ᠬᠦᠲᠦᠯ ᠤᠨ ᠭᠤᠣᠯ ᠤᠨ ᠴᠢᠯᠠᠭᠤᠳ ︵ᠦᠷᠭᠦᠯᠵᠢᠯᠡᠯ︶ | ᠨᠠᠷᠠ ᠪᠠᠰᠠ ᠲᠡᠭᠡᠷ᠎ᠡ ᠪᠠᠶᠢᠭ᠎ᠠ ᠲᠤᠯᠠ ᠪᠢᠳᠠ ᠵᠢᠵᠢᠭ ᠲᠤᠪᠤᠨ ᠠᠴᠠ ᠪᠠᠭᠤᠵᠥ ᠬᠦᠳᠤᠯ ᠤᠨ ᠭᠤᠤᠯ ᠳᠤ ᠤᠴᠢᠵᠥ | ᠴᠢᠯᠠᠭᠤ ᠡᠷᠢᠬᠦ ᠪᠠᠷ ᠶᠠᠪᠤᠯ᠎ᠠ᠃ ᠰᠤᠬᠳᠤᠭᠤ ᠮᠠᠨᠢ ᠠᠷᠤ ᠰᠠᠭᠤᠳᠠᠯ ᠳᠤ ᠰᠠᠭᠤᠭ᠎ᠠ ᠪᠠᠷ ᠬᠤᠷᠬᠢᠷᠠᠵᠥ ᠶᠠᠪᠤᠨ᠎ᠠ᠃ | ᠪᠢᠲᠠ ᠭᠤᠤᠯ ᠤᠨ ᠬᠦᠪᠡᠭᠡᠨ ᠬᠦᠷᠴᠤ ᠲᠤᠰᠤᠨ ᠵᠠᠮ ᠤᠨ ᠬᠠᠵᠠᠭᠤ ᠳᠤ ᠲᠡᠷᠭᠡ ᠪᠠᠨ ᠵᠤᠬᠰᠤᠭᠠᠭᠠᠳ ᠬᠦᠳᠤᠯ ᠤᠨ | ᠭᠤᠤᠯ ᠤᠨ ᠬᠠᠭᠤᠷᠠᠢ ᠬᠡᠪᠡᠯᠢ ᠪᠠᠷ ᠤᠷᠤᠵᠥ ᠤᠴᠢᠪᠠ᠃ | ᠪᠢᠳᠠ ᠭᠤᠷᠪᠠ ᠲᠠᠷᠬᠠᠨ ᠠᠭᠤᠯᠠᠨ ᠳᠤ ᠨᠠᠷᠠ ᠵᠠᠪᠢᠯᠠᠳᠠᠯᠠ ᠡᠷᠢᠯ ᠪᠤᠯᠤᠭᠠᠳ ᠰᠠᠨᠠᠭᠠᠨ ᠳᠠᠭᠠᠨ ᠲᠠᠭᠠᠷᠠᠬᠰᠡᠨ | ᠴᠢᠯᠠᠭᠤ ᠨᠢᠭᠡ ᠭᠡᠰᠡᠭ ᠴᠤ ᠤᠯᠤᠬᠰᠡᠨ ᠦᠭᠡᠢ ᠰᠤᠬᠳᠤᠭᠤ ᠪᠠᠨ ᠲᠡᠭᠡᠭᠡᠳ ᠪᠤᠴᠠᠬᠤ ᠪᠤᠯᠤᠯ᠎ᠠ᠃ ᠡᠨᠡ ᠦᠶ᠎ᠠ ᠳᠤ | ᠰᠤᠬᠳᠤᠭᠤ ᠡᠷ᠎ᠡ ᠴᠤ ᠠᠷᠢᠬᠢ ᠨᠢ ᠰᠡᠷᠬᠦᠭᠡᠳ ᠲᠡᠷᠭᠡ ᠬᠦᠳᠡᠯᠬᠦ ᠪᠠᠷ ᠨᠢ ᠦᠭᠡ ᠵᠤᠭᠤᠭ ᠲᠠᠢ ᠪᠤᠯᠵᠥ ᠬᠡᠳᠤᠨ ᠵᠢᠯ | ᠤᠨ ᠡᠮᠤᠨᠡᠬᠢ ᠦᠪᠡᠷ ᠲᠡᠭᠡᠨ ᠲᠤᠬᠢᠶᠠᠯᠳᠤᠬᠰᠡᠨ ᠬᠠᠴᠢᠨ ᠤᠴᠢᠷ ᠢᠶᠠᠨ ᠦᠯᠢᠭᠡᠷ ᠰᠢᠭ ᠶᠠᠷᠢᠵᠥ ᠡᠬᠢᠯᠡᠪᠡ᠄ | ᠲᠡᠷᠡ ᠦᠶ᠎ᠠ ᠳᠤ ᠶᠠᠭ ᠰᠠᠶ᠋ᠢᠬᠠᠨ ᠲᠡᠷᠭᠡᠨ ᠳ᠋ᠧᠩ ᠠᠰᠠᠭᠠᠵᠥ ᠪᠤᠯᠤᠮᠠᠷ ᠪᠦᠷᠦᠭ ᠪᠠᠷᠤᠭ ᠶᠢᠨ ᠬᠢᠷᠢ ᠪᠠᠶᠢᠬᠰᠡᠨ᠃ | ᠪᠢ ᠬᠦᠳᠤᠯ ᠤᠨ ᠭᠤᠤᠯ ᠤᠨ ᠬᠦᠪᠡᠬᠡᠨ ᠤ ᠬᠠᠳᠠᠨ ᠬᠤᠰᠢᠭᠤ ᠶᠢᠨ ᠠᠷᠤ ᠳᠤ ᠰᠢᠨᠡᠬᠡᠨ ᠠᠪᠤᠬᠰᠡᠨ ᠫᠢᠺᠠ ᠲᠡᠷᠬᠡ | ᠪᠠᠨ ᠵᠤᠬᠰᠤᠭᠠᠭᠠᠳ ᠵᠠᠮ ᠤᠨ ᠬᠠᠵᠠᠭᠤ ᠳᠤ ᠰᠢᠩᠭᠡᠨ ᠮᠦᠷ ᠦᠵᠡᠵᠥ ᠪᠠᠶᠢᠲᠠᠯ᠎ᠠ ᠠᠷᠤ ᠳᠤ ᠬᠦᠯ ᠤᠨ ᠴᠢᠮᠡᠭᠡ | ᠰᠤᠨᠤᠰᠳᠠᠪᠠ᠃ ᠵᠠᠮ ᠳᠤ ᠬᠦᠮᠤᠨ ᠠᠮᠢᠳᠠᠨ ᠬᠠᠷᠠᠬᠳᠠᠬᠰᠡᠨ ᠦᠭᠡᠢ ᠪᠠᠶᠢᠲᠠᠯ᠎ᠠ ᠶᠠᠭᠤᠨ ᠤ ᠴᠢᠮᠡᠭᠡ ᠪᠤᠯᠪᠠ︖ | ᠭᠡᠵᠥ ᠡᠷᠬᠢᠨ ᠬᠠᠷᠠᠬᠤ ᠳᠤ ᠤᠷᠠᠩᠬᠠᠢ ᠤᠭᠤᠲᠠ ᠡᠬᠦᠷᠦᠭᠰᠡᠨ ᠨᠢᠭᠡ ᠡᠪᠤᠭᠡᠨ ᠲᠡᠷᠭᠡᠨ ᠬᠠᠵᠠᠭᠤ ᠳᠤ ᠵᠤᠬᠰᠤᠵᠥ | ᠪᠠᠶᠢᠬᠤ ᠶᠢ ᠬᠠᠷᠠᠭᠠᠳ ᠡᠷᠬᠡ ᠦᠭᠡᠢ ᠰᠤᠴᠢᠵᠥ ᠠᠪᠤᠯ᠎ᠠ᠃ ᠲᠡᠷᠡ ᠦᠶ᠎ᠠ ᠳᠤ ᠪᠢ ᠴᠤᠬᠤᠮ ᠶᠠᠭᠤᠨ ᠳᠤ | ᠠᠭᠤᠷᠯᠠᠵᠥ ᠪᠠᠶᠢᠬᠰᠡᠨ ᠢᠶᠠᠨ ᠮᠠᠷᠳᠠᠴᠢᠬᠠᠵᠠᠢ᠂ ᠬᠠᠰᠢᠯᠡ ᠤᠷᠮ᠎ᠠ ᠦᠭᠡᠢ ᠪᠠᠶᠢᠬᠰᠡᠨ ᠦᠶ᠎ᠠ ᠶᠤᠮ ᠳ᠋ᠠ᠂ ᠪᠢ ᠲᠠᠯᠠᠢ | ᠪᠠᠨ ᠴᠢᠩᠭᠠᠯᠠᠬᠤ ᠶᠢᠨ ᠲᠠᠭᠠᠤ ᠲᠤᠷ᠎ᠠ ᠲᠠᠢ ᠲᠤᠷ᠎ᠠ ᠦᠭᠡᠢ ᠡᠷᠬᠢᠵᠥ ︽ᠴᠢ ᠶᠠᠭᠤᠨ ᠤ ᠬᠦᠮᠤᠨ ᠪᠤᠢ︖︾ | ᠬᠡᠰᠡᠨ ᠵᠠᠩᠳᠤᠷᠬᠤ ᠬᠠᠭᠠᠰ ᠦᠬᠦᠯᠡᠭᠰᠡᠨ᠃ ᠲᠡᠷᠡ ᠡᠪᠤᠭᠡᠨ ︽ᠪᠢ ᠵᠠᠮ ᠤᠨ ᠬᠦᠮᠤᠨ᠂ ᠲᠡᠷᠬᠡᠨ ᠳᠤ ᠴᠢᠨᠢ | ᠰᠠᠭᠤᠭᠠᠳ ᠪᠠᠯᠭᠠᠰᠤ ᠤᠷᠤᠵᠥ ᠪᠤᠯᠬᠤ ᠤᠤ︖ ᠬᠡᠳᠤᠢ ᠵᠤᠭᠤᠰ ᠠᠪᠤᠨ᠎ᠠ ᠪᠤᠢ︖︾ ᠬᠡᠪᠡ᠃ ᠡᠪᠤᠭᠡᠨ ᠤ | ᠴᠢᠷᠠᠢ ᠶᠠᠭ ᠠᠷᠢᠬᠢ ᠤᠤᠭᠤᠬᠰᠡᠨ ᠰᠢᠭ᠋ ᠤᠯᠠᠪᠢᠷ ᠮᠦᠷᠲᠡᠭᠡᠨ ᠨᠢᠳᠤ ᠨᠢ ᠲᠤᠳᠤᠶᠢᠵᠥ ᠦᠰᠤ ᠰᠠᠬᠠᠯ ᠨᠢ ᠴᠤ | ᠬᠦᠷᠡᠩ ᠦᠩᠭᠡᠲᠡᠢ ᠬᠠᠷᠠᠬᠳᠠᠬᠤᠯᠠᠷ ᠮᠢᠨᠤ ᠵᠢᠪᠡᠬᠦᠦ ᠬᠦᠷᠴᠤ ᠤᠳᠤ ᠶᠢᠨ ᠡᠪᠤᠭᠡᠳ ᠦᠨᠡᠬᠡᠷ ᠠᠭᠠᠰᠢᠯᠠᠬᠤ ᠪᠠᠷ ᠢᠶᠠᠨ | ᠪᠠᠶᠢᠨ᠎ᠠ᠂ ᠪᠠᠰᠠ ᠵᠠᠯᠠᠭᠤᠴᠤᠳ ᠢ ᠲᠠᠭᠤᠷᠢᠶᠠᠭᠠᠳ ᠬᠡᠵᠢᠭᠡ ᠦᠰᠤ ᠪᠠᠨ ᠦᠩᠭᠡᠯᠡᠭᠡᠳ ᠭᠡᠵᠥ ᠰᠢᠨ᠎ᠠ ᠲᠡᠷᠭᠡ ᠪᠠᠨ | ᠪᠤᠵᠠᠷ ᠪᠤᠯᠭᠠᠬᠤ ᠠᠴᠠ ᠬᠢᠴᠢᠶᠠᠨ᠄ ︽ ᠪᠠᠯᠭᠠᠰᠤ ᠤᠷᠤᠳᠠᠯ᠎ᠠ ᠠᠷᠪᠠᠨ ᠲᠦᠬᠦᠷᠢᠭ ᠰᠠᠭᠤᠪᠠᠯ ᠭᠠᠳᠠᠷ ᠲᠠᠰᠤᠯᠭᠠᠨ | ᠳᠤ ᠰᠠᠭᠤ︕︾ ᠭᠡᠪᠡ᠃ ᠡᠪᠤᠭᠡᠨ ᠮᠢᠨᠤ ᠦᠭᠡ ᠪᠠᠷ ᠡᠩᠭᠡᠷ ᠢᠶᠠᠨ ᠠᠭᠤᠳᠠᠯᠠᠵᠥ ᠠᠷᠪᠠᠨ ᠲᠦᠬᠦᠷᠢᠭ ᠭᠠᠷᠭᠠᠵᠥ | ᠦᠭᠬᠦᠭᠡᠳ ᠲᠡᠷᠭᠡᠨ ᠤ ᠠᠷᠤ ᠬᠠᠰᠢᠯᠭᠠᠨ ᠳᠤ ᠤᠷᠤᠵᠥ ᠰᠠᠭᠤᠪᠠ᠃ ᠪᠢ ᠲᠡᠷᠭᠡ ᠪᠠᠨ ᠵᠠᠮ ᠳᠤ ᠤᠷᠤᠭᠤᠯᠤᠬᠰᠡᠨ ᠤ | ᠲᠠᠷᠠᠭ᠎ᠠ ᠲᠡᠭᠡᠳᠤ ᠬᠤᠷᠳᠤᠴᠠ ᠪᠠᠷ ᠲᠠᠪᠬᠢᠭᠤᠯᠤᠨ ᠭᠡᠰᠡᠭ ᠶᠠᠪᠤᠭᠠᠳ ᠲᠤᠯᠢᠨ ᠳᠠᠭᠠᠨ ᠬᠠᠷᠠᠬᠤ ᠳᠤ ᠡᠪᠤᠭᠡᠨ ᠠᠷᠤ | ᠲᠠᠰᠤᠯᠭᠠᠨ ᠳᠤ ᠬᠦᠷᠡᠩ ᠤᠯᠠᠭᠠᠨ ᠦᠰᠤ ᠰᠠᠬᠠᠯ ᠢᠶᠠᠨ ᠬᠡᠶᠢᠰᠬᠡᠨ ᠰᠠᠭᠤᠵᠥ ᠪᠠᠶᠢᠬᠤ ᠨᠢ ᠬᠠᠷᠠᠬᠳᠠᠵᠥ ᠪᠠᠶᠢᠪᠠ᠃ | ᠪᠢ ᠬᠦᠳᠤᠯ ᠤᠨ ᠬᠦᠬᠦᠷᠭᠡ ᠶᠢᠨ ᠮᠤᠷᠤᠢ ᠬᠦᠷᠬᠦ ᠳᠤ ᠬᠤᠷᠳᠤᠴᠠ ᠪᠠᠨ ᠬᠠᠰᠤᠭᠠᠳ ᠬᠦᠬᠦᠷᠭᠡ ᠦᠩᠭᠡᠷᠡᠬᠦ ᠦᠶ᠎ᠠ | ᠳᠤ ᠰᠠᠨᠠᠮᠰᠠᠷ ᠦᠭᠡᠢ ᠲᠤᠯᠢᠨ ᠳᠠᠭᠠᠨ ᠬᠠᠷᠠᠬᠤ ᠳᠤ ᠡᠪᠤᠭᠡᠨ ᠬᠠᠷᠢᠨ ᠠᠯᠠᠭ᠎ᠠ ᠪᠤᠯᠪᠠ᠃ ᠮᠢᠨᠤ ᠲᠤᠳᠤᠷ᠎ᠠ ᠫᠠᠯ | ᠭᠡᠵᠥ ︽ᠤᠳᠤ ᠴᠤ ᠬᠦᠮᠤᠨ ᠤ ᠡᠪᠤᠭᠡᠨ ᠢ ᠤᠶᠢᠴᠢᠭᠤᠯᠤᠭᠠᠳ ᠭᠡᠷᠡᠭ ᠲᠠᠳᠠᠬᠰᠡᠨ︾ ᠭᠡᠵᠥ ᠲᠡᠷᠬᠡ ᠪᠠᠨ ᠵᠠᠮ ᠤᠨ | ᠬᠠᠵᠠᠭᠤ ᠳᠤ ᠲᠦᠷᠬᠡᠬᠡᠨ ᠵᠤᠬᠰᠤᠭᠠᠭᠠᠳ ᠠᠷᠤᠨᠰᠢ ᠪᠠᠨ ᠬᠠᠷᠠᠵᠥ ᠦᠵᠡᠭᠰᠡᠨ ᠳᠤ ᠵᠠᠮ ᠲᠡᠭᠡᠷ᠎ᠡ ᠶᠠᠭᠤ ᠴᠤ | ᠬᠠᠷᠠᠬᠳᠠᠬᠤ ᠦᠭᠡᠢ᠃ ᠲᠡᠷᠭᠡᠨ ᠤ ᠲᠡᠭᠡᠬᠦᠷ ᠲᠤᠤᠭᠤᠷ ᠡᠪᠤᠭᠡᠨ ᠢ ᠡᠷᠢᠭᠰᠡᠨ ᠴᠤ ᠪᠠᠶᠢᠬᠤ ᠦᠭᠡᠢ᠃ ᠲᠡᠷᠡ ᠦᠶ᠎ᠠ | ᠳᠤ ᠬᠤᠯᠠ ᠤᠶᠢᠷ᠎ᠠ ᠶᠢᠨ ᠪᠠᠷ᠎ᠠ ᠲᠤᠳᠤ ᠬᠠᠷᠠᠬᠳᠠᠵᠥ ᠪᠠᠶᠢᠬᠰᠡᠨ ᠲᠤᠯᠠ ᠠᠶᠤᠬᠤ ᠳᠠᠭᠠᠨ ᠪᠢ ᠬᠠᠰᠬᠢᠷᠴᠤ ᠪᠠᠷᠬᠢᠷᠠᠨ | ᠬᠦᠬᠦᠷᠭᠡᠨ ᠲᠤᠤᠷ᠎ᠠ ᠤᠷᠤᠵᠥ᠂ ᠱᠠᠭ᠎ᠠ ᠴᠢᠨᠡᠬᠡᠬᠡᠨ ᠭᠤᠤᠯ ᠤᠨ ᠤᠰᠤ ᠶᠢ ᠴᠤ ᠱᠦᠬᠦᠵᠥ ᠦᠵᠡᠯ᠎ᠠ᠃ ᠵᠠᠮ ᠶᠢᠨ | ᠬᠤᠶᠠᠷ ᠲᠠᠯ᠎ᠠ ᠤᠨ ᠬᠦᠮᠤᠨ ᠨᠢᠭᠤᠬᠳᠠᠮᠠᠷ ᠦᠭᠡᠢ ᠡᠪᠡᠰᠤᠨ ᠠᠴᠠ ᠴᠤ ᠡᠷᠢᠵᠥ ᠦᠵᠡᠯ᠎ᠠ᠃ ᠲᠡᠷᠭᠡ ᠪᠠᠨ | ᠡᠷᠬᠢᠬᠦᠯᠵᠥ ᠢᠷᠡᠭᠰᠡᠨ ᠵᠠᠮ ᠢᠶᠠᠷ ᠢᠶᠠᠨ ᠠᠭᠠᠵᠢᠮ ᠶᠠᠪᠤᠵᠥ ᠵᠠᠮ ᠤᠨ ᠬᠠᠪᠢ ᠪᠠᠷ ᠠᠵᠢᠬᠯᠠᠵᠥ ᠬᠠᠰᠬᠢᠷᠴᠤ ᠦᠵᠡᠯ᠎ᠠ᠃ | ᠤᠬᠳᠤ ᠪᠠᠷ᠎ᠠ ᠦᠭᠡᠢ᠂ ᠶᠠᠭ ᠴᠢᠮᠡᠭᠡ ᠦᠭᠡᠢ᠃ ᠲᠡᠶᠢᠮᠤ ᠬᠤᠷᠳᠤᠨ ᠲᠠᠪᠬᠢᠵᠥ ᠪᠠᠶᠢᠭ᠎ᠠ ᠲᠡᠷᠭᠡᠨ ᠠᠴᠠ ᠡᠪᠤᠭᠡᠨ | ᠬᠦᠮᠤᠨ ᠪᠠᠭᠤᠬᠤ ᠶᠤᠰᠤ ᠦᠭᠡᠢ ᠳ᠋ᠠ᠃ ᠲᠠᠬᠢᠭᠠᠳ ᠬᠡᠯᠡᠪᠡᠯ ᠬᠦᠬᠦᠷᠭᠡ ᠬᠦᠷᠬᠦ ᠠᠴᠠ ᠡᠮᠤᠨᠠᠬᠡᠨ ᠪᠤᠯᠲᠠᠯ᠎ᠠ ᠠᠷᠤ ᠳᠤ | ᠪᠠᠶᠢᠬᠰᠡᠨ ᠡᠨᠡᠬᠡᠨ ᠪᠠᠭ᠎ᠠ ᠵᠠᠢ ᠳᠤ ᠡᠪᠤᠭᠡᠨ ᠶᠠᠷᠤᠨᠢ ᠦᠵᠡᠭᠳᠡᠵᠥ ᠬᠠᠷᠠᠬᠳᠠᠬᠤ ᠦᠭᠡᠢ ᠠᠯᠠᠭ᠎ᠠ ᠪᠤᠯᠬᠤ ᠶᠤᠰᠤ | ᠦᠭᠡᠢ ᠳ᠋ᠠ᠃ ᠪᠢ ᠠᠶᠤᠩᠭᠤᠷᠢ ᠬᠦᠷᠤᠨ ᠲᠡᠷᠭᠡ ᠪᠠᠨ ᠤᠨᠲᠠᠷᠠᠭᠠᠵᠤ ᠬᠠᠷᠠᠩᠭᠤᠢ ᠪᠤᠯᠲᠠᠯ᠎ᠠ ᠬᠦᠯᠢᠶᠡᠵᠥ ᠡᠷᠢᠵᠥ | ᠦᠵᠡᠯ᠎ᠠ᠃ ᠶᠤᠰᠤᠲᠠᠢ ᠬᠠᠴᠢᠨ ᠪᠤᠯᠤᠬᠰᠡᠨ᠃ ᠡᠷᠬᠢᠨ ᠲᠤᠭᠤᠷᠢᠨ ᠳᠤ ᠦᠴᠤᠭᠡᠨ ᠴᠤ ᠴᠢᠮᠡᠭᠡ ᠠᠨᠢᠷ ᠦᠭᠡᠢ | ᠵᠦᠪᠬᠡᠨ ᠰᠢᠪᠠᠭᠤᠳ ᠤᠨ ᠲᠠᠭᠤ ᠪᠡ ᠤᠰᠤ ᠤᠷᠤᠰᠬᠤ ᠵᠦᠭᠡᠯᠡᠨ ᠴᠢᠮᠡᠭᠡ ᠯᠡ ᠰᠤᠨᠤᠰᠳᠠᠵᠥ ᠪᠠᠶᠢᠪᠠ︕ ᠬᠠᠮᠤᠭ | ᠰᠡᠬᠦᠯ ᠳᠤ ᠪᠢ ᠠᠷᠭ᠎ᠠ ᠪᠤᠰᠤ ᠪᠠᠯᠭᠠᠰᠤᠨ ᠳᠤ ᠪᠤᠴᠠᠬᠰᠡᠨ ᠴᠤ ᠤᠯᠠᠭᠠᠨ ᠬᠡᠵᠢᠬᠡ ᠲᠠᠢ ᠲᠡᠷᠡ ᠡᠪᠤᠭᠡᠨ ᠨᠢᠳᠤᠨ ᠳᠤ | ᠦᠵᠡᠭᠳᠡᠭᠡᠳ ᠰᠦᠨᠢᠵᠢᠨ ᠨᠤᠶᠢᠷ ᠦᠭᠡᠢ ᠬᠦᠯᠦᠷᠡᠵᠥ ᠭᠡᠪᠳᠡᠭᠰᠡᠨ ᠶᠤᠮ᠃ ᠮᠢᠨᠤ ᠴᠡᠭᠡᠵᠢᠯᠡᠵᠥ ᠪᠠᠶᠢᠬᠤ ᠪᠠᠷ ᠲᠡᠷᠡ | ᠤᠳᠠᠭ᠎ᠠ ᠠᠴᠠ ᠠᠪᠤᠭᠠᠳ ᠯᠡ ᠨᠠᠳᠠ ᠳᠤ ᠶᠠᠷᠤᠨᠢ ᠬᠠᠴᠢᠨ ᠰᠤᠨᠢᠨ ᠢᠶᠠᠷ ᠦᠭᠡᠳᠡ ᠦᠭᠡᠢ ᠤᠴᠢᠷ ᠶᠠᠪᠤᠳᠠᠯ | ᠲᠤᠬᠢᠶᠠᠯᠳᠤᠭᠠᠳ ᠪᠠᠶᠢᠬᠤ ᠪᠤᠯᠤᠯ᠎ᠠ᠃ ᠰᠡᠬᠦᠯᠡᠷ ᠨᠢ ᠪᠢ ᠤᠷᠤᠭᠤᠳᠠᠵᠥ ᠲᠤᠷᠤᠶᠢᠳᠠᠭᠠᠳ ᠲᠦᠢᠯ ᠳᠠᠭᠠᠨ ᠲᠤᠯᠬᠤ | ᠳᠠᠭᠠᠨ ᠪᠡᠶ᠎ᠡ ᠪᠠᠨ ᠰᠡᠵᠢᠭᠯᠡᠨ ᠮᠡᠷᠭᠡᠨ ᠲᠦᠯᠭᠡᠴᠢ ᠪᠠᠷ ᠦᠵᠡᠬᠦᠯᠦᠭᠰᠡᠨ ᠳᠤ ᠄ ︽ᠴᠢ ᠦᠩᠭᠡᠷᠡᠭᠰᠡᠨ ᠳᠤ ᠤᠯᠠᠭᠠᠨ | ᠯᠤᠤᠰ ᠢ ᠶᠡᠭᠡ ᠭᠤᠮᠤᠳᠠᠭᠠᠭᠰᠠᠨ ᠳ᠋ᠠ᠂ ᠠᠶᠤᠯ ᠪᠠᠷᠴᠢᠳ ᠴᠢᠨᠢ ᠪᠠᠰᠠ ᠴᠤ ᠲᠠᠭᠤᠰᠤᠭ᠎ᠠ ᠦᠭᠡᠢ ᠪᠠᠶᠢᠨ᠎ᠠ︾ ᠭᠡᠵᠥ | ᠨᠠᠳᠠ ᠳᠤ ᠰᠢᠭᠤᠳ ᠶᠠᠷᠢᠬᠰᠡᠨ ᠶᠤᠮ᠃ ᠡᠳᠡᠭᠡᠷ ᠤᠴᠢᠷ ᠢ ᠪᠢ ᠦᠨᠤᠳᠤᠷ ᠯᠡ ᠰᠠᠶ᠋ᠢ ᠲᠠ ᠨᠠᠷ ᠲᠤ ᠶᠠᠷᠢᠵᠥ | ᠪᠠᠶᠢᠨ᠎ᠠ ᠭᠡᠳ ᠰᠠᠨᠠᠭ᠎ᠠ ᠠᠯᠳᠠᠬᠰᠡᠨ ᠢᠶᠠᠨ᠄ | — ᠡᠨᠡ ᠬᠦᠳᠤᠯ ᠤᠨ ᠭᠤᠤᠯ ᠳᠤ ᠯᠤᠤᠰ ᠲᠠᠢ ᠰᠢᠤ ︕ ᠭᠡᠳ ᠶᠠᠭᠤ ᠨᠢᠭᠡᠨ ᠠᠴᠠ ᠠᠶᠤᠬᠰᠡᠨ ᠰᠢᠭ᠋ ᠨᠠᠮ | ᠲᠤᠭᠤᠢ ᠪᠤᠯᠪᠠ᠃ ᠪᠢᠲᠠ ᠭᠤᠷᠪᠠ ᠲᠡᠬᠦᠨ ᠤ ᠦᠬᠡ ᠶᠢ ᠢᠳᠡᠭᠡᠬᠦ ᠬᠠᠭᠠᠰ ᠰᠡᠵᠢᠭᠯᠡᠬᠦ ᠬᠠᠭᠠᠰ ᠪᠤᠯᠵᠥ ᠤᠷᠤᠢ ᠶᠢᠨ | ᠲᠤᠶᠠᠭ᠎ᠠ ᠤᠯᠠᠶᠢᠳᠠᠯᠠ ᠲᠤᠨᠤᠷᠠᠬᠰᠠᠨ ᠬᠦᠳᠤᠯ ᠤᠨ ᠭᠤᠤᠯ ᠤᠨ ᠬᠦᠨᠳᠠᠢ ᠶᠢ ᠰᠦᠷᠳᠡᠬᠦ ᠬᠠᠭᠠᠰ ᠰᠡᠵᠢᠭᠯᠡᠬᠦ ᠬᠠᠭᠠᠰ | ᠬᠠᠷᠠᠵᠥ ᠶᠠᠪᠤᠯ᠎ᠠ᠃ | — ᠵᠠᠮ ᠢᠶᠠᠷ ᠬᠦᠷᠡᠩ ᠬᠡᠵᠢᠭᠡ ᠲᠠᠢ ᠡᠪᠤᠭᠡᠨ ᠬᠠᠷᠭᠤᠬᠤ ᠪᠤᠯ ᠤᠤ︖ ᠲᠡᠭᠡᠪᠡᠯ ᠪᠢᠲᠠ ᠵᠤᠭᠤᠰ ᠠᠪᠬᠤ | ᠦᠭᠡᠢ ᠪᠠᠷ ᠲᠡᠷᠭᠡᠨ ᠲᠤᠳᠤᠷ᠎ᠠ ᠪᠠᠨ ᠰᠠᠭᠤᠯᠭᠠᠭᠠᠳ ᠬᠦᠷᠬᠦ ᠭᠠᠵᠠᠷ ᠨᠢ ᠬᠦᠷᠭᠡᠵᠥ ᠦᠭᠬᠦᠶ᠎ᠠ ᠭᠡᠵᠥ ᠭᠠᠮᠪᠠ ᠶᠠᠷᠢᠬᠤ | ᠳᠤ ᠦᠭᠡ ᠲᠠᠭᠤᠨ ᠦᠭᠡᠢ ᠲᠡᠷᠭᠡ ᠪᠠᠷᠢᠨ ᠵᠠᠮ ᠢᠶᠠᠨ ᠬᠠᠷᠠᠵᠥ ᠶᠠᠪᠤᠬᠰᠡᠨ ᠵᠠᠮᠪᠠ ᠴᠢᠷᠠᠢ ᠪᠠᠷᠤᠶᠢᠨ᠄ | — ᠴᠢ ᠡᠷᠤᠢ ᠬᠤᠷᠤᠢ ᠦᠭᠡᠢ ᠶᠠᠭᠤ ᠴᠠᠯᠴᠢᠭᠠᠳ ᠪᠠᠶᠢᠬᠤ ᠶᠤᠮ︖ ᠭᠡᠵᠥ ᠦᠨᠡᠨ ᠭᠤᠤᠯ ᠠᠴᠠ ᠪᠠᠨ | ᠠᠭᠤᠷᠯᠠᠵᠥ ᠨᠢᠳᠤ ᠠᠮᠠ ᠨᠢ ᠤᠷᠤᠢ ᠲᠡᠭᠡᠷ᠎ᠡ ᠪᠠᠨ ᠭᠠᠷᠤᠮᠠᠷ ᠬᠠᠴᠢᠨ ᠲᠦᠷᠢᠯᠡᠪᠡ᠃ ᠵᠠᠮᠪᠠ ᠡᠩ ᠤᠨ ᠦᠶ᠎ᠠ ᠳᠤ | ᠶᠡᠭᠡ ᠰᠦᠵᠢᠭ ᠲᠠᠢ ᠪᠠᠶᠢᠵᠥ ᠴᠢᠳᠬᠦᠷ ᠰᠠᠬᠢᠭᠤᠰᠤ ᠭᠡᠳᠡᠭ ᠢ ᠪᠠᠭ᠋ᠠᠨ ᠢᠳᠡᠭᠡᠳᠡᠭ ᠲᠤᠯᠠ ᠡᠨᠡ ᠲᠤᠬᠢᠶᠠᠯ ᠢ ᠵᠠᠪᠳᠤᠨ | ᠭᠠᠮᠪᠠ ᠵᠤᠷᠢᠭᠤᠲᠠ ᠲᠡᠬᠦᠨ ᠢᠶᠠᠷ ᠲᠤᠬᠯᠠᠬᠰᠡᠨ ᠢ ᠪᠢ ᠮᠡᠳᠡᠭᠡᠳ ᠭᠠᠮᠪᠠ ᠵᠦᠭ ᠬᠠᠷᠠᠬᠤ ᠳᠤ ᠲᠡᠷᠡ ᠮᠢᠨᠤ ᠵᠦᠭ | ᠨᠢᠳᠤ ᠢᠷᠮᠡᠨ ᠠᠮᠠ ᠪᠠᠨ ᠪᠢᠳᠡᠬᠦᠯᠡᠨ ᠢᠨᠢᠶᠡᠵᠥ ᠪᠠᠶᠢᠪᠠ᠃ ᠵᠠᠮᠪᠠ ᠦᠨᠡᠨ ᠠᠭᠤᠷᠯᠠᠬᠰᠡᠨ ᠲᠤᠯᠠ ᠭᠠᠮᠪᠠ ᠲᠡᠬᠦᠨ | ᠤ ᠦᠭᠡᠲᠡ ᠲᠠᠬᠢᠭᠠᠳ ᠶᠠᠭᠤᠮ᠎ᠠ ᠶᠠᠷᠢᠬᠰᠡᠨ ᠦᠭᠡᠢ᠂ ᠮᠢᠨᠤ ᠵᠦᠭ ᠬᠠᠨᠳᠤᠭᠠᠳ ᠪᠠᠰᠠ ᠯᠡ ᠰᠡᠮᠬᠡᠨ ᠢᠨᠢᠶᠡᠵᠥ | ᠪᠠᠶᠢᠪᠠ᠃ | ᠲᠠᠷᠠᠭ᠎ᠠ ᠭᠠᠷᠠᠭ ᠤᠨ ᠡᠳᠤᠷ ᠨᠢ ᠵᠠᠮᠪᠠ ᠮᠠᠨᠢ ᠨᠢᠳᠤᠨ ᠴᠡᠩᠭᠡᠷ ᠴᠢᠯᠠᠭᠤ ᠪᠠᠷ ᠢᠶᠠᠨ ᠭᠤᠶᠤ ᠮᠦᠩᠬᠦᠨ ᠪᠦᠭᠡᠵᠢ | ᠬᠢᠵᠥ ᠵᠡᠬᠦᠭᠰᠡᠨ ᠳᠤ ᠭᠠᠮᠪᠠ ᠮᠠᠨ ᠬᠤᠶᠠᠷ ᠤᠨ ᠨᠢᠳᠤ ᠶᠤᠰᠤᠲᠠᠢ ᠤᠷᠤᠢ ᠪᠠᠷ ᠪᠠᠨ ᠭᠠᠷᠤᠮᠠᠷ ᠠᠳᠠᠭ᠎ᠠ ᠬᠦᠷᠦᠭᠰᠡᠨ | ᠶᠤᠮ᠃ ᠮᠦᠩᠬᠦᠨ ᠴᠠᠭᠠᠨ ᠬᠦᠷᠢᠶ᠎ᠠ ᠲᠠᠢ ᠲᠡᠷᠡ ᠨᠢᠳᠤᠨ ᠴᠡᠩᠭᠡᠷ ᠴᠢᠯᠠᠭᠤ ᠨᠢ ᠶᠤᠰᠤᠲᠠᠢ ᠲᠤᠰᠤ ᠲᠤᠰᠤᠯᠠᠮᠠ | ᠭᠤᠶᠤ ᠬᠠᠷᠠᠬᠳᠠᠭᠠᠳ ᠪᠠᠶᠢᠬᠤᠯᠠᠷ ᠭᠠᠮᠪᠠ᠄ | — ᠵᠠ᠂ ᠵᠠᠮᠪᠠ ᠠᠬ᠎ᠠ ᠡᠶᠢᠮᠤ ᠰᠠᠶᠢᠬᠠᠨ ᠪᠦᠭᠡᠵᠢ ᠲᠠᠢ ᠪᠤᠯᠤᠯ᠎ᠠ᠂ ᠦᠨᠤᠳᠤᠷ ᠪᠦᠭᠡᠵᠢ ᠮᠢᠯᠢᠶᠠᠬᠤ ᠨᠠᠶᠢᠷ | ᠬᠢᠵᠥ ᠪᠤᠯᠤᠨ᠎ᠠ ᠳ᠋ᠤᠤ ᠭᠡᠪᠡ᠃ ᠭᠤᠶᠤ ᠪᠦᠬᠡᠵᠢ ᠵᠡᠬᠦᠭᠰᠡᠨ ᠵᠠᠮᠪᠠ ᠠᠬ᠎ᠠ ᠴᠤ ᠶᠡᠭᠡ ᠪᠠᠶᠠᠷᠲᠠᠢ ᠪᠠᠶᠢᠵᠥ ᠭᠠᠮᠪᠠ ᠶᠢᠨ | ᠦᠭᠡ ᠶᠢ ᠲᠤᠤᠷ᠎ᠠ ᠪᠠᠨ ᠵᠦᠪᠰᠢᠶᠡᠷᠡᠵᠥ ᠪᠢᠲᠠ ᠬᠤᠶᠠᠷ ᠢ ᠪᠠᠰᠠ ᠯᠡ ᠪᠦᠯᠤ ᠦᠬᠢᠨ ᠲᠡᠬᠦᠦ ᠶᠢᠨ ᠢᠶᠠᠨ | ᠬᠤᠭᠤᠯᠠᠨ ᠭᠡᠷ ᠲᠤ ᠲᠠᠭᠠᠭᠤᠯᠵᠥ ᠠᠪᠠᠴᠢᠯ᠎ᠠ᠃ ᠵᠠᠮᠪᠠ ᠮᠠᠨᠢ ᠲᠡᠷᠭᠡ ᠪᠠᠨ ᠤᠤᠯ ᠶᠤᠰᠤᠭᠠᠷ ᠤᠨᠵᠢᠭᠢᠷ ᠤᠳᠠᠨ ᠤ | ᠲᠤᠤᠷ᠎ᠠ ᠵᠤᠬᠰᠤᠭᠠᠵᠥ᠂ ᠭᠤᠷᠪᠠᠭᠤᠯᠠ ᠪᠠᠰᠠ ᠯᠡ ᠮᠧᠩᠨᠠᠯᠢᠱᠠ ᠶᠢᠨ ᠭᠤᠶᠤ ᠬᠦᠷᠦᠭ ᠲᠠᠢ ᠦᠷᠤᠭᠡᠨ ᠳᠡᠭᠡᠨ | ᠤᠷᠤᠯ᠎ᠠ᠃ ᠦᠨᠤᠳᠤᠷ ᠠᠷᠢᠬᠢ ᠨᠤᠭᠤᠭ᠎ᠠ ᠰᠠᠨᠠᠭᠠᠨ ᠳᠤ ᠨᠡᠶᠢᠴᠡᠵᠥ ᠪᠢᠲᠠ ᠶᠡᠭᠡ ᠰᠠᠶᠢᠬᠠᠨ ᠨᠠᠷᠬᠢᠵᠥ᠂ ᠬᠤᠶᠠᠷ | ᠨᠠᠶᠢᠵᠠ ᠮᠠᠨᠢ ᠬᠠᠯᠠᠰᠠᠬᠤ ᠲᠤᠳᠤᠮ ᠶᠡᠷᠢᠶ᠎ᠠ ᠨᠢ ᠠᠷᠪᠢᠳᠴᠤ ᠬᠠᠶᠠ ᠳᠠᠭᠠᠨ ᠦᠵᠡᠯ ᠪᠤᠳᠤᠯ ᠨᠢ ᠨᠢᠭᠡᠳᠬᠦ ᠦᠭᠡᠢ | ᠬᠠᠭᠤᠴᠢᠨ ᠵᠠᠩ ᠨᠢ ᠢᠯᠡᠷᠡᠭᠡᠳ ᠪᠠᠶᠢᠪᠠ᠃ ᠡᠶᠢᠮᠤ ᠦᠶ᠎ᠡ ᠳᠤ ᠲᠠᠳᠠ ᠬᠡᠨ ᠨᠢᠭᠡ ᠨᠢ ᠴᠤ ᠨᠠᠳᠠ ᠶᠢ ᠪᠡᠶ᠎ᠡ ᠪᠡᠶ᠎ᠡ | ᠵᠦᠭ ᠢᠶᠠᠨ ᠲᠠᠳᠠᠵᠥ ᠵᠦᠪ ᠪᠤᠷᠤᠭᠤ ᠪᠠᠨ ᠢᠯᠭᠠᠷᠠᠭᠤᠯᠤᠨ᠎ᠠ᠃ ᠲᠡᠭᠡᠬᠦ ᠳᠤ ᠪᠢ ᠨᠢᠭᠡᠨ ᠤ ᠬᠢᠨ ᠲᠠᠯ᠎ᠠ ᠳᠤ | ᠭᠤᠶᠢᠪᠢᠰᠢ ᠦᠭᠡᠢ ᠰᠠᠭᠤᠵᠥ ᠨᠦᠬᠦᠭᠡ ᠶᠢ ᠨᠢ ᠨᠣᠮᠤᠬᠠᠷᠠᠭᠤᠯᠵᠤ ᠤᠶᠢᠮᠡᠭᠡᠨ ᠢ ᠨᠢ ᠲᠠᠷᠤᠵᠥ ᠠᠪᠳᠠᠭ᠃ ᠭᠡᠪᠡᠴᠤ | ᠤᠯᠠᠩᠬᠢ ᠳᠠᠭᠠᠨ ᠪᠢ ᠭᠠᠮᠪᠠ ᠶᠢᠨ ᠲᠠᠯ᠎ᠠ ᠳᠤ ᠰᠠᠭᠤᠵᠥ ᠵᠡᠮᠪᠡ ᠶᠢ ᠨᠣᠮᠤᠬᠠᠷᠠᠭᠤᠯᠳᠠᠭ᠃ ᠤᠴᠢᠷ ᠨᠢ ᠭᠠᠮᠪᠠ ᠮᠡᠨ | ᠠᠴᠠ ᠲᠡᠬᠦᠤ ᠮᠦᠷᠳᠡᠭᠡᠨ ᠴᠠᠬᠳᠠᠭ᠎ᠠ ᠶᠢᠨ ᠠᠵᠢᠯ ᠬᠢᠳᠡᠭ ᠠᠴᠠ ᠵᠠᠩ ᠨᠢ ᠳᠡᠶᠢᠯᠦᠮᠡᠲᠡᠭᠡᠢ ᠪᠠᠶᠢᠳᠠᠭ᠃ ᠪᠢᠲᠡ | ᠲᠡᠬᠦᠨ ᠤ ᠰᠡᠳᠬᠢᠯ ᠴᠠᠭᠠᠪᠤᠷ ᠢ ᠨᠢ ᠰᠠᠨᠠᠵᠥ ᠤᠯᠠᠩᠬᠢ ᠳᠠᠭᠠᠨ ᠨᠠᠶᠢᠷ ᠲᠠᠯᠪᠢᠨ ᠪᠠᠶᠢᠳᠠᠭ ᠢ ᠲᠠᠷᠠ ᠴᠤ ᠲᠤᠳᠤᠷ᠎ᠠ | ᠪᠠᠨ ᠮᠡᠳᠡᠵᠥ ᠶᠡᠭᠡ ᠬᠠᠯᠠᠰᠠᠪᠠᠯ ︽ᠪᠢ ᠴᠢᠨᠢ ᠮᠠᠭᠤ ᠬᠤᠶᠠᠷ ᠠᠬ᠎ᠠ ᠳᠠᠭᠠᠨ ᠡᠷᠭᠡᠯᠡᠭᠡᠳ ᠯᠡ ᠁︾ ᠭᠡᠵᠥ | ᠦᠪᠡᠷ ᠢᠶᠠᠨ ᠮᠡᠳᠡᠷᠡᠵᠥ ᠶᠡᠷᠢᠳᠠᠭ ᠶᠤᠮ᠃ ᠦᠨᠤᠳᠤᠷ ᠵᠠᠮᠪᠠ ᠮᠠᠨᠢ ᠭᠤᠶᠤ ᠪᠦᠭᠡᠵᠢ ᠲᠠᠢ ᠭᠠᠷ ᠢᠶᠠᠷ ᠢᠶᠠᠨ ᠴᠤᠮᠤ | ᠲᠠᠢ ᠠᠷᠢᠬᠢ ᠪᠠᠨ ᠡᠷᠬᠦᠨ ᠡᠷᠬᠦᠨ ᠮᠠᠨ ᠲᠠᠢ ᠬᠠᠷᠰᠢᠭᠤᠯᠤᠨ ᠪᠠᠶᠢᠬᠰᠠᠭᠠᠷ ᠨᠠᠯᠢᠶᠠᠳ ᠬᠠᠯᠠᠰᠠᠪᠠ᠃ ᠭᠠᠮᠪᠠ ᠪᠢᠲᠠ | ᠬᠤᠶᠠᠷ ᠴᠤ ᠬᠠᠯᠠᠰᠠᠪᠠ᠃ | ᠬᠤᠭᠤᠯᠠᠨ ᠭᠡᠷ ᠠᠴᠠ ᠭᠠᠷᠴᠤ ᠢᠷᠡᠭᠰᠡᠨ ᠭᠠᠮᠪᠠ ᠮᠠᠨᠢ ᠪᠦᠭᠡᠵᠢ ᠶᠢᠨ ᠴᠢᠯᠠᠭᠤ ᠡᠷᠢᠬᠦ ᠪᠠᠷ ᠶᠠᠪᠤᠨ᠎ᠠ ᠭᠡᠵᠥ | ᠬᠠᠰᠬᠢᠷᠤᠭᠠᠳ ᠪᠠᠶᠢᠬᠤᠯᠠᠷ ᠵᠠᠮᠪᠠ ᠪᠢᠲᠠ ᠬᠤᠶᠠᠷ ᠠᠷᠭ᠎ᠠ ᠦᠭᠡᠢ ᠲᠡᠷᠭᠡᠨ ᠳᠤ ᠭᠠᠷᠤᠬᠰᠡᠨ ᠶᠤᠮ᠃ ᠠᠷᠢᠬᠢᠨ ᠤ | ᠲᠠᠷᠠᠭ᠎ᠠ ᠤᠯᠠᠩᠬᠢ ᠳᠠᠭᠠᠨ ᠭᠠᠮᠪᠠ ᠲᠡᠷᠭᠡ ᠪᠠᠷᠢᠳᠠᠭ᠃ ᠦᠨᠤᠳᠤᠷ ᠴᠤ ᠭᠠᠮᠪᠠ ᠲᠡᠷᠭᠡ ᠪᠠᠷᠢᠭᠠᠳ ᠪᠢᠳᠠ ᠬᠦᠳᠤᠯ | ᠤᠨ ᠭᠤᠤᠯ ᠲᠡᠭᠡᠷ᠎ᠡ ᠬᠦᠷᠤᠯ᠎ᠠ᠃ ᠬᠠᠶᠢᠪᠠᠨ ᠲᠠᠶᠢᠪᠠᠨ ᠲᠡᠷᠭᠡᠨ ᠠᠴᠠ ᠪᠠᠭᠤᠬᠰᠡᠨ ᠭᠤᠷᠪᠠᠨ ᠬᠦᠮᠤᠨ ᠤᠷᠤᠰᠬᠠᠯ | ᠳᠤ ᠬᠠᠷᠰᠢᠬᠤ ᠬᠦᠳᠤᠯ ᠤᠨ ᠭᠤᠤᠯ ᠤᠨ ᠴᠢᠯᠠᠭᠤᠳ ᠰᠢᠭ᠋ ᠨᠢᠭᠡ ᠨᠢᠭᠡᠨ ᠲᠠᠢ ᠪᠠᠨ ᠬᠠᠷᠭᠤᠯᠳᠤᠨ ᠭᠤᠤᠯ ᠤᠨ | ᠠᠭᠤᠳᠠᠮ ᠬᠡᠪᠡᠯᠢ ᠪᠠᠷ ᠢᠨᠢᠶᠡᠯᠳᠤᠨ ᠶᠠᠪᠤᠯ᠎ᠠ᠃ ᠵᠠᠮᠪᠠ ᠵᠠᠩᠰᠢᠯ ᠶᠤᠰᠤᠭᠠᠷ ︽ᠠᠭᠤᠯᠠ ᠤᠰᠤᠨ ᠤ ᠡᠵᠡᠨ | ᠰᠠᠬᠢᠭᠤᠰᠤ ᠡᠷᠳᠡᠨᠢ ᠪᠠᠨ ᠮᠠᠨ ᠳᠤ ᠬᠠᠶᠢᠷᠠᠯᠠᠭᠠᠴᠢ ᠳ᠋ᠠ︕︾ ᠭᠡᠵᠥ ᠠᠮᠠᠨ ᠳᠠᠭᠠᠨ ᠲᠦᠳᠦᠨᠡᠨ ᠵᠢᠵᠢᠭ ᠯᠤᠩᠬᠤ | ᠲᠠᠢ ᠠᠷᠢᠬᠢ ᠪᠠᠨ ᠠᠭᠤᠯᠠ ᠤᠰᠤᠨ ᠵᠦᠭ ᠰᠠᠴᠤᠬᠯᠠᠵᠥ ᠶᠠᠪᠤᠪᠠ᠃ ᠬᠦᠯ ᠲᠤᠤᠷ᠎ᠠ ᠬᠦᠳᠤᠯ ᠤᠨ ᠭᠤᠤᠯ ᠤᠨ | ᠴᠢᠯᠠᠭᠤᠳ ᠦᠩᠭᠡ ᠢᠯᠭᠠᠷᠠᠨ ᠬᠠᠷᠠᠬᠳᠠᠨ᠎ᠠ ᠁ | ᠬᠦᠳᠤᠯ ᠤᠨ ᠭᠤᠤᠯ ᠤᠨ ᠴᠢᠯᠠᠭᠤᠳ ᠵᠦᠭᠡᠯᠡᠨ ᠤᠷᠤᠰᠬᠠᠯ ᠲᠠᠭᠠᠨ ᠮᠦᠯᠢᠭᠳᠡᠨᠠ᠃ ᠲᠡᠳᠡ ᠠᠰ ᠠᠰ ᠤᠨ | ᠦᠩᠭᠡ ᠲᠠᠢ᠂ ᠲᠤᠰ ᠲᠤᠰ ᠤᠨ ᠬᠡᠯᠪᠡᠷᠢ ᠲᠠᠢ᠃ ᠰᠡᠳᠬᠢᠯ ᠰᠡᠳᠬᠢᠯ ᠢᠶᠠᠷ ᠢᠶᠠᠨ ᠨᠠᠶᠢᠵᠠᠯᠠᠬᠰᠡᠨ ᠵᠠᠮᠪᠠ ᠭᠠᠮᠪᠠ | ᠪᠢᠲᠠ ᠭᠤᠷᠪᠠᠭᠤᠯᠠ ᠴᠤ ᠠᠮᠢᠳᠤᠷᠠᠯ ᠤᠨ ᠤᠷᠤᠰᠬᠠᠯ ᠳᠤ ᠮᠦᠯᠢᠭᠳᠡᠨᠠ᠃ ᠪᠢᠲᠠ ᠴᠤ ᠠᠰ ᠠᠰ ᠤᠨ ᠪᠤᠳᠤᠯ ᠲᠠᠢ᠂ | ᠦᠪᠡᠷ ᠦᠪᠡᠷ ᠤᠨ ᠠᠷᠠᠨᠰᠢᠨ ᠲᠠᠢ᠃ ᠲᠠᠷᠬᠠᠨ ᠠᠭᠤᠯᠠ ᠶᠢᠨ ᠨᠠᠷᠠ ᠲᠠᠭᠠᠬᠰᠡᠨ ᠮᠠᠨ ᠤ ᠭᠤᠷᠪᠠ ᠶᠢᠨ ᠰᠡᠬᠦᠳᠡᠷ | ᠬᠦᠳᠤᠯ ᠤᠨ ᠭᠤᠤᠯ ᠤᠨ ᠲᠤᠯᠠᠭᠠᠨ ᠴᠢᠯᠠᠭᠤᠨ ᠲᠡᠭᠡᠷ᠎ᠡ ᠤᠷᠳᠤ ᠠᠴᠠ ᠤᠷᠳᠤ ᠰᠤᠨᠤᠯᠵᠠᠵᠥ ᠬᠠᠷᠠᠬᠳᠠᠨ᠎ᠠ᠃ | ᠭᠠᠮᠪᠠ ᠮᠠᠨᠢ ᠤᠷᠤᠨ ᠳᠠᠭᠠᠨ ᠵᠤᠬᠰᠤᠵᠥ ᠭᠤᠷᠪᠠᠭᠤᠯᠠ ᠶᠢᠨ ᠰᠡᠬᠦᠳᠡᠷ ᠢᠶᠠᠨ ᠵᠢᠭᠠᠬᠰᠡᠨ ᠢᠶᠠᠨ᠄ | — ᠮᠠᠨ ᠤ ᠭᠤᠷᠪᠠ ᠶᠢᠨ ᠰᠡᠬᠦᠳᠡᠷ ᠠᠭᠤᠯᠠ ᠤᠰᠤᠨ ᠳᠠᠭᠠᠨ ᠢᠩᠬᠢᠵᠥ ᠯᠡ ᠠᠭᠤᠰᠴᠤ ᠰᠢᠩᠭᠡᠭᠡᠳ ᠯᠡ | ᠬᠡᠴᠢᠨᠡᠨ ᠵᠢᠯ ᠤᠨ ᠲᠠᠷᠠᠭ᠎ᠠ ᠬᠡᠨᠡᠳᠲᠠ ᠢᠯᠡᠷᠡᠵᠥ ᠬᠠᠷᠠᠬᠳᠠᠬᠤ ᠪᠠᠶᠢᠯᠬᠦᠢ ᠳ᠋ᠠ ᠭᠡᠪᠡ᠃ ᠲᠡᠭᠡᠬᠦ ᠪᠠᠷ ᠨᠢ ᠵᠠᠮᠪᠠ᠄ | — ᠬᠦᠬᠡ ᠮᠤᠩᠭᠤᠯ ᠤᠨ ᠦᠨᠳᠦᠷᠯᠢᠭ ᠲᠤ ᠬᠤᠷ᠎ᠠ ᠪᠤᠷᠤᠭᠠᠨ ᠱᠠᠬᠢᠨ᠎ᠠ᠂ ᠬᠦᠳᠤᠯ ᠤᠨ ᠭᠤᠤᠯ ᠤᠨ | ᠤᠷᠤᠰᠬᠠᠯ ᠳᠤ ᠵᠦᠢᠯ ᠤᠨ ᠴᠢᠯᠠᠭᠤᠳ ᠲᠠᠷᠬᠢᠯᠠᠨᠠ ᠭᠡᠪᠡ᠃ ᠡᠨᠡ ᠦᠶ᠎ᠡ ᠳᠤ ᠪᠢ ᠨᠠᠷᠠᠨ ᠵᠦᠭ ᠨᠢᠳᠤ ᠴᠠᠪᠴᠢᠯᠠᠨ | ᠬᠠᠷᠠᠬᠤ ᠲᠡᠷᠡᠬᠡᠨ ᠭᠱᠠᠨ ᠳᠤ ᠲᠡᠷᠳᠡᠭᠡ ᠤᠨᠵᠢᠭᠢᠷ ᠤᠳᠠᠨ ᠤ ᠬᠠᠵᠠᠭᠤ ᠳᠠᠬᠢ ᠲᠤᠮᠤ ᠴᠠᠭᠠᠨ ᠴᠢᠯᠠᠭᠤᠨ ᠲᠡᠭᠡᠷ᠎ᠡ | ᠬᠦᠷᠡᠩ ᠤᠯᠠᠭᠠᠨ ᠬᠡᠵᠢᠭᠡ ᠲᠠᠢ ᠨᠢᠭᠡ ᠡᠪᠤᠭᠡᠨ ᠴᠠᠰᠢ ᠬᠠᠨᠳᠤᠨ ᠰᠠᠭᠤᠵᠥ ᠪᠠᠶᠢᠬᠤ ᠨᠢ ᠲᠤᠪ ᠲᠤᠳᠤ ᠬᠠᠷᠠᠬᠳᠠᠪᠠ᠃ | ᠪᠢ ᠰᠤᠴᠢᠬᠤ ᠶᠢᠨ ᠬᠦᠴᠤᠨ ᠳᠤ ᠲᠠᠷᠠ ᠬᠤᠶᠠᠷ ᠤᠨ ᠲᠠᠭᠤ ᠶᠢ ᠬᠤᠷᠢᠶᠠᠯᠭᠠᠭᠠᠳ ᠡᠷᠬᠢᠨ ᠬᠠᠷᠠᠳᠠᠯ᠎ᠠ ᠬᠦᠷᠡᠩ | ᠭᠡᠵᠢᠭᠡ ᠲᠠᠢ ᠡᠪᠤᠭᠡᠨ ᠤᠤᠯ ᠤᠷᠤᠨ ᠳᠠᠭᠠᠨ ᠰᠠᠭᠤᠵᠥ ᠪᠠᠶᠢᠪᠠ᠃ ᠪᠢᠲᠠ ᠭᠤᠷᠪᠠ ᠨᠢᠳᠤ ᠪᠠᠨ ᠢᠳᠡᠭᠡᠵᠥ ᠶᠠᠳᠠᠨ | ᠭᠠᠶᠢᠬᠠᠯᠳᠤᠨ ᠦᠭᠡᠳᠡ ᠦᠭᠡᠳᠡ ᠠᠴᠠ ᠪᠠᠨ ᠬᠠᠷᠠᠳᠠᠯ᠎ᠠ ᠤᠯᠠᠭᠠᠨ ᠡᠪᠤᠭᠡᠨ ᠭᠡᠳᠤᠶᠢᠨ ᠠᠯᠠᠭ᠎ᠠ ᠪᠤᠯᠵᠥ ᠲᠤᠮᠤ | ᠴᠠᠭᠠᠨ ᠴᠢᠯᠠᠭᠤ ᠯᠡ ᠤᠷᠤᠨ ᠳᠠᠭᠠᠨ ᠲᠦᠩᠰᠦᠶᠢᠵᠥ ᠪᠠᠶᠢᠪᠠ᠃ ᠡᠨᠡᠬᠦ ᠬᠡᠨᠡᠳᠳᠡ ᠶᠢᠨ ᠦᠵᠡᠭᠳᠡᠯ ᠳᠤ ᠮᠡᠨ ᠤ | ᠬᠤᠶᠠᠷ ᠤᠨ ᠠᠷᠢᠬᠢ ᠲᠤᠤᠷ᠎ᠠ ᠪᠠᠨ ᠰᠡᠷᠬᠦᠵᠥ᠂ ᠭᠤᠷᠪᠠᠭᠤᠯᠠ ᠶᠠᠭᠠᠬᠢᠬᠤ ᠲᠤᠬᠠᠢ ᠶᠠᠷᠢᠯᠴᠠᠵᠥ ᠲᠤᠬᠳᠠᠭᠠᠳ | ᠤᠨᠵᠢᠭᠢᠷ ᠤᠳᠠᠨ ᠤ ᠵᠦᠭ ᠶᠠᠭᠠᠷᠠᠮᠠ ᠦᠭᠡᠢ ᠠᠯᠬᠤᠯᠠᠯ᠎ᠠ᠃ ᠡᠨᠡᠬᠦ ᠤᠨᠵᠢᠭᠢᠷ ᠤᠳᠠ ᠨᠢᠬᠡ ᠭᠡᠰᠡᠭ ᠬᠦᠨ ᠤᠰᠤ | ᠲᠠᠢ ᠤᠷᠤᠰᠬᠠᠯ ᠡᠷᠬᠢᠭᠰᠡᠨ ᠴᠤᠩᠬᠢᠶᠠᠯ ᠤᠨ ᠲᠡᠷᠭᠡᠳᠡ ᠤᠷᠭᠤᠵᠥ ᠪᠠᠶᠢᠳᠠᠭ ᠮᠦᠷᠲᠡᠭᠡᠨ ᠬᠠᠵᠠᠭᠤ ᠳᠤ ᠨᠢ ᠨᠢᠭᠡ | ᠲᠤᠮᠤ ᠴᠠᠭᠠᠨ ᠴᠢᠯᠠᠭᠤ ᠪᠠᠶᠢᠳᠠᠭ ᠶᠤᠮ᠃ ᠲᠡᠷᠡ ᠴᠢᠯᠠᠭᠤᠨ ᠲᠡᠭᠡᠷ᠎ᠡ ᠪᠢᠲᠠ ᠭᠤᠷᠪᠠ ᠦᠷᠬᠦᠯᠵᠢ ᠰᠡᠷᠢᠬᠦᠴᠡᠨ | ᠰᠠᠭᠤᠳᠠᠭ ᠮᠦᠷᠲᠡᠭᠡᠨ ᠬᠠᠶᠠ ᠳᠠᠭᠠᠨ ᠬᠡᠬᠡᠷ᠎ᠡ ᠶᠢᠨ ᠴᠠᠭᠠᠨ ᠬᠦᠷᠢᠮ ᠠᠶᠢᠯᠠᠳᠴᠤ ᠪᠠᠶᠢᠳᠠᠭ ᠶᠤᠮ᠃ ᠴᠠᠭᠠᠨ | ᠴᠢᠯᠠᠭᠤ ᠶᠢᠨ ᠤᠶᠢᠷ᠎ᠠ ᠬᠦᠷᠦᠭᠰᠡᠨ ᠵᠠᠮᠪᠠ ᠲᠠᠷᠠ ᠵᠦᠭ ᠠᠷᠢᠬᠢ ᠪᠠᠨ ᠬᠡᠳᠤ ᠰᠠᠴᠤᠬᠯᠠᠭᠠᠳ ᠦᠯᠡᠳᠡᠭᠰᠡᠨ ᠠᠷᠢᠬᠢ | ᠪᠠᠨ ᠲᠤᠮᠤ ᠴᠠᠭᠠᠨ ᠴᠢᠯᠠᠭᠤᠨ ᠲᠡᠭᠡᠷ᠎ᠡ ᠲᠠᠯᠪᠢᠯ᠎ᠠ᠃ ᠪᠢᠲᠠ ᠭᠤᠷᠪᠠ ᠨᠤᠮᠢᠨ ᠨᠤᠭᠤᠭᠠᠨ ᠦᠩᠭᠡ ᠲᠠᠢ ᠬᠦᠨ | ᠤᠰᠤᠨ ᠵᠦᠭ ᠬᠠᠷᠠᠴᠠ ᠬᠦᠶᠤᠯᠬᠡᠬᠦ ᠳᠤ ᠲᠡᠭᠡᠷ᠎ᠡ ᠨᠢ ᠰᠢᠷ᠎ᠠ ᠦᠩᠭᠡ ᠲᠠᠢ ᠬᠡᠳᠤᠨ ᠵᠢᠵᠢᠭ ᠴᠡᠴᠡᠭ ᠬᠦᠪᠪᠦᠬᠦ | ᠮᠦᠷᠲᠡᠭᠡᠨ ᠵᠦᠭᠡᠯᠡᠨ ᠰᠠᠯᠬᠢᠨ ᠳᠤ ᠨᠠᠶᠢᠭᠤᠬᠤ ᠡᠪᠡᠰᠤᠨ ᠲᠠᠷᠢᠬᠦᠨ ᠳᠤ ᠬᠦᠷᠤᠯᠴᠡᠬᠦ ᠨᠤᠭᠤᠭᠠᠨ ᠤᠰᠤ ᠦᠯᠤ | ᠮᠡᠳᠡᠭ ᠠᠷ ᠲᠠᠳᠠᠵᠥ ᠪᠠᠶᠢᠪᠠ᠃ | ᠵᠠᠷᠢᠮ ᠦᠶ᠎ᠡ ᠳᠤ ᠬᠦᠮᠤᠰ ᠦᠪᠡᠷ ᠤᠨ ᠪᠡᠶ᠎ᠠ ᠰᠡᠳᠬᠢᠴᠠ ᠪᠠᠨ ᠢᠳᠡᠭᠡᠵᠥ ᠶᠠᠳᠠᠳᠠᠭ ᠤᠳᠠᠭ᠎ᠠ ᠲᠠᠢ ᠶᠤᠮ᠃ | ᠭᠡᠪᠡᠴᠤ ᠰᠠᠶ᠋ᠢ ᠶᠢᠨ ᠬᠠᠷᠠᠬᠰᠠᠨ ᠦᠵᠡᠭᠳᠡᠯ ᠳᠡᠭᠡᠨ ᠪᠢᠳᠠ ᠪᠦᠬᠦᠨ ᠨᠢᠳᠤ ᠰᠡᠳᠬᠢᠯ ᠢᠶᠠᠨ ᠢᠳᠡᠭᠡᠬᠦ ᠯᠡ ᠴᠢᠬᠤᠯᠠ | ᠲᠠᠢ᠃ ᠬᠡᠪᠡᠴᠤ ᠪᠢᠳᠠ ᠪᠤᠳᠠᠰᠴᠢ ᠦᠵᠡᠯ ᠲᠡᠭᠡᠷ᠎ᠡ ᠪᠠᠨ ᠪᠤᠴᠠᠭᠠᠳ ᠢᠷᠡᠬᠦ ᠳᠤ ᠬᠦᠷᠪᠡᠯ ᠡᠨᠡ ᠨᠢ ᠶᠤᠰᠤᠲᠠᠢ | ᠪᠢᠳᠠ ᠭᠤᠷᠪᠡ ᠶᠢᠨ ᠵᠡᠷᠭᠡᠪᠡᠷ ᠬᠠᠷᠠᠬᠰᠡᠨ ᠭᠡᠢ ᠦᠵᠡᠭᠳᠡᠯ ᠭᠡᠵᠥ ᠬᠡᠯᠡᠬᠦ ᠤᠤ︖ ᠦᠨᠡᠭᠡᠷ ᠬᠡᠢ ᠦᠵᠡᠭᠳᠡᠯ ᠤᠯᠵᠥ | ᠬᠠᠷᠠᠬᠰᠡᠨ ᠬᠡᠵᠢ ᠤᠤ︖ ᠡᠰᠡᠭᠦᠯ᠎ᠡ ᠭᠡᠳᠤᠨ ᠲᠦᠮᠡᠨ ᠵᠢᠯ ᠤᠨ ᠡᠨᠡ ᠨᠤᠳᠤᠭ ᠲᠤ ᠨᠢᠭᠡᠨ ᠬᠦᠷᠡᠩ ᠤᠯᠠᠭᠠᠨ | ᠬᠡᠵᠢᠭᠡ ᠲᠠᠢ ᠡᠪᠤᠭᠡᠨ ᠠᠮᠢᠳᠤᠷᠠᠵᠥ ᠪᠠᠶᠢᠵᠥ ᠲᠠᠷᠠ ᠰᠡᠬᠦᠳᠡᠷ ᠨᠢ ᠠᠳᠠᠯᠢ ᠨᠢᠭᠡᠨ ᠴᠠᠭ ᠠᠳᠠᠯᠢ ᠨᠢᠭᠡᠨ ᠭᠡᠷᠡᠯ ᠤᠨ | ᠲᠠᠪᠳᠠᠮᠵᠢ ᠲᠠᠪᠬᠤᠴᠠᠬᠰᠡᠨ ᠬᠡᠨᠡᠳᠳᠡ ᠶᠢᠨ ᠲᠤᠬᠢᠶᠠᠯᠳᠤᠯ ᠢᠶᠠᠷ ᠮᠡᠨ ᠤ ᠨᠢᠳᠤᠨ ᠳᠤ ᠠᠮᠢᠯᠠᠵᠤ ᠬᠠᠷᠠᠬᠳᠠᠬᠰᠡᠨ ᠨᠢ | ᠦᠨᠡᠨ︕ ᠡᠰᠡᠬᠦᠯ᠎ᠠ ᠬᠡᠳᠤᠨ ᠡᠳᠤᠷ ᠤᠨ ᠡᠮᠤᠨᠡᠬᠢ ᠰᠤᠬᠳᠤᠭᠤ ᠶᠢᠨ ᠠᠮᠠᠨ ᠠᠴᠠ ᠤᠯᠵᠥ ᠰᠤᠨᠤᠰᠤᠬᠰᠡᠨ | ᠤᠯᠠᠭᠠᠨ ᠯᠤᠤᠰ ᠨᠢ ᠪᠤᠳᠠ ᠪᠡᠶ᠎ᠡ ᠪᠠᠷ ᠢᠶᠠᠨ ᠢᠯᠡᠷᠡᠭᠰᠡᠨ ᠬᠡᠵᠢ ᠤᠤ︖ | ᠪᠢᠲᠠ ᠭᠤᠷᠪᠠ ᠶᠠᠭᠤ ᠴᠤ ᠶᠠᠷᠢᠯ ᠦᠭᠡᠢ ᠪᠤᠷᠤ ᠮᠦᠷ ᠢᠶᠠᠷ ᠢᠶᠠᠨ ᠪᠤᠴᠠᠯ᠎ᠠ᠃ ᠡᠨᠡ ᠦᠶ᠎ᠠ ᠳᠤ ᠬᠦᠳᠤᠯ ᠤᠨ | ᠭᠤᠤᠯ ᠠᠴᠠ ᠴᠢᠯᠠᠭᠤ ᠲᠡᠬᠦᠬᠦ ᠪᠤᠳᠤᠯ ᠮᠠᠨᠢ ᠨᠢᠭᠡᠮᠤᠰᠤᠨ ᠵᠠᠮᠬᠠᠷᠠᠵᠥ᠂ ᠰᠠᠶ᠋ᠢ ᠶᠢᠨ ᠦᠵᠡᠭᠳᠡᠯ ᠦᠨᠡᠨ ᠡᠰᠡᠬᠦ | ᠲᠤᠬᠠᠢ ᠬᠦᠨ ᠪᠤᠳᠤᠯ ᠳᠤ ᠠᠪᠳᠠᠵᠥ ᠶᠠᠪᠤᠯ᠎ᠠ︕ ᠬᠡᠨᠡᠳᠳᠡ ᠬᠠᠷᠠᠬᠤ ᠳᠤ ᠵᠠᠮᠪᠠ ᠮᠠᠨᠢ ᠠᠯᠬᠤᠭᠠᠨ ᠲᠤᠮᠳᠠ ᠪᠠᠨ | ᠨᠠᠷᠠᠨ ᠵᠦᠭ ᠵᠠᠯᠪᠠᠷᠢᠨ᠄ | — ᠬᠦᠳᠤᠯ ᠤᠨ ᠭᠤᠤᠯ ᠡ᠂ ᠲᠠ ᠮᠢᠨᠢ ᠭᠡᠭᠡᠨ ᠰᠤᠷᠭᠠᠯ ᠢᠶᠠᠨ ᠰᠤᠶᠤᠷᠬᠠᠬᠤ ᠪᠤᠯᠤᠭᠠᠰᠠᠢ ︕ ᠭᠡᠵᠥ | ᠠᠮᠠᠨ ᠳᠠᠭᠠᠨ ᠲᠦᠳᠦᠨᠡᠵᠥ ᠪᠠᠶᠢᠯ᠎ᠠ᠃ ᠡᠨᠡ ᠤᠳᠠᠭ᠎ᠠ ᠭᠠᠮᠪᠠ ᠬᠠᠷᠢᠨ ᠵᠠᠮᠪᠠ ᠪᠠᠷ ᠨᠠᠭᠠᠳᠤᠮ ᠬᠢᠭᠰᠡᠨ ᠦᠭᠡᠢ ᠁ | ᠮᠡᠨ ᠤ ᠭᠤᠷᠪᠠ ᠶᠢᠨ ᠰᠡᠬᠦᠳᠡᠷ ᠲᠠᠰᠢᠬᠤ ᠨᠠᠷᠠᠨ ᠳᠤ ᠤᠷᠳᠤ ᠠᠴᠠ ᠤᠷᠳᠤ ᠰᠤᠨᠤᠯᠵᠠᠵᠥ ᠬᠦᠳᠤᠯ ᠤᠨ ᠭᠤᠤᠯ | ᠤᠨ ᠦᠩᠭᠡᠳᠤ ᠴᠢᠯᠠᠭᠤᠨ ᠲᠡᠭᠡᠷ᠎ᠡ ᠵᠡᠷᠭᠡᠪᠡᠷ ᠨᠡᠬᠦᠵᠥ ᠪᠠᠶᠢᠪᠠ᠃ | | | |