| | ᠨᠠᠷᠠᠰᠤ 1966 ᠤᠨ ᠤ 10 ᠰᠠᠷ᠎ᠠ ᠶᠢᠨ 3 ᠤ ᠡᠳᠤᠷ ᠪᠠᠭᠠᠷᠢᠨ ᠵᠠᠬᠦᠨ ᠬᠤᠰᠢᠭᠤᠨ ᠤ | ᠬᠠᠳ᠋ᠬᠠᠩᠬᠡᠷ ᠭᠦᠩᠱᠧ ᠵᠢᠨᠬᠠᠳ᠋ᠬᠠᠩᠬᠡᠷ ᠪᠠᠷᠢᠭᠠᠳᠠ ᠳᠤ ᠠᠷᠠᠳ ᠤᠨ ᠪᠠᠭᠰᠢ ᠬᠤᠤᠰᠪᠠᠭᠠᠳᠤᠷ ᠡᠷᠳᠡᠨᠢᠴᠡᠴᠡᠭ ᠤᠨ | ᠭᠤᠷᠪᠠᠳᠤᠭᠠᠷ ᠬᠥᠤ ᠪᠤᠯᠵᠤ ᠵᠠᠶᠠᠭᠠᠪᠠ᠃ | 1982 ᠤᠨ ᠳᠤ ᠯᠢᠨᠳᠦ᠋ᠩ ᠤᠨ ᠬᠤᠶᠠᠳᠣᠭᠠᠷ ᠳᠣᠮᠳᠠᠳᠣ ᠰᠣᠷᠭᠠᠭᠤᠯᠢ ᠠᠴᠠ ᠳᠡᠬᠦᠰᠴᠣ ᠥᠪᠤᠷ | ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠠᠮᠢᠳᠤ ᠪᠤᠳᠠᠰ ᠤᠨ ᠰᠠᠯᠪᠤᠷᠢ ᠳᠤ ᠰᠢᠯᠭᠠᠨ ᠤᠷᠤᠵᠠᠢ᠃ | ᠨᠠᠢᠮᠨᠨ ᠵᠢᠯ ᠤᠨ ᠲᠠᠷᠠᠭ᠎ᠠ ᠠᠰᠫᠢᠷᠠᠨᠲ ᠴᠤᠯᠨ ᠬᠠᠮᠠᠭᠠᠯᠠᠪᠠ᠃ ᠥᠪᠤᠷ ᠮᠤᠩᠭᠤᠯ ᠤᠨ ᠬᠥᠳᠡᠭᠡ ᠠᠵᠤ ᠠᠬᠤᠢ ᠶᠢᠨ | ᠶᠡᠭᠡ ᠰᠤᠷᠭᠠᠭᠤᠯᠢ ᠳᠤ ᠲᠥᠷᠪᠠᠨ ᠵᠢᠯ ᠪᠠᠭᠰᠢᠯᠠᠵᠤ᠂1996 ᠤᠨ ᠤ 1 ᠰᠠᠷ᠎ᠠ ᠳᠤ ᠠᠮᠧᠷᠢᠺᠠ ᠤᠯᠤᠰ ᠤᠨ | ᠸᠠᠶᠢᠤᠮᠢᠩ ᠶᠡᠭᠡ ᠰᠤᠷᠭᠠᠭᠤᠯᠢ ᠶᠢᠨ ᠪᠠᠶᠢᠭᠠᠯᠢ ᠶᠢᠨ ᠡᠭᠡ ᠪᠠᠶᠠᠯᠢᠭ ᠤᠨ ᠰᠤᠳᠤᠯᠭ᠎ᠠ ᠶᠢᠨ ᠰᠠᠯᠪᠤᠷᠢ ᠳᠤ ᠬᠥᠷᠴᠤ | ᠥᠷᠬᠦᠯᠵᠢᠯᠠᠨ ᠰᠤᠷᠤᠯᠴᠠᠪᠠ᠃1999 ᠤᠨ ᠤ 12 ᠰᠠᠷ᠎ᠠ ᠳᠤ ᠠᠮᠢᠳᠤ ᠪᠤᠳᠠᠰ ᠤᠨ ᠤᠬᠠᠭᠠᠨ ᠤ ᠳ᠋ᠤᠺᠲ᠋ᠤᠷ | ᠴᠤᠯᠨ ᠬᠠᠮᠠᠭᠠᠯᠠᠪᠠ᠃ | 2000 ᠤᠨ ᠠᠴᠠ ᠡᠬᠢᠯᠠᠨ ᠠᠮᠧᠷᠢᠺᠠ ᠶᠢᠨ ᠤᠯᠤᠰ ᠤᠨ ᠡᠷᠡᠬᠦᠯ ᠬᠠᠮᠠᠭᠠᠯᠠᠯ ᠤᠨ ᠶᠠᠮᠤᠨ ᠤ ᠡᠷᠡᠬᠦᠯ | ᠬᠠᠮᠠᠭᠠᠯᠠᠯ ᠤᠨ ᠰᠢᠨᠵᠢᠯᠡᠬᠦ ᠤᠬᠠᠭᠠᠨ ᠤ ᠬᠥᠷᠢᠶᠠᠯᠠᠩ ᠤᠨ ᠬᠥᠮᠤᠨ ᠤ ᠭᠧᠨ ᠤ ᠰᠤᠳᠤᠯᠭᠠᠨ ᠤ ᠭᠠᠵᠠᠷ ᠤᠨ | ᠰᠤᠳᠤᠯᠤᠬᠴᠢ ᠪᠠᠷ ᠠᠵᠢᠯᠯᠠᠭᠠᠳ ᠤᠳᠤ ᠪᠤᠯᠵᠤ ᠪᠠᠶᠢᠨ᠎ᠡ᠃ ᠨᠠᠷᠠᠰᠤ ᠶᠢᠨ ᠰᠤᠳᠤᠯᠤᠯᠭ᠎ᠠ ᠨᠢ ᠭᠤᠤᠯᠳᠠᠭᠤ ᠰᠢᠬᠢᠷ | ᠰᠢᠵᠢᠩ ᠡᠪᠡᠤᠨᠴᠢᠨ ᠤ ᠤᠳᠤᠮᠰᠢᠯ ᠤᠨ ᠰᠢᠯᠳᠠᠭᠠᠨ ᠢ ᠰᠤᠳᠤᠯᠳᠠᠭ᠃ ᠨᠠᠷᠠᠰᠤ ᠪᠤᠯᠤᠨ ᠲᠠᠬᠦᠨ ᠤ | ᠰᠤᠳᠤᠯᠭᠠᠨ ᠳᠤ ᠪᠠᠨ ᠨᠠᠶᠢᠳᠡ 60 ᠭᠠᠷᠤᠢ ᠡᠪᠡᠤᠨᠴᠢᠨ ᠢ ᠨᠥᠯᠤᠭᠡᠯᠡᠬᠦ ᠰᠢᠨ᠎ᠡ ᠭᠧᠨ ᠢ ᠤᠯᠵᠤ ᠲᠡᠯᠡᠭᠡᠢ ᠶᠢᠨ | ᠬᠠᠮᠤᠭ ᠤᠨ ᠬᠥᠨᠳᠤᠤᠨᠭᠡᠯᠳᠡᠢ ᠰᠤᠳᠤᠯᠭᠠᠨ ᠤ ᠰᠡᠤᠡᠬᠦᠯ ᠳᠤ ᠥᠬᠦᠯᠠᠯ ᠤᠳ ᠢᠶᠠᠨ ᠨᠠᠶᠢᠳᠡᠯᠡᠪᠠ᠃ ᠡᠬᠦᠨ ᠠᠴᠠ | ᠭᠠᠳᠠᠨ᠎ᠡ᠂ ᠰᠢᠬᠢᠷ ᠰᠢᠵᠢᠩ ᠡᠪᠡᠤᠨᠴᠢᠨ ᠲᠠᠢ ᠬᠠᠮᠢᠶ᠎ᠡ ᠪᠥᠬᠦᠢ ᠴᠢᠰᠤᠨ ᠲᠠᠷᠤᠯᠳᠡ ᠥᠨᠳᠤᠷ᠂ ᠮᠠᠷᠢᠶᠠᠯᠠᠬᠤ | ᠡᠪᠡᠤᠨᠴᠢᠨ ᠵᠢᠴᠢ ᠵᠢᠷᠤᠭᠡᠨ ᠤ ᠡᠪᠡᠤᠨᠴᠢᠨ ᠢ ᠶᠡᠭᠡ ᠪᠠᠷ ᠨᠥᠯᠤᠭᠡᠯᠡᠳᠡᠭ 40 ᠭᠠᠷᠤᠢ ᠭᠧᠨ ᠢ ᠤᠯᠵᠤ ᠮᠡᠳᠡᠵᠤ | ᠰᠤᠳᠤᠯᠭᠠᠨ ᠤ ᠥᠬᠦᠯᠠᠯ ᠢᠶᠠᠨ ᠨᠠᠶᠢᠳᠡᠯᠡᠪᠡ᠃ | ᠨᠠᠷᠠᠰᠤ 2000 ᠤᠨ ᠠᠴᠠ ᠡᠬᠢᠯᠠᠨ᠂ ᠲᠡᠯᠡᠭᠡᠢ ᠶᠢᠨ ᠤᠯᠠᠨ ᠤᠯᠠᠨ ᠰᠢᠨᠵᠢᠯᠡᠬᠦ ᠤᠬᠠᠭᠠᠠᠳᠡᠡ ᠲᠠᠢ | ᠬᠠᠮᠳᠤᠷᠠᠵᠤ᠂ ᠬᠥᠮᠤᠨ ᠤ ᠪᠥᠬᠦ ᠭᠧᠨ ᠢ ᠲᠠᠮᠳᠡᠭᠯᠡᠬᠦ ᠴᠠᠭ ᠥᠶ᠎ᠡ ᠳᠤ ᠬᠤᠪᠤᠷ ᠰᠤᠳᠤᠯᠭᠠᠨ ᠤ ᠠᠵᠢᠯ ᠳᠤ | ᠤᠷᠤᠯᠴᠠᠪᠠ᠃ ᠤᠳᠤ ᠲᠡᠷᠡ ᠰᠢᠬᠢᠷ ᠰᠢᠵᠢᠩ ᠡᠪᠡᠤᠨᠴᠢᠨ᠂ ᠴᠢᠰᠤᠨ ᠲᠠᠷᠤᠯᠳᠡ ᠥᠨᠳᠤᠷ ᠡᠪᠡᠤᠨᠴᠢᠨ᠂ | ᠮᠠᠷᠢᠶᠠᠯᠠᠬᠤ ᠡᠪᠡᠤᠨᠴᠢᠨ ᠤ ᠭᠧᠨ ᠤ ᠤᠶᠢᠯᠨ ᠠᠵᠢᠯᠯᠠᠭ᠎ᠠ ᠶᠢ ᠥᠷᠬᠦᠯᠵᠢᠯᠠᠨ ᠰᠤᠳᠤᠯᠬᠤ ᠶᠢᠨ ᠬᠠᠮᠳᠤ᠂ ᠪᠥᠭᠡᠷ᠎ᠠ | ᠶᠢᠨ ᠬᠠᠪᠤᠳᠠᠷ ᠡᠪᠡᠤᠨᠴᠢᠨ ᠤ ᠤᠳᠤᠮᠰᠢᠯ ᠤᠨ ᠰᠢᠯᠳᠠᠭᠠᠨ ᠢ ᠰᠤᠳᠤᠯᠵᠤ ᠪᠠᠶᠢᠨ᠎ᠡ᠃ ᠤᠳᠤ ᠪᠤᠯᠳᠠᠯ᠎ᠠ ᠨᠢᠭᠡᠨᠳᠡ | ᠲᠡᠯᠡᠭᠡᠢ ᠶᠢᠨ ᠨᠠᠷᠠ ᠬᠥᠨᠳᠤᠳᠠᠢ ᠰᠤᠳᠤᠯᠭᠠᠨ ᠤ ᠰᠡᠤᠨᠬᠦᠯ ᠳᠤ 60 ᠭᠠᠷᠤᠢ ᠰᠢᠨᠵᠢᠯᠡᠬᠦ ᠤᠬᠠᠭᠠᠨ ᠤ ᠥᠬᠦᠯᠠᠯ | ᠨᠠᠶᠢᠳᠡᠯᠠᠵᠠᠢ᠃ | | | ᠪᠠᠯᠳᠠᠨᠰᠠᠩᠪᠤᠤ ᠬᠠᠩᠭᠠᠪᠠ |