| | ᠠᠪᠤᠵᠢ ᠶᠢᠨ ᠨᠣᠶᠠᠷᠬᠠᠵᠤ ᠪᠠᠶᠢᠬᠰᠡᠨ ᠦᠶᠡᠰ ᠯᠢᠶᠤᠣ ᠣᠯᠣᠰ ᠤᠨ ᠬᠠᠭᠠᠨᠳᠤ ᠲᠦᠷᠤ ᠶᠢᠨ ᠬᠢᠯᠢ | ᠬᠢᠵᠠᠭᠠᠷ ᠨᠢ ᠵᠡᠬᠦᠨ᠎ᠡ ᠶᠡᠭᠡ ᠲᠠᠯᠡᠢ ᠠᠴᠠ ᠡᠬᠢᠯᠡᠨ᠂ ᠪᠠᠷᠠᠭᠤᠨ᠎ᠠ ᠨᠡᠬᠦᠳᠡᠯ ᠮᠠᠩᠬ᠎ᠠ ᠳᠤ ᠲᠣᠯᠵᠣ᠂ ᠡᠮᠣᠨ᠎ᠠ ᠴᠠᠭᠠᠨ | ᠬᠡᠷᠡᠮ ᠢ ᠲᠠᠪᠠᠭᠠᠳ᠂ ᠣᠮᠠᠷᠠᠰᠢ ᠶᠡᠭᠡ ᠭᠤᠪᠢ ᠳᠤ ᠬᠦᠷᠴᠡᠢ᠃ ᠡᠶᠢᠨᠬᠦ ᠲᠡᠬᠦᠨ ᠤ ᠨᠣᠶᠠᠷᠬᠠᠬᠤ ᠳ᠋ᠦᠢᠰᠢᠶᠠᠩ ᠳᠤ | ︽ᠲᠠᠷᠢᠶ᠎ᠠ ᠲᠦᠮᠣᠰᠣ ᠪᠠᠷ ᠬᠦᠨᠡᠰᠦ ᠬᠢᠵᠤ᠂ ᠬᠤᠳᠠ ᠪᠠᠯᠭᠠᠰᠤ ᠪᠠᠷᠢᠵᠤ ᠰᠠᠭᠤᠳᠠᠭ︾ ᠲᠣᠬᠠᠶᠢᠯᠠᠪᠠᠯ | ᠲᠠᠷᠢᠶᠠᠯᠠᠩ ᠤᠨ ᠠᠵᠢᠯ ᠡᠷᠬᠢᠯᠡᠳᠡᠭ ᠬᠢᠳᠠᠳ ᠬᠦᠮᠤᠨ ᠪᠦᠸᠧᠬᠠᠢ ᠬᠦᠮᠤᠨ ᠪᠠᠶᠢᠬᠤ ᠠᠴᠠ ᠭᠠᠳᠠᠨ᠎ᠠ᠂ ᠪᠠᠰᠠ ︽ | ᠵᠢᠭᠠᠰᠤ ᠵᠢᠷᠠᠭᠠᠬᠠᠢ ᠠᠩ ᠬᠦᠷᠤᠭᠡ ᠪᠠᠷ ᠬᠦᠨᠡᠰᠦ ᠪᠤᠯᠭᠠᠨ᠂ ᠲᠡᠷᠬᠡ ᠬᠦᠰᠭᠡ ᠪᠠᠷ ᠭᠡᠷ ᠬᠢᠳᠡᠭ︾ ᠲᠣᠬᠠᠶᠢᠯᠠᠪᠠᠯ | ᠨᠡᠬᠦᠳᠡᠯᠯᠡᠨ ᠮᠠᠯᠵᠢᠬᠤ ᠬᠢᠳᠠᠨ᠂ ᠮᠣᠩᠭᠤᠯ᠂ ᠣᠶᠢᠭᠤᠷ᠂ ᠵᠦᠷᠴᠢᠨ ᠵᠡᠷᠬᠡ ᠦᠨᠳᠤᠰᠤᠳᠠᠨ ᠤ ᠠᠷᠠᠳ ᠲᠦᠮᠡᠨ ᠪᠤᠯ | ᠲᠡᠬᠦᠨ ᠤ ᠨᠣᠶᠠᠷᠬᠠᠯ ᠤᠨ ᠬᠡᠪᠴᠢᠶᠡᠨ ᠤ ᠣᠮᠠᠷᠠᠳᠤ ᠬᠡᠰᠡᠭ ᠪᠠᠷ ᠨᠤᠳᠤᠬᠰᠢᠨ ᠠᠮᠢᠳᠤᠷᠠᠵᠤ᠂ ᠬᠢᠳᠠᠳ ᠬᠢᠭᠡᠳ | ᠪᠦᠸᠧᠬᠠᠢ ᠦᠨᠳᠤᠰᠤᠳᠠᠨ ᠪᠤᠯ ᠡᠮᠤᠨᠡᠳᠤ ᠬᠡᠰᠡᠭ ᠪᠠᠷ ᠨᠢ ᠨᠣᠳᠣᠬᠰᠢᠨ ᠠᠮᠢᠳᠣᠷᠠᠵᠤ ᠪᠠᠶᠢᠬᠤ ᠲᠤᠯᠠ᠂ ᠣᠮᠠᠷᠠᠳᠤ | ᠬᠡᠰᠡᠭ ᠤᠨ ᠠᠵᠤ ᠠᠬᠤᠢ ᠲᠤᠳᠤᠷ᠎ᠠ ᠮᠠᠯ ᠠᠵᠤ ᠠᠬᠤᠢ ᠭᠤᠣᠯᠯᠠᠬᠴᠢ ᠣᠶᠢᠯᠡᠳᠤᠯ ᠭᠠᠷᠭᠠᠵᠤ᠂ ᠡᠮᠤᠨᠡᠳᠤ ᠬᠡᠰᠡᠭ | ᠲᠤᠨᠢ ᠲᠠᠷᠢᠶᠠᠯᠠᠩ ᠴᠢᠬᠤᠯᠡ ᠦᠢᠯᠡᠳᠤᠯ ᠭᠠᠷᠭᠠᠵᠤ ᠪᠠᠶᠢᠪᠠ᠃ ᠡᠨᠡᠬᠦ ᠡᠮᠤᠨᠡᠳᠤ ᠣᠮᠠᠷᠠᠳᠤ ᠬᠤᠶᠠᠷ ᠬᠡᠰᠡᠭ ᠤᠨ ᠠᠵᠤ | ᠠᠬᠤᠢ᠂ ᠰᠤᠶᠤᠯ ᠤᠨ ᠬᠦᠭᠵᠢᠭᠰᠡᠨ ᠬᠡᠮᠵᠢᠶ᠎ᠡ ᠪᠤᠯᠤᠨ ᠠᠷᠠᠳ ᠲᠦᠮᠡᠨ ᠤ ᠠᠮᠢᠳᠤᠷᠠᠯ ᠤᠨ ᠠᠷᠭ᠎ᠠ ᠮᠠᠶ᠋ᠢᠭ ᠨᠢ | ᠴᠦᠮ ᠠᠳᠠᠯᠢ ᠦᠬᠡᠢ ᠶᠤᠮ᠃ ᠨᠣᠶᠠᠷᠬᠠᠬᠳᠠᠵᠤ ᠪᠦᠬᠦᠢ ᠭᠠᠵᠠᠷ ᠣᠷᠣᠨ ᠤ ᠡᠶᠢᠮᠤᠷᠬᠦᠤ ᠠᠳᠠᠯᠢ ᠪᠤᠰᠤ ᠪᠠᠶᠢᠳᠠᠯ | ᠳᠤ ᠵᠤᠬᠢᠴᠠᠭᠤᠯᠬᠤ ᠶᠢᠨ ᠲᠣᠰᠠᠳᠠ᠂ ᠲᠠᠶᠢᠽᠦᠩ ᠬᠠᠭᠠᠨ ᠶᠧᠯᠢᠤᠢ ᠳ᠋ᠧᠭᠤᠸ᠋ᠩ ᠤᠨ ᠦᠶ᠎ᠡ ᠳᠤ᠂ ᠯᠢᠶᠣᠤ | ᠤᠯᠤᠰ ᠤᠨ ᠵᠠᠰᠠᠭ ᠤᠨ ᠭᠠᠵᠠᠷ ᠤᠨ ᠵᠠᠰᠠᠭ ᠵᠠᠬᠢᠷᠭᠠᠨ ᠤ ᠬᠠᠮᠢᠶᠠᠷᠤᠯᠳᠠ ᠪᠠᠨ ︽ᠣᠮᠠᠷᠠᠳᠤ ᠡᠳᠡᠭᠡᠳ︾ ︽ | ᠡᠮᠤᠨᠡᠳᠤ ᠡᠳᠡᠭᠡᠳ︾ ᠭᠡᠵᠤ ᠬᠤᠶᠠᠷ ᠰᠢᠰᠲ᠋ᠧᠮ ᠪᠤᠯᠭᠠᠨ ᠬᠤᠪᠢᠶᠠᠵᠤ᠂ ︽ᠣᠯᠣᠰ ᠤᠨ ᠲᠦᠷᠢᠮ ᠢᠶᠠᠷ ᠬᠢᠳᠠᠨ ᠢ | ᠵᠠᠰᠠᠵᠤ᠂ ᠬᠢᠳᠠᠳ ᠤᠨ ᠲᠦᠷᠢᠮ ᠢᠶᠠᠷ ᠬᠢᠳᠠᠳ ᠲᠤᠷ ᠬᠠᠨᠳᠤᠬᠤ︾ ᠠᠷᠭ᠎ᠠ ᠶᠢ ᠠᠪᠴᠤ ᠡᠬᠢᠯᠡᠪᠠ᠃ ᠪᠤᠳᠠᠳᠠᠢ | ᠠᠷᠭ᠎ᠠ ᠨᠢ᠄ ᠬᠢᠳᠠᠨ ᠬᠢᠭᠡᠳ ᠪᠤᠰᠤᠳ ᠨᠡᠬᠦᠳᠡᠯᠴᠢᠨ ᠦᠨᠳᠤᠰᠤᠳᠠᠨ ᠢ ᠨᠣᠶᠠᠷᠬᠠᠬᠤ ᠳᠠᠭᠠᠨ ᠴᠦᠮ ᠬᠢᠳᠠᠨ | ᠢᠵᠠᠭᠤᠷᠳᠠᠨ ᠢ ᠬᠡᠷᠡᠭᠯᠡᠵᠤ ᠬᠡᠷᠡᠭ ᠡᠷᠬᠢᠯᠡᠬᠦ ᠭᠠᠵᠠᠷ ᠢ ᠬᠠᠭᠠᠨ ᠤ ᠴᠠᠴᠠᠷ ᠤᠷᠳᠤᠨ ᠤ ᠣᠮᠠᠷ᠎ᠠ ᠳᠤ ᠲᠠᠯᠪᠢᠭᠠᠳ ︽ | ᠣᠮᠠᠷᠠᠳᠤ ᠡᠳᠡᠭᠡᠳ ᠤᠨ ᠨᠣᠶᠠᠨ︾ ᠭᠡᠪᠠ᠃ ᠣᠮᠠᠷᠠᠳᠤ ᠡᠳᠡᠭᠡᠳ ᠤᠨ ᠨᠤᠶᠠᠨ ᠨᠢ ᠣᠷᠳᠣᠨ᠂ ᠴᠠᠴᠠᠷ᠂ ᠠᠶᠢᠮᠠᠭ | ᠣᠬᠰᠠᠭ᠎ᠠ ᠬᠠᠷᠢᠶ᠎ᠠ ᠠᠶᠢᠮᠠᠭ᠂ ᠴᠡᠷᠢᠭ ᠤᠨ ᠶᠠᠪᠤᠳᠠᠯ᠂ ᠵᠠᠷ ᠵᠡᠪᠰᠡᠭ᠂ ᠮᠠᠯ ᠰᠦᠷᠦᠭ ᠤᠨ ᠤᠴᠢᠷ ᠢ ᠬᠠᠮᠢᠶᠠᠷᠬᠤ᠂ | ᠡᠮᠤᠨᠡᠳᠤ ᠡᠳᠡᠭᠡᠳ ᠤᠨ ᠨᠤᠶᠠᠨ ᠨᠢ ᠬᠢᠳᠠᠳ ᠬᠦᠮᠤᠨ ᠤ ᠵᠸᠤ ᠰᠢᠶᠠᠨ᠂ ᠲᠦᠷᠢᠶᠡᠰᠤ ᠭᠠᠶᠢᠯᠡᠢ᠂ ᠴᠡᠷᠢᠭ ᠤᠨ | ᠠᠬᠳᠠ᠂ ᠪᠢᠴᠢᠭ ᠰᠤᠶᠤᠯ᠂ ᠴᠡᠷᠢᠭ ᠤᠨ ᠠᠯᠪᠠ ᠵᠡᠷᠬᠡ ᠣᠴᠢᠷ ᠢ ᠬᠠᠮᠢᠶᠠᠷᠳᠠᠭ᠃ ᠡᠨᠡ ᠨᠢ ᠲᠠᠷᠤᠢ ︽ᠯᠢᠶᠣᠤ | ᠤᠯᠤᠰ ᠤᠨ ᠲᠡᠤᠬᠡ︾ ᠳᠤ ᠬᠡᠯᠡᠭᠰᠡᠨ ︽ᠵᠠᠩᠰᠢᠯ ᠳᠤ ᠲᠤᠬᠢᠷᠠᠭᠤᠯᠤᠨ ᠵᠠᠰᠠᠬᠤ︾ ᠭᠡᠳᠡᠭ ᠨᠢ ᠮᠥᠨ ᠪᠦᠬᠡᠳ | ᠦᠨᠡᠨ ᠳᠡᠭᠡᠨ ︽ᠨᠡᠬᠦᠳᠡᠯᠴᠢᠨ ᠦᠨᠳᠤᠰᠤᠳᠠᠨ ᠪᠠ ᠬᠢᠳᠠᠳ ᠦᠨᠳᠤᠰᠤᠳᠠᠨ ᠢ ᠬᠤᠪᠢᠶᠠᠨ ᠵᠠᠰᠠᠬᠰᠡᠨ︾ ᠶᠠᠪᠤᠳᠠᠯ | ᠪᠤᠯᠤᠨ᠎ᠠ᠃ | ᠯᠢᠶᠤᠤ ᠤᠯᠤᠰ ᠤᠨ ᠨᠣᠳᠤᠭ ᠲᠠᠪᠢᠰᠭᠡᠷ ᠳᠡᠭᠡᠷ᠎ᠠ ᠨᠣᠶᠠᠷᠬᠠᠬᠴᠢ ᠦᠨᠳᠤᠰᠣᠳᠠᠡ ᠪᠤᠯᠬᠤ ᠬᠢᠳᠠᠨ ᠠᠴᠠ | ᠭᠠᠳᠠᠨ᠎ᠠ ᠪᠠᠰᠠ ᠨᠣᠶᠠᠷᠬᠠᠬᠳᠠᠵᠤ ᠪᠦᠬᠦᠢ ᠬᠢᠳᠠᠳ ᠪᠦᠸᠧᠬᠠᠢ᠂ ᠰᠢ᠂ ᠵᠦᠷᠴᠢᠨ᠂ ᠱᠢ ᠸᠧᠢ᠂ ᠣᠶᠢᠭᠤᠷ᠂ | ᠮᠣᠩᠭᠤᠯ ᠵᠡᠷᠬᠡ ᠮᠠᠰᠢ ᠣᠯᠠᠨ ᠦᠨᠳᠤᠰᠤᠳᠠᠨ ᠨᠦᠭᠦᠳ ᠨᠣᠳᠣᠬᠰᠢᠵᠤ ᠪᠠᠶᠢᠵᠡᠢ᠃ ᠭᠡᠪᠠᠴᠤ ᠦᠨᠳᠤᠰᠤᠳᠠᠨ ᠤ | ᠨᠣᠶᠠᠷᠬᠠᠯ ᠤᠨ ᠮᠦᠨ ᠴᠢᠨᠠᠷ ᠪᠤᠯ ᠠᠩᠬᠢ ᠶᠢᠨ ᠨᠤᠶᠠᠷᠬᠠᠯ ᠪᠣᠯᠬᠤ ᠲᠤᠯᠠ᠂ ᠯᠢᠶᠣᠤ ᠣᠯᠣᠰ ᠤᠨ ᠨᠣᠶᠠᠷᠬᠠᠬᠴᠢ | ᠠᠩᠬᠢ ᠨᠢ ᠬᠢᠳᠠᠨ ᠤ ᠬᠠᠭᠠᠨ ᠤ ᠣᠬᠰᠠᠭ᠎ᠠ᠂ ᠬᠠᠳᠤᠨ ᠤ ᠣᠬᠰᠠᠭ᠎ᠠ ᠢᠵᠠᠭᠤᠷᠳᠠᠨ ᠨᠠᠷ ᠪᠤᠯᠤᠨ ᠬᠢᠳᠠᠳ᠂ | ᠪᠦᠸᠧᠬᠠᠢ ᠦᠨᠳᠤᠰᠣᠳᠠᠡ ᠤ ᠲᠣᠳᠣᠷᠠᠬᠢ ᠲᠡᠭᠡᠳᠤ ᠲᠠᠪᠬᠤᠷᠭᠠᠳᠠᠨ ᠭᠠᠵᠠᠷ ᠤᠨ ᠡᠵᠡᠨ ᠵᠡᠷᠬᠡ ᠪᠠᠷ ᠪᠦᠷᠢᠯᠳᠤᠭ᠍ᠰᠡᠨ | ᠶᠤᠮ᠃ ᠡᠬᠦᠨ ᠳᠤ ᠬᠠᠭᠠᠨ ᠨᠢ ᠬᠠᠮᠤᠭ ᠤᠨ ᠲᠡᠭᠡᠳᠤ ᠨᠣᠶᠠᠷᠬᠠᠬᠴᠢ ᠪᠤᠯᠤᠬᠴᠢ ᠪᠦᠭᠡᠳ ᠪᠠᠰᠠ ᠬᠢᠳᠠᠨ ᠤ | ᠢᠵᠠᠭᠤᠷᠳᠡᠨ ᠠᠩᠬᠢ ᠶᠢᠨ ᠭᠤᠤᠯ ᠲᠤᠯᠭᠠᠭᠤᠷᠢ ᠨᠢ ᠪᠤᠯᠤᠨ᠎ᠠ᠃ ᠯᠢᠶᠣᠤ ᠤᠯᠤᠰ ᠤᠨ ᠬᠠᠭᠠᠨᠳᠤ ᠲᠦᠷᠤ ᠶᠢᠨ | ᠴᠢᠬᠤᠯᠡ ᠡᠷᠬᠢᠮ ᠨᠣᠶᠠᠳ ᠤᠨ ᠲᠣᠰᠢᠶᠠᠯ ᠢ ᠴᠦᠮ ᠬᠢᠳᠠᠨ ᠤ ᠢᠵᠠᠭᠤᠷᠳᠠᠨ ᠨᠠᠷ ᠦᠶ᠎ᠡ ᠤᠯᠠᠷᠢᠨ ᠵᠠᠯᠭᠠᠮᠵᠢᠯᠠᠳᠠᠭ | ᠪᠦᠭᠡᠳ ᠠᠳᠠᠯᠢ ᠨᠢᠭᠡᠨ ᠣᠪᠣᠭ ᠲᠦᠷᠤᠯ ᠪᠤᠶᠤ ᠬᠡᠳᠤᠨ ᠣᠪᠣᠭ ᠲᠦᠷᠤᠯ ᠤᠨ ᠢᠵᠠᠭᠤᠷᠳᠡᠨ ᠤ ᠲᠦᠯᠤᠬᠡᠯᠡᠭᠴᠢ ᠨᠢ | ᠡᠳᠡᠭᠡᠷ ᠴᠢᠬᠤᠯᠠ ᠡᠷᠬᠢᠮ ᠨᠤᠶᠠᠳ ᠤᠨ ᠲᠣᠰᠢᠶᠠᠯ ᠢ ᠡᠵᠡᠯᠡᠭᠰᠡᠨ ᠪᠠᠶᠢᠳᠠᠭ᠃ ᠡᠬᠦᠨ ᠳᠤ ᠬᠠᠭᠠᠨ ᠤ ᠣᠬᠰᠠᠭ᠎ᠠ | ᠪᠤᠯᠬᠤ ᠶᠧᠯᠢᠣᠢ ᠣᠪᠣᠬᠳᠠᠨ ᠪᠣᠯᠣᠨ ᠬᠠᠳᠤᠨ ᠤ ᠣᠬᠰᠠᠭ᠎ᠠ ᠪᠤᠯᠬᠤ ᠰᠢᠶᠣᠤ ᠣᠪᠣᠬᠳᠠᠨ ᠤ ᠡᠷᠬᠡ ᠮᠡᠳᠡᠯ ᠨᠢ | ᠬᠠᠮᠤᠭ ᠠᠴᠠ ᠶᠡᠭᠡ ᠪᠠᠶᠢᠳᠠᠭ᠃ ᠬᠢᠳᠠᠨ ᠤ ᠨᠣᠳᠤᠭ ᠲᠠᠬᠢ ᠡᠯ᠎ᠡ ᠦᠨᠳᠤᠰᠣᠳᠠᠡ ᠶᠢᠨ ᠲᠠᠷᠢᠶᠠᠴᠢᠨ ᠮᠠᠯᠴᠢᠨ ︵ | ᠲᠣᠰ ᠦᠨᠳᠤᠰᠤᠳᠠᠨ ᠤ ᠲᠠᠷᠢᠶᠠᠴᠢᠨ ᠮᠠᠯᠴᠢᠨ ᠨᠢ ᠴᠦ ᠪᠠᠭᠳᠠᠨ᠎ᠠ︶ ᠪᠤᠯᠤᠨ ᠤᠷᠳᠤᠨ ᠤ ᠬᠠᠷᠢᠶᠠᠳᠤ᠂ ᠭᠡᠷ ᠤᠨ | ᠪᠤᠭᠤᠯ᠂ ᠬᠠᠮᠵᠢᠯᠭ᠎ᠠ᠂ ᠠᠶᠢᠮᠠᠭ ᠤᠨ ᠢᠷᠭᠡᠳ ᠵᠢᠴᠢ ᠬᠠᠷᠢᠶ᠎ᠠ ᠠᠷᠠᠳ ᠲᠦᠮᠡᠨ ᠪᠤᠯ ᠨᠤᠶᠠᠷᠬᠠᠬᠴᠢ ᠠᠩᠬᠢ ᠪᠤᠯᠬᠤ | ᠪᠦᠭᠡᠳ ᠪᠤᠭᠤᠯ ᠪᠤᠯ ᠬᠠᠮᠤᠭ ᠤᠨ ᠲᠣᠣᠷᠠᠳᠤ ᠲᠠᠪᠬᠤᠷᠭ᠎ᠠ ᠮᠦᠨ᠃ ᠬᠢᠳᠠᠳ ᠦᠨᠳᠤᠰᠤᠳᠠᠨ ᠤ ᠭᠠᠵᠠᠷ ᠤᠨ | ᠡᠵᠡᠨ ᠠᠩᠬᠢ ᠬᠢᠳᠠᠨ ᠤ ᠨᠤᠶᠠᠷᠬᠠᠬᠴᠢᠳ ᠢ ᠲᠦᠰᠢᠭᠰᠡᠨ ᠪᠦᠭᠡᠳ ᠬᠢᠳᠠᠨ ᠤ ᠨᠤᠶᠠᠷᠬᠠᠬᠴᠢᠳ ᠴᠦ ᠲᠠᠪᠳᠡᠨ ᠢ | ᠠᠰᠢᠬᠯᠠᠨ ᠬᠢᠳᠠᠳ ᠦᠨᠳᠤᠰᠤᠳᠠᠨ ᠢ ᠨᠤᠶᠠᠷᠬᠠᠬᠤ ᠬᠠᠪᠰᠣᠷᠤᠬᠴᠢ ᠪᠠᠨ ᠪᠤᠯᠭᠠᠵᠡᠢ᠃ ᠡᠬᠦᠨ ᠳᠤ ᠬᠠᠨ ᠶᠡᠨ | ᠡᠾᠦ᠋ᠢ᠂ ᠯᠦ ᠸᠧᠨ ᠶᠢᠨ᠂ ᠺᠠᠩ ᠮᠦᠸᠧ ᠵᠢᠢ᠂ ᠬᠠᠨ ᡁᠢ ᠬᠦ᠋ ᠨᠠᠷ ᠪᠤᠯ ᠲᠦᠯᠤᠬᠡᠯᠡᠭᠴᠢ ᠬᠦᠮᠤᠰ ᠪᠤᠯᠤᠨ᠎ᠠ᠃ | ᠪᠦᠸᠧᠬᠠᠢ ᠶᠢᠨ ᠲᠦᠷᠤ ᠮᠦᠬᠦᠭᠰᠡᠨ ᠤ ᠲᠠᠷᠠᠭ᠎ᠠ᠂ ᠬᠢᠳᠠᠨ ᠤ ᠨᠤᠶᠠᠷᠬᠠᠬᠴᠢᠳ ᠪᠦᠸᠧᠬᠠᠢ ᠶᠢᠨ ᠸᠠᠩ ᠤᠨ ᠣᠬᠰᠠᠭ᠎ᠠ | ᠪᠤᠯᠤᠨ ᠴᠦᠬᠡᠨ ᠲᠣᠭᠠᠨ ᠤ ᠲᠡᠭᠡᠳᠤ ᠲᠠᠪᠬᠤᠷᠭᠠᠳᠠᠨ ︵ᠵᠢᠱᠢᠶᠡᠯᠡᠪᠠᠯ ᠳ᠋ᠠᠰᠦᠰᠢᠶᠠᠨ ᠮᠡᠳᠤᠰ︶ ᠤ ᠣᠨᠴᠠ ᠪᠠᠶᠢᠷᠢ ᠶᠢ | ᠬᠡᠪ ᠢᠶᠠᠷ ᠪᠠᠶᠢᠯᠠᠭᠠᠬᠰᠡᠨ ᠠᠴᠠ ᠭᠠᠳᠠᠨ᠎ᠠ᠂ ᠪᠠᠰᠠ ᠮᠢᠩᠭ᠎ᠠ ᠭᠠᠷᠣᠢ ᠨᠠᠷᠡᠳᠤ ᠡᠷᠣᠭᠡ ︵ᠪᠤᠭᠤᠯ ᠤᠨ ᠡᠵᠡᠨ︶ ᠢ | ᠶᠡᠨ ᠤ ᠭᠠᠵᠠᠷ ︵ᠣᠳᠣᠬᠢ ᠪᠡᠭᠡᠵᠢᠩ ᠣᠷᠴᠢᠮ︶ ᠨᠡᠬᠦᠯᠬᠡᠨ᠂ ᠭᠠᠵᠠᠷ ᠲᠠᠷᠢᠶ᠎ᠡ ᠦᠭᠴᠤ᠂ ᠭᠠᠶᠢᠯᠡᠢ ᠠᠴᠠ | ᠬᠡᠯᠳᠤᠷᠢᠬᠦᠯᠣᠭ᠍ᠰᠡᠨ ᠪᠠ ᠪᠤᠰᠤᠳ ᠵᠣᠶᠢᠯ ᠵᠣᠶᠢᠯ ᠤᠨ ᠠᠰᠠᠷᠠᠮᠵᠢ ᠬᠠᠷᠠᠭᠠᠯᠵᠡᠯᠡᠯ ᠣᠯᠭᠤᠬᠰᠡᠨ ᠪᠠᠶᠢᠨ᠎ᠠ᠃ | ᠡᠶᠢᠮᠤ ᠠᠴᠠ ᠯᠢᠶᠣᠤ ᠣᠯᠣᠰ ᠤᠨ ᠲᠦᠷᠤ ᠪᠤᠯ ᠦᠨᠡᠨ ᠳᠡᠭᠡᠨ ᠬᠢᠳᠠᠨ ᠤ ᠢᠵᠠᠭᠤᠷᠳᠡᠨ ᠢᠶᠠᠷ ᠭᠤᠣᠯ ᠪᠤᠯᠭᠠᠬᠰᠡᠨ | ᠪᠦᠭᠡᠳ ᠬᠢᠳᠠᠳ ᠦᠨᠳᠤᠰᠣᠳᠠᠡ ᠶᠢᠨ ᠭᠠᠵᠠᠷ ᠤᠨ ᠡᠵᠡᠨ ᠪᠠ ᠪᠦᠸᠧᠬᠠᠢ ᠦᠨᠳᠤᠰᠤᠳᠠᠨ ᠤ ᠲᠡᠭᠡᠳᠤ ᠲᠠᠪᠬᠤᠷᠭᠠᠳᠠᠨ | ᠵᠡᠷᠬᠡ ᠶᠢᠨ ᠠᠩᠬᠢ ᠶᠢᠨ ᠠᠰᠢᠭ ᠲᠣᠰᠠ ᠶᠢ ᠲᠦᠯᠤᠭᠡᠯᠡᠭᠰᠡᠨ ᠲᠦᠷᠤ ᠮᠦᠨ᠃ | ᠬᠢᠳᠠᠨ ᠤ ᠢᠵᠠᠭᠤᠷᠳᠠᠨ ᠨᠠᠷ ᠶᠡᠭᠡ ᠬᠡᠮᠵᠢᠶᠠᠨ ᠤ ᠭᠠᠵᠠᠷ ᠲᠠᠷᠢᠶ᠎ᠠ᠂ ᠦᠯᠠᠮᠵᠢ ᠣᠯᠠᠨ ᠦᠬᠡᠷ ᠮᠤᠷᠢ ᠬᠤᠨᠢ | ᠢᠮᠠᠭ᠎ᠠ ᠲᠠᠢ ᠪᠠᠷ ᠪᠠᠷᠠᠬᠤ ᠦᠭᠡᠢ᠂ ᠪᠠᠰᠠ ᠴᠦᠭᠡᠨ ᠪᠤᠰᠤ ᠪᠤᠭᠤᠯ ᠲᠠᠢ ᠶᠤᠮ ︔ ᠨᠣᠶᠠᠷᠬᠠᠬᠳᠠᠵᠤ ᠪᠠᠶᠢᠭ᠎ᠠ | ᠮᠠᠯᠴᠢᠳ ︵ᠲᠣᠰ ᠦᠨᠳᠤᠰᠣᠳᠠᠡ ᠤ ᠬᠢᠨᠢ ᠮᠠᠯᠴᠢᠳ ᠪᠠᠭᠳᠠᠨ᠎ᠠ︶ ᠪᠤᠯ ᠴᠦᠬᠡᠨ ᠲᠣᠭᠠᠨ ᠤ ᠮᠠᠯ ᠲᠡᠵᠢᠭᠡᠪᠤᠷᠢ᠂ | ᠡᠳ᠋ ᠬᠦᠷᠤᠩᠬᠡ ᠲᠠᠢ ᠯᠠ ᠪᠠᠶᠢᠳᠠᠭ᠃ ᠢᠵᠠᠭᠤᠷᠳᠠᠨ ᠨᠠᠷ ᠪᠠ ᠡᠩ ᠤᠨ ᠮᠠᠯᠴᠢᠳ ᠤᠨ ᠬᠤᠭᠤᠷᠤᠳᠤᠬᠢ ᠶᠠᠳᠠᠭᠤ | ᠪᠠᠶᠠᠨ ᠤ ᠵᠦᠷᠢᠶ᠎ᠡ ᠨᠢ ᠮᠠᠰᠢ ᠶᠡᠭᠡ ᠪᠢᠯᠡ᠃ ᠮᠠᠯᠴᠢᠳ ᠢᠵᠠᠭᠤᠷᠳᠡᠨ ᠨᠠᠷ ᠲᠤ ᠮᠠᠯ ᠬᠠᠷᠢᠭᠤᠯᠵᠤ ᠦᠭᠬᠦ ᠪᠠᠷ ᠦᠯᠤ | ᠪᠠᠷᠠᠨ ᠪᠠᠰᠠ ᠢᠳᠡᠷ ᠡᠷ᠎ᠠ ᠶᠢᠨ ᠭᠠᠶᠢᠯᠡᠢ᠂ ᠮᠠᠯ ᠤᠨ ᠭᠠᠶᠢᠯᠡᠢ ᠲᠤᠰᠢᠶᠠᠵᠤ᠂ ᠲᠠᠶᠢᠨ ᠤ ᠦᠶ᠎ᠡ ᠳᠤ ᠪᠤᠯ ᠴᠡᠷᠢᠭ ᠤᠨ | ᠠᠬᠳᠠ ᠬᠠᠩᠭᠠᠵᠤ ᠴᠡᠷᠢᠭ ᠤᠨ ᠠᠯᠪᠠ ᠬᠠᠭᠠᠳᠠᠭ᠃ ᠡᠬᠦᠨ ᠤ ᠭᠠᠳᠠᠨ᠎ᠠ ᠪᠠᠰᠠ ᠦᠷᠳᠡᠭᠡ ᠲᠠᠮᠵᠢᠭᠤᠯᠬᠤ | ᠵᠦᠭᠡᠭᠡᠪᠤᠷᠢᠯᠡᠨ ᠲᠡᠭᠡᠭᠡᠪᠤᠷᠢᠯᠡᠬᠦ᠂ ᠰᠡᠷᠬᠡᠶᠢᠯᠡᠨ ᠰᠠᠬᠢᠬᠤ ᠵᠡᠷᠬᠡ ᠬᠦᠴᠤᠨ ᠤ ᠠᠯᠪᠠ ᠶᠢ ᠡᠬᠦᠷᠭᠡᠯᠡᠳᠡᠭ᠃ | ᠲᠠᠷᠢᠶᠠᠯᠠᠩ ᠢ ᠡᠷᠬᠢᠯᠡᠳᠡᠭ ᠬᠢᠳᠠᠳ ᠬᠦᠮᠤᠨ ᠪᠤᠶᠤ ᠪᠤᠰᠤᠳ ᠦᠨᠳᠤᠰᠤᠳᠠᠨ ᠤ ᠬᠦᠮᠤᠰ ᠲᠠᠷᠢᠶᠠᠨ ᠭᠠᠵᠠᠷ ᠤᠨ | ᠠᠷᠪᠢᠨ ᠴᠦᠭᠡᠨ ᠢ ᠦᠨᠳᠤᠰᠤᠯᠡᠨ ᠭᠠᠶᠢᠯᠢ ᠲᠣᠰᠢᠶᠠᠬᠤ ᠠᠴᠠ ᠭᠠᠳᠠᠨ᠎ᠠ᠂ ᠪᠠᠰᠠ ᠪᠦᠰ ᠲᠣᠷᠭ᠎ᠠ᠂ ᠭᠡᠷ | ᠪᠠᠶᠢᠰᠢᠩ ᠤᠨ ᠵᠤᠭᠤᠰ᠂ ᠲᠠᠷᠢᠶᠠᠯᠠᠩ ᠤᠨ ᠪᠠᠭᠠᠵᠢ ᠶᠢᠨ ᠵᠤᠭᠤᠰ ᠬᠢᠭᠡᠳ ᠪᠤᠰᠤᠳ ᠡᠯᠳᠡᠪ ᠭᠠᠶᠢᠯᠡᠢ ᠲᠤᠰᠢᠶᠠᠳᠠᠭ᠃ | ᠲᠠᠶᠢᠨ ᠦᠶ᠎ᠡ ᠪᠤᠯ ᠮᠠᠯᠴᠢᠳ ᠲᠠᠢ ᠠᠳᠠᠯᠢ ᠪᠠᠷ ᠴᠡᠷᠢᠭ ᠤᠨ ᠠᠬᠳᠠ ᠬᠠᠩᠭᠠᠳᠠᠭ᠃ ᠡᠬᠦᠨ ᠠᠴᠠ ᠭᠠᠳᠠᠨ᠎ᠠ ᠪᠠᠰᠠ | ᠬᠤᠳᠠ ᠪᠠᠯᠭᠠᠰᠤ᠂ ᠣᠷᠳᠤᠨ ᠬᠠᠷᠰᠢ᠂ ᠰᠦᠮ᠎ᠡ ᠬᠡᠶᠢᠳ᠂ ᠵᠠᠮ ᠰᠤᠪᠠᠭ᠂ ᠬᠠᠰᠢᠯᠭ᠎ᠠ ᠲᠠᠯᠡᠩ ᠵᠠᠰᠠᠬᠤ ᠪᠠ | ᠬᠤᠷᠤᠭ᠎ᠠ ᠪᠠᠬᠢᠯᠡᠯᠳᠠ ᠪᠠᠷᠢᠬᠤ ᠵᠡᠷᠬᠡ ᠬᠠᠷ᠎ᠠ ᠠᠯᠪᠠ ᠬᠠᠰᠢᠳᠠᠭ᠃ ᠬᠠᠷ᠎ᠠ ᠠᠯᠪᠠ ᠨᠢ ᠭᠡᠳᠤ ᠣᠯᠠᠳᠠᠬᠰᠡᠨ ᠠᠴᠠ | ᠪᠤᠯᠵᠤ ᠤᠯᠠᠩᠬᠢᠳᠠ ᠲᠠᠷᠢᠶᠠᠨ ᠠᠵᠢᠯ ᠨᠢ ᠴᠠᠭ ᠣᠯᠠᠷᠢᠯ ᠠᠴᠠ ᠬᠤᠵᠢᠬᠳᠠᠳᠠᠭ᠃ ᠬᠢᠳᠠᠨ ᠤ ᠢᠵᠠᠭᠤᠷᠳᠠᠨ ᠨᠠᠷ | ᠮᠤᠷᠢᠳᠤ ᠴᠡᠷᠢᠭ ᠢᠶᠠᠨ ᠲᠣᠬᠢᠷᠴᠤ ᠵᠦᠭ ᠪᠦᠷᠢ ᠳᠤ ᠭᠠᠷᠴᠤ ᠡᠳ᠋ ᠪᠠᠶᠠᠯᠢᠭ ᠪᠤᠯᠢᠶᠠᠨ ᠲᠡᠭᠡᠷᠡᠮᠳᠡᠬᠦᠯᠳᠡᠭ ᠪᠦᠭᠡᠳ | ᠢᠵᠠᠭᠤᠷᠳᠡᠨ ᠪᠠ ᠲᠡᠭᠡᠳᠤ ᠵᠠᠷᠬᠡ ᠶᠢᠨ ᠨᠤᠶᠠᠳ ᠲᠦᠰᠢᠮᠡᠳ ᠨᠢ ᠭᠠᠵᠠᠷ ᠪᠦᠬᠦᠨ ᠠᠴᠠ ᠲᠤᠭ᠎ᠠ ᠲᠣᠬᠳᠠᠭᠠᠯ ᠠᠴᠠ | ᠭᠠᠳᠠᠭᠤᠷ ᠬᠢᠬᠠᠨ ᠠᠪᠴᠤ ᠡᠩ ᠤᠨ ᠠᠷᠠᠳ ᠲᠦᠮᠡᠨ ᠳᠤ ᠮᠦᠨ ᠪᠠᠭ᠎ᠠ ᠪᠤᠰᠤ ᠬᠦᠨᠤᠭᠡᠯ ᠣᠴᠠᠷᠠᠭᠤᠯᠵᠤ ᠪᠠᠶᠢᠯ᠎ᠠ᠃ | ᠬᠢᠳᠠᠨ ᠪᠤᠯᠤᠨ ᠰᠢ ᠦᠨᠳᠤᠰᠣᠳᠠᠡ ᠶᠢᠨ ᠭᠠᠵᠠᠷ ᠤᠨ ᠡᠵᠡᠨ ᠬᠢᠭᠡᠳ ᠰᠦᠮ᠎ᠡ ᠬᠡᠶᠢᠳ ᠤᠨ ᠭᠠᠵᠠᠷ ᠲᠠᠷᠢᠶᠠᠨ ᠳᠤ | ᠠᠯᠪᠠᠳᠠᠯᠭ᠎ᠠ ᠪᠠᠷ ᠲᠠᠷᠢᠶ᠎ᠠ ᠲᠠᠷᠢᠵᠤ ᠪᠠᠶᠢᠬᠰᠡᠨ ᠲᠦᠷᠢᠶᠡᠰᠤᠨ ᠲᠠᠷᠢᠶᠠᠴᠢᠨ ᠨᠡᠩ ᠴᠤ ᠬᠦᠨᠳᠤ ᠮᠦᠯᠵᠢᠯ ᠢ | ᠠᠮᠰᠠᠵᠤ ᠪᠠᠶᠢᠪᠠ ᠂ ᠲᠡᠳᠡ ᠬᠤᠷᠢᠶᠠᠯᠳᠠ ᠶᠢᠨ ᠤ ᠤᠯᠠᠨ ᠢ ᠪᠦᠳᠤᠬᠡᠭᠳᠡᠬᠦᠨ ᠢᠶᠠᠷ ᠲᠦᠯᠤᠬᠦ ᠲᠦᠷᠢᠶᠡᠰᠤ ᠪᠤᠯᠭᠠᠨ | ᠭᠠᠵᠠᠷ ᠤᠨ ᠡᠵᠡᠳ ᠲᠠ ᠲᠤᠰᠢᠶᠠᠬᠤ ᠵᠠᠰᠠᠭ ᠤᠨ ᠭᠠᠵᠠᠷ ᠤᠨ ᠠᠯᠪᠠ ᠭᠤᠪᠴᠢᠭᠤᠷ ᠲᠣᠰᠢᠶᠠᠬᠤ ᠪᠠᠨ ᠭᠠᠷᠭᠠᠪᠠᠯ | ᠦᠯᠡᠳᠡᠭᠰᠡᠨ ᠬᠡᠰᠡᠭ ᠨᠢ ᠨᠢᠭᠡᠨ ᠭᠡᠷ ᠤᠨ ᠬᠡᠳᠤᠨ ᠠᠮᠠ ᠪᠠᠨ ᠲᠡᠵᠢᠭᠡᠵᠤ ᠲᠡᠶᠢᠯᠬᠦ ᠦᠬᠡᠢ ᠪᠤᠯᠳᠠᠭ᠃ | ᠪᠤᠭᠤᠯᠴᠤᠳ ᠤᠨ ᠠᠵᠤ ᠠᠬᠤᠢ ᠪᠠᠶᠢᠳᠠᠯ ᠨᠢ ᠶᠠᠷᠢᠶᠠᠨ ᠦᠬᠡᠢ ᠨᠡᠩ ᠮᠠᠭᠤ ᠪᠦᠭᠡᠳ ᠵᠢᠯ ᠲᠤᠷᠰᠢ ᠵᠣᠪᠠᠨ | ᠵᠦᠳᠡᠵᠤ᠂ ᠬᠠᠯᠠ ᠲᠠᠮᠤ ᠶᠢ ᠬᠠᠨᠳᠠᠯ᠎ᠠ ᠠᠮᠰᠠᠵᠤ᠂ ᠴᠢᠨᠠᠬᠰᠢᠯᠠᠨ ᠠᠮᠢ ᠨᠠᠰᠤ ᠪᠠᠨ ᠴᠦ ᠪᠠᠳᠤᠯᠠᠬᠤ ᠠᠷᠭ᠎ᠠ ᠦᠬᠡᠢ | ᠪᠠᠶᠢᠵᠤ᠂ ᠴᠠᠭ ᠢᠮᠠᠬᠳᠠ ᠢᠵᠠᠭᠤᠷᠳᠠᠨ ᠨᠠᠷ ᠲᠤ ᠠᠮᠢ ᠪᠠᠨ ᠦᠭᠬᠦ ᠠᠶᠤᠯ ᠲᠠᠢ ᠪᠠᠶᠢᠯ᠎ᠠ᠃ | ᠲᠦᠷᠤ ᠪᠠᠶᠢᠭᠤᠯᠤᠬᠰᠡᠨ ᠤ ᠲᠠᠷᠠᠭᠠᠬᠢ ᠬᠢᠳᠠᠨ ᠤ ᠨᠡᠶᠢᠭᠡᠮ ᠤᠨ ᠠᠵᠤ ᠠᠬᠤᠢ ᠨᠢ ᠬᠡᠳᠤᠶᠢᠪᠡᠷ ᠡᠮᠤᠨᠡᠳᠤ | ᠬᠡᠰᠡᠭ ᠲᠤᠨᠢ ᠲᠠᠷᠢᠶᠠᠯᠠᠩ᠂ ᠣᠮᠠᠷᠠᠳᠤ ᠬᠡᠰᠡᠭ ᠲᠤᠨᠢ ᠮᠠᠯ ᠠᠵᠤ ᠠᠬᠤᠢ ᠪᠠᠶᠢᠵᠤ᠂ ᠲᠦᠷᠦᠯ ᠵᠤᠶᠢᠯ ᠢᠶᠠᠷ ᠠᠳᠠᠯᠢ | ᠪᠤᠰᠤ ᠪᠤᠯᠪᠠᠴᠤ ᠪᠦᠬᠦ ᠣᠯᠣᠰ ᠤᠨ ᠬᠡᠪᠴᠢᠶ᠎ᠡ ᠪᠠᠷ ᠠᠪᠴᠤ ᠬᠡᠯᠡᠪᠠᠯ ᠮᠠᠯ ᠠᠵᠤ ᠠᠬᠤᠢ ᠮᠦᠨᠴᠤ ᠲᠡᠷᠢᠬᠦᠨ | ᠴᠢᠬᠤᠯᠠ ᠪᠠᠶᠢᠷᠢ ᠶᠢ ᠡᠵᠡᠯᠡᠵᠤ ᠪᠠᠶᠢᠬᠰᠡᠨ ᠶᠤᠮ᠃ ᠬᠢᠳᠠᠨ ᠳᠤ ᠣᠯᠣᠰ ᠪᠠᠶᠢᠭᠤᠯᠤᠬᠰᠡᠨ ᠠᠴᠠ ᠠᠪᠤᠭᠠᠳ ᠮᠦᠬᠦᠬᠦ | ᠬᠦᠷᠳᠡᠯᠡᠬᠢ ᠬᠤᠶᠠᠷ ᠵᠠᠭᠤᠨ ᠣᠨ ᠤ ᠬᠤᠭᠤᠷᠤᠨᠳᠤ ᠮᠠᠯ ᠠᠵᠤ ᠠᠬᠤᠢ ᠢᠮᠠᠬᠳᠠ ᠭᠤᠤᠯ ᠬᠦᠷᠤᠩᠬᠡ ᠪᠤᠯᠵᠤ | ᠪᠠᠶᠢᠬᠰᠡᠨ ᠶᠤᠮ᠃ ᠶᠠᠭ ︽ᠯᠢᠶᠣᠤ ᠣᠯᠣᠰ ᠤᠨ ᠲᠡᠤᠬᠡ᠂ ᠠᠮᠤ ᠪᠠᠷᠠᠭᠠᠨ ᠤ ᠲᠡᠮᠳᠡᠭᠯᠡᠯ︾ ᠳᠤ ᠬᠡᠯᠡᠭᠰᠡᠨᠴᠢᠯᠡᠨ᠄ | ︽ᠬᠢᠳᠠᠨ ᠤ ᠬᠠᠭᠤᠴᠢᠨ ᠵᠠᠩᠰᠢᠯ ᠢᠶᠠᠷ᠂ ᠪᠠᠶᠠᠨ ᠢ ᠠᠨᠤ ᠠᠳᠤᠭᠤᠨ ᠤ ᠲᠤᠭ᠎ᠠ ᠪᠠᠷ ᠦᠵᠡᠮᠤᠢ᠃︾ ᠱᠦᠯᠢᠣᠢ | ᠬᠠᠳᠤᠨ ︵ᠲᠠᠶᠢᠽᠤ ᠠᠪᠤᠵᠢ ᠶᠢᠨ ᠡᠬᠡᠨᠠᠷ︶ ᠪᠠᠰᠠ᠄ ︽ᠨᠠᠳᠤᠷ ᠰᠢ ᠯᠸᠤ ᠶᠢᠨ ᠬᠤᠨᠢ ᠠᠳᠤᠭᠤᠨ ᠤ ᠪᠠᠶᠠᠯᠢᠭ ᠪᠤᠢ | ᠠᠮᠤᠢ᠂ ᠲᠡᠬᠦᠨ ᠤ ᠵᠢᠷᠭᠠᠯ ᠠᠨᠤ ᠬᠡᠮᠵᠢᠶᠡᠯᠡᠰᠢ ᠦᠭᠡᠢ ᠪᠤᠯᠡᠢ︾ ᠭᠡᠵᠡᠢ᠃ ᠰᠦᠩ ᠣᠯᠣᠰ ᠤᠨ ᠰᠦ᠋ ᠰᠦᠩ | ᠬᠢᠳᠠᠨ ᠳᠤ ᠡᠯᠴᠢ ᠪᠠᠷ ᠣᠴᠢᠭᠠᠳ ᠮᠦᠨᠴᠤ ︽ ᠬᠤᠨᠢ ᠢᠮᠠᠭ᠎ᠠ ᠠᠨᠤ ᠵᠠᠭᠤ ᠮᠢᠩᠭ᠎ᠠ ᠪᠠᠷ ᠰᠦᠷᠤᠩᠯᠡᠨ᠂ | ᠦᠰᠤᠷᠴᠤ ᠦᠷᠡᠵᠢᠬᠦ ᠢᠨᠤ ᠲᠦᠢᠯ ᠤᠨ ᠡᠯᠪᠡᠭ︾︔ ︽ᠠᠳᠤᠭᠤᠨ ᠰᠦᠷᠦᠭ ᠢᠨᠤ ᠮᠢᠩᠭ᠎ᠠ ᠪᠠᠷ ᠲᠤᠭᠠᠯᠠᠬᠤ︾ | ᠪᠠᠶᠢᠳᠠᠯ ᠢ ᠣᠯᠵᠣ ᠦᠵᠡᠭᠰᠡᠨ ᠪᠠᠶᠢᠨ᠎ᠠ᠃ ᠲᠠᠶᠢᠽᠤ ᠬᠠᠭᠠᠨ ᠠᠪᠤᠵᠢ ᠬᠠᠳᠤᠨ ᠭᠤᠤᠯ ᠤᠨ ᠵᠡᠬᠦᠨᠳᠡᠬᠢ ᠤᠷᠤᠨ | ᠬᠢᠭᠡᠳ ᠵᠦᠷᠴᠢᠨ ᠦᠨᠳᠤᠰᠤᠳᠠᠨ ᠢ ᠲᠠᠶᠢᠯᠠᠬᠤᠢ ᠦᠶᠡᠰ᠂ ᠠᠷᠪᠠ ᠭᠠᠷᠤᠢ ᠲᠦᠮᠡᠨ ᠦᠬᠡᠷ ᠲᠡᠮᠡᠭᠡ ᠬᠤᠨᠢ᠂ | ᠬᠤᠷᠢ ᠭᠠᠷᠤᠢ ᠲᠦᠮᠡᠨ ᠠᠳᠤᠭᠤ ᠪᠤᠯᠢᠶᠠᠨ ᠠᠪᠴᠢᠷᠠᠭᠠᠳ ᠭᠤᠪᠢ ᠶᠢᠨ ᠠᠷᠤ ᠦᠪᠤᠷ᠂ ᠰᠢ ᠯᠦ᠂ ᠡᠾᠦ᠋ᠨ ᠡᠾᠧ | ᠭᠤᠤᠯ ︵ᠣᠳᠣᠬᠢ ᠯᠢᠶᠣᠣᠨᠢᠩ ᠮᠣᠵᠠᠢ ᠶᠢᠨ ᠪᠠᠭ᠎ᠠ ᠯᠢᠶᠤᠤ ᠡᠾᠧ ᠭᠤᠣᠯ︶ ᠵᠡᠷᠬᠡ ᠪᠡᠯᠴᠢᠭᠡᠷ ᠣᠰᠤ ᠰᠠᠶᠢᠳᠠᠢ | ᠭᠠᠵᠠᠷ ᠲᠤ ᠬᠤᠪᠢᠶᠠᠨ ᠮᠠᠯᠵᠢᠭᠤᠯᠤᠬᠰᠡᠨ ᠪᠠᠶᠢᠨ᠎ᠠ᠃ ᠡᠬᠦᠨ ᠠᠴᠠ ᠭᠠᠳᠠᠨ᠎ᠠ ᠪᠦᠸᠧᠬᠠᠢ᠂ ᠵᠦᠷᠴᠢᠨ᠂ ᠽᠦᠪᠦ᠋᠂ | ᠱᠢ ᠸᠧᠢ᠂ ᠪᠠᠷᠠᠭᠤᠨ ᠰᠢᠶᠠ ᠵᠡᠷᠬᠡ ᠦᠨᠳᠤᠰᠣᠳᠠᠡ ᠨᠦᠭᠦᠳ ᠵᠢᠯ ᠪᠦᠷᠢ ᠮᠢᠩᠭ᠎ᠠ ᠲᠦᠮᠡᠨ ᠠᠳᠤᠭᠤᠨ ᠤ ᠠᠯᠪᠠ | ᠪᠠᠷᠢᠳᠠᠭ᠃ ᠡᠶᠢᠨᠬᠦ ︽ᠯᠢᠶᠣᠤ ᠤᠯᠤᠰ ᠤᠨ ᠲᠡᠤᠬᠡ︾ ᠳᠤ ᠄ ︽ᠲᠠᠶᠢᠽᠤ ᠶᠢᠨ ᠦᠶ᠎ᠡ ᠠᠴᠠ ᠰᠢᠩᠽᠦᠩ ᠤᠨ | ᠦᠶ᠎ᠡ ᠬᠦᠷᠳᠡᠯᠡᠬᠢ ᠬᠤᠶᠠᠷ ᠵᠠᠭᠤᠨ ᠣᠨ ᠳᠤ᠂ ᠮᠠᠯ ᠰᠦᠷᠦᠭ ᠤᠨ ᠬᠦᠭᠵᠢᠭᠰᠡᠨ ᠢᠨᠤ ᠨᠢᠭᠡᠨ ᠡᠳᠤᠷ ᠮᠡᠳᠤ︾ | ᠬᠡᠵᠤ ᠬᠡᠯᠡᠭᠰᠡᠨ ᠪᠢᠯᠠ᠃ ᠬᠠᠭᠠᠨ ᠤ ᠮᠠᠯ ᠰᠦᠷᠦᠭ ᠢ ᠣᠮᠠᠷᠠᠳᠤ ᠡᠳᠡᠭᠡᠳ ᠤᠨ ᠨᠣᠶᠠᠨ ᠤ ᠲᠣᠤᠷ᠎ᠠ ︽ᠮᠠᠯ | ᠰᠦᠷᠦᠭ ᠤᠨ ᠲᠦᠰᠢᠮᠡᠯ︾ ᠬᠡᠬᠦ ᠲᠣᠰᠬᠠᠢ ᠨᠣᠶᠠᠨ ᠲᠠᠯᠪᠢᠵᠤ ᠬᠠᠮᠢᠶᠠᠷᠤᠭᠤᠯᠵᠤ ᠪᠠᠶᠢᠪᠠ᠃ ᠲᠠᠶᠢᠽᠤ ᠬᠠᠭᠠᠨ ᠤ | ᠦᠶ᠎ᠡ ᠳᠤ ᠮᠥᠨ ︽ᠪᠠᠶᠠᠳ ᠤᠨ ᠮᠤᠷᠢ ᠶᠢ ᠲᠠᠳᠠᠪᠤᠷᠢᠯᠠᠵᠤ︾ ᠪᠠᠶᠢᠬᠰᠡᠨ ᠶᠤᠮ᠃ ᠡᠨᠡ ᠨᠢ ᠠᠯᠪᠠᠨ ᠤ | ᠮᠣᠷᠢᠳ ᠠᠴᠠ ᠭᠠᠳᠠᠨ᠎ᠠ ᠢᠷᠭᠡᠳ ᠤᠨ ᠲᠣᠳᠣᠷ᠎ᠡ ᠬᠤᠪᠢ ᠶᠢᠨ ᠮᠤᠷᠢ ᠪᠠᠰᠠ ᠴᠦᠬᠡᠨ ᠪᠤᠰᠤ ᠪᠠᠶᠢᠪᠠ ᠬᠡᠰᠡᠨ ᠢ | ᠬᠠᠷᠠᠭᠤᠯᠵᠤ ᠪᠤᠢ᠃ | ᠬᠢᠳᠠᠨ ᠳᠤ ᠬᠠᠷᠢᠶᠠᠯᠠᠬᠳᠠᠬᠤ ᠣᠮᠠᠷᠠᠳᠤ ᠣᠷᠣᠨ ᠤ ᠦᠨᠳᠤᠰᠤᠳᠠᠨ ᠨᠦᠭᠦᠳ ᠪᠤᠶᠤ ᠠᠶᠢᠮᠠᠭ ᠤᠳ ᠯᠢᠶᠣᠤ | ᠣᠯᠣᠰ ᠲᠤ ᠵᠤᠬᠢᠬᠤ ᠬᠡᠮᠵᠢᠶᠡᠨ ᠤ ᠠᠯᠪᠠ ᠪᠠᠷᠢᠳᠠᠭ ᠪᠦᠭᠡᠳ ᠠᠯᠪᠠ ᠪᠠᠷᠢᠳᠠᠭ ᠵᠤᠶᠢᠯ ᠨᠢ ᠭᠤᠤᠯᠳᠠᠭᠤ ᠮᠠᠯ | ᠲᠡᠵᠢᠭᠡᠪᠤᠷᠢ ᠪᠠᠶᠢᠯ᠎ᠠ᠃ ᠡᠳᠡᠭᠡᠷ ᠠᠶᠢᠮᠠᠭ ᠣᠬᠰᠠᠭ᠎ᠠ ᠨᠢ ᠲᠣᠳᠣᠭᠠᠳᠤ ᠪᠠᠨ ᠮᠦᠨ ᠨᠡᠬᠦᠳᠡᠯᠯᠡᠨ ᠮᠠᠯᠵᠢᠬᠤ ᠠᠵᠤ | ᠠᠬᠤᠢ ᠪᠠᠨ ᠬᠠᠳᠠᠭᠠᠯᠠᠬᠰᠠᠭᠠᠷ ᠪᠤᠯᠪᠠᠴᠤ᠂ ᠯᠢᠶᠣᠤ ᠣᠯᠣᠰ ᠤᠨ ᠨᠢᠭᠡᠳᠤᠮᠡᠯ ᠹᠸᠣᠳᠠᠯ ᠤᠨ ᠭᠡᠪᠴᠢᠶᠡᠨ ᠳᠤ | ᠬᠠᠮᠤᠷᠤᠬᠳᠠᠨ ᠤᠷᠤᠬᠰᠡᠨ ᠲᠤᠯᠠ ᠤᠯᠠᠮ ᠢᠶᠠᠷ ᠮᠠᠯ ᠠᠵᠤ ᠠᠬᠤᠢ ᠠᠩ ᠬᠦᠷᠤᠬᠡ ᠬᠢᠬᠦ ᠮᠦᠷᠳᠡᠭᠡᠨ ᠪᠠᠰᠠ ᠬᠠᠭᠠᠰ | ᠲᠠᠷᠢᠶᠠᠯᠠᠵᠤ ᠬᠠᠭᠠᠰ ᠮᠠᠯᠵᠢᠬᠤ ᠪᠤᠶᠤ ᠪᠦᠳᠤᠬᠦᠯᠢᠭ ᠲᠠᠷᠢᠶᠠᠯᠠᠩ ᠬᠢᠬᠦ ᠵᠡᠷᠬᠡ ᠣᠯᠠᠨ ᠵᠣᠶᠢᠯ ᠤᠨ ᠠᠵᠤ ᠠᠬᠤᠢ ᠶᠢᠨ | ᠲᠦᠷᠣᠯ ᠬᠡᠯᠪᠡᠷᠢ ᠲᠠᠢ ᠪᠤᠯᠤᠨ ᠬᠦᠭᠵᠢᠭᠰᠡᠨ ᠪᠠᠶᠢᠨ᠎ᠠ᠃ ᠬᠢᠳᠠᠳ ᠦᠨᠳᠤᠰᠤᠳᠠᠨ ᠤ ᠤᠷᠤᠨ ᠲᠠᠢ ᠬᠠᠪᠢᠳᠠᠵᠤ | ᠪᠦᠬᠦᠢ ᠪᠦᠸᠧᠬᠠᠢ ᠦᠨᠳᠤᠰᠤᠳᠠᠨ ᠤ ᠲᠠᠷᠢᠶᠠᠴᠢᠳ ᠬᠢᠳᠠᠨ ᠬᠢᠭᠡᠳ ᠪᠤᠰᠤᠳ ᠨᠡᠬᠦᠳᠡᠯᠴᠢᠨ ᠦᠨᠳᠤᠰᠣᠳᠠᠡ ᠶᠢᠨ | ᠨᠦᠯᠤᠬᠡᠨ ᠳᠣᠣᠷ᠎ᠠ ᠪᠠᠰᠠ ᠮᠠᠯ ᠠᠵᠤ ᠠᠬᠤᠢ ᠪᠠᠷ ᠲᠣᠰᠠᠯᠠᠬᠤ ᠦᠢᠯᠡᠳᠪᠤᠷᠢᠯᠡᠯ ᠪᠤᠯᠭᠠᠬᠰᠡᠨ ᠴᠦ ᠪᠠᠶᠢᠪᠠ᠃ | ᠬᠢᠳᠠᠨ ᠳᠤ ᠠᠯᠢ ᠡᠷᠳᠡᠨ ᠠᠴᠠ ᠲᠠᠷᠢᠶᠠᠯᠠᠩ ᠲᠠᠢ ᠪᠠᠶᠢᠬᠰᠡᠨ ᠶᠤᠮ᠃ ᠡᠮᠤᠨ᠎ᠠ ᠲᠤᠷᠠᠳᠤᠬᠰᠡᠨ ᠶᠧᠯᠢᠤᠢ | ᠠᠪᠤᠵᠢ ᠶᠢᠨ ᠡᠪᠦᠭᠡ ᠡᠴᠢᠭᠡ ᠶᠦᠨᠳᠡᠸ᠋ᠱᠢ ᠶᠢᠨ ᠦᠶ᠎ᠡ ᠳᠤ ᠨᠢᠭᠡᠨᠳᠠ ᠲᠠᠷᠢᠶᠠᠯᠠᠩ ᠲᠠᠢ ᠪᠠᠶᠢᠪᠠ᠃ ᠠᠪᠤᠵᠢ | ᠲᠡᠬᠦᠤᠨᠠᠷ ᠤᠨ ᠢᠶᠠᠨ ᠣᠷᠪᠠᠯᠭᠠᠨ ᠢ ᠲᠦᠪᠰᠢᠳᠬᠡᠭᠰᠡᠨ ᠤ ᠲᠠᠷᠠᠭ᠎ᠠ ︵ᠨᠡᠶᠢᠳᠠ ᠶᠢᠨ ᠣᠨ ᠲᠣᠭᠠᠯᠠᠯ ᠤᠨ611 ᠣᠨ | ︶ ᠲᠠᠷᠤᠢ ︽ᠲᠠᠶᠢᠨ ᠵᠣᠬᠰᠣᠨ ᠠᠯᠪᠠ ᠶᠢ ᠬᠦᠩᠭᠡᠯᠡᠵᠤ᠂ ᠲᠠᠷᠢᠶᠠᠯᠠᠩ ᠳᠤᠷ ᠲᠣᠰᠬᠠᠶᠢᠯᠠᠨ ᠰᠡᠳᠬᠢᠯ ᠲᠠᠯᠪᠢᠵᠤᠬᠤᠢ︾ | ᠬᠤᠵᠢᠮ ᠪᠦᠸᠧᠬᠠᠢ ᠣᠷᠣᠨ ᠢ ᠨᠢᠭᠡᠳᠭᠡᠭᠰᠡᠨ ᠪᠦᠭᠡᠳ ᠲᠠᠨᠳᠠ ᠴᠦ ᠲᠠᠷᠢᠶᠠᠯᠠᠩ ᠤᠨ ᠦᠢᠯᠡᠳᠪᠤᠷᠢᠯᠡᠯ ᠲᠠᠢ | ᠪᠠᠶᠢᠪᠠ᠃ ᠬᠤᠷᠤᠭᠠᠯᠠᠬᠤ ᠵᠸᠤ ᠶᠢᠨ ᠬᠤᠳᠡᠨ ᠤ ᠣᠯᠠᠰᠢᠷᠠᠬᠤ ᠶᠢ ᠲᠠᠭᠠᠯᠳᠤᠵᠤ᠂ ᠬᠢᠳᠠᠨ ᠤ ᠨᠤᠶᠠᠷᠬᠠᠯ ᠤᠨ | ᠬᠡᠪᠴᠢᠶᠡᠨ ᠳᠠᠬᠢ ᠲᠠᠷᠢᠶᠠᠯᠠᠩ ᠤᠨ ᠬᠤᠪᠢ ᠶᠢᠨ ᠵᠢᠩ ᠨᠢ ᠤᠯᠠᠮ ᠶᠡᠭᠡᠰᠴᠡᠢ᠃ ᠲᠠᠶᠢᠽᠦ᠋ᠩ ᠬᠠᠭᠠᠨ ᠶᠧᠯᠢᠤᠢ | ᠳ᠋ᠧᠭᠤᠸ᠋ᠩ ᠶᠡᠨ ᠶᠦᠨ ᠤ ᠠᠷᠪᠡᠨ ᠵᠢᠷᠭᠤᠳᠤᠭᠠᠷ ᠵᠸᠤ ᠶᠢ ᠡᠵᠡᠯᠡᠭᠰᠡᠨ ᠠᠴᠠ ᠬᠤᠶᠢᠰᠢ᠂ ᠬᠢᠳᠠᠨ ᠤ ᠬᠠᠷᠢᠶᠠᠨ ᠳᠠᠬᠢ | ᠲᠠᠷᠢᠶᠠᠯᠠᠬᠤ ᠤᠷᠤᠨ ᠨᠡᠩ ᠴᠦ ᠦᠷᠭᠡᠵᠢᠪᠠ᠃ ᠭᠡᠪᠠᠴᠤ ᠯᠢᠶᠣᠤ ᠤᠯᠤᠰ ᠤᠨ ᠬᠠᠭᠠᠨᠳᠤ ᠲᠦᠷᠤ ᠶᠢᠨ ᠪᠦᠬᠦ | ᠬᠡᠪᠴᠢᠶ᠎ᠡ ᠪᠠᠷ ᠠᠪᠴᠤ ᠬᠡᠯᠡᠪᠠᠯ ᠠᠵᠤ ᠠᠬᠤᠢ ᠨᠢ ᠲᠠᠷᠢᠶᠠᠯᠠᠩ ᠢᠶᠠᠷ ᠭᠤᠤᠯ ᠪᠤᠯᠭᠠᠬᠰᠡᠨ ᠳᠤ ᠲᠣᠭᠤᠴᠠᠬᠳᠠᠬᠤ | ᠦᠭᠡᠢ ᠶᠤᠮ᠃ ᠭᠡᠳᠠᠯ᠎ᠠ ᠲᠠᠷᠢᠶᠠᠯᠠᠬᠤ ᠤᠷᠤᠨ ᠤ ᠲᠠᠰᠤᠷᠠᠯ ᠦᠬᠡᠢ ᠦᠷᠭᠡᠵᠢᠭᠰᠡᠨ᠂ ᠲᠠᠷᠢᠶᠠᠯᠠᠩ ᠤᠨ ᠬᠤᠪᠢ ᠶᠢᠨ | ᠵᠢᠩ ᠤᠨ ᠲᠠᠰᠤᠷᠠᠯ ᠦᠬᠡᠢ ᠨᠡᠮᠡᠭᠳᠡᠭᠰᠡᠨ ᠠᠴᠠ ᠪᠤᠯᠵᠤ᠂ ᠯᠢᠶᠣᠤ ᠤᠯᠤᠰ ᠤᠨ ᠬᠠᠭᠠᠨᠳᠤ ᠲᠦᠷᠤ ᠶᠢᠨ | ᠬᠡᠪᠴᠢᠶᠡᠨ ᠳᠠᠬᠢ ᠮᠠᠯ ᠠᠵᠤ ᠠᠬᠤᠢ ᠪᠠ ᠲᠠᠷᠢᠶᠠᠯᠠᠩ ᠨᠢ ᠬᠠᠷᠢᠯᠴᠡᠨ ᠲᠣᠬᠢᠷᠠᠯᠴᠠᠵᠤ᠂ ᠬᠠᠷᠢᠯᠴᠡᠨ ᠲᠣᠰᠠᠯᠠᠯᠴᠠᠬᠤ | ᠪᠤᠯᠪᠠ᠃ | ᠵᠢᠭᠠᠰᠤ ᠪᠠᠷᠢᠵᠤ ᠠᠩ ᠠᠩᠨᠠᠬᠤ ᠨᠢ ᠤᠷᠢᠳᠤ ᠪᠠᠨ ᠪᠠᠰᠠ ᠬᠢᠳᠠᠨᠴᠤᠳ ᠤᠨ ᠴᠢᠬᠤᠯᠠ | ᠣᠶᠢᠯᠡᠳᠪᠤᠷᠢᠯᠡᠯ ᠤᠨ ᠦᠢᠯᠡᠰ ᠪᠠᠶᠢᠵᠡᠢ᠃ ᠬᠤᠵᠢᠮ ᠮᠠᠯ ᠠᠵᠤ ᠠᠬᠤᠢ ᠪᠠ ᠲᠠᠷᠢᠶᠠᠯᠠᠩ ᠬᠦᠭᠵᠢᠭᠰᠡᠨ ᠠᠴᠠ | ᠪᠤᠯᠵᠤ᠂ ᠣᠮᠠᠷᠠᠳᠤ ᠡᠳᠡᠭᠡᠳ ᠤᠨ ᠠᠭᠤᠯᠠᠷᠬᠠᠭ ᠣᠶᠢᠳᠦ ᠣᠷᠣᠨ ᠪᠣᠶᠣ ᠭᠤᠣᠯ ᠮᠦᠷᠡᠨ ᠤ ᠬᠦᠪᠡᠭᠡ ᠲᠠᠭᠤ | ᠣᠷᠣᠨ ᠠᠴᠠ ᠭᠠᠳᠠᠨ᠎ᠠ ᠵᠢᠭᠠᠰᠤ ᠪᠠᠷᠢᠵᠤ ᠠᠩ ᠠᠩᠨᠠᠬᠤ ᠨᠢ ᠬᠢᠳᠠᠨᠴᠤᠳ ᠤᠨ ᠭᠤᠤᠯ ᠠᠵᠤ ᠠᠬᠤᠢ ᠶᠢᠨ ᠰᠠᠯᠭ᠎ᠠ | ᠮᠦᠴᠢᠷ ᠪᠢᠰᠢ ᠪᠤᠯᠵᠤ᠂ ᠪᠦᠬᠦᠶᠢᠯᠡ ᠨᠡᠶᠢᠭᠡᠮ ᠤᠨ ᠠᠵᠤ ᠠᠬᠤᠢ ᠠᠴᠠ ᠠᠪᠴᠤ ᠦᠵᠡᠪᠠᠯ᠂ ᠬᠠᠪᠰᠤᠷᠤᠮᠵᠢ ᠶᠢᠨ | ᠴᠢᠨᠠᠷ ᠲᠠᠢ ᠠᠵᠤ ᠠᠬᠤᠢ ᠶᠢᠨ ᠲᠠᠳᠤᠢ ᠪᠤᠯᠤᠬᠰᠡᠨ ᠪᠢᠯᠡ᠃ | ᠯᠢᠶᠣᠣ ᠣᠯᠣᠰ ᠤᠨ ᠬᠠᠭᠠᠨᠳᠤ ᠲᠦᠷᠤ ᠳᠤ ᠲᠠᠪᠤᠨ ᠨᠡᠶᠢᠰᠯᠡᠯ ᠪᠤᠢ᠃ | ᠲᠡᠭᠡᠳᠤ ᠨᠡᠶᠢᠰᠯᠡᠯ ᠯᠢᠨ ᠬᠤᠸᠠᠩ ᠹᠦ᠋ ︵ᠣᠳᠣᠬᠢ ᠣᠯᠠᠭᠠᠨᠬᠠᠳᠠ ᠬᠤᠳᠠ ᠶᠢᠨ ᠪᠠᠭᠠᠷᠢᠨ ᠵᠠᠬᠦᠨ | ᠬᠤᠰᠢᠭᠤᠨ ᠤ ᠡᠮᠣᠨ᠎ᠠ ᠪᠣᠷᠣ ᠬᠤᠳᠠ︶᠂ ᠲᠠᠷᠤᠢ ᠲᠠᠶᠢᠽᠤ ᠬᠠᠭᠠᠨ ᠠᠪᠤᠵᠢ ᠶᠢᠨ ᠱᠧᠨ ᠽᠧ ᠤᠨ ᠭᠤᠳᠠᠭᠠᠷ ᠣᠨ | ︵ ᠨᠡᠶᠢᠳᠠ ᠶᠢᠨ ᠣᠨ ᠲᠣᠭᠠᠯᠠᠯ ᠤᠨ918 ᠣᠨ︶ ᠳᠤ ᠪᠠᠶᠢᠭᠤᠯᠤᠬᠰᠡᠨ ︽ᠰᠢ ᠯᠸᠤ︾ ᠬᠤᠳᠠ ᠮᠦᠨ᠂ | ᠲᠣᠬᠠᠢ ᠶᠢᠨ ᠦᠶ᠎ᠡ ᠳᠤ ᠬᠠᠭᠠᠨ ᠤ ᠨᠡᠶᠢᠰᠯᠡᠯ ᠢᠶᠠᠷ ᠲᠣᠬᠳᠠᠭᠠᠵᠤ᠂ ᠲᠠᠶᠢᠽᠦ᠋ᠩ ᠬᠠᠭᠠᠨ ᠤ ᠡᠾᠦ᠋ᠢ ᠲᠦᠩ ᠤᠨ | ᠲᠡᠷᠢᠬᠦᠨ ᠣᠨ ︵ᠨᠡᠶᠢᠳᠠ ᠶᠢᠨ ᠣᠨ ᠲᠣᠭᠠᠯᠠᠯ ᠤᠨ938 ᠣᠨ︶ ᠳᠤ ᠲᠡᠭᠡᠳᠤ ᠨᠡᠶᠢᠰᠯᠡᠯ ᠯᠢᠨ ᠬᠤᠸᠠᠩ ᠹᠦ᠋ ᠭᠡᠵᠤ | ᠬᠠᠯᠠᠵᠠᠢ᠃ ᠡᠨᠡ ᠭᠠᠵᠠᠷ ᠪᠤᠯ ︽ᠠᠭᠤᠯᠠ ᠶᠢ ᠲᠦᠰᠢᠨ ᠭᠤᠤᠯ ᠢ ᠬᠦᠪᠡᠭᠡᠯᠡᠨ ᠪᠠᠷᠳᠠᠭ᠎ᠠ ᠲᠠᠢ ᠪᠠᠶᠢᠵᠤ᠂ ᠬᠦᠷᠤᠰᠤ | ᠭᠠᠵᠠᠷ ᠠᠨᠤ ᠦᠩ ᠰᠢᠮᠡᠯᠢᠭ᠂ ᠲᠠᠷᠢᠵᠤ ᠤᠷᠭᠤᠭᠤᠯᠬᠤ ᠳᠤᠷ ᠲᠤᠬᠢᠳᠠᠢ᠂ ᠣᠰᠤ ᠪᠡᠯᠴᠢᠭᠡᠷ ᠠᠨᠤ ᠮᠠᠯ ᠮᠠᠯᠯᠠᠬᠤ | ᠳᠤᠷ ᠲᠦᠬᠦᠮ ᠪᠠᠶᠢᠪᠠ︾ ᠃ ᠭᠠᠵᠠᠷ ᠤᠨ ᠪᠠᠶᠢᠴᠠ ᠪᠣᠶᠣ ᠠᠵᠤ ᠠᠬᠤᠢ ᠶᠢᠨ ᠨᠦᠬᠦᠴᠡᠯ ᠤᠨ ᠠᠯᠢᠨ ᠨᠢ ᠴᠦ | ᠬᠡᠰᠡᠨ ᠴᠦᠮ ᠠᠰᠤᠷᠤ ᠰᠠᠶᠢᠨ ᠪᠠᠶᠢᠬᠰᠡᠨ ᠲᠤᠯᠠ ᠲᠤᠬᠠᠢ ᠶᠢᠨ ᠦᠶ᠎ᠡ ᠳᠤ ᠠᠪᠤᠵᠢ ᠲᠡᠬᠦᠨ ᠢᠶᠠᠷ ᠨᠡᠶᠢᠰᠯᠡᠯ | ᠪᠤᠯᠭᠠᠬᠰᠡᠨ ᠪᠠᠶᠢᠨ᠎ᠠ᠃ ᠯᠢᠨ ᠬᠤᠸᠠᠩ ᠹᠦ᠋ ᠶᠢᠨ ᠡᠮᠤᠨᠡᠳᠤ ᠬᠤᠳᠠ ᠶᠢ ︽ ᠬᠠᠨᠴᠧᠩ ︾ ᠭᠡᠳᠡᠭ᠂ ᠬᠤᠳᠠᠨ | ᠲᠤᠳᠤᠷ᠎ᠠ ᠨᠢ ᠬᠤᠳᠠᠯᠳᠤᠭ᠎ᠠ ᠫᠦᠰᠡ᠂ ᠭᠤᠳᠤᠮᠵᠢ ᠵᠡᠭᠡᠯᠢ ᠪᠠᠶᠢᠵᠤ᠂ ᠠᠷᠠᠯᠵᠢᠶᠠᠴᠢᠨ ᠬᠤᠳᠠᠯᠳᠤᠭᠠᠴᠢᠨ ᠨᠠᠷ ᠤᠨ | ᠴᠤᠬᠯᠠᠷᠠᠳᠠᠭ ᠭᠠᠵᠠᠷ ᠪᠤᠯᠵᠢ ︔ ᠡᠬᠦᠨ ᠳᠤ ᠤᠶᠢᠭᠤᠷ ᠬᠤᠳᠠᠯᠳᠤᠭᠠᠴᠢᠨ ᠤᠯᠠᠨ ᠪᠠᠶᠢᠳᠠᠭ ᠲᠤᠯᠠ ᠲᠤᠰᠬᠠᠶᠢᠯᠠᠨ | ︽ ᠣᠶᠢᠭᠤᠷ ᠬᠤᠸᠠᠷᠠᠨ ︾ ᠭᠠᠷᠭᠠᠵᠤ᠂ ᠲᠠᠳᠠᠨ ᠤ ᠲᠦᠪᠯᠡᠷᠡᠨ ᠰᠠᠭᠤᠬᠤ ᠤᠷᠤᠨ ᠪᠤᠯᠭᠠᠬᠰᠡᠨ ᠪᠢᠯᠡ᠃ | ᠯᠢᠶᠤᠤ ᠣᠯᠣᠰ ᠤᠨ ᠬᠠᠭᠠᠨᠳᠤ ᠲᠦᠷᠤ ᠲᠠᠪᠤᠨ ᠨᠡᠶᠢᠰᠯᠡᠯ ᠲᠠᠢ ᠪᠤᠯᠪᠠᠴᠤ᠂ ᠣᠯᠣᠰ ᠲᠦᠷᠤ ᠶᠢᠨ | ᠲᠦᠪ ᠨᠢ ᠪᠦᠷ ᠨᠡᠶᠢᠰᠯᠡᠯ ᠳᠡᠭᠡᠨ ᠪᠠᠶᠢᠬᠤ ᠪᠢᠰᠢ᠂ ᠵᠠᠷᠢᠮ ᠳᠠᠭᠠᠨ ᠪᠠᠰᠠ ᠵᠤᠨ᠂ ᠡᠪᠤᠯ ᠤᠨ ᠨᠡᠪᠧ ᠳᠤ ᠨᠢ ᠪᠠᠶᠢᠳᠠᠭ | ᠃ ᠨᠡᠪᠧ ᠭᠡᠳᠡᠭ ᠨᠢ ᠲᠠᠷᠤᠢ ︽ ᠰᠠᠭᠤᠬᠤ ᠭᠠᠵᠠᠷ ︾ ᠪᠤᠶᠤ ︽ ᠪᠠᠭᠤᠬᠤ ᠭᠠᠵᠠᠷ ︾ ᠬᠡᠰᠡᠨ ᠠᠭᠤᠯᠭ᠎ᠠ | ᠲᠠᠢ ᠶᠤᠮ᠃ ︽ ᠯᠢᠶᠤᠤ ᠤᠯᠤᠰ ᠤᠨ ᠲᠡᠤᠬᠡ ᠂ ᠬᠤᠷᠤᠭ᠎ᠠ ᠬᠠᠮᠠᠭᠠᠯᠠᠯᠳᠠ ᠶᠢᠨ ᠲᠡᠮᠳᠡᠭᠯᠡᠯ ︾ ᠳᠤ: ︽ | ᠯᠢᠶᠣᠤ ᠤᠯᠤᠰ ᠲᠤᠷ ᠶᠡᠭᠡ ᠡᠯᠡᠰᠤ ᠭᠤᠪᠢ ᠠᠵᠤ᠂ ᠴᠠᠭᠠᠨ ᠬᠡᠷᠡᠮ ᠢ ᠪᠦᠰᠡᠯᠡᠬᠦ ᠪᠠᠶᠢᠳᠠᠯ ᠲᠠᠢ ᠠᠵᠤᠬᠤᠢ᠂ | ᠵᠠᠰᠠᠬᠤ ᠵᠠᠬᠢᠷᠬᠤᠢ ᠳᠤᠷ ᠬᠢᠯᠪᠠᠷ ᠢ ᠪᠤᠳᠤᠬᠰᠡᠨ ᠨᠠᠮᠤᠷ ᠨᠠᠮᠤᠷ ᠡᠪᠤᠯ ᠪᠤᠯᠪᠠᠰᠤ ᠬᠦᠢᠳᠡᠨ ᠡᠴᠡᠰᠡᠷᠬᠡᠶᠢᠯᠡᠨ᠂ ᠬᠠᠪᠤᠷ | ᠵᠤᠨ ᠪᠤᠯᠪᠠᠰᠤ ᠬᠠᠯᠠᠭᠤᠨ ᠠᠴᠠ ᠵᠠᠶᠢᠯᠠᠬᠤ ᠶᠢᠨ ᠲᠦᠯᠤᠬᠡ᠂ ᠤᠰᠤ ᠪᠡᠯᠴᠢᠭᠡᠷ ᠢ ᠲᠠᠭᠠᠨ᠂ ᠮᠠᠯ ᠮᠠᠯᠵᠢᠵᠤ ᠵᠢᠭᠠᠰᠤ | ᠪᠠᠷᠢᠬᠰᠠᠭᠠᠷ᠂ ᠤᠳᠠᠭᠠᠨ ᠣᠨ ᠳᠤᠷ ᠵᠠᠩᠰᠢᠯ ᠪᠤᠯᠪᠠᠢ᠂ ᠲᠦᠷᠪᠡᠨ ᠤᠯᠠᠷᠢᠯ ᠳᠤᠷ ᠪᠦᠷᠢ ᠪᠠᠭᠤᠬᠤ ᠭᠠᠵᠠᠷ ᠪᠤᠢ | ᠠᠵᠤ᠂ ᠲᠡᠬᠦᠨ ᠢ ᠢᠨᠤ ᠨᠡᠪᠧ ᠬᠡᠮᠡᠮᠤᠢ︾ ᠭᠡᠵᠡᠢ᠃ ᠬᠠᠪᠤᠷ ᠤᠨ ᠨᠡᠪᠧ ᠤᠨ ᠭᠤᠣᠯ ᠠᠵᠢᠯ ᠨᠢ ᠭᠠᠯᠠᠭᠤ ᠨᠤᠭᠤᠰᠤ | ᠪᠠᠷᠢᠵᠤ ᠵᠢᠭᠠᠰᠤ ᠬᠦᠬᠢᠳᠡᠳᠡᠭ᠂ ᠨᠠᠮᠤᠷ ᠤᠨ ᠨᠡᠪᠧ ᠳᠤ ᠭᠤᠤᠯ ᠨᠢ ᠪᠤᠭᠤ ᠠᠩᠨᠡᠳᠠᠭ᠂ ᠵᠤᠨ ᠤ ᠨᠡᠪᠧ ᠳᠤ ᠭᠤᠤᠯ | ᠨᠢ ᠬᠠᠯᠭᠠᠤᠨ ᠠᠴᠠ ᠵᠠᠶᠢᠯᠠᠬᠤ ᠪᠠ ᠡᠮᠤᠨᠡᠳᠤ ᠤᠮᠠᠷᠠᠳᠤ ᠶᠢᠨ ᠰᠠᠶᠢᠳ ᠨᠠᠷ ᠯᠤᠭ᠎ᠠ ᠲᠦᠷᠤ ᠶᠢᠨ ᠬᠡᠷᠡᠭ | ᠵᠦᠪᠳᠡᠯᠴᠡᠳᠡᠭ᠂ ᠡᠪᠤᠯ ᠤᠨ ᠨᠡᠪᠧ ᠳᠤ ᠭᠤᠤᠯᠳᠠᠭᠤ ᠬᠦᠢᠳᠡᠨ ᠠᠴᠠ ᠵᠠᠶᠢᠯᠠᠵᠤ᠂ ᠪᠠᠷᠰ ᠠᠩᠨᠠᠵᠤ ᠣᠮᠠᠷᠠᠳᠤ | ᠡᠮᠤᠨᠡᠳᠤ ᠶᠢᠨ ᠰᠠᠶᠢᠳ ᠨᠠᠷ ᠯᠤᠭ᠎ᠠ ᠲᠦᠷᠤ ᠶᠢᠨ ᠬᠡᠷᠡᠭ ᠵᠦᠪᠳᠡᠯᠴᠡᠳᠡᠭ ᠪᠦᠬᠡᠳ ᠪᠠᠰᠠ ᠬᠠᠷᠢ ᠦᠨᠳᠤᠰᠤᠳᠠᠨ | ᠪᠤᠶᠤ ᠬᠠᠷᠢ ᠤᠯᠤᠰ ᠤᠨ ᠡᠯᠴᠢᠨ ᠤ ᠲᠦᠷᠤ ᠳᠤ ᠪᠠᠷᠠᠭᠠᠳᠠᠬᠤ ᠶᠠᠪᠤᠳᠠᠯ ᠢ ᠬᠦᠯᠢᠶᠡᠨ ᠠᠪᠳᠠᠭ ᠪᠠᠶᠢᠯ᠎ᠠ᠃ ᠵᠢᠯ | ᠪᠦᠷᠢ ᠶᠢᠨ ᠲᠦᠷᠪᠡᠨ ᠤᠳᠠᠭ᠎ᠠ ᠶᠢᠨ ᠨᠡᠪᠧ ᠲᠤᠳᠤᠷ᠎ᠠ ᠵᠤᠨ᠂ ᠡᠪᠤᠯ ᠤᠨ ᠬᠤᠶᠠᠷ ᠤᠳᠠᠭ᠎ᠠ ᠨᠢ ᠭᠤᠤᠯ ᠪᠤᠯᠳᠠᠭ᠃ | ᠵᠤᠨ ᠤ ᠨᠡᠪᠧ ᠨᠢ ᠬᠠᠪᠤᠷ ᠭᠤᠤᠯ ᠮᠦᠷᠡᠨ ᠤᠨᠡᠬᠰᠡᠨ ᠠᠴᠠ ᠲᠠᠷᠠᠭᠠᠬᠢ ︽ᠵᠤᠰᠠᠯᠠᠩ︾ ᠮᠦᠨ᠃ ᠡᠪᠤᠯ ᠤᠨ | ᠨᠡᠪᠧ ᠨᠢ ᠨᠠᠮᠤᠷ ᠡᠪᠡᠰᠤ ᠮᠤᠳᠤ ᠬᠠᠳᠠᠬᠰᠡᠨ ᠠᠴᠠ ᠲᠠᠷᠠᠭᠠᠬᠢ ︽ᠡᠪᠤᠯᠵᠢᠶ᠎ᠡ︾ ᠮᠦᠨ᠂ ᠯᠢᠶᠣᠤ ᠤᠯᠤᠰ ᠤᠨ | ᠬᠠᠭᠠᠳ ᠨᠢ ᠵᠢᠯ ᠪᠦᠷᠢ ᠶᠢᠨ ᠵᠤᠨ᠂ ᠡᠪᠤᠯ ᠬᠤᠶᠠᠷ ᠤᠳᠠᠭ᠎ᠠ ᠭᠠᠳᠠᠬᠰᠢ ᠭᠠᠷᠴᠤ ᠪᠠᠶᠢᠴᠠᠭᠠᠬᠤ᠂ ᠠᠩ ᠬᠦᠷᠤᠬᠡ | ᠬᠢᠬᠦ ᠦᠶ᠎ᠡ ᠳᠡᠭᠡᠨ᠂ ᠪᠠᠭᠤᠬᠤ ᠭᠠᠵᠠᠷ ᠲᠠᠭᠠᠨ ᠲᠦᠷᠤ ᠶᠢᠨ ᠶᠠᠪᠤᠳᠠᠯ ᠤᠨ ᠬᠤᠷᠠᠯ ᠬᠢᠵᠤ᠂ ᠲᠦᠷᠤ ᠶᠢᠨ ᠬᠡᠷᠡᠭ ᠢ | ᠰᠡᠢᠳᠪᠤᠷᠢᠯᠡᠳᠡᠭ᠃ ᠤᠳᠠᠭ᠎ᠠ ᠪᠦᠷᠢ ᠶᠢᠨ ᠬᠤᠷᠠᠯᠳᠤᠭᠠᠨ ᠲᠡᠬᠦᠰᠤᠭ᠍ᠰᠡᠨ ᠤ ᠲᠠᠷᠠᠭ᠎ᠠ᠂ ᠬᠠᠭᠠᠨ ᠨᠢ ᠲᠠᠷᠤᠢ ᠴᠡᠴᠡᠷ | ᠮᠠᠶᠢᠬᠠᠨ ᠢᠶᠠᠨ ᠪᠠᠭᠤᠯᠭᠠᠨ ᠮᠤᠷᠳᠠᠵᠤ᠂ ᠬᠠᠪᠤᠷ ᠨᠠᠮᠤᠷ ᠤᠨ ᠤᠠᠯᠷᠢᠯ ᠳᠤ ᠭᠤᠤᠯ ᠮᠦᠷᠡᠨ ᠪᠤᠶᠤ ᠠᠭᠤᠯᠠ | ᠬᠠᠶᠢᠷᠬᠠᠨ ᠲᠠᠢ ᠭᠠᠵᠠᠷ ︵ᠠᠩ ᠠᠩᠨᠠᠬᠤ ᠪᠠ ᠬᠠᠯᠠᠭᠤᠨ ᠬᠦᠢᠳᠡᠨ ᠠᠴᠠ ᠵᠠᠶᠢᠯᠠᠬᠤ ᠭᠠᠵᠠᠷ︶ ᠬᠦᠷᠬᠦ ᠦᠶᠡᠰ᠂ | ᠬᠢᠳᠠᠨ ᠦᠨᠳᠤᠰᠣᠳᠠᠡ ᠤ ᠪᠦᠬᠦ ᠨᠤᠶᠠᠳ ᠪᠤᠯᠤᠨ ᠨᠢᠭᠡ ᠪᠦᠯᠦᠭ ᠬᠢᠳᠠᠳ ᠨᠤᠶᠠᠳ ᠲᠠᠭᠠᠯᠳᠤᠨ ᠶᠠᠪᠤᠵᠤ᠂ ᠤᠯᠠᠩᠬᠢ | ᠬᠢᠳᠠᠳ ᠨᠤᠶᠠᠳ ᠨᠢ ᠲᠤᠮᠳᠠᠳᠤ ᠨᠡᠶᠢᠰᠯᠡᠯ ᠳᠠᠭᠠᠨ ᠪᠤᠴᠠᠵᠤ᠂ ᠬᠢᠳᠠᠳ ᠬᠦᠮᠤᠨ ᠤ ᠬᠡᠷᠡᠭ ᠶᠠᠪᠤᠳᠠᠯ ᠢ ᠰᠢᠳᠭᠡᠳᠡᠭ᠃ | ᠬᠢᠳᠠᠨ ᠨᠤᠶᠠᠳ ᠪᠤᠯᠤᠨ ᠪᠦᠬᠦ ᠲᠠᠭᠠᠯᠳᠡ ᠨᠠᠷ ᠲᠠᠭᠠᠯᠳᠤᠨ ᠶᠠᠪᠤᠵᠤ ᠪᠠᠶᠢᠬᠤ ᠲᠤᠯᠠ ᠬᠢᠳᠠᠨ ᠨᠤᠶᠠᠳ ᠤᠨ | ᠬᠠᠷᠢᠶᠠᠨ ᠳᠠᠬᠢ ᠤᠮᠠᠷᠠᠳᠤ ᠡᠳᠡᠭᠡᠳ ᠤᠨ ᠤᠷᠳᠤᠨ᠂ ᠴᠡᠴᠡᠷ᠂ ᠠᠶᠢᠮᠠᠭ ᠤᠬᠰᠠᠬᠠ᠂ ᠬᠠᠷᠢᠶ᠎ᠠ ᠠᠶᠢᠮᠠᠭ᠂ | ᠴᠡᠷᠢᠭ ᠤᠨ ᠶᠠᠪᠤᠳᠠᠯ᠂ ᠵᠠᠷ ᠵᠡᠪᠰᠡᠭ᠂ ᠮᠠᠯ ᠰᠦᠷᠦᠭ ᠤᠨ ᠤᠴᠢᠷ ᠢ ᠬᠠᠭᠠᠨ ᠨᠢ ᠬᠡᠵᠢᠶ᠎ᠡ ᠬᠠᠮᠢᠭ᠎ᠠ ᠴᠦ ᠭᠡᠰᠡᠨ | ᠴᠠᠭ ᠲᠤᠬᠠᠢ ᠲᠤᠨᠢ ᠰᠡᠢᠳᠪᠤᠷᠢᠯᠡᠳᠡᠭ ᠪᠠᠶᠢᠨ᠎ᠠ᠃ | ︵ᠲᠠᠪᠤ︶ ᠬᠢᠳᠠᠨ ᠤ ᠰᠤᠶᠤᠯ | ᠬᠢᠳᠠᠨ ᠦᠨᠳᠤᠰᠤᠳᠠᠨ ᠪᠤᠯ ᠮᠠᠨ ᠤ ᠤᠯᠤᠰ ᠤᠨ ᠨᠢᠭᠡᠨ ᠦᠨᠢ ᠤᠳᠠᠭᠠᠨ ᠤ ᠲᠡᠤᠬᠡ ᠰᠤᠶᠤᠯ ᠲᠠᠢ | ᠦᠨᠳᠤᠰᠤᠳᠡᠨ ᠮᠦᠨ ᠪᠦᠬᠡᠳ ᠡᠬᠡ ᠤᠯᠤᠰ ᠤᠨ ᠲᠡᠤᠬᠡ ᠰᠤᠶᠤᠯ ᠳᠤ ᠴᠢᠬᠤᠯᠠ ᠦᠢᠯᠡᠳᠤᠯ ᠦᠵᠡᠬᠦᠯᠤᠭ᠍ᠰᠡᠨ ᠶᠤᠮ | ᠃ ᠲᠡᠤᠬᠡ ᠶᠢᠨ ᠪᠢᠴᠢᠭ ᠲᠤ ᠲᠡᠮᠳᠡᠭᠯᠡᠭᠰᠡᠨ ᠢ ᠦᠨᠳᠤᠰᠤᠯᠠᠪᠠᠯ᠂ ᠬᠢᠳᠠᠨ ᠤᠭ ᠲᠠᠭᠠᠨ ᠦᠰᠤᠭ᠌ ᠪᠢᠴᠢᠭ ᠦᠬᠡᠢ | ᠪᠠᠶᠢᠵᠡᠢ᠃ ᠯᠢᠶᠣᠤ ᠤᠯᠤᠰ ᠤᠨ ᠲᠠᠶᠢᠽᠤ ᠬᠠᠭᠠᠨ ᠶᠧᠯᠢᠤᠢ ᠠᠪᠤᠵᠢ ᠶᠢᠨ ᠦᠶ᠎ᠡ ᠠᠴᠠ ᠰᠠᠶ᠋ᠢ ᠪᠢᠴᠢᠭ ᠲᠠᠢ ᠪᠤᠯᠪᠠ᠃ | ︽ᠯᠢᠶᠣᠤ ᠤᠯᠤᠰ ᠤᠨ ᠲᠡᠤᠬᠡ᠂ ᠲᠠᠶᠢᠽᠤ ᠬᠠᠭᠠᠨ ᠤ ᠴᠡᠳᠢᠭ︾ ᠲᠤ᠄ ᠱᠧᠨ ᠴᠧ ᠤᠨ ᠲᠠᠪᠤᠳᠤᠭᠠᠷ ᠣᠨ ︵ | ᠨᠡᠶᠢᠳᠠ ᠶᠢᠨ ᠤᠨᠢ ᠲᠤᠭᠠᠯᠠᠯ ᠤᠨ920 ᠣᠨ︶ ᠤ ᠬᠠᠪᠤᠷ ᠤᠨ ᠲᠡᠷᠢᠬᠦᠨ ᠰᠠᠷ᠎ᠠ ᠳᠤ ᠬᠢᠳᠠᠨ ᠤ ᠲᠤᠮᠤ ᠦᠰᠤᠭ᠌ ᠢ | ᠡᠬᠢᠯᠡᠨ ᠵᠤᠬᠢᠶᠠᠵᠤ ᠲᠠᠭᠤᠰᠤᠭᠠᠳ᠂ ᠵᠠᠷᠯᠢᠭ ᠪᠠᠭᠤᠯᠭᠠᠨ ᠨᠡᠶᠢᠳᠡᠯᠡᠨ ᠬᠡᠷᠡᠭᠯᠡᠵᠡᠢ ᠭᠡᠵᠤ ᠲᠡᠮᠳᠡᠭᠯᠡᠪᠡ᠃ ︽ᠰᠢᠨ᠎ᠡ | ᠲᠠᠪᠤᠨ ᠲᠦᠷᠤ ᠶᠢᠨ ᠲᠡᠤᠬᠡ᠂ ᠲᠦᠷᠪᠡᠨ ᠬᠠᠷᠢ ᠶᠢᠨ ᠲᠤᠬᠠᠢ ᠲᠠᠭᠠᠯᠳᠤᠭᠤᠯᠤᠯ︾ ᠨᠢᠭᠡ ᠳᠤ ᠪᠠᠰᠠ ᠠᠪᠤᠵᠢ | ᠬᠢᠳᠠᠳ ᠬᠦᠮᠤᠨ ᠢ ᠠᠷᠪᠢᠨ ᠬᠡᠷᠡᠭᠯᠡᠳᠡᠭ᠂ ᠬᠢᠳᠠᠳ ᠬᠦᠮᠤᠨ ᠲᠡᠬᠦᠨ ᠳᠤ ᠵᠠᠪᠰᠡᠷ ᠤᠨ ᠦᠰᠤᠭ᠌ ᠤᠨ ᠬᠠᠭᠠᠰ ᠲᠤ | ᠪᠢᠴᠢᠯᠭᠡ ᠨᠡᠮᠠᠵᠤ ᠬᠠᠰᠤᠵᠤ ᠪᠠᠶᠢᠭᠠᠳ᠂ ᠬᠡᠳᠤᠨ ᠮᠢᠩᠭᠠᠨ ᠦᠰᠦᠭ ᠵᠤᠬᠢᠶᠠᠵᠤ ᠦᠭᠬᠦᠨ᠂ ᠮᠤᠳᠤ ᠶᠢ ᠰᠡᠶᠢᠯᠵᠦ | ᠲᠡᠮᠳᠡᠭ ᠪᠤᠯᠭᠠᠬᠤ ᠶᠢ ᠤᠷᠤᠭᠯᠠᠭᠤᠯᠤᠨ ᠬᠡᠷᠡᠭᠯᠡᠬᠦ ᠶᠢ ᠰᠤᠷᠭᠠᠪᠠ᠃ ᠡᠨᠡ ᠨᠢ ᠲᠠᠷᠤᠢ ᠬᠢᠳᠠᠨ ᠤ ᠲᠤᠮᠤ ᠦᠰᠤᠭ᠌ | ᠮᠦᠨ᠃ ᠡᠶᠢᠮᠤᠷᠬᠦᠤ ᠲᠣᠮᠣ ᠦᠰᠤᠭ᠌ ᠨᠢ ᠬᠢᠳᠠᠳ ᠦᠰᠤᠭ᠌ ᠢ ᠲᠦᠬᠦᠮᠴᠢᠯᠡᠬᠦ ᠪᠤᠶᠤ ᠪᠢᠴᠢᠯᠭᠡ ᠶᠢ ᠨᠢ ᠨᠡᠮᠠᠵᠤ | ᠬᠠᠰᠤᠵᠤ ᠪᠠᠶᠢᠭᠠᠳ ᠵᠤᠬᠢᠶᠠᠬᠰᠡᠨ ᠶᠤᠮ᠃ ᠵᠤᠬᠢᠶᠠᠬᠰᠡᠨ ᠤ ᠲᠠᠷᠠᠭ᠎ᠠ ᠮᠠᠰᠢ ᠤᠯᠠᠨ ᠬᠦᠮᠤᠨ ︵ᠤᠯᠠᠩᠬᠢ ᠨᠢ | ᠲᠡᠭᠡᠳᠤ ᠲᠠᠪᠬᠤᠷᠭᠠᠳᠠᠨ︶ ᠤ ᠬᠦᠷᠢᠶᠡᠯᠡᠯ ᠢ ᠣᠯᠪᠠ᠃ | ᠬᠢᠳᠠᠨ ᠤ ᠲᠤᠮᠤ ᠦᠰᠤᠭ᠌ ᠠᠴᠠ ᠭᠠᠳᠠᠨ᠎ᠠ ᠪᠠᠰᠠ ᠬᠠᠭᠠᠨ ᠤ ᠲᠠᠶᠢᠽᠢ ᠳ᠋ᠢᠶᠧᠯᠡ ᠶᠢᠨ ᠣᠶᠢᠭᠤᠷ ᠦᠰᠦᠭ ᠢ | ᠦᠭᠡᠷᠡᠴᠢᠯᠡᠨ ᠵᠤᠬᠢᠶᠠᠬᠰᠡᠨ ᠬᠢᠳᠠᠨ ᠤ ᠵᠢᠵᠢᠭ ᠦᠰᠦᠭ ᠪᠠᠶᠢᠳᠠᠭ᠃ ︽ᠯᠢᠶᠣᠤ ᠤᠯᠤᠰ ᠤᠨ ᠲᠡᠤᠬᠡ᠂ ᠬᠠᠭᠠᠨ ᠤ | ᠲᠠᠶᠢᠽᠢ ᠶᠢᠨ ᠢᠯᠡᠷᠬᠡᠶᠢᠯᠡᠯ︾ ᠳᠤ᠄ ᠲᠢᠶᠡᠨ ᠰᠢᠶᠠᠨ ᠤ ᠲᠡᠷᠢᠬᠦᠨ ᠣᠨ ︵ ᠨᠡᠶᠢᠳᠠ ᠶᠢᠨ ᠣᠨ | ᠲᠣᠭᠠᠯᠠᠯ ᠤᠨ926 ᠣᠨ︶ ᠳᠤ ᠣᠶᠢᠭᠤᠷ ᠤᠨ ᠡᠯᠴᠢ ᠬᠦᠷᠴᠤ ᠢᠷᠡᠭᠰᠡᠨ᠎ᠡ ᠲᠡᠬᠦᠨ ᠤ ᠦᠭᠡ ᠶᠢ ᠮᠡᠳᠡᠬᠦ ᠬᠦᠮᠤᠨ | ᠦᠬᠡᠢ ᠪᠠᠶᠢᠯ᠎ᠠ᠃ ᠲᠠᠶᠢᠽᠦ ᠬᠠᠭᠠᠨ ᠳ᠋ᠢᠶᠧᠯᠨ ᠣᠶᠢᠭᠤᠷ ᠤᠨ ᠡᠯᠴᠢ ᠲᠠᠢ ᠬᠤᠷᠢᠭᠠᠳ ᠡᠳᠤᠷ ᠬᠠᠮᠳᠤ ᠪᠠᠶᠢᠵᠤ᠂ | ᠦᠬᠡ ᠬᠡᠯᠡ ᠦᠰᠦᠭ ᠪᠢᠴᠢᠭ ᠢ ᠨᠢ ᠰᠤᠷᠤᠭᠠᠳ᠂ ᠬᠢᠳᠠᠨ ᠤ ᠵᠢᠵᠢᠭ ᠦᠰᠦᠭ ᠢ ᠵᠤᠬᠢᠶᠠᠪᠠ ᠬᠡᠵᠤ ᠲᠡᠮᠳᠡᠭᠯᠡᠵᠡᠢ᠃ | ᠴᠢᠯᠤᠬᠡᠯᠡᠭᠳᠡᠬᠦ ᠠᠴᠠ ᠡᠮᠦᠨ᠎ᠡ᠂ ᠯᠢᠶᠣᠤ ᠤᠯᠤᠰ ᠤᠨ ᠴᠢᠩ ᠯᠢᠩ ᠤᠩᠭᠤᠨ ︵ᠱᠧᠩᠽᠦᠩ᠂ ᠳ᠋ᠣᠤ | ᠽᠦᠩ᠂ ᠰᠢᠩᠽᠦᠩ ᠵᠡᠷᠬᠡ ᠭᠤᠷᠪᠡᠨ ᠬᠠᠭᠠᠨ ᠤ ᠤᠩᠭᠤᠨ︶ ᠠᠴᠠ ᠬᠢᠳᠠᠨ ᠬᠡᠯᠡᠨ ᠤ ︽ᠭᠠᠰᠢᠭᠤᠳᠠᠯ ᠤᠨ | ᠪᠢᠴᠢᠭ︾ ︵ᠲᠠᠷᠤᠢ ᠤᠩᠭᠤᠨ ᠤ ᠲᠡᠮᠳᠡᠭᠯᠡᠯ — ᠬᠠᠭᠠᠨ ᠡᠵᠡᠨ ᠤ ᠨᠢᠭᠡ ᠨᠠᠰᠤᠨ ᠤ ᠦᠢᠯᠡ ᠠᠵᠢᠯᠯᠠᠭ᠎ᠠ ᠶᠢ | ᠲᠡᠮᠳᠡᠭᠯᠡᠭᠰᠡᠨ ᠪᠢᠴᠢᠭ︶ ᠢ ᠮᠠᠯᠳᠠᠵᠤ ᠭᠠᠷᠭᠠᠬᠰᠡᠨ ᠢᠶᠠᠷ ᠬᠢᠳᠠᠨ ᠦᠰᠦᠭ ᠢ ᠣᠯᠵᠣ ᠢᠯᠡᠷᠡᠬᠦᠯᠤᠭ᠍ᠰᠡᠨ ᠪᠠᠶᠢᠨ᠎ᠠ᠃ | ᠡᠳᠡᠭᠡᠷ ᠭᠠᠰᠢᠭᠤᠳᠠᠯ ᠤᠨ ᠪᠢᠴᠢᠭ ᠢ ᠴᠦᠮ ᠠᠪᠤᠵᠢ ᠶᠢᠨ ᠦᠶ᠎ᠡ ᠳᠤ ᠵᠤᠬᠢᠶᠠᠬᠰᠡᠨ ᠬᠢᠳᠠᠨ ᠤ ᠲᠤᠮᠤ ᠦᠰᠦᠭ ᠢᠶᠠᠷ | ᠪᠢᠴᠢᠪᠡ᠃ ᠬᠤᠵᠢᠮ ᠴᠢᠩ ᠯᠢᠩ ᠤᠩᠭᠤᠨ ︵ᠵᠡᠬᠦᠨ ᠤᠩᠭᠤᠨ︶ ᠤ ᠬᠠᠨ᠎ᠠ ᠶᠢᠨ ᠵᠢᠷᠤᠭ ᠪᠤᠯᠤᠨ ᠯᠢᠶᠣᠤ | ᠤᠯᠤᠰ ᠤᠨ ᠦᠶ᠎ᠡ ᠶᠢᠨ ᠮᠠᠰᠢ ᠤᠯᠠᠨ ᠱᠠᠵᠠᠩ ᠰᠠᠪᠠ ᠠᠴᠠ ᠴᠦ ᠡᠶᠢᠮᠤ ᠬᠢᠳᠠᠨ ᠤ ᠲᠣᠮᠣ ᠦᠰᠦᠭ ᠢ ᠣᠯᠵᠣ | ᠢᠯᠡᠷᠡᠬᠦᠯᠵᠡᠢ᠃ ᠴᠢᠯᠤᠬᠡᠯᠡᠭᠳᠡᠭᠰᠡᠨ ᠤ ᠲᠠᠷᠠᠭ᠎ᠠ᠂ ᠦᠪᠤᠷ ᠮᠤᠩᠭᠤᠯ ᠪᠠ ᠵᠡᠬᠦᠨ ᠬᠤᠶᠢᠳᠤ ᠤᠷᠤᠨ ᠳᠤ ᠪᠠᠰᠠ | ᠬᠢᠳᠠᠨ ᠬᠡᠯᠡᠨ ᠤ ᠤᠩᠭᠤᠨ ᠤ ᠲᠡᠮᠳᠡᠭᠯᠡᠯ ᠬᠢᠭᠡᠳ ᠬᠢᠳᠠᠨ ᠦᠰᠦᠭ ᠰᠡᠶᠢᠯᠤᠭ᠍ᠰᠡᠨ ᠬᠦᠷᠡᠯ ᠰᠠᠪᠠ᠂ ᠮᠦᠩᠬᠦᠨ | ᠰᠠᠪᠠ ᠶᠢ ᠤᠯᠤᠬᠰᠡᠨ ᠪᠠᠶᠢᠨ᠎ᠠ᠃ ᠤᠳᠤᠬᠠᠨ ᠤ ᠪᠦᠷᠢᠳᠬᠡᠯ ᠢᠶᠠᠷ ᠦᠵᠡᠪᠠᠯ ᠪᠠᠷᠤᠭ ᠮᠢᠩᠭ᠎ᠠ ᠬᠤᠶᠠᠷ ᠵᠠᠭᠤ ᠭᠠᠷᠤᠢ | ᠬᠢᠳᠠᠨ ᠦᠰᠦᠭ ᠢ ᠤᠯᠵᠤ ᠢᠯᠡᠷᠡᠬᠦᠯᠤᠭ᠍ᠰᠡᠨ ᠪᠠᠶᠢᠨ᠎ᠠ᠃ ᠡᠬᠦᠨ ᠤ ᠲᠤᠳᠤᠷᠠᠬᠢ ᠣᠳᠤ ᠶᠢᠨ ᠯᠢᠶᠣᠤ ᠨᠢᠩ | ᠮᠤᠵᠢ ᠶᠢᠨ ᠶᠢᠨ ᠰᠢ ᠰᠢᠶᠠᠨ ᠤ ᠰᠢ ᠬᠦ᠋ ᠱᠠᠨ ᠳᠠᠬᠢ ᠯᠢᠶᠣᠤ ᠤᠯᠤᠰ ᠤᠨ ᠳ᠋ᠠ ᠠᠨ ᠤ ᠲᠠᠪᠤᠳᠤᠭᠠᠷ ᠣᠨ | ᠪᠤᠯᠠᠬᠰᠡᠨ ︵ᠨᠡᠶᠢᠳᠠ ᠶᠢᠨ ᠣᠨ ᠲᠤᠭᠠᠯᠠᠯ ᠤᠨ1089 ᠣᠨ︶ ᠰᠢᠶᠣᠤ ᠰᠢᠶᠣᠤ ᠵᠦᠩ ᠤᠨ ᠣᠩᠭᠤᠨ ᠠᠴᠠ | ᠭᠠᠷᠭᠠᠬᠰᠡᠨ ᠤᠩᠭᠤᠨ ᠤ ᠲᠡᠮᠳᠡᠭᠯᠡᠯ ᠪᠤᠯᠤᠨ ᠢ ᠰᠢᠶᠠᠨ᠂ ᠵᠢᠶᠠᠨ ᠫᠢᠩ ᠰᠢᠶᠠᠨ ᠠᠴᠠ ᠮᠠᠯᠳᠠᠵᠤ ᠭᠠᠷᠭᠠᠬᠰᠡᠨ | ᠬᠦᠷᠡᠯ ᠰᠠᠪᠠ᠂ ᠮᠦᠩᠬᠦᠨ ᠰᠠᠪᠠ ᠲᠡᠭᠡᠷᠡᠭᠢ ᠬᠢᠳᠠᠨ ᠦᠰᠦᠭ ᠨᠢ ᠬᠠᠷᠢᠨ ᠬᠠᠭᠠᠨ ᠤ ᠲᠠᠶᠢᠽᠢ ᠳ᠋ᠢᠶᠧᠯᠡ ᠶᠢᠨ | ᠵᠤᠬᠢᠶᠠᠬᠰᠡᠨ ᠬᠢᠳᠠᠨ ᠤ ᠵᠢᠵᠢᠭ ᠦᠰᠦᠭ ᠮᠦᠨ᠃ | ᠮᠠᠯᠳᠠᠵᠤ ᠭᠠᠷᠭᠠᠬᠰᠡᠨ ᠲᠡᠤᠬᠡ ᠶᠢᠨ ᠲᠤᠷᠠᠰᠬᠠᠯᠳᠤ ᠵᠤᠶᠢᠯᠡᠰ ᠲᠠᠬᠢ ᠲᠤᠮᠤ ᠵᠢᠵᠢᠭ ᠬᠤᠶᠠᠷ ᠵᠤᠶᠢᠯ ᠤᠨ | ᠬᠢᠳᠠᠨ ᠦᠰᠦᠭ ᠤᠨ ᠬᠡᠯᠪᠡᠷᠢ ᠠᠴᠠ ᠦᠵᠡᠪᠠᠯ᠂ ᠴᠦᠮ ᠬᠢᠳᠠᠨ ᠦᠰᠦᠭ ᠤᠨ ᠲᠠᠳᠠᠯᠭᠠᠨ ᠪᠢᠴᠢᠬᠦ᠂ ᠲᠦᠪ ᠪᠢᠴᠢᠬᠦ | ᠬᠤᠶᠠᠷ ᠲᠢᠭ ᠤᠨ ᠬᠠᠵᠠᠭᠤ ᠶᠢᠨ ᠪᠢᠴᠢᠯᠭᠡ ᠶᠢ ᠨᠡᠶᠢᠯᠡᠬᠦᠯᠵᠤ ᠪᠠᠶᠢᠭᠠᠳ ᠵᠤᠬᠢᠶᠠᠬᠰᠡᠨ ᠠᠵᠢ᠃ ᠭᠡᠪᠡᠴᠤ ᠬᠢᠳᠠᠨ | ᠬᠡᠯᠡ ᠪᠤᠯ ᠠᠯᠳᠠᠢ ᠬᠡᠯᠡᠨ ᠳᠤ ᠬᠠᠷᠢᠶᠠᠯᠠᠬᠳᠠᠳᠠᠭ᠂ ᠲᠤᠮᠳᠠᠳᠤ ᠵᠠᠭᠤᠨ ᠤ ᠦᠶ᠎ᠡ ᠶᠢᠨ ᠮᠤᠩᠭᠤᠯ ᠬᠡᠯᠡᠨ ᠤ | ᠰᠢᠰᠲ᠋ᠧᠮ ᠪᠤᠯᠬᠤ ᠲᠤᠯᠠ ᠪᠦᠳᠤᠴᠡ ᠪᠤᠯᠤᠨ ᠬᠡᠯᠡᠨ ᠵᠦᠢ ᠨᠢ ᠪᠦᠷ ᠬᠢᠳᠠᠳ ᠬᠡᠯ᠎ᠠ ᠲᠠᠢ ᠠᠳᠠᠯᠢ ᠦᠬᠡᠢ | ᠮᠦᠷᠳᠡᠬᠡᠨ ᠤᠩᠰᠢᠯᠭ᠎ᠠ ᠨᠢ ᠴᠦ ᠦᠭᠡᠷ᠎ᠠ ᠪᠠᠶᠢᠳᠠᠭ᠃ ᠡᠶᠢᠮᠤ ᠠᠴᠠ ᠨᠢᠭᠡ ᠯᠡ ᠬᠦᠮᠤᠨ ᠤ ᠭᠠᠰᠢᠭᠤᠳᠠᠯ ᠤᠨ | ᠪᠢᠴᠢᠭ ᠢ ᠭᠡᠳ ᠲᠦᠬᠦᠮ ᠲᠦᠳᠡ ᠪᠠᠷ ᠬᠠᠷᠭᠤᠭᠤᠯᠤᠨ ᠤᠷᠴᠢᠭᠤᠯᠵᠤ ᠪᠤᠯᠬᠤ ᠦᠬᠡᠢ ᠪᠠᠶᠢᠳᠠᠭ᠃ ᠡᠨᠡ ᠨᠢ ᠬᠢᠳᠠᠨ | ᠦᠰᠦᠭ ᠢ ᠰᠤᠳᠤᠯᠬᠤ ᠳᠤ ᠵᠤᠬᠢᠬᠤ ᠬᠡᠮᠵᠢᠶᠡᠨ ᠤ ᠬᠦᠴᠢᠷ ᠪᠡᠷᠬᠡᠰᠢᠶᠡᠯ ᠤᠴᠠᠷᠠᠭᠤᠯᠤᠬᠰᠡᠨ ᠶᠤᠮ᠃ | ᠬᠢᠳᠠᠨ ᠦᠰᠦᠭ ᠢ ᠬᠡᠳᠤᠨ ᠵᠠᠭᠤᠨ ᠣᠨ ᠬᠡᠷᠡᠭᠯᠡᠭᠰᠡᠨ ᠪᠠᠶᠢᠨ᠎ᠠ᠂ ᠯᠢᠶᠣᠤ ᠤᠯᠤᠰ ᠮᠦᠬᠦᠭᠰᠡᠨ ᠠᠴᠠ | ᠬᠤᠶᠢᠰᠢ ᠠᠯᠳᠠᠨ ᠤᠯᠤᠰ ᠲᠤᠮᠳᠠᠴᠢ ᠦᠶ᠎ᠡ ᠬᠦᠷᠳᠡᠯ᠎ᠠ ᠮᠦᠨ ᠬᠡᠷᠡᠭᠯᠡᠭᠰᠡᠷ ᠪᠠᠶᠢᠬᠰᠡᠨ ᠪᠤᠯᠪᠠᠴᠤ ᠤᠩᠰᠢᠬᠤ ᠳᠤ | ᠪᠡᠷᠬᠡ ᠲᠤᠯᠠ᠂ ᠲᠤᠬᠠᠢ ᠶᠢᠨ ᠦᠶ᠎ᠡ ᠳᠤ ᠠᠷᠠᠳ ᠲᠤᠳᠤᠷ᠎ᠠ ᠲᠡᠮᠡᠢ ᠲᠡᠯᠭᠡᠷᠠᠵᠤ ᠴᠢᠳᠠᠬᠰᠡᠨ ᠦᠬᠡᠢ ᠃ ᠬᠡᠪᠠᠴᠤ | ᠲᠡᠬᠦᠨ ᠢ ᠵᠤᠬᠢᠶᠠᠬᠰᠡᠨ ᠶᠠᠪᠤᠳᠠᠯ ᠨᠢ ᠬᠤᠵᠢᠮ ᠤᠨ ᠪᠠᠷᠠᠭᠤᠨ ᠰᠢᠶᠠ ᠤᠯᠤᠰ ᠪᠠ ᠵᠦᠷᠴᠢᠨ ᠤ ᠦᠰᠦᠭ ᠢ | ᠵᠤᠬᠢᠶᠠᠬᠤ ᠳᠤ ᠬᠠᠷᠢᠨ ᠲᠦᠢᠯ ᠤᠨ ᠶᠡᠭᠡ ᠭᠠᠪᠢᠶ᠎ᠠ ᠵᠢᠳᠬᠦᠯ ᠪᠤᠯᠤᠨ᠎ᠠ᠃ | ᠬᠢᠳᠠᠨᠴᠤᠳ ᠴᠦᠬᠡᠨ ᠪᠤᠰᠤ ᠤᠷᠠᠨ ᠵᠤᠬᠢᠶᠠᠯ ᠤᠨ ᠪᠦᠳᠤᠬᠡᠯ ᠦᠯᠡᠳᠡᠬᠡᠵᠡᠢ᠃ ᠵᠢᠱᠢᠶᠡᠯᠡᠪᠠᠯ ᠵᠠᠬᠦᠨ | ᠬᠢᠳᠠᠨ ᠤ ᠸᠠᠩ ᠪᠸᠢ ︵ᠠᠪᠤᠵᠢ ᠶᠢᠨ ᠬᠦᠪᠡᠬᠦᠨ᠂ ᠨᠡᠷ᠎ᠡ ᠨᠢ ᠪᠸᠢ︶ ᠶᠢᠨ ︽ᠲᠠᠷᠢᠶᠠᠯᠠᠩ ᠬᠦᠷᠢᠶᠡᠯᠡᠩ ᠤᠨ | ᠰᠢᠯᠦᠭ︾᠂ ︽ᠲᠠᠯᠠᠢ ᠲᠡᠭᠡᠷ᠎ᠠ ᠰᠡᠶᠢᠯᠦᠭᠰᠡᠨ ᠰᠢᠯᠦᠭ︾᠂ ᠶᠧᠯᠢᠣᠢ ᠬᠦᠸᠧᠯᠢᠤ ᠶᠢᠨ ︽ᠨᠣᠶᠢᠷᠰᠤᠬᠤ ᠲᠠᠭᠤᠯᠠᠯ︾ | ᠂ ᠶᠧᠯᠢᠤᠢ ᠱᠦᠵᠧᠨ ᠤ ︽ᠴᠡᠬᠡᠷᠯᠡᠬᠦᠯᠤᠨ ᠰᠡᠭᠡᠭᠡᠷᠡᠬᠦᠯᠬᠦ ᠰᠢᠯᠦᠭ︾᠂ ᠶᠧᠯᠢᠤᠢ ᠬᠠᠶᠢᠯᠢᠤ ᠶᠢᠨ ︽ᠲᠦᠷᠤᠭ᠍ᠳᠡᠯ ᠢᠶᠠᠨ | ᠢᠯᠡᠳᠬᠡᠬᠦ ᠰᠢᠯᠦᠭ︾᠂ ᠶᠧᠯᠢᠤᠢ ᠯᠢᠶ᠋ᠩ ᠤᠨ ︽ᠨᠠᠮᠤᠷ ᠵᠤᠭᠠᠴᠠᠬᠰᠡᠨ ᠮᠠᠬᠳᠠᠭᠠᠯ︾᠃ ︽ᠵᠢᠭᠠᠰᠤ ᠪᠠᠷᠢᠬᠰᠡᠨ | ᠮᠠᠬᠳᠠᠭᠠᠯ︾ ᠵᠡᠷᠬᠡ ᠪᠤᠯᠤᠨ᠎ᠠ᠃ ᠵᠢᠷᠤᠭ ᠤᠨ ᠲᠠᠯ᠎ᠠ ᠪᠠᠷ ᠪᠤᠯ ᠵᠠᠬᠦᠨ ᠬᠢᠳᠠᠨ ᠤ ᠸᠠᠩ ᠪᠸᠢ ᠶᠢᠨ ︽ᠮᠢᠩᠭᠠᠨ | ᠪᠤᠭᠤ ᠶᠢᠨ ᠵᠢᠷᠤᠭ︾ ᠪᠤᠯᠤᠨ ︽ᠴᠠᠰᠤᠨ᠎ᠠ ᠠᠪᠠᠯᠠᠬᠰᠡᠨ ᠮᠤᠷᠢᠳᠤ ᠴᠡᠷᠢᠭ︾ ᠪᠤᠯᠤᠨ᠎ᠠ᠃ ᠲᠡᠭᠡᠷᠡᠬᠢ ᠡᠳᠡᠭᠡᠷ | ᠵᠤᠶᠢᠯᠡᠰ ᠨᠢ ᠬᠡᠳᠤᠶᠢᠪᠡᠷ ᠨᠤᠶᠠᠷᠬᠠᠬᠴᠢ ᠠᠩᠬᠢ ᠶᠢᠨ ᠰᠤᠶᠤᠯ ᠤᠨ ᠦᠯᠡᠳᠡᠭᠳᠡᠯ ᠪᠤᠯᠬᠤ ᠪᠤᠯᠪᠠᠴᠤ᠂ ᠪᠠᠰᠠ ᠬᠢᠳᠠᠨ ᠤ | ᠦᠨᠳᠤᠰᠤᠳᠡᠨ ᠤ ᠰᠤᠶᠤᠯ ᠤᠨ ᠨᠢᠭᠡ ᠲᠠᠯ᠎ᠠ ᠪᠤᠯᠤᠨ ᠬᠢᠳᠠᠨ ᠤ ᠰᠤᠶᠤᠯ ᠤᠨ ᠬᠢᠳᠠᠳ ᠦᠨᠳᠤᠰᠣᠳᠠᠡ ᠶᠢᠨ ᠨᠦᠯᠤᠬᠡ | ᠲᠣᠣᠷ᠎ᠠ ᠬᠠᠷᠢᠯᠴᠡᠨ ᠨᠡᠶᠢᠯᠡᠯᠳᠤᠭ᠍ᠰᠡᠨ ᠪᠠᠶᠢᠳᠠᠯ ᠢ ᠲᠤᠰᠠᠬᠠᠵᠢ᠃ ᠡᠬᠦᠨ ᠳᠤ ᠬᠢᠳᠠᠨ ᠤ ᠬᠦᠳᠡᠯᠮᠤᠷᠢᠴᠢᠨ ᠠᠷᠠᠳ | ᠲᠦᠮᠡᠨ ᠤ ᠵᠢᠷᠤᠬᠰᠡᠨ ᠴᠢᠩ ᠯᠢᠩ ᠤᠩᠭᠤᠨ ᠳᠠᠬᠢ ᠲᠦᠷᠪᠡᠨ ᠤᠠᠯᠷᠢᠯ ᠤᠨ ᠦᠵᠡᠮᠵᠢ ᠶᠢᠨ ᠲᠦᠷᠪᠡᠨ ᠵᠢᠷᠤᠭ ︵ | ᠬᠠᠨ᠎ᠠ ᠶᠢᠨ ᠵᠢᠷᠤᠭ︶ ᠢ ᠨᠡᠩ ᠴᠦ ᠲᠤᠷᠠᠳᠤᠭᠤᠰᠢᠳᠠᠢ ᠶᠤᠮ᠃ ᠡᠳᠡᠬᠡᠷ ᠵᠢᠷᠤᠭ ᠲᠤ ᠬᠢᠳᠠᠨᠴᠤᠳ ᠤᠨ | ᠨᠡᠬᠦᠳᠡᠯᠯᠡᠨ ᠠᠩᠨᠠᠬᠤ ᠠᠮᠢᠳᠤᠷᠠᠯ ᠤᠨ ᠦᠨᠳᠤᠰᠤᠳᠠᠨ ᠤ ᠤᠨᠴᠠᠯᠢᠭ ᠢ ᠰᠦᠷᠡᠬᠡᠢ ᠲᠤᠰᠬᠠᠬᠰᠡᠨ ᠪᠠᠶᠢᠨ᠎ᠠ ᠄ | ᠬᠠᠪᠤᠷ ᠤᠨ ᠤᠯᠠᠷᠢᠯ ᠪᠤᠯ ᠯᠢᠶᠣᠤ ᠤᠯᠤᠰ ᠤᠨ ᠬᠦᠮᠣᠰ ᠤᠨ ᠭᠠᠯᠠᠭᠤ; ᠠᠩᠨᠠᠬᠤ ᠤᠯᠠᠷᠢᠯ ᠪᠤᠯᠤᠨ᠎ᠠ ᠂ ᠡᠨᠡ | ᠬᠠᠪᠤᠷ ᠤᠨ ᠵᠢᠷᠤᠭ ᠲᠤ ᠶᠠᠭ ᠡᠯ᠎ᠠ ᠵᠤᠶᠢᠯ ᠤᠨ ᠵᠢᠬᠦᠷᠳᠡᠨ ᠰᠢᠪᠠᠭᠤᠳ ᠠᠭᠤᠯᠠ ᠭᠤᠤᠯ ᠲᠦᠬᠦᠷᠡᠩ ᠪᠠᠶᠢᠬᠤ ᠶᠢ | ᠵᠢᠷᠤᠵᠡᠢ ︔ ᠪᠤᠰᠤ ᠭᠤᠷᠪᠡᠨ ᠤᠠᠯᠷᠢᠯ ᠳᠤ ᠴᠤ ᠯᠢᠶᠣᠤ ᠤᠯᠤᠰ ᠤᠨ ᠬᠦᠮᠤᠰ ᠠᠩ ᠬᠦᠷᠤᠬᠡ ᠬᠢᠳᠡᠭ ᠲᠤᠯᠠ | ᠵᠤᠨ᠂ ᠨᠠᠮᠤᠷ᠂ ᠡᠪᠤᠯ ᠤᠨ ᠭᠤᠷᠪᠡᠨ ᠤᠠᠯᠷᠢᠯ ᠤᠨ ᠬᠠᠨ᠎ᠠ ᠶᠢᠨ ᠵᠢᠷᠤᠭ ᠲᠤ ᠬᠠᠷᠢᠨ ᠰᠦᠷᠦᠭ ᠪᠤᠭᠤ ᠂ ᠵᠡᠭᠡᠷ᠎ᠠ᠂ | ᠭᠡᠭᠡᠷ᠎ᠠ ᠶᠢᠨ ᠭᠠᠭ᠋ᠠᠢ ᠶᠢ ᠵᠢᠷᠤᠬᠰᠡᠨ ᠪᠠᠶᠢᠨ᠎ᠠ᠃ ᠡᠳᠡᠭᠡᠷ ᠨᠢ ᠴᠦᠮ ᠯᠢᠶᠣᠤ ᠤᠯᠤᠰ ᠤᠨ ᠬᠦᠮᠣᠰ ᠤᠨ ᠠᠵᠤ | ᠠᠮᠢᠳᠤᠷᠠᠯ ᠤᠨ ᠬᠦᠰᠡᠯ ᠡᠷᠡᠮᠠᠯᠵᠡᠯᠡᠯ ᠪᠤᠯᠬᠤ ᠲᠤᠯᠠ᠂ ᠬᠠᠨ᠎ᠠ ᠶᠢᠨ ᠵᠢᠷᠤᠭ ᠲᠤ ᠡᠬᠦᠨ ᠢ ᠪᠢᠯᠬᠠᠮ᠎ᠠ ᠬᠠᠯᠠᠭᠤᠨ | ᠰᠡᠳᠬᠢᠯᠬᠡ ᠪᠠᠷ ᠲᠦᠷᠰᠤᠯᠡᠨ ᠵᠢᠷᠤᠬᠰᠡᠨ ᠪᠢᠯᠡ᠃ ᠡᠳᠡᠬᠡᠷ ᠬᠠᠨ᠎ᠠ ᠶᠢᠨ ᠵᠢᠷᠤᠭ ᠪᠤᠯ ᠬᠢᠳᠠᠨ ᠤ ᠠᠷᠠᠳ ᠲᠦᠮᠡᠨ ᠤ | ᠵᠢᠩᠬᠢᠨᠢ ᠤᠷᠠᠯᠢᠭ ᠪᠤᠯᠬᠤ ᠪᠦᠬᠡᠳ ᠬᠢᠳᠠᠨ ᠤ ᠠᠷᠠᠳ ᠲᠦᠮᠡᠨ ᠤ ᠠᠵᠤ ᠠᠮᠢᠳᠤᠷᠠᠯ ᠪᠠ ᠬᠦᠰᠡᠯ ᠡᠷᠡᠮᠠᠯᠵᠡᠯᠡᠯ ᠢ | ᠲᠤᠰᠬᠠᠬᠰᠡᠨ ᠠᠬᠤᠶᠢᠴᠢ ᠦᠵᠡᠯ ᠤᠨ ᠦᠨᠡᠳᠤ ᠪᠦᠳᠤᠬᠡᠯ ᠪᠤᠯᠤᠨ᠎ᠠ᠃ | ᠲᠦᠷᠰᠦᠯᠢᠭ ᠤᠷᠠᠯᠢᠭ ᠪᠤᠯᠤᠨ ᠪᠠᠷᠢᠯᠭ᠎ᠠ ᠶᠢᠨ ᠵᠤᠶᠢᠯ ᠤᠳ ᠠᠴᠠ ᠬᠢᠳᠠᠨ ᠤ ᠠᠷᠠᠳ ᠲᠦᠮᠡᠨ ᠤ | ᠦᠨᠳᠤᠰᠤᠳᠠᠨ ᠤ ᠰᠤᠶᠤᠯ ᠤᠨ ᠬᠢᠷᠢ ᠬᠡᠮᠵᠢᠶ᠎ᠡ ᠪᠠ ᠤᠨᠴᠠᠯᠢᠭ ᠢ ᠨᠡᠩ ᠰᠠᠶᠢᠨ ᠦᠵᠡᠵᠤ ᠭᠠᠷᠴᠤ ᠪᠤᠯᠬᠤ ᠶᠤᠮ᠃ | ᠬᠢᠳᠠᠨ ᠦᠨᠳᠤᠰᠤᠳᠠᠨ ᠤ ᠡᠬᠢᠨ ᠤ ᠦᠶ᠎ᠡ ᠶᠢᠨ ᠠᠮᠢᠳᠤᠷᠠᠯ ᠤᠨ ᠲᠦᠪ ᠪᠤᠯᠬᠤ ᠰᠢᠷ᠎ᠠ ᠮᠦᠷᠡᠨ ᠤ ᠰᠠᠪᠠ | ᠭᠠᠵᠠᠷ ᠲᠠᠬᠢ ᠢᠵᠠᠭᠤᠷᠳᠡᠨ ᠤ ᠤᠩᠭᠤᠨ ᠲᠤᠳᠤᠷ᠎ᠠ ᠠᠴᠠ ᠨᠡᠯᠢᠶᠡᠳ ᠤᠯᠠᠨ ᠮᠤᠷᠢᠨ ᠡᠳ᠋ᠯᠡᠯ᠂ ᠵᠠᠷ ᠵᠡᠪᠰᠡᠭ | ᠪᠤᠯᠤᠨ ᠲᠠᠬᠢᠶᠠᠨ ᠴᠡᠴᠡᠭᠳᠤ ᠬᠤᠤᠪᠢᠩ ᠮᠠᠯᠳᠠᠵᠤ ᠭᠠᠷᠭᠠᠬᠰᠡᠨ ᠪᠥᠭᠡᠳ ᠲᠡᠬᠦᠨ ᠤ ᠲᠤᠳᠤᠷ᠎ᠠ ᠲᠠᠬᠢᠶᠠᠨ ᠴᠡᠴᠡᠭᠳᠤ | ᠬᠤᠤᠪᠢᠩ ᠨᠢ ᠬᠢᠳᠠᠨ ᠦᠨᠳᠤᠰᠤᠳᠠᠨ ᠤ ᠤᠷᠠᠯᠢᠭ ᠤᠨ ᠨᠡᠶᠢᠳᠡᠯᠢᠭ ᠰᠢᠨᠵᠢ ᠴᠢᠨᠠᠷ ᠢ ᠬᠠᠮᠤᠭ ᠠᠴᠠ ᠢᠯᠡᠬᠦᠤ | ᠬᠠᠷᠠᠭᠤᠯᠵᠤ ᠪᠠᠶᠢᠳᠠᠭ᠃ | ᠪᠠᠷᠢᠯᠭ᠎ᠠ ᠶᠢᠨ ᠲᠣᠳᠣᠷ᠎ᠡ ᠳ᠋ᠣᠣ ᠽᠦᠩ ᠬᠠᠭᠠᠨ ᠤ ᠴᠢᠩ ᠨᠢᠩ ᠤᠨ ᠬᠤᠶᠠᠳᠤᠭᠠᠷ ᠣᠨ ︵ ᠨᠡᠶᠢᠳᠠ ᠶᠢᠨ | ᠣᠨ ᠲᠣᠭᠠᠯᠠᠯ ᠤᠨ1056 ᠣᠨ︶ ᠳᠤ ᠪᠠᠶᠢᠭᠤᠯᠤᠬᠰᠡᠨ ᠶᠢᠩ ᠰᠢᠶᠠᠨ ︵ᠣᠳᠣᠬᠢ ᠱᠠᠨ ᠰᠢ ᠮᠤᠵᠢ ᠶᠢᠨ ᠶᠢᠩ | ᠰᠢᠶᠠᠨ—) ᠳᠠᠬᠢ ᠹᠦᠸᠧ ᠬᠦᠩ ᠰᠧ ᠰᠦᠮ᠎ᠡ ᠶᠢᠨ ᠱᠠᠬᠵᠠᠮᠤᠨᠢ ᠶᠢᠨ ᠮᠤᠳᠤᠨ ᠰᠤᠪᠤᠷᠭ᠎ᠠ ︵ᠰᠣᠪᠤᠷᠭ᠎ᠠ ᠨᠢ | ᠨᠠᠢᠮᠠᠨ ᠦᠨᠴᠦᠭ ᠲᠠᠢ᠂ ᠲᠠᠪᠤᠨ ᠲᠠᠪᠬᠤᠷ᠂ ᠦᠨᠡᠨ ᠳᠡᠭᠡᠨ ᠠᠷᠪᠡᠨ ᠲᠠᠪᠬᠤᠷ︶ ᠨᠢ ᠬᠠᠮᠤᠭ ᠤᠨ ᠠᠯᠳᠠᠷᠳᠠᠢ | ᠪᠠᠶᠢᠵᠤ᠂ ᠡᠳᠤᠬᠡ ᠪᠤᠯᠳᠠᠯ᠎ᠠ ᠮᠢᠩᠭ᠎ᠠ ᠰᠢᠬᠠᠮ ᠣᠨ ᠰᠡᠬᠦᠶᠢᠨ ᠰᠦᠨᠳᠠᠷᠠᠯᠵᠤ᠂ ᠲᠡᠯᠡᠬᠡᠢ ᠶᠢᠨ ᠭᠠᠶᠢᠬᠠᠮᠰᠢᠳᠤ | ᠪᠠᠷᠢᠯᠭ᠎ᠠ ᠶᠢᠨ ᠨᠢᠭᠡ ᠳᠤ ᠲᠤᠭᠤᠴᠠᠬᠳᠠᠵᠤ ᠪᠤᠢ᠃ ᠲᠡᠭᠡᠪᠠᠯ ᠯᠢᠶᠣᠤ ᠤᠯᠤᠰ ᠤᠨ ᠲᠡᠭᠡᠳᠤ ᠨᠡᠶᠢᠰᠯᠡᠯ ᠤᠨ ᠬᠤᠶᠠᠷ | ᠲᠤᠭᠤᠰᠬᠠᠨ ᠰᠤᠪᠤᠷᠭ᠎ᠠ — ᠡᠮᠤᠨᠡᠳᠤ ᠤᠮᠠᠷᠠᠳᠤ ᠰᠤᠪᠤᠷᠭ᠎ᠠ ︵ᠴᠦᠮ ᠤᠳᠤᠬᠢ ᠵᠤᠤ ᠤᠳᠠ ᠠᠶᠢᠮᠠᠭ ᠤᠨ ᠪᠠᠭᠠᠷᠢᠨ | ᠵᠡᠬᠦᠨ ᠬᠤᠰᠢᠭᠤᠨ ᠳᠤ ᠪᠤᠢ︶ ᠪᠤᠯᠤᠨ ᠯᠢᠶᠣᠤ ᠤᠯᠤᠰ ᠤᠨ ᠲᠤᠮᠳᠠᠳᠤ ᠨᠡᠶᠢᠰᠯᠡᠯ ᠤᠨ ᠲᠤᠮᠤ ᠲᠤᠭᠤᠰᠬᠠᠨ | ᠰᠤᠪᠤᠷᠭ᠎ᠠ — ᠳ᠋ᠠ ᠮᠢᠩ ᠲᠠ ᠰᠤᠪᠤᠷᠭ᠎ᠠ ︵ᠵᠤᠤ ᠤᠳᠠ ᠠᠶᠢᠮᠠᠭ ᠤᠨ ᠨᠢᠭᠴᠧᠩ ᠰᠢᠶᠠᠨ ᠳᠤ ᠪᠤᠢ ᠪᠠᠶᠢᠨ᠎ᠠ᠃ | ᠡᠳᠡᠬᠡᠷ ᠨᠢ ᠲᠤᠬᠠᠢ ᠶᠢᠨ ᠦᠶ᠎ᠡ ᠶᠢᠨ ᠬᠦᠳᠡᠯᠮᠤᠷᠢᠴᠢᠨ ᠠᠷᠠᠳ ᠲᠦᠮᠡᠨ ᠤ ᠪᠠᠷᠢᠯᠭ᠎ᠠ ᠶᠢᠨ ᠤᠷᠠᠯᠢᠭ ᠤᠨ ᠲᠠᠯ᠎ᠠ ᠪᠠᠷ | ᠬᠢ ᠲᠡᠭᠡᠳᠤ ᠬᠡᠮᠵᠢᠶᠡᠨ ᠳᠤ ᠬᠦᠷᠤᠭ᠍ᠰᠡᠨ ᠪᠠᠶᠢᠳᠠᠯ ᠲᠣᠪᠣᠶᠢᠳᠠᠯᠠ ᠲᠤᠰᠬᠠᠬᠰᠡᠨ ᠶᠤᠮ᠃ ᠳ᠋ᠠ ᠮᠢᠩ ᠲᠠ ᠰᠤᠪᠤᠷᠭ᠎ᠠ | ᠪᠤᠯ ᠵᠢᠷᠠᠨ ᠲᠦᠷᠪᠡᠨ ᠮᠧᠲᠷ ᠦᠨᠳᠤᠷ᠂ ᠨᠠᠢᠮᠠᠨ ᠦᠨᠴᠦᠭ ᠲᠠᠢ ᠨᠢᠬᠳᠠ ᠰᠠᠷᠠᠪᠴᠢ ᠲᠠᠢ ᠪᠦᠬᠡᠳ ᠨᠢᠬᠡᠳᠤᠭᠡᠷ | ᠲᠠᠪᠬᠤᠷ ᠤᠨ ᠲᠠᠯ᠎ᠠ ᠪᠦᠷᠢ ᠳᠤᠨᠢ ᠴᠦᠮ ᠪᠤᠷᠬᠠᠨ᠂ ᠪᠤᠳᠢᠰᠠᠳᠤᠸᠠ᠂ ᠠᠪᠤᠷᠭᠤ ᠬᠦᠴᠤᠳᠠᠨ ᠵᠢᠴᠢ ᠲᠠᠬᠢᠨᠢ ᠶᠢᠨ | ᠬᠦᠷᠦᠭ ᠲᠠᠢ᠃ ᠰᠤᠪᠤᠷᠭ᠎ᠠ ᠶᠢᠨ ᠬᠡᠪᠴᠢᠶ᠎ᠡ ᠨᠢ ᠲᠤᠩ ᠠᠤᠭ᠎ᠠ ᠰᠦᠷᠯᠢᠭ᠂ ᠲᠦᠷᠰᠤ ᠪᠠᠶᠢᠳᠠᠯ ᠨᠢ ᠦᠵᠡᠰᠬᠦᠯᠡᠩ | ᠰᠠᠶᠢᠬᠠᠨ ᠪᠠᠶᠢᠵᠤ᠂ ᠬᠡᠳᠤᠨ ᠠᠷᠪᠡᠨ ᠭᠠᠵᠠᠷ ᠤᠨ ᠠᠯᠤᠰ ᠠᠴᠠ ᠦᠵᠡᠭᠳᠡᠳᠡᠭ ᠪᠠᠶᠢᠨ᠎ᠠ᠃ ᠡᠬᠦᠨ ᠠᠴᠠ ᠭᠠᠳᠠᠨ᠎ᠠ᠂ | ᠣᠳᠤ ᠶᠢᠨ ᠦᠪᠤᠷ ᠮᠤᠩᠭᠤᠯ ᠤᠨ ᠬᠦᠭᠡᠬᠤᠳᠠ ᠳᠤ ᠪᠠᠶᠢᠭ᠎ᠠ ᠴᠠᠭᠠᠨ ᠰᠤᠪᠤᠷᠭ᠎ᠠ ᠪᠤᠯᠤᠨ ᠡᠷᠳᠡᠨ ᠤ ᠰᠤᠪᠤᠷᠭ᠎ᠠ ᠨᠢ | ᠴᠦ ᠴᠦᠮ ᠦᠨᠳᠤᠰᠤᠳᠠᠨ ᠤ ᠦᠪᠡᠷᠮᠢᠴᠠ ᠬᠡᠪᠰᠢᠯ ᠲᠠᠢ ᠪᠢᠯᠡ᠃ | |