨ ᠢ ᠲᠠᠭᠠᠭᠤᠯᠵᠥ ᠠᠳᠠ ᠢᠷᠡᠬᠦ ᠳᠤ ᠲᠡᠷᠡ ᠰᠠᠶᠢᠬᠠᠨ ᠬᠠᠳᠠ ᠴᠢᠯᠠᠭᠤᠳ ᠤᠷᠭᠤᠭ᠎ᠠ ᠬᠡᠪ ᠢᠶᠠᠷ ᠢᠶᠠᠨ ᠪᠠᠶᠢᠬᠰᠡᠨ ᠰᠢᠲᠠ︕  ᠶᠠᠭᠠᠬᠢᠭᠠᠳ ᠠᠯᠠᠭ᠎ᠠ ᠪᠤᠯᠪᠠ︖ ᠯᠡᠪ ᠲᠡᠷᠡ ᠦᠬᠦᠯ ᠲᠠᠭᠠᠷᠢᠬᠰᠡᠨ ᠵᠤᠯᠢᠭ ᠦᠢᠯᠡᠳᠦᠭᠰᠡᠨ︕ ᠭᠡᠵᠥ ᠲᠠᠭᠤ ᠨᠢ ᠡᠷᠢᠶᠡᠨᠳᠤᠨ᠎ᠠ᠃ ᠲᠡᠷᠡ ᠤᠬᠢᠯᠠᠬᠰᠡᠨ ᠲᠦᠯᠦᠪᠲᠠᠢ ᠲᠤᠯᠤᠭᠠᠢ ᠪᠠᠨ ᠦᠨᠳᠡᠶᠢᠬᠦ ᠳᠤ ᠨᠢᠳᠤ ᠨᠢ ᠤᠯᠠᠶᠢᠴᠢᠬᠠᠬᠰᠡᠨ ᠪᠠᠶᠢᠪᠠ᠃ ᠬᠤᠳᠠᠯ ᠬᠡᠯᠡᠵᠥ ᠮᠠᠨ ᠢ ᠡᠶᠢᠮᠤ ᠬᠤᠯᠠ ᠲᠠᠭᠠᠭᠤᠯᠵᠥ ᠢᠷᠡᠯ᠎ᠠ ᠭᠡᠵᠥ ᠪᠢᠳᠠ ᠬᠡᠨ ᠨᠢ ᠴᠤ ᠲᠡᠬᠦᠨ ᠢ ᠪᠤᠷᠤᠭᠤᠰᠢᠶᠠᠬᠰᠡᠨ ᠦᠭᠡᠢ᠃ ᠠᠯᠠᠭ᠎ᠠ ᠪᠤᠯᠤᠭᠰᠡᠨ ᠭᠤᠶᠤ ᠴᠢᠯᠠᠭᠤᠳ ᠤᠨ ᠬᠤᠶᠢᠨ᠎ᠠ ᠠᠴᠠ ᠪᠢᠲᠠ ᠪᠠᠭ᠋ᠠᠨ ᠵᠤᠪᠠᠵᠥ ᠵᠤᠬᠰᠤᠯ᠎ᠠ᠃ ᠡᠨᠡ ᠦᠶ᠎ᠠ ᠳᠤ ᠮᠢᠨᠤ ᠨᠢᠳᠤᠨ ᠳᠤ ᠲᠡᠷᠡ ᠡᠳᠤᠷ ᠤᠨ ᠯᠢ ᠲᠠᠷᠬᠠᠨ ᠤ ᠵᠠᠬᠢᠶᠠᠯᠠᠭ᠎ᠠ ᠳᠤ ᠪᠠᠭᠴᠠᠯᠠᠵᠥ ᠪᠠᠶᠢᠬᠰᠡᠨ ᠤᠯᠠᠨ ᠰᠠᠶᠢᠬᠠᠨ ᠴᠢᠯᠠᠭᠤᠨ ᠪᠦᠳᠦᠭᠳᠡᠬᠦᠨ ᠦᠩᠭᠡ ᠦᠩᠭᠡ ᠪᠠᠷ ᠢᠯᠭᠠᠷᠠᠨ ᠬᠠᠷᠠᠬᠳᠠᠵᠥ ᠠᠪᠤᠯ᠎ᠠ᠃ ᠵᠠᠮᠪᠠ ᠭᠠᠮᠪᠠ ᠬᠤᠶᠠᠭᠤᠯᠠ ᠶᠠᠭᠤ ᠴᠤ ᠶᠠᠷᠢᠬᠰᠡᠨ ᠦᠭᠡᠢ᠃ ᠶᠠᠭᠤ ᠴᠤ ᠶᠠᠷᠢᠭᠠᠳ ᠬᠡᠷᠡᠭ ᠲᠤ ᠬᠦᠷᠬᠦ ᠦᠭᠡᠢ᠃ ᠨᠤᠳᠤᠭ ᠤᠨ ᠶᠠᠭᠤᠮ᠎ᠠ ᠡᠷᠳᠡᠨᠢ ᠪᠠᠨ ᠪᠤᠰᠤᠳ ᠲᠤ ᠠᠯᠳᠠᠯ᠎ᠠ ᠭᠡᠵᠥ ᠭᠠᠮᠪᠠ ᠬᠠᠷᠠᠯᠠᠳᠠᠯ᠎ᠠ ᠵᠤᠪᠠᠵᠥ ᠪᠠᠶᠢᠬᠤ ᠶᠢ ᠪᠢ ᠲᠤᠳᠤᠷ᠎ᠠ ᠪᠠᠨ ᠲᠤᠳᠤ ᠣᠶᠢᠯᠠᠭᠠᠵᠤ ᠪᠠᠶᠢᠪᠠ᠃ ᠵᠠ᠂ ᠪᠤᠯᠵᠠᠢ᠃ ᠠᠳᠡᠬᠢ ᠴᠢᠯᠠᠭᠤ ᠴᠤ ᠡᠵᠡᠨ ᠳᠡᠭᠡᠨ ᠤᠴᠢᠬᠰᠡᠨ ᠭᠡᠵᠥ ᠪᠢ ᠦᠪᠡᠷ ᠢ ᠪᠠᠨ ᠠᠷᠭᠠᠳᠠᠵᠥ ᠪᠤᠳᠤᠬᠤ ᠠᠴᠠ ᠦᠭᠡᠷ᠎ᠡ ᠠᠷᠭ᠎ᠠ ᠪᠠᠶᠢᠬᠰᠡᠨ ᠦᠭᠡᠢ᠃  ᠠᠳᠡᠬᠢ ᠴᠢᠯᠠᠭᠤᠳ  ᠤᠨ ᠪᠦᠳᠤᠴᠡ ᠨᠢ ᠪᠠᠭᠠᠷᠢᠨ ᠴᠢᠯᠠᠭᠤ ᠲᠠᠢ ᠲᠠᠭᠠᠷᠠᠬᠤ ᠦᠭᠡᠢ᠂ ᠬᠠᠳᠠᠭᠤᠴᠠ ᠶᠢᠨ ᠬᠡᠮᠵᠢᠶ᠎ᠠ ᠨᠢ ᠮᠠᠰᠢ ᠴᠢᠩᠭ᠎ᠠ᠂ ᠨᠤᠳᠤᠭ ᠤᠨ ᠬᠦᠮᠤᠰ ᠤᠨ ᠬᠡᠯᠡᠳᠡᠭ ᠰᠢᠷᠪᠤᠰᠤᠨ ᠴᠢᠯᠠᠭᠤ ᠪᠡ ᠮᠠᠨᠤ ᠲᠠᠢ ᠨᠢᠭᠡ ᠯᠡ ᠲᠦᠷᠦᠯ ᠤᠨ ᠬᠢ ᠪᠠᠶᠢᠵᠥ ᠮᠡᠳᠡᠨ᠎ᠠ᠃ ᠠᠭᠤᠯᠠᠨ ᠳᠤ ᠭᠠᠷᠬᠤ ᠳᠤ ᠦᠩᠭᠡᠲᠡᠢ ᠬᠠᠷᠠᠬᠳᠠᠵᠥ ᠪᠠᠶᠢᠬᠰᠡᠨ ᠡᠳᠡᠭᠡᠷ ᠴᠢᠯᠠᠭᠤᠳ ᠪᠠᠭᠤᠭᠠᠳ ᠢᠷᠡᠬᠦ  ᠪᠠᠷ ᠨᠢ ᠦᠩᠭᠡ ᠨᠢ ᠪᠠᠭᠤᠷᠠᠬᠰᠡᠨ ᠰᠢᠭ᠋ ᠪᠤᠷᠵᠠᠩ ᠲᠠᠢ ᠦᠵᠡᠭᠳᠡᠬᠦ ᠪᠤᠯᠴᠢᠬᠠᠪᠠ᠃  ᠡᠨᠡ ᠨᠢ ᠰᠡᠳᠬᠢᠯᠬᠡ ᠶᠢᠨ ᠤᠴᠢᠷ ᠪᠢᠯᠢᠤ  ︖ ᠭᠡᠵᠥ ᠲᠡᠬᠦᠭᠰᠡᠨ ᠴᠢᠯᠠᠭᠤᠳ ᠢᠶᠠᠨ ᠨᠠᠷᠠᠨ ᠵᠦᠭ ᠬᠠᠨᠳᠤᠭᠤᠯᠬᠤ ᠳᠤ ᠦᠷᠯᠤᠭᠡ ᠲᠡᠬᠦᠭᠰᠡᠨ ᠨᠢᠳᠤᠨ ᠴᠡᠩᠭᠡᠷ ᠴᠢᠯᠠᠭᠤ ᠳᠤ ᠬᠤᠯᠠ ᠬᠦᠷᠬᠦ ᠦᠭᠡᠢ ᠪᠠᠶᠢᠪᠠ᠃ ᠪᠢᠳᠠ ᠪᠤᠴᠠᠵᠥ ᠬᠠᠷᠢᠬᠤ ᠶᠢ ᠶᠠᠭᠠᠷᠠᠬᠰᠡᠨ ᠦᠭᠡᠢ ᠲᠤᠪᠤᠨ ᠲᠡᠭᠡᠷ᠎ᠡ ᠢᠯᠡ ᠬᠠᠷᠠᠬᠳᠠᠬᠤ ᠴᠢᠯᠠᠭᠤᠳ ᠠᠴᠠ ᠰᠢᠯᠢᠳᠡᠭ ᠢ ᠨᠢ ᠰᠤᠩᠭᠤᠵᠥ ᠨᠢᠳᠤᠨ ᠴᠡᠩᠭᠡᠷ ᠴᠢᠯᠠᠭᠤ ᠰᠢᠭ᠋ ᠭᠤᠶᠤ ᠴᠢᠯᠠᠭᠤ ᠣᠯᠴᠢᠬᠠᠬᠤ ᠶᠢ ᠭᠤᠷᠢᠯᠠᠨ ᠭᠤᠷᠪᠠᠨ ᠵᠦᠭ ᠲᠡᠭᠡᠨ ᠰᠠᠯᠪᠠ᠃ ᠰᠤᠨᠳᠤᠭᠤ ᠬᠠᠷᠢᠨ ᠴᠢᠯᠠᠭᠤ ᠡᠷᠢᠬᠦ ᠲᠤᠷ᠎ᠠ ᠦᠭᠡᠢ ᠲᠡᠷᠭᠡᠨ ᠲᠤᠳᠤᠷ᠎ᠠ ᠤᠷᠤᠭᠠᠳ ᠤᠨᠳᠠᠴᠢᠬᠠᠬᠰᠡᠨ ᠪᠠᠶᠢᠵᠠᠢ᠃  ᠪᠢᠲᠠ ᠨᠡᠯᠢᠶᠡᠳ ᠴᠠᠭ ᠭᠡᠷᠡᠭᠰᠡᠵᠥ ᠵᠢᠵᠢᠭᠬᠡᠨ ᠲᠤᠪᠤ ᠶᠢ ᠪᠠᠷᠤᠭ ᠪᠦᠬᠦᠯᠢ ᠳᠤ ᠨᠢ ᠡᠷᠬᠢᠭᠡᠳ ᠲᠡᠷᠭᠡᠨ ᠬᠠᠵᠠᠭᠤ ᠳᠠᠭᠠᠨ ᠴᠢᠮᠡᠭᠡ ᠦᠭᠡᠶᠢᠬᠡᠨ ᠪᠤᠴᠠᠵᠥ ᠢᠷᠡᠪᠡ᠃    ᠪᠢ ᠲᠡᠬᠦᠭᠰᠡᠨ ᠤᠯᠠᠨ ᠴᠢᠯᠠᠭᠤᠳ ᠠᠴᠠ ᠪᠠᠨ ᠰᠤᠩᠭᠤᠵᠥ ᠰᠤᠩᠭᠤᠵᠥ ᠭᠤᠷᠪᠠᠨ ᠬᠡᠰᠡᠭ ᠦᠯᠡᠳᠡᠭᠡᠪᠡ᠃ ᠨᠢᠭᠡ ᠨᠢ ᠲᠤᠩᠭᠠᠯᠠᠭ ᠴᠠᠭᠠᠨ᠂ ᠪᠠᠰᠠ ᠨᠢᠭᠡ ᠨᠢ ᠰᠢᠷ᠎ᠠ ᠦᠩᠭᠡ ᠲᠤᠳᠤᠷ᠎ᠠ ᠬᠡᠳᠤᠨ ᠵᠤᠷᠪᠤᠰ ᠤᠯᠠᠭᠠᠨ ᠰᠤᠳᠠᠯ  ᠲᠠᠢ᠂ ᠭᠤᠷᠪᠠᠳᠠᠬᠢ ᠨᠢ ᠶᠠᠭ ᠯᠡ ᠲᠦᠬᠦᠭᠡᠢ ᠮᠢᠬ᠎ᠠ ᠰᠢᠭ᠋ ᠤᠯᠠᠪᠢᠷ ᠴᠢᠯᠠᠭᠤ ᠪᠠᠶᠢᠪᠠ᠃ ᠴᠠᠭᠠᠨ ᠪᠤᠯᠤᠨ ᠰᠢᠷ᠎ᠠ ᠨᠢ ᠨᠢᠳᠤᠷᠭᠠᠨ ᠴᠢᠨᠡᠭᠡᠨ ᠲᠤᠮᠤ᠂ ᠤᠯᠠᠪᠢᠷ ᠴᠢᠯᠠᠭᠤ ᠨᠢ ᠬᠠᠷᠢᠨ ᠬᠡᠪ ᠲᠠᠢ ᠬᠤᠷᠤᠳ ᠰᠢᠭ᠋ ᠬᠠᠪᠳᠠᠭᠠᠢ ᠪᠠᠶᠢᠪᠠ᠃ ᠤᠳᠤ ᠶᠢᠨ ᠮᠠᠰᠢᠨ ᠢᠶᠠᠷ ᠶᠠᠭᠤᠮ᠎ᠠ ᠰᠡᠶᠢᠯᠬᠦ  ᠪᠦᠷ ᠯᠡ ᠭᠤᠶᠤ ᠰᠠᠶᠢᠬᠠᠨ ᠪᠦᠳᠦᠭᠳᠡᠬᠦᠨ ᠭᠠᠷᠴᠤ ᠪᠤᠯᠤᠮᠠᠷ ᠮᠠᠲ᠋ᠧᠷᠢᠶᠠᠯ ᠪᠠᠶᠢᠪᠠ᠃ ᠵᠠᠮᠪᠠ ᠬᠠᠷᠢᠨ ᠴᠢᠯᠠᠭᠤ ᠰᠤᠨᠢᠷᠬᠠᠬᠰᠡᠨ ᠴᠠᠭ ᠨᠢ ᠤᠷᠳᠤ᠂ ᠪᠤᠳᠤᠯ ᠨᠢ ᠲᠠᠷᠭᠤᠨ ᠲᠤᠯᠠ ᠡᠶᠢᠮᠤ ᠴᠢᠯᠠᠭᠤᠳ ᠢ ᠲᠤᠭᠤᠵᠥ ᠲᠡᠬᠦᠳᠡᠭ ᠦᠭᠡᠢ᠃ ᠭᠠᠮᠪᠠ ᠬᠠᠷᠢᠨ ᠰᠠᠨᠠᠭᠠᠨ ᠠᠴᠠ ᠭᠠᠳᠠᠭᠤᠷ ᠨᠢᠭᠡ ᠭᠡᠰᠡᠭ ᠰᠢᠷ᠎ᠠ ᠲᠤᠰᠤ ᠰᠢᠭ᠋ ᠲᠤᠪ ᠲᠤᠩᠭᠠᠯᠠᠭ ᠰᠢᠷ᠎ᠠ ᠴᠢᠯᠠᠭᠤ ᠤᠯᠵᠥ᠂ ᠪᠠᠰᠠ ᠨᠢᠭᠡ ᠤᠯᠠᠭᠠᠨ ᠲᠤᠯᠤᠭᠠᠢ ᠲᠠᠢ ᠰᠢᠪᠠᠭᠤ ᠭᠡᠯᠪᠡᠷᠢ ᠲᠠᠢ ᠵᠢᠵᠢᠭ ᠴᠢᠯᠠᠭᠤ ᠤᠯᠪᠠ᠃ ᠪᠢ ᠰᠢᠪᠠᠭᠤ ᠬᠡᠯᠪᠡᠷᠢ ᠲᠠᠢ ᠴᠢᠯᠠᠭᠤ ᠶᠢ ᠲᠤᠭᠤᠬᠤ ᠳᠤ ᠵᠠᠮᠪᠠ ᠬᠠᠷᠢᠨ ᠰᠢᠷ᠎ᠠ ᠲᠤᠰᠤ ᠰᠢᠭ᠋ ᠴᠢᠯᠠᠭᠤ ᠶᠢ ᠨᠢ ᠪᠠᠭ᠋ᠠᠷᠤᠭᠠᠳ ᠭᠠᠷ ᠠᠴᠠ ᠪᠠᠨ ᠰᠠᠯᠭᠠᠵᠥ ᠶᠠᠳᠠᠨ ᠪᠠᠶᠢᠪᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05010860号