ᠡᠩᠬᠡ ᠶᠢᠨ ᠬᠤᠷᠣᠢ ᠲᠠᠢ ᠡᠰᠡᠷᠡᠭ ᠨᠤᠲᠤᠭ | | ᠪᠠᠶᠠᠭᠤᠳ ᠰᠦᠷ | ᠡᠰᠡᠷᠡᠭ ᠨᠤᠲᠤᠭ ᠤᠨ ᠠᠩᠬᠠᠨ ᠤ ᠳᠠᠭᠤᠳᠠᠯᠭ᠎ᠠ | ᠡᠩᠬᠡ ᠠᠮᠤᠭᠤᠯᠠᠩ ᠬᠠᠭᠠᠨ ︽ᠮᠣᠩᠭᠤᠯ ᠢ ᠨᠣᠮᠤᠳᠬᠠᠨ ᠳᠠᠷᠤᠬᠤ ᠳᠤ ᠠᠷᠪᠠᠨ ᠲᠦᠮᠡᠨ ᠴᠡᠷᠢᠭ | ᠰᠠᠭᠤᠯᠭᠠᠬᠤ ᠨᠢ ᠨᠢᠭᠡ ᠰᠦᠮ᠎ᠡ ᠪᠠᠷᠢᠬᠤ ᠶᠢ ᠬᠦᠷᠬᠦ ᠦᠭᠡᠢ︾ ᠭᠡᠳᠡᠭ ᠬᠤᠣᠷᠲᠤ ᠪᠣᠳᠤᠯᠭ᠎ᠠ ᠶᠢᠨ ᠤᠷᠢᠳᠠᠯ ᠳᠣᠣᠷ᠎ᠠ | ᠴᠢᠩ ᠤᠯᠤᠰ ᠤᠨ ᠵᠠᠰᠠᠭ ᠤᠨ ᠭᠠᠵᠠᠷ ᠠᠴᠠ ᠮᠣᠩᠭᠤᠯ ᠨᠤᠲᠤᠭ ᠲᠤ ᠰᠦᠮ᠎ᠡ ᠬᠡᠶᠢᠳ ᠢ ᠶᠡᠬᠡᠪᠡᠷ ᠴᠣᠭᠴᠠᠯᠠᠨ | ᠪᠠᠶᠢᠭᠤᠯᠤᠭᠰᠠᠨ ᠪᠠᠶᠢᠨ᠎ᠠ᠃ ᠪᠦᠷᠢᠨ ᠪᠣᠰᠤ ᠪᠦᠷᠢᠳᠬᠡᠯ ᠢ ᠦᠨᠳᠦᠰᠦᠯᠡᠪᠡᠯ᠂ ᠳᠡᠭᠡᠷ᠎ᠡ ᠵᠠᠭᠤᠨ ᠤ ᠡᠬᠢ ᠪᠣᠯᠲᠠᠯ᠎ᠠ | ᠭᠠᠭᠴᠠᠬᠠᠨ ᠪᠠᠭᠠᠷᠢᠨ ᠵᠡᠭᠦᠨ ᠬᠤᠰᠢᠭᠤᠨ ᠳᠤ ᠬᠤᠷᠢᠭᠠᠳ ᠰᠦᠮ᠎ᠡ᠂ ᠵᠣᠣ ᠤᠳᠠ ᠴᠢᠭᠤᠯᠭᠠᠨ ᠳᠤ ᠭᠤᠷᠪᠠᠨ ᠵᠠᠭᠤ | ᠭᠠᠷᠤᠢ ᠰᠦᠮ᠎ᠡ ᠬᠡᠶᠢᠳ᠂ ᠪᠦᠬᠦᠶᠢᠯᠡ ᠮᠣᠩᠭᠤᠯ ᠣᠷᠣᠨ ᠳᠤ ᠬᠤᠶᠠᠷ ᠮᠢᠩᠭ᠎ᠠ ᠭᠠᠷᠤᠢ ᠰᠦᠮ᠎ᠡ ᠬᠡᠶᠢᠳ | ᠪᠠᠶᠢᠭᠤᠯᠤᠭᠰᠠᠨ ᠪᠠᠶᠢᠨ᠎ᠠ᠃ | ᠲᠡᠭᠦᠨ ᠤ ᠳᠣᠲᠤᠷᠠᠬᠢ ᠨᠢᠭᠡ ᠪᠣᠯᠬᠤ ᠬᠢᠯᠭᠠᠨᠲᠠᠢ ᠶᠢᠨ ᠰᠦᠮ᠎ᠡ ᠶᠢ ᠪᠠᠭᠠᠷᠢᠨ ᠵᠡᠭᠦᠨ ᠬᠤᠰᠢᠭᠤᠨ ᠤ ᠲᠠᠶᠢᠵᠢ | ᠭᠠᠶᠠᠭᠠᠯᠳᠠᠨ᠂ ᠲᠦᠪᠡᠭᠳᠡ ᠠᠴᠠ ᠢᠷᠡᠭᠰᠡᠨ ᠯᠣᠨᠰᠠᠩᠴᠣᠶᠢᠵᠢᠷ ᠬᠤᠶᠠᠭᠤᠯᠠ ᠨᠡᠶᠢᠯᠡᠵᠦ᠂ ᠪᠠᠭᠠᠷᠢᠨ ᠵᠡᠭᠦᠨ | ᠬᠤᠰᠢᠭᠤᠨ ᠤ ᠵᠠᠰᠠᠭ ᠪᠠᠶᠢᠯ᠎ᠠ ᠳᠣᠷᠵᠢᠹᠠᠯᠮᠤ ᠶᠢᠨ ᠳᠡᠮᠵᠢᠯᠭᠡ ᠪᠠᠷ ᠡᠩᠬᠡ ᠠᠮᠤᠭᠤᠯᠠᠩ ᠤᠨ ᠳᠥᠴᠢ ᠶᠢᠰᠦᠳᠦᠭᠡᠷ | ᠣᠨ᠂ ᠴᠠᠭᠠᠨ ᠪᠠᠷᠰ ᠵᠢᠯ ︵ᠨᠡᠶᠢᠲᠡ ᠶᠢᠨ ᠣᠨ ᠲᠣᠭᠠᠯᠠᠯ ᠤᠨ 1710︶ ᠤᠨ ᠲᠠᠪᠤᠨ ᠰᠠᠷ᠎ᠠ ᠶᠢᠨ ᠠᠷᠪᠠᠨ | ᠲᠠᠪᠤᠨ ᠤ ᠡᠳᠦᠷ ᠣᠳᠣ ᠶᠢᠨ ᠪᠠᠭᠠᠷᠢᠨ ᠵᠡᠭᠦᠨ ᠬᠤᠰᠢᠭᠤᠨ ᠤ ᠲᠡᠮᠡᠭᠡᠨ ᠬᠦᠵᠦᠭᠦᠦ ᠨᠤᠲᠤᠭ ᠤᠨ ᠴᠠᠭᠠᠨ ᠰᠢᠷᠡᠭᠡᠲᠦ | ᠭᠡᠰᠡᠨ ᠭᠠᠵᠠᠷ ᠪᠠᠶᠢᠭᠤᠯᠤᠭᠰᠠᠨ ᠶᠤᠮ᠃ | ᠲᠤᠬᠠᠢ ᠶᠢᠨ ᠦᠶ᠎ᠡ ᠳᠤ ᠰᠦᠮ᠎ᠡ ᠬᠡᠶᠢᠳ ᠤᠨ ᠵᠠᠷᠤᠯᠭ᠎ᠠ ᠶᠢ ᠲᠤᠰ ᠬᠤᠰᠢᠭᠤᠨ ᠤ ᠬᠤᠰᠢᠭᠤᠨ ᠰᠠᠩ ᠤᠨ | ᠳᠡᠮᠵᠢᠯᠭᠡ ᠠᠴᠠ ᠭᠠᠳᠠᠨ᠎ᠠ ᠣᠷᠣᠨ ᠨᠤᠲᠤᠭ ᠤᠨ ᠮᠠᠯᠴᠢᠳ ᠤᠨ ᠡᠷᠭᠦᠴᠡ ᠪᠠᠷᠢᠴᠠ ᠪᠠᠷ ᠰᠢᠢᠳᠪᠦᠷᠢᠯᠡᠵᠦ ᠪᠠᠶᠢᠭᠰᠠᠨ | ᠪᠦᠭᠡᠳ ᠯᠠᠮᠠ ᠬᠤᠸᠠᠷᠠᠭ ᠤᠨ ᠢᠷᠡᠯᠲᠡ ᠨᠢ ᠴᠦ ᠲᠤᠰ ᠰᠦᠮ᠎ᠡ ᠶᠢᠨ ᠬᠠᠷᠢᠶᠠᠨ ᠳᠠᠬᠢ ᠨᠤᠲᠤᠭ ᠤᠰᠤᠨ ᠤ | ᠮᠠᠯᠴᠢᠳ ᠤᠨ ᠳᠤᠮᠳᠠ ᠠᠴᠠ ᠰᠤᠩᠭᠤᠵᠤ ᠠᠪᠳᠠᠭ ᠪᠠᠶᠢᠨ᠎ᠠ᠃ ᠣᠳᠬᠤᠨ ᠬᠡᠥᠬᠡᠳ ᠨᠢ ᠭᠤᠯᠤᠮᠲᠠ ᠪᠠᠨ ᠰᠠᠬᠢᠵᠤ᠂ | ᠥᠭᠡᠷ᠎ᠡ ᠪᠣᠰᠤᠳ ᠨᠢ ᠪᠦᠷ ᠯᠠᠮᠠ ᠪᠣᠯᠳᠠᠭ ︵ᠵᠡᠮᠳᠡᠭ ᠠᠴᠠ ᠪᠣᠰᠤᠳ︶ ᠬᠡᠴᠡᠭᠦᠦ ᠶᠣᠰᠣᠨ ᠨᠡᠶᠢᠲᠡ ᠮᠣᠩᠭᠤᠯ ᠳᠤ | ᠲᠠᠷᠬᠠᠭᠰᠠᠨ ᠨᠢ ᠶᠠᠭ ᠰᠠᠶᠢᠬᠠᠨ ᠮᠠᠨᠵᠤ ᠶᠢᠨ ᠲᠥᠷᠥ ᠶᠢᠨ ᠪᠣᠳᠤᠯᠭ᠎ᠠ ᠲᠠᠢ ᠨᠡᠶᠢᠴᠡᠵᠦ ᠪᠠᠶᠢᠭᠰᠠᠨ ᠶᠤᠮ᠃ | ᠮᠠᠨᠵᠤ ᠶᠢᠨ ᠨᠣᠶᠠᠷᠬᠠᠯ ᠤᠨ ᠭᠤᠷᠪᠠᠨ ᠵᠠᠭᠤ ᠭᠠᠷᠤᠢ ᠵᠢᠯ ᠳᠤ ᠮᠣᠩᠭᠤᠯ ᠨᠤᠲᠤᠭ ᠤᠨ ᠰᠦᠮ᠎ᠡ ᠬᠡᠶᠢᠳ ᠤᠨ ᠯᠠᠮᠠ | ᠬᠤᠸᠠᠷᠠᠭ ᠤᠨ ᠲᠤᠭ᠎ᠠ ᠭᠤᠷᠪᠠᠨ ᠵᠠᠭᠤᠨ ᠲᠦᠮᠡ ᠳᠤ ᠬᠦᠷᠦᠭᠰᠡᠨ ᠨᠢ ᠵᠠᠭᠤᠨ ᠲᠦᠮᠡᠨ ᠬᠦᠮᠦᠨ ᠠᠮᠠ ᠲᠠᠢ | ᠦᠨᠳᠦᠰᠦᠲᠡᠨ ᠳᠤ ᠠᠪᠴᠤ ᠬᠡᠯᠡᠪᠡᠯ ᠵᠦᠢᠷᠯᠡᠬᠦ ᠶᠢᠨ ᠠᠷᠭ᠎ᠠ ᠦᠭᠡᠢ ᠬᠤᠬᠢᠷᠠᠯ ᠪᠣᠯᠬᠤ ᠶᠤᠮ᠃ | ᠶᠡᠭᠡ ᠬᠤᠪᠢᠰᠬᠠᠯ ᠤᠨ ᠰᠢᠭᠤᠷᠭ᠎ᠠ ᠳᠤ ᠮᠠᠨᠵᠤ ᠴᠢᠩ ᠤᠨ ᠵᠠᠰᠠᠭ ᠨᠤᠷᠠᠭᠰᠠᠨ ᠴᠦ ᠮᠠᠨ ᠤ | ᠮᠣᠩᠭᠤᠯᠴᠤᠳ ᠲᠤ ᠠᠪᠴᠤ ᠬᠡᠯᠡᠪᠡᠯ ︽ᠴᠢᠨ᠋ᠸ᠎ᠠ ᠶᠢᠨ ᠠᠮᠠᠨ ᠠᠴᠠ ᠭᠠᠷᠤᠭᠠᠳ ᠪᠠᠷᠰ ᠤᠨ ᠠᠮᠠᠨ ᠳᠤ ᠣᠷᠤᠭᠰᠠᠨ︾ | ᠶᠠᠪᠤᠳᠠᠯ ᠪᠣᠯᠵᠤ᠂ ᠢᠷᠭᠡᠨ ᠤᠯᠤᠰ ᠤᠨ ᠵᠠᠰᠠᠭ ᠤᠨ ᠭᠠᠵᠠᠷ ︽ᠬᠢᠲᠠᠳ ᠢᠷᠭᠡᠨ ᠢ ᠨᠡᠭᠦᠯᠭᠡᠨ᠂ ᠬᠢᠯᠢ ᠬᠢᠵᠠᠭᠠᠷ ᠢ | ᠪᠠᠬᠢᠵᠢᠭᠦᠯᠬᠦ︾ ᠬᠠᠷᠬᠢᠰ ᠳᠡᠭᠡᠷᠡᠩᠭᠦᠢ ᠦᠨᠳᠦᠰᠦᠲᠡᠨ ᠤ ᠳᠠᠷᠤᠯᠠᠯ ᠶᠠᠪᠤᠭᠤᠯᠵᠤ᠂ ᠨᠤᠲᠤᠭ ᠤᠨ ᠨᠣᠶᠠᠳ ᠲᠠᠢ | ᠬᠤᠤᠪᠢᠯᠳᠤᠵᠤ᠂ ᠠᠲᠠᠷ ᠬᠠᠭᠠᠯᠪᠤᠷᠢᠯᠠᠨ᠂ ᠮᠣᠩᠭᠤᠯᠴᠤᠳ ᠤᠨ ᠭᠠᠵᠠᠷ ᠨᠤᠲᠤᠭ ᠢ ᠪᠤᠯᠢᠶᠠᠨ᠂ ᠬᠠᠶᠢᠷ᠎ᠠ ᠨᠠᠶᠢᠷ | ᠦᠭᠡᠢ ᠦᠨᠳᠦᠰᠦᠲᠡᠨ ᠤ ᠮᠦᠯᠵᠢᠯ ᠶᠠᠪᠤᠭᠤᠯᠤᠭᠰᠠᠨ ᠪᠠᠶᠢᠨ᠎ᠠ᠃ | 1926 ᠣᠨ ᠳᠤ ᠪᠠᠷᠠᠭᠤᠨ ᠣᠩᠨᠢᠭᠤᠳ ᠠᠴᠠ ᠭᠠᠭᠴᠠᠬᠠᠨ ᠦᠬᠡᠷ ᠲᠡᠷᠭᠡ ᠲᠠᠢ ᠢᠷᠡᠭᠰᠡᠨ ᠮᠠ ᠵᠧᠨ | ᠦ᠋ ᠠᠬ᠎ᠠ ᠳᠡᠭᠦᠦ ᠬᠤᠶᠠᠭᠤᠯᠠ ᠠᠲᠠᠷ ᠬᠠᠭᠠᠯᠪᠦᠷᠢᠯᠠᠬᠤ ᠲᠣᠪᠴᠢᠶ᠎ᠠ ᠲᠠᠢ ᠰᠦᠯᠪᠡᠭᠡᠯᠡᠨ᠂ ᠬᠡᠲᠦᠬᠡᠨ ᠵᠢᠯ ᠤᠨ | ᠳᠣᠲᠤᠷ᠎ᠠ ᠲᠡᠮᠡᠭᠡᠨ ᠬᠦᠵᠦᠭᠦᠦ ᠪᠠᠷ ᠰᠠᠭᠤᠷᠢᠨ ᠭᠠᠵᠠᠷ ᠪᠣᠯᠭᠠᠵᠤ ᠬᠦᠯᠵᠢᠭᠡᠳ᠂ ᠲᠡᠮᠡᠭᠡᠨ ᠬᠦᠵᠦᠭᠦᠦ᠂ ᠪᠢᠯᠡᠭᠦᠲᠠᠢ᠂ | ᠤᠯᠠᠭᠠᠨ ᠪᠠᠶᠢᠴᠠ᠂ ᠭᠠᠨᠠᠭ᠂ ᠬᠠᠷ᠎ᠠ ᠡᠷᠭᠢ᠂ ᠴᠠᠭᠠᠨ ᠰᠢᠷᠡᠭᠡᠲᠦ᠂ ᠪᠠᠮᠪᠤ ᠶᠢᠨ ᠵᠢᠯᠠᠭ᠎ᠠ ᠵᠡᠷᠭᠡ ᠭᠠᠵᠠᠷ ᠢ ᠬᠦᠴᠦ | ᠳᠠᠷᠤᠯᠠᠨ ᠬᠠᠭᠠᠯᠪᠦᠷᠢᠯᠠᠵᠤ ᠶᠡᠭᠡ ᠬᠡᠮᠵᠢᠶᠡᠨ ᠤ ᠳᠦᠷᠢᠶᠡᠰᠦᠨ ᠲᠠᠷᠢᠶᠠᠴᠢᠨ ᠣᠷᠤᠭᠤᠯᠵᠤ ᠠᠪᠴᠢᠷᠠᠭᠰᠠᠨ ᠪᠠᠶᠢᠨ᠎ᠠ᠃ | ᠬᠢᠯᠠᠭᠠᠨᠲᠠᠢ ᠶᠢᠨ ᠰᠦᠮ᠎ᠡ ᠨᠢ ᠬᠠᠷᠢᠶ᠎ᠠ ᠭᠠᠵᠠᠷ ᠢᠶᠠᠨ ᠬᠢᠲᠠᠳ ᠲᠤ ᠪᠤᠯᠢᠶᠠᠭᠳᠠᠭᠠᠳ ᠠᠷᠭ᠎ᠠ ᠪᠠᠷᠠᠭᠳᠠᠬᠤ ᠳᠤ ᠪᠠᠨ | ᠪᠠᠶᠠᠨ ᠠᠭᠤᠯᠠ ᠶᠢᠨ ᠪᠠᠶᠠᠨ ᠡᠩᠭᠡᠷ ᠭᠡᠬᠦ ᠭᠠᠵᠠᠷ ᠲᠤ ᠨᠡᠭᠦᠵᠦ ᠢᠷᠡᠭᠰᠡᠨ ᠪᠠᠶᠢᠨ᠎ᠠ᠃ ᠨᠤᠲᠤᠭ ᠨᠢ ᠪᠤᠯᠢᠶᠠᠭᠳᠠᠵᠤ᠂ | ᠰᠦᠮ᠎ᠡ ᠨᠢ ᠨᠡᠭᠦᠭᠰᠡᠨ ᠠᠴᠠ ᠪᠣᠯᠵᠤ᠂ ᠴᠠᠭᠠᠨ ᠰᠢᠷᠡᠭᠡᠲᠦ᠂ ᠬᠠᠷ᠎ᠠ ᠡᠷᠭᠢ ᠶᠢᠨ ᠮᠠᠯᠴᠢᠳ ᠴᠦ ᠠᠷᠭ᠎ᠠ ᠪᠣᠰᠤ | ᠴᠥᠭᠡᠪᠦᠷᠢ ᠬᠡᠳᠦᠨ ᠮᠠᠯ ᠢᠶᠠᠨ ᠲᠠᠭᠤᠵᠤ᠂ ᠭᠡᠷ ᠡᠷᠦᠬᠡ ᠪᠠᠨ ᠲᠡᠭᠡᠭᠡᠵᠦ᠂ ᠦᠯᠵᠡᠶᠢᠮᠦ᠋ᠷᠡᠨ ᠢ ᠥᠭᠰᠥᠨ ᠥᠭᠡᠳᠡᠯᠡᠵᠦ | ᠂ ᠠᠲᠠᠷ ᠬᠠᠭᠠᠯᠪᠦᠷᠢᠯᠠᠬᠤ ᠲᠣᠪᠴᠢᠶᠠᠨ ᠤ ᠴᠢᠩᠵᠣᠷᠢᠭᠲᠤ ︵ᠾᠧ ᠽᠢ ᠵᠠᠩ︶ ᠳᠤ ᠴᠤᠯᠤ ᠮᠥᠩᠭᠦᠨ ᠡᠮᠡᠭᠡᠯ | ᠬᠠᠵᠠᠭᠠᠷ ᠲᠠᠢ ᠮᠣᠷᠢ ᠳᠡᠭᠡᠷ᠎ᠡ ᠡᠳ᠋ ᠮᠥᠩᠭᠦ ᠦᠭᠴᠦ᠂ ᠣᠳᠣ ᠶᠢᠨ ᠡᠰᠡᠷᠡᠭ ᠨᠤᠲᠤᠭ ᠲᠤ ᠢᠷᠡᠵᠦ᠂ ᠬᠥᠯ | ᠲᠣᠭᠲᠠᠬᠤ ᠬᠦᠨᠳᠦᠬᠡᠨ ᠬᠦᠷᠲᠡᠭᠡᠯ ᠬᠦᠷᠲᠡᠪᠡ᠃ | ᠤᠤᠭᠠᠯ ᠨᠤᠲᠤᠭ ᠢᠶᠠᠨ ᠠᠯᠳᠠᠵᠤ᠂ ᠴᠠᠭᠠᠴᠢᠨ ᠤ ᠠᠮᠢᠳᠤᠷᠠᠯ ᠡᠳ᠋ᠯᠡᠵᠦ ᠶᠠᠪᠤᠭᠰᠠᠨ ᠮᠠᠯᠴᠢᠳ ᠠᠷᠠᠢ ᠭᠡᠵᠦ | ᠠᠮᠢᠳᠤᠷᠠᠵᠤ ᠣᠷᠤᠩᠨᠠᠬᠤ ᠨᠤᠲᠤᠭ ᠲᠠᠢ ᠪᠣᠯᠤᠭᠰᠠᠨ ᠳᠤ ᠪᠠᠨ ᠣᠮ ᠳᠣᠮ ᠦᠭᠡᠢ ᠪᠠᠶᠠᠷᠯᠠᠵᠤ᠂ ᠳᠡᠭᠡᠳᠦ ᠠᠴᠠ ᠪᠠᠨ | ᠠᠪᠤᠭᠠᠳ ᠲᠠᠬᠢᠳᠠᠭ ᠬᠢᠯᠠᠭᠠᠨᠲᠠᠢ ᠶᠢᠨ ᠰᠦᠮ᠎ᠡ ᠳᠤ ᠪᠠᠨ ᠣᠴᠢᠵᠤ ᠨᠡᠷ᠎ᠡ ᠭᠤᠶᠤᠵᠠᠢ᠃ ᠤᠤᠭᠠᠯ ᠨᠤᠲᠤᠭ ᠢᠶᠠᠨ | ᠳᠡᠭᠡᠷᠡᠮ ᠳᠤ ᠪᠤᠯᠢᠶᠠᠭᠳᠠᠵᠤ᠂ ᠡᠯᠡᠵᠦ ᠲᠡᠯᠡᠵᠦ ᠣᠯᠤᠭᠰᠠᠨ ᠨᠤᠲᠤᠭ ᠨᠢ ᠬᠦᠷᠦᠰᠦ ᠶᠢ ᠨᠢ ᠬᠠᠭᠠᠯᠪᠦᠷᠢᠯᠠᠬᠤ | ᠠᠨᠵᠢᠰᠤ ᠦᠭᠡᠢ᠂ ᠬᠤᠶᠢᠨ᠎ᠠ ᠠᠴᠠ ᠨᠢ ᠨᠡᠬᠡᠬᠦ ᠳᠡᠭᠡᠷᠡᠮ ᠦᠭᠡᠢ᠂ ᠡᠯᠡᠭᠦᠦ ᠰᠡᠯᠡᠭᠦᠦ ᠠᠮᠢᠳᠤᠷᠠᠵᠤ᠂ ᠦᠶ᠎ᠡ ᠶᠢᠨ | ᠦᠶ᠎ᠡ ᠳᠤ ᠪᠠᠨ ᠥᠭᠡᠳᠡ ᠡᠰᠡᠷᠡᠭ ᠪᠠᠶᠢᠬᠤ ᠶᠢ ᠪᠡᠯᠭᠡᠳᠡᠵᠦ ︽ᠡᠰᠡᠷᠡᠭ︾ ᠭᠡᠰᠡᠨ ᠨᠡᠷ᠎ᠡ ᠬᠠᠶᠢᠷᠠᠯᠠᠭᠰᠠᠨᠭᠡᠳᠡᠭ᠃ | ᠡᠰᠡᠷᠡᠭ ᠤᠨ ᠠᠶᠢᠯ ᠳᠤ ᠠᠩᠬᠠᠯᠠᠨ ᠢᠷᠡᠭᠰᠡᠨ ᠨᠢ ᠠᠷᠪᠠᠭᠠᠳ ᠡᠷᠦᠬᠡ ᠪᠠᠶᠢᠵᠤ᠂ ᠦᠢᠯᠡ ᠪᠠᠨ ᠦᠵᠡᠵᠦ | ᠢᠷᠡᠭᠰᠡᠨ ᠮᠠᠯᠴᠢᠳ ᠮᠠᠨᠢ ᠠᠮᠢᠳᠤᠷᠠᠬᠤ ᠶᠢᠨ ᠡᠷᠬᠡ ᠪᠠᠷ ᠬᠠᠷᠢᠯᠴᠠᠨ ᠨᠢᠭᠡᠨ ᠨᠢᠭᠡᠨ ᠳᠤ ᠪᠠᠨ ᠳᠡᠮ ᠪᠣᠯᠵᠤ᠂ ᠬᠦᠮᠦᠨ | ᠪᠦᠯᠢ ᠠᠷᠪᠢᠨ ᠰᠢᠭ᠋ ᠨᠢ ᠬᠤᠶᠠᠷ ᠲᠠᠰᠤᠯᠭ᠎ᠠ ᠪᠠᠶᠢᠰᠢᠩ᠂ ᠴᠥᠬᠡᠨ ᠰᠢᠭ ᠨᠢ ᠪᠦᠮᠪᠦᠭᠡᠨ ᠭᠡᠷ ᠪᠠᠷᠢᠵᠤ ᠠᠵᠤ | ᠠᠮᠢᠳᠤᠷᠠᠯ ᠢᠶᠠᠨ ᠡᠬᠢᠯᠡᠭᠰᠡᠨ ᠭᠡᠳᠡᠭ᠃ ᠡᠨᠡ ᠠᠷᠪᠠᠭᠠᠳ ᠠᠶᠢᠯ ᠭᠠᠵᠠᠷ ᠬᠤᠳᠠᠯᠳᠤᠨ ᠠᠪᠬᠤ ᠪᠠᠷ ᠠᠶᠢᠯ ᠪᠦᠷᠢ | ᠳᠥᠷᠪᠡᠨ ᠴᠠᠭᠠᠨ ᠵᠣᠭᠤᠰ ᠳᠡᠭᠡᠷ᠎ᠡ ᠬᠤᠨᠢ ᠨᠢᠭᠡ ᠪᠡᠯᠡᠭᠯᠡᠵᠦ᠂ ᠠᠷᠠᠢ ᠭᠡᠵᠦ ᠣᠷᠤᠬᠤ ᠭᠡᠷ ᠣᠣᠭᠤᠴᠢᠬᠤ ᠠᠶᠠᠭ᠎ᠠ | ᠲᠠᠢ ᠪᠣᠯᠣᠭᠰᠠᠨ ᠳᠤ ᠪᠠᠨ ᠪᠠᠶᠠᠷᠯᠠᠭᠠᠳ ᠮᠣᠬᠤᠬᠤ ᠦᠭᠡᠢ ᠪᠠᠶᠢᠵᠠᠢ᠃ ᠡᠳᠡᠭᠡᠷ ᠠᠬᠠᠮᠠᠳ ᠤᠨ ᠲᠤᠬᠠᠢ ᠳᠤᠷᠠᠳᠪᠠᠯ᠂ | ᠪᠣᠷᠵᠢᠭᠢᠨ ᠣᠪᠣᠭ ᠤᠨ ᠪᠠᠭᠠᠲᠤᠷ᠂ ᠴᠢᠯᠠᠭᠤᠨ ᠣᠪᠣᠭ ᠤᠨ ᠬᠠᠶᠢᠪᠤ᠂ ᠴᠢᠯᠠᠭᠤᠨ ᠣᠪᠣᠭ ᠤᠨ ᠭᠠᠨᠳᠠᠭ᠂ ᠪᠣᠷᠵᠢᠭᠢᠨ | ᠣᠪᠣᠭ ᠤᠨ ᠡᠷᠳᠡᠨᠢᠪᠠᠶᠠᠷ᠂ ᠴᠢᠯᠠᠭᠤᠨ ᠣᠪᠣᠭ ᠤᠨ ᠠᠮᠤᠷᠴᠠᠭ᠂ ᠪᠣᠷᠵᠢᠭᠢᠨ ᠣᠪᠤᠭᠲᠠᠨ ᠰᠧᠷᠵᠠᠪ᠂ ᠮᠦᠩᠬᠡᠴᠤᠤᠯ | ᠣᠪᠤᠭᠲᠠᠨ ᠬᠠᠶᠢᠷᠤᠪ ︵ᠦᠶᠡᠴᠦᠦᠯ ᠨᠢ ᠬᠠᠶᠢᠷᠤᠪ ᠭᠡᠳᠡᠭ︶᠂ ᠪᠣᠷᠵᠢᠭᠢᠨ ᠣᠪᠤᠭᠲᠠᠨ ᠠᠰᠬᠠᠨ ᠬᠠᠶᠢᠷᠤᠪ᠂ | ᠮᠦᠩᠬᠡᠴᠤᠤᠯ ᠣᠪᠤᠭᠲᠠᠨ ᠮᠢᠨᠵᠤᠤᠷ᠂ ᠮᠦᠩᠬᠡᠴᠤᠤᠯ ᠣᠪᠤᠭᠲᠠᠨ ᠵᠦᠷᠦᠢ ᠬᠠᠶᠢᠷᠤᠪ ︵ᠨᠤᠲᠤᠭ ᠤᠨ ᠬᠦᠮᠦᠨ | ᠰᠢᠶᠠᠨᠱᠧᠩ ᠬᠠᠶᠢᠷᠤᠪ ᠭᠡᠵᠦ ᠲᠣᠳᠤᠨᠤᠴᠢᠯᠠᠨ ᠳᠠᠭᠤᠳᠠᠳᠠᠭ᠃ ᠪᠠᠰᠠ ᠵᠠᠷᠢᠮ ᠨᠢ ᠳᠦᠯᠡᠢ ᠬᠠᠶᠢᠷᠤᠪ ᠭᠡᠵᠦ | ᠳᠠᠭᠤᠳᠠᠳᠠᠭ︶᠂; ᠮᠦᠬᠡᠴᠤᠤᠯ ᠣᠪᠤᠭᠲᠠᠨ ᠬᠠᠪᠴᠢᠭ᠂ ᠪᠠᠶᠠᠭᠤᠳ ᠣᠪᠤᠭᠲᠠᠨ ᠰᠦᠨ ᠯᠠᠨ᠂ ᠰᠦᠨᠦᠷᠦᠪ ᠠᠬ᠎ᠠ | ᠳᠡᠭᠦᠦ ᠬᠤᠶᠠᠭᠤᠯᠠ᠂ ᠰᠢᠷᠠᠨᠤᠳ ᠣᠪᠣᠭᠲᠠᠨ ᠠᠯᠲᠠᠨᠭᠡᠷᠡᠯ᠂ ᠨᠠᠰᠤᠨᠲᠣᠭᠲᠠᠬᠤ ᠵᠡᠷᠭᠡ ᠠᠶᠢᠯ ᠤᠳ ᠨᠤᠲᠤᠭ ᠤᠨ | ᠳᠠᠭᠠᠭᠠᠮᠠᠯ ᠪᠣᠣ ᠱᠢ ᠶᠢᠨ ᠳᠠᠭᠠᠭᠤᠯᠯᠠᠭᠠ ᠳᠣᠣᠷ᠎ᠠ ᠡᠶ᠎ᠡ ᠡᠪᠲᠡᠢ ᠠᠮᠢᠳᠤᠷᠠᠵᠤ ᠪᠠᠶᠢᠯ᠎ᠠ ᠭᠡᠰᠡᠨ᠃ | ᠨᠡᠭᠦᠵᠦ ᠢᠷᠡᠭᠰᠡᠨ ᠠᠷᠪᠠᠭᠠᠳ ᠡᠷᠦᠬᠡ ᠲᠤᠯᠭ᠎ᠠ ᠪᠠᠨ ᠪᠣᠰᠬᠠᠵᠤ᠂ ᠨᠤᠲᠤᠭ ᠤᠨ ᠨᠡᠷ᠎ᠡ ᠪᠠᠨ | ᠳᠠᠭᠤᠷᠢᠰᠤᠭᠤᠯᠤᠭᠰᠠᠨ ᠤ ᠳᠠᠷᠠᠭ᠎ᠠ᠂ ᠳᠡᠭᠡᠷᠡᠮ ᠲᠣᠨᠤᠭᠠ ᠠᠴᠠ ᠵᠠᠶᠢᠯᠠᠵᠤ ᠳᠡᠷᠪᠡᠭᠰᠡᠨ ᠠᠭᠤᠶᠢᠲᠤ ᠶᠢᠨ ᠰᠦᠮ᠎ᠡ᠂ | ᠬᠠᠷ᠎ᠠ ᠡᠷᠭᠢ᠂ ᠫᠤᠤᠴᠢ ᠶᠢᠨ ᠠᠶᠢᠯ ᠵᠡᠷᠭᠡ ᠭᠠᠵᠠᠷ ᠠᠴᠠ ᠣᠩᠭᠤᠳ ᠣᠪᠤᠭᠲᠠᠨ ᠷᠠᠰᠢ᠂᠂ ᠵᠢᠷᠦᠬᠡ ᠠᠬ᠎ᠠ ᠳᠡᠭᠦᠦ | ᠬᠤᠶᠠᠭᠤᠯᠠ᠂ ᠶᠧᠰᠢ᠂ ᠵᠠᠮᠰᠣ ᠵᠡᠷᠭᠡ ᠠᠶᠢᠯ ᠬᠤᠶᠢᠨ᠎ᠠ ᠡᠮᠦᠨ᠎ᠡ ᠠᠴᠠ ᠪᠠᠨ ᠨᠡᠭᠦᠳᠡᠯᠯᠡᠵᠦ ᠢᠷᠡᠭᠡᠳ ᠭᠤᠴᠢᠭᠠᠳ | ᠡᠷᠦᠬᠡ ᠲᠠᠢ ᠪᠣᠯᠤᠭᠰᠠᠨ ᠭᠡᠳᠡᠭ᠃ | ᠡᠬᠡ ᠬᠡᠯᠡᠨ ᠤ ᠬᠤᠰᠢᠭᠤᠴᠢ ᠲᠤᠭᠴᠢ | ᠡᠯᠡᠷ ᠪᠠᠯᠠᠷ ᠨᠡᠶᠢᠭᠡᠮ ᠤᠨ ᠤᠷᠤᠰᠬᠠᠯ᠂ ᠢᠷᠭᠡᠨ ᠤᠯᠤᠰ ᠤᠨ ᠲᠥᠷᠥ ᠶᠢᠨ ᠪᠣᠳᠤᠯᠭ᠎ᠠ ᠶᠢᠨ ᠭᠠᠢ ᠪᠠᠷ | ᠨᠤᠲᠤᠭ ᠠᠴᠠ ᠪᠠᠨ ᠴᠦᠷᠪᠡᠭᠰᠡᠨ ᠮᠠᠯᠴᠢᠳ ᠮᠠᠨᠢ ᠡᠷᠭᠦᠴᠡ ᠪᠠᠷᠢᠴᠠ ᠶᠢᠨ ᠠᠴᠢ ᠪᠠᠷ ᠥᠪᠡᠷ ᠤᠨ ᠭᠡᠬᠦ ᠨᠤᠲᠤᠭ ᠲᠠᠢ | ᠪᠣᠯᠤᠭᠰᠠᠨ ᠳᠤ ᠪᠠᠨ ᠪᠠᠶᠠᠷᠯᠠᠭᠠᠳ ᠪᠠᠷᠠᠬᠤ ᠦᠭᠡᠢ ᠪᠠᠶᠢᠵᠠᠢ᠃ ᠡᠬᠡ ᠨᠤᠲᠤᠭ ᠢᠶᠠᠨ ᠪᠤᠯᠢᠶᠠᠭᠳᠠᠵᠤ᠂ ᠡᠰᠡᠷᠡᠭ ᠤᠨ | ᠠᠶᠢᠯ ᠳᠤ ᠨᠡᠭᠦᠵᠦ ᠢᠷᠡᠭᠰᠡᠳ ᠤᠨ ᠳᠣᠲᠤᠷ᠎ᠠ ᠰᠤᠷᠪᠤᠯᠵᠢᠲᠤ ᠡᠷᠦᠬᠡ ᠶᠢᠨ ᠬᠤᠶᠢᠴᠢᠰ ᠴᠦ ᠪᠠᠭ᠎ᠠ ᠪᠣᠰᠤ ᠪᠠᠶᠢᠵᠠᠢ᠃ | ᠪᠣᠳᠠᠲᠠᠢ ᠮᠠᠲ᠋ᠧᠷᠢᠶᠠᠯ ᠠᠴᠠ ᠰᠡᠳᠦᠪᠯᠡᠪᠡᠯ ᠡᠰᠡᠷᠡᠭ ᠨᠤᠲᠤᠭ ᠤᠨ ᠴᠢᠯᠠᠭᠤᠨ ᠣᠪᠤᠭᠲᠠᠨ ᠤ ᠳᠡᠭᠡᠳᠦᠰ ᠪᠣᠯᠬᠤ | ᠲᠤᠳᠤᠪ ᠭᠡᠳᠡᠭ ᠬᠦᠮᠦᠨ 1898 ᠣᠨ ᠳᠤ ᠭᠡᠷ ᠤᠨ ᠰᠤᠷᠭᠠᠭᠤᠯᠢ ᠡᠷᠬᠢᠯᠡᠵᠦ ᠪᠠᠶᠢᠵᠠᠢ᠃ ᠲᠤᠳᠤᠪ ᠪᠠᠭᠰᠢ | ᠮᠣᠩᠭᠤᠯ᠂ ᠬᠢᠲᠠᠳ᠂ ᠲᠥᠪᠡᠳ᠂ ᠮᠠᠨᠵᠤ᠂ ᠰᠠᠨᠰᠺᠷᠢᠲ ᠬᠡᠯᠡᠨ ᠳᠤ ᠨᠡᠪᠲᠡᠷᠡᠵᠦ᠂ ᠲᠡᠭᠦᠨ ᠤ ᠬᠦᠮᠦᠵᠢᠭᠦᠯᠦᠭᠰᠡᠨ | ᠱᠠᠪᠢ ᠨᠠᠷ ᠠᠴᠠ ᠴᠦ ᠮᠠᠰᠢ ᠣᠯᠠᠨ ᠡᠷᠳᠡᠮᠲᠡᠳ ᠮᠡᠷᠭᠡᠳ ᠴᠤᠯᠭᠤᠷᠠᠯᠠ ᠭᠡᠳᠡᠭ ᠶᠤᠮ᠃ | ᠬᠤᠯᠠ ᠶᠢᠨ ᠬᠠᠷᠠᠴᠠ ᠲᠠᠢ ᠡᠳᠡᠭᠡᠷ ᠬᠦᠮᠦᠰ ᠤᠨ ᠰᠠᠨᠠᠭᠠᠴᠢᠯᠠᠭ᠎ᠠ ᠪᠠᠷ 1937 ᠣᠨ ᠳᠤ ᠡᠰᠡᠷᠡᠭ | ᠨᠤᠲᠤᠭ ᠠᠩᠬᠠᠨ ᠤ ᠭᠡᠷ ᠤᠨ ᠰᠤᠷᠭᠠᠭᠤᠯᠢ ᠪᠠᠶᠢᠭᠤᠯᠵᠤ᠂ ᠦᠷ᠎ᠡ ᠬᠡᠥᠬᠡᠳ ᠤᠨ ᠢᠶᠠᠨ ᠰᠤᠶᠤᠯ ᠭᠡᠭᠡᠷᠡᠯ ᠤᠨ | ᠡᠭᠦᠳᠡ ᠶᠢ ᠨᠡᠭᠡᠭᠡᠭᠰᠡᠨ ᠭᠡᠳᠡᠭ᠃ ᠪᠠᠭᠰᠢ ᠪᠠᠷ ᠲᠤᠰ ᠨᠤᠲᠤᠭ ᠤᠨ ᠮᠦᠩᠬᠡᠴᠤᠤᠯ ᠣᠪᠤᠭᠲᠠᠨ ᠬᠠᠶᠢᠷᠤᠪ ᠠᠵᠢᠯᠯᠠᠵᠤ | ᠂ ᠸᠠᠩᠴᠤᠭᠮᠠ ︵ᠬᠠᠶᠢᠷᠤᠪ ᠪᠠᠭᠰᠢ ᠶᠢᠨ ᠥᠬᠢᠨ︶᠂ ᠨᠠᠩᠵᠠ ︵ᠥᠬᠢᠨ︶᠂ ᠷᠠᠪᠳᠠᠨᠳᠤᠷᠵᠢ᠂ ᠭᠧᠯᠡᠭᠵᠠᠮᠰᠤ᠂ | ᠵᠠᠩᠴᠤᠷᠠᠪᠳᠠᠨ᠂ ᠶᠧᠰᠢ᠂ ᠰᠧᠳᠣᠷᠵᠢ᠂ ᠲᠡᠮᠦᠷᠭᠤᠣᠯᠲᠤ᠂ ᠰᠧᠷᠤᠳᠤ᠂ ᠠᠷᠢᠶᠠᠨᠳᠠᠪᠢ᠂ ᠶᠣᠨᠳᠣᠨᠵᠦ᠋ᠩᠨᠠᠢ ᠵᠡᠷᠭᠡ | ᠬᠦᠮᠦᠰ ᠭᠡᠷ ᠤᠨ ᠰᠤᠷᠭᠠᠭᠤᠯᠢ ᠶᠢᠨ ᠠᠩᠬᠠᠨ ᠤ ᠰᠤᠷᠤᠭᠴᠢ ᠪᠠᠷ ᠰᠤᠷᠤᠯᠴᠠᠵᠤ ᠪᠠᠶᠢᠵᠠᠢ᠃ | ᠲᠤᠬᠠᠢ ᠶᠢᠨ ᠦᠶ᠎ᠡ ᠶᠢᠨ ᠨᠦᠬᠦᠴᠡᠯ ᠲᠤᠩ ᠪᠠᠷᠤᠭᠲᠠᠢ ᠪᠠᠶᠢᠵᠤ᠂ ᠬᠠᠶᠢᠷᠤᠪ ᠪᠠᠭᠰᠢ ᠶᠢᠨ ᠬᠤᠶᠠᠷ | ᠲᠠᠰᠤᠯᠭ᠎ᠠ ᠰᠢᠪᠠᠷ ᠭᠡᠷ ᠲᠤ ᠰᠢᠬᠠᠯᠴᠠᠨ ᠰᠠᠭᠤᠵᠤ᠂ ᠦᠨᠡᠰᠦᠨ ᠰᠠᠮᠪᠠᠷ᠎ᠠ ︵ᠮᠣᠳᠣᠨ ᠬᠠᠪᠲᠠᠰᠤ ᠳᠡᠭᠡᠷ᠎ᠡ ᠲᠣᠰᠤ | ᠲᠦᠷᠬᠢᠵᠦ᠂ ᠳᠡᠭᠡᠷ᠎ᠡ ᠨᠢ ᠦᠨᠡᠰᠦ ᠦᠷᠦᠭᠡᠳ ᠵᠢᠭᠳᠡ ᠲᠡᠭᠰᠢᠯᠡᠵᠦ᠂ ᠬᠤᠷᠤᠭᠤ ᠪᠣᠶᠤ ᠨᠠᠷᠢᠨ ᠦᠵᠦᠭᠦᠷᠲᠦ | ᠮᠣᠳᠣᠨ ᠱᠣᠷᠣ ᠪᠠᠷ ᠪᠢᠴᠢᠵᠦ ᠵᠢᠷᠤᠬᠤ︶ ᠪᠣᠶᠤ ᠡᠬᠡ ᠭᠠᠵᠠᠷ ᠤᠨ ᠡᠯᠡᠰᠦ ᠮᠠᠩᠬᠠᠨ ᠳᠤ ᠪᠤᠷᠭᠠᠰᠤᠨ ᠰᠠᠯᠠᠭ᠎ᠠ ᠪᠠᠷ | ᠪᠢᠴᠢᠵᠦ ᠰᠤᠷᠴᠤ ᠪᠠᠶᠢᠭᠰᠠᠨ ᠭᠡᠳᠡᠭ᠃ ᠰᠤᠷᠬᠤ ᠠᠭᠤᠯᠭ᠎ᠠ ᠨᠢ ᠭᠤᠤᠯᠳᠠᠭᠤ 12 ᠴᠠᠭᠠᠨ ᠲᠣᠯᠤᠭᠠᠢ ︵ᠡᠭᠡᠰᠢᠭ | ᠳᠣᠯᠤᠭ᠎ᠠ ᠳᠡᠭᠡᠷ᠎ᠡ 12 ᠳᠡᠪᠢᠰᠭᠡᠷ ᠦᠰᠦᠭ ᠢ ᠵᠠᠯᠭᠠᠵᠤ ᠪᠢᠴᠢᠬᠦ ᠶᠢ 12 ᠴᠠᠭᠠᠨ ᠲᠣᠯᠣᠭᠠᠢ ᠭᠡᠳᠡᠭ︶ ᠪᠠ | ᠲᠣᠭᠠᠨ ᠤ ᠤᠬᠠᠭᠠᠨ ᠤ ᠳᠦᠭᠦᠮ ᠪᠣᠳᠣᠯᠭ᠎ᠠ ᠶᠢ ᠵᠢᠭᠠᠵᠤ ᠪᠠᠶᠢᠵᠠᠢ᠃ | ᠣᠯᠠᠨ ᠰᠢᠯᠲᠠᠭᠠᠨ ᠠᠴᠠ ᠪᠣᠯᠵᠤ᠂ 1945 ᠣᠨ ᠳᠤ ᠶᠠᠮᠤᠨ ᠰᠦᠮ᠎ᠡ ︵ᠣᠳᠣ ᠶᠢᠨ ᠤᠯᠠᠭᠠᠨᠪᠠᠶᠢᠴᠠ︶ | ᠳᠤ ᠰᠢᠯᠵᠢᠨ᠂ ᠡᠰᠡᠷᠡᠭ ᠤᠯᠠᠭᠠᠨᠪᠠᠶᠢᠴᠠ ᠬᠤᠶᠠᠷ ᠠᠶᠢᠯ ᠤᠨ ᠬᠡᠥᠬᠡᠳ ᠢ ᠴᠤᠭᠯᠠᠭᠤᠯᠵᠤ᠂ ᠶᠠᠮᠤᠨ ᠰᠦᠮ᠎ᠡ ᠠᠴᠠ | ᠭᠤᠷᠪᠠᠨ ᠲᠠᠰᠤᠯᠭ᠎ᠠ ᠭᠡᠷ ᠵᠢᠭᠡᠯᠡᠵᠦ᠂ ᠬᠢᠴᠢᠶᠡᠯᠯᠡᠵᠦ ᠪᠠᠶᠢᠪᠠ᠃ ᠪᠢᠴᠢᠭ ᠤᠨ ᠬᠡᠷᠡᠭᠰᠡᠯ ᠤᠨ ᠲᠠᠯ᠎ᠠ ᠪᠠᠷ ᠪᠠᠭ᠎ᠠ | ᠳᠡᠭᠡᠭᠰᠢᠯᠡᠯᠲᠡ ᠲᠠᠢ ᠪᠠᠶᠢᠵᠤ᠂ ᠰᠦᠮ᠎ᠡ ᠶᠢᠨ ᠡᠪᠳᠡᠭᠳᠡᠯ ᠠᠴᠠ ᠣᠯᠤᠭᠰᠠᠨ ᠭᠠᠨᠵᠤᠤᠷ ᠳ᠋ᠠᠨᠵᠤᠤᠷ ᠰᠤᠳᠤᠷ ᠤᠨ | ᠴᠠᠭᠠᠰᠤ ᠶᠢ ᠤᠰᠤᠨ ᠳᠤ ᠳᠡᠪᠲᠦᠭᠡᠵᠦ᠂ ᠳᠠᠬᠢᠵᠤ ᠱᠠᠭᠠᠯᠤᠭᠠᠳ᠂ ᠲᠤᠭᠤᠯᠭᠠᠨ ᠪᠢᠷ ᠢᠶᠠᠷ ᠪᠢᠴᠢᠳᠡᠭ ᠪᠠᠶᠢᠵᠠᠢ᠃ | ᠬᠦᠴᠢᠷ ᠪᠡᠷᠬᠡᠰᠢᠶᠡᠯᠲᠦ ᠣᠨ ᠵᠢᠯ ᠳᠤ ᠡᠬᠡ ᠬᠡᠯᠡ ᠪᠠᠨ ᠤᠯᠠᠮᠵᠢᠯᠠᠵᠤ ᠪᠠᠶᠢᠭᠰᠠᠨ ᠵᠣᠷᠢᠭ ᠰᠠᠨᠠᠭ᠎ᠠ ᠶᠢ | ᠪᠢᠰᠢᠷᠡᠬᠦ ᠦᠭᠡᠢ ᠪᠠᠶᠢᠬᠤ ᠶᠢᠨ ᠠᠷᠭ᠎ᠠ ᠦᠭᠡᠢ᠃ ᠠᠬᠠᠮᠠᠳ ᠨᠢᠭᠡ ᠦᠶ᠎ᠡ ᠶᠢᠨ ᠴᠢᠷᠮᠠᠶᠢᠯᠭ᠎ᠠ ᠪᠠᠷ ᠰᠤᠶᠤᠯᠵᠢᠨ | ᠰᠡᠭᠡᠭᠡᠷᠡᠭᠰᠡᠨ ᠡᠳᠡᠭᠡᠷ ᠬᠦᠮᠦᠰ ᠴᠦ ᠥᠪᠡᠷ ᠤᠨ ᠰᠤᠤᠲᠤ ᠤᠬᠠᠭᠠᠨ᠂ ᠰᠤᠶᠤᠯ ᠪᠣᠯᠪᠠᠰᠤᠷᠠᠯ ᠢᠶᠠᠷ ᠢᠶᠠᠨ ᠨᠤᠲᠤᠭ | ᠤᠰᠤᠨ ᠤ ᠪᠠᠨ ᠠᠷᠢᠭᠤᠨ ᠠᠯᠳᠠᠷ ᠢ ᠡᠷᠭᠦᠵᠦ ᠢᠷᠡᠭᠰᠡᠨ ᠶᠤᠮ᠃ ᠲᠤᠬᠠᠢ ᠶᠢᠨ ᠦᠶ᠎ᠡ ᠶᠢᠨ ᠭᠡᠷ ᠤᠨ | ᠰᠤᠷᠭᠠᠭᠤᠯᠢ ᠠᠴᠠ ᠴᠤᠯᠭᠤᠷᠠᠵᠤ ᠭᠠᠷᠤᠭᠰᠠᠨ ᠬᠦᠮᠦᠰ ᠢ ᠲᠠᠨᠢᠯᠴᠠᠭᠤᠯᠪᠠᠯ᠄ | ᠶᠧᠰᠢ ︵1928 — ︖︶ 1937 ᠣᠨ ᠳᠤ ᠭᠡᠷ ᠤᠨ ᠰᠤᠷᠭᠠᠭᠤᠯᠢ ᠳᠤ ᠡᠬᠢᠯᠡᠨ ᠰᠠᠭᠤᠵᠤ᠂ 1939 | ᠣᠨ ᠳᠤ ᠪᠡᠶᠢᠰᠡ ᠶᠢᠨ ᠰᠦᠮ᠎ᠡ ︵ᠣᠳᠣ ᠶᠢᠨ ᠯᠢᠨᠳᠦ᠋ᠩ ᠪᠠᠯᠭᠠᠰᠤ︶ ᠶᠢᠨ ᠤᠳᠬ᠎ᠠ ᠮᠠᠨᠳᠤᠬᠤ ᠤᠯᠤᠰ ᠠᠷᠠᠳ ᠤᠨ | ᠦᠯᠡᠮᠵᠢ ᠵᠡᠷᠭᠡ ᠶᠢᠨ ᠰᠤᠷᠭᠠᠭᠤᠯᠢ ᠳᠤ ᠰᠤᠷᠤᠯᠴᠠᠨ᠂ ᠬᠤᠵᠢᠮ ᠨᠢ ᠥᠪᠥᠷ ᠮᠣᠩᠭᠤᠯ ᠤᠨ ᠣᠢ ᠰᠢᠭᠤᠢ ᠶᠢᠨ ᠶᠡᠭᠡ | ᠰᠤᠷᠭᠠᠭᠤᠯᠢ ᠠᠴᠠ ᠲᠡᠭᠦᠰᠴᠦ᠂ ᠬᠥᠯᠥᠨ ᠪᠣᠶᠢᠷ ᠠᠶᠢᠮᠠᠭ ᠤᠨ ᠠ ᠯᠦᠩ ᠱᠠᠨ ᠣᠢ ᠰᠢᠭᠤᠢ ᠶᠢᠨ ᠲᠣᠪᠴᠢᠶᠠᠨ ᠤ | ᠲᠣᠪᠴᠢᠶᠠᠨ ᠳᠠᠷᠤᠭ᠎ᠠ ᠪᠠᠷ ᠠᠵᠢᠯᠯᠠᠵᠤ ᠪᠠᠶᠢᠵᠠᠢ᠃ | ᠰᠡᠴᠡᠨᠪᠠᠲᠤ ︵1928 — 2010︶ ᠪᠠᠭ᠎ᠠ ᠶᠢᠨ ᠨᠡᠷ᠎ᠡ ᠨᠢ ᠵᠠᠩᠴᠤᠪᠷᠠᠪᠳᠠᠨ ᠭᠡᠳᠡᠭ᠃ 1937 ᠣᠨ ᠳᠤ | ᠪᠡᠶᠢᠰᠡ ᠶᠢᠨ ᠰᠦᠮ᠎ᠡ︵ᠣᠳᠣ ᠶᠢᠨ ᠯᠢᠨᠳᠦ᠋ᠩ ᠪᠠᠯᠭᠠᠰᠤ︶ ᠶᠢᠨ ᠤᠳᠬ᠎ᠠ ᠮᠠᠨᠳᠤᠬᠤ ᠤᠯᠤᠰ ᠠᠷᠠᠳ ᠤᠨ ᠦᠯᠡᠮᠵᠢ | ᠵᠡᠷᠭᠡ ᠶᠢᠨ ᠰᠤᠷᠭᠠᠭᠤᠯᠢ ᠳᠤ ᠳᠠᠪᠰᠢᠨ ᠰᠤᠷᠤᠯᠴᠠᠪᠠ᠃ 1946 ᠣᠨ ᠳᠤ ᠬᠤᠪᠢᠰᠬᠠᠯ ᠳᠤ ᠣᠷᠤᠯᠴᠠᠨ᠂ ᠲᠤᠰ | ᠵᠢᠯ ᠳᠤ ᠨᠢ ᠥᠪᠡᠷᠲᠡᠭᠡᠨ ᠵᠠᠰᠠᠬᠤ ᠳᠡᠭᠡᠳᠦ ᠰᠤᠷᠭᠠᠭᠤᠯᠢ ᠳᠤ ᠣᠴᠢᠵᠤ ᠰᠤᠷᠤᠯᠴᠠᠪᠠ᠃ | ᠲᠡᠷᠡ ᠤᠷᠢᠳ ᠬᠤᠵᠢᠳ ᠰᠣᠮᠤᠨ ᠤ ᠳᠡᠰ ᠤᠨ ᠺᠠᠳ᠋ᠷ᠂ ᠬᠤᠰᠢᠭᠤᠨ ᠤ ᠳᠡᠰ ᠤᠨ ᠺᠠᠳ᠋ᠷ ᠢᠶᠠᠷ ᠠᠵᠢᠯᠯᠠᠵᠤ᠂ | 1964 ᠣᠨ ᠳᠤ ᠵᠣᠣ ᠤᠳᠠ ᠠᠶᠢᠮᠠᠭ ᠤᠨ ᠷᠠᠳᠢᠤ᠋ ᠬᠤᠷᠢᠶᠠᠨ ᠤ ᠨᠠᠶᠢᠷᠠᠭᠤᠯᠬᠤ ᠬᠡᠯᠲᠡᠰ ᠤᠨ ᠡᠷᠬᠢᠯᠡᠭᠴᠢ᠂ | 1972 ᠣᠨ ᠳᠤ ᠵᠣᠣ ᠤᠳᠠ ᠠᠶᠢᠮᠠᠭ ᠤᠨ ᠬᠦᠩᠭᠡᠨ ᠠᠵᠤ ᠦᠢᠯᠡᠳᠪᠦᠷᠢ ᠶᠢᠨ ᠲᠣᠪᠴᠢᠶᠠᠨ ᠤ ᠠᠯᠪᠠᠨ ᠭᠡᠷ ᠤᠨ | ᠡᠷᠬᠢᠯᠡᠭᠴᠢ᠂ ᠤᠯᠤᠰ ᠤᠨ ᠲᠠᠷᠢᠶᠠᠯᠠᠩ ᠮᠠᠯᠵᠢᠯ ᠤᠨ ᠲᠠᠯᠠᠪᠠᠢ ᠶᠢᠨ ᠬᠢᠨᠠᠨ ᠵᠢᠯᠤᠭᠤᠳᠤᠭᠴᠢ ᠵᠡᠷᠭᠡ ᠠᠵᠢᠯ ᠡᠭᠦᠷᠭᠡ ᠶᠢ | ᠡᠭᠦᠷᠭᠡᠯᠡᠵᠦ ᠪᠠᠶᠢᠵᠠᠢ᠃ | ᠭᠧᠯᠡᠭᠵᠠᠮᠰᠤ ︵1928 — 1997︶ 8 ᠨᠠᠰᠤᠲᠠᠢ ᠳᠤ ᠪᠠᠨ ᠭᠡᠷ ᠤᠨ ᠰᠤᠷᠭᠠᠭᠤᠯᠢ ᠳᠤ ᠰᠠᠭᠤᠵᠤ᠂ | 11 ᠨᠠᠰᠤᠨ ᠳᠤ ᠪᠠᠨ ᠪᠡᠶᠢᠰᠡ ᠶᠢᠨ ᠰᠦᠮ᠎ᠡ ᠳᠤ ᠣᠴᠢᠨ᠂ 19 ᠨᠠᠰᠤᠨ ᠳᠤ ᠪᠠᠨ ᠬᠤᠪᠢᠰᠬᠠᠯ ᠳᠤ ᠣᠷᠤᠯᠴᠠᠨ | ᠴᠡᠷᠢᠭ ᠲᠤ ᠣᠷᠤᠵᠤ᠂ ᠭᠤᠮᠢᠨᠳᠠᠩ ᠤᠨ ᠳᠡᠷᠰᠯᠡᠭᠦᠴᠦᠳ ᠲᠠᠢ ᠪᠠᠶᠢᠯᠳᠤᠨ ᠶᠠᠪᠤᠵᠠᠢ᠃ | ᠴᠡᠷᠢᠭ ᠠᠴᠠ ᠬᠠᠯᠠᠭᠳᠠᠭᠰᠠᠨ ᠤ ᠳᠠᠷᠠᠭ᠎ᠠ ᠰᠢᠯᠢᠨ ᠭᠤᠣᠯ ᠠᠶᠢᠮᠠᠭ ᠤᠨ ᠪᠠᠷᠠᠭᠤᠨ ᠦᠵᠦᠮᠦᠴᠢᠨ | ᠬᠤᠰᠢᠭᠤᠨ ᠤ ᠬᠠᠨ ᠠᠭᠤᠯᠠ ᠰᠣᠮᠣᠨ ᠤ ᠨᠠᠮ ᠤᠨ ᠬᠤᠷᠢᠶᠠᠨ ᠤ ᠤᠬᠠᠭᠤᠯᠬᠤ ᠭᠡᠰᠢᠭᠦᠨ᠂ ᠵᠣᠬᠢᠶᠠᠨ ᠪᠠᠶᠢᠭᠤᠯᠬᠤ | ᠭᠡᠰᠢᠭᠦᠨ ᠵᠡᠷᠭᠡ ᠡᠭᠦᠷᠭᠡ ᠲᠤᠰᠢᠶᠠᠯ ᠢ ᠡᠭᠦᠷᠭᠡᠯᠡᠵᠦ ᠪᠠᠶᠢᠵᠠᠢ᠃ | ᠶᠣᠨᠳᠣᠨᠵᠦ᠋ᠩᠨᠠᠢ ︵1928 — ︖︶ ᠭᠡᠷ ᠤᠨ ᠰᠤᠷᠭᠠᠭᠤᠯᠢ ᠳᠤ ᠰᠤᠶᠤᠯ ᠮᠡᠳᠡᠯᠭᠡ ᠶᠢᠨ ᠠᠩᠬᠠᠨ ᠤ | ᠰᠢᠮ᠎ᠡ ᠶᠢ ᠬᠦᠷᠲᠡᠵᠦ᠂ ᠴᠠᠭᠠᠨ ᠲᠣᠯᠤᠭᠠᠢ ᠪᠠᠨ ᠨᠢᠳᠦᠯᠡᠵᠦ᠂ ᠰᠤᠷᠬᠤ ᠶᠢᠨ ᠪᠠᠬ᠎ᠠ ᠳᠤ ᠬᠦᠲᠦᠯᠦᠭᠳᠡᠵᠦ ᠶᠠᠪᠤᠬᠤ ᠳᠤ | ᠨᠢ ᠠᠵᠤ ᠠᠬᠤᠢ ᠶᠢᠨ ᠬᠦᠴᠢᠷᠳᠡᠯ ᠠᠴᠠ ᠪᠣᠯᠵᠤ ᠳᠣᠷᠭᠤᠨ ᠵᠣᠭᠰᠤᠵᠠᠢ᠃ ᠭᠡᠪᠡᠴᠦ ᠲᠡᠷᠡ ᠰᠤᠷᠬᠤ ᠶᠢᠨ | ᠰᠠᠶᠢᠬᠠᠨ ᠳᠤ ᠪᠠᠭ᠋ᠠᠷᠬᠠᠭᠰᠠᠨ ᠳᠤ ᠪᠠᠨ ᠴᠡᠷᠢᠭ ᠤᠨ ᠠᠯᠪᠠᠨ ᠳᠤ ᠣᠴᠢᠭᠰᠠᠨ ᠴᠦ ᠡᠬᠡ ᠬᠡᠯᠡ᠂ ᠡᠷᠳᠡᠮ ᠰᠤᠷᠬᠤ | ᠬᠦᠰᠡᠯ ᠢᠶᠠᠨ ᠬᠠᠶᠠᠭ᠎ᠠ ᠦᠭᠡᠢ ᠪᠠᠶᠢᠵᠠᠢ᠃ | ᠴᠡᠷᠢᠭ ᠤᠨ ᠠᠯᠪᠠᠨ ᠠᠴᠠ ᠬᠠᠯᠠᠭᠳᠠᠭᠰᠠᠨ ᠤ ᠳᠠᠷᠠᠭ᠎ᠠ᠂ ᠰᠢᠯᠢᠨ ᠭᠤᠣᠯ ᠠᠶᠢᠮᠠᠭ ᠤᠨ ᠪᠠᠶᠠᠨᠰᠢᠯᠢ ᠴᠡᠷᠢᠭ ᠤᠨ | ᠠᠭᠲᠠ ᠶᠢᠨ ᠲᠠᠯᠠᠪᠠᠢ ᠶᠢᠨ ᠳᠠᠷᠤᠭ᠎ᠠ᠂ ᠭᠤᠷᠤᠬᠠᠨ ᠲᠠᠯᠠᠪᠠᠢ ᠶᠢᠨ ᠳᠠᠷᠤᠭ᠎ᠠ᠂ ᠭᠤᠷᠤᠬᠠᠨ ᠲᠠᠯᠠᠪᠠᠢ ᠶᠢᠨ ᠱᠦᠵᠢ | ᠵᠡᠷᠭᠡ ᠠᠵᠢᠯ ᠠᠯᠪᠠ ᠶᠢ ᠡᠭᠦᠷᠭᠡᠯᠡᠵᠦ ᠪᠠᠶᠢᠵᠠᠢ᠃ | ᠬᠤᠣᠰᠪᠠᠶᠠᠷ ︵1939 — ︶ ᠠᠬᠠᠮᠠᠳ ᠬᠤᠪᠢᠰᠬᠠᠯᠲᠤ ᠴᠡᠷᠢᠭ᠃ 1947 ᠣᠨ ᠳᠤ ᠭᠡᠷ ᠤᠨ | ᠰᠤᠷᠭᠠᠭᠤᠯᠢ ᠳᠤ ᠦᠰᠦᠭ ᠨᠢᠳᠦᠯᠡᠵᠦ᠂ 1957 ᠣᠨ ᠳᠤ ᠯᠢᠨᠳᠦ᠋ᠩ ᠤᠨ ᠬᠤᠶᠠᠳᠤᠭᠠᠷ ᠳᠤᠮᠳᠠᠳᠤ | ᠰᠤᠷᠭᠠᠭᠤᠯᠢ ᠶᠢ ᠲᠡᠭᠦᠰᠬᠡᠵᠦ᠂ ᠲᠤᠰ ᠵᠢᠯ ᠳᠤ ᠪᠠᠨ ᠥᠩᠭᠡ ᠭᠡᠷᠡᠯᠲᠡᠢ ᠪᠠᠷ ᠠᠷᠠᠳ ᠤᠨ ᠴᠢᠯᠦᠭᠡᠯᠡᠬᠦ ᠴᠡᠷᠢᠭ ᠲᠤ | ᠡᠯᠰᠡᠭᠳᠡᠪᠡ᠃ | ᠴᠡᠷᠢᠭ ᠳᠡᠭᠡᠷ᠎ᠡ ᠪᠠᠨ ᠰᠠᠯᠠᠭᠠᠨ ᠳᠠᠷᠤᠭ᠎ᠠ᠂ ᠬᠤᠷᠢᠶᠠᠨ ᠳᠠᠷᠤᠭ᠎ᠠ ᠶᠢᠨ ᠬᠠᠮᠠᠭᠠᠯᠠᠭᠴᠢ ᠶᠢᠨ ᠳᠠᠷᠤᠭ᠎ᠠ ᠵᠡᠷᠭᠡ | ᠲᠤᠰᠢᠶᠠᠯ ᠢ ᠬᠠᠷᠢᠭᠤᠴᠠᠵᠤ᠂ 1959 ᠣᠨ ᠳᠤ ᠥᠪᠥᠷ ᠮᠣᠩᠭᠤᠯ ᠤᠨ ᠮᠣᠷᠢᠲᠤ ᠴᠡᠷᠢᠭ ᠲᠥᠪᠡᠳ ᠢ ᠴᠢᠯᠦᠭᠡᠯᠡᠬᠦ | ᠳᠠᠶᠢᠨ ᠳᠤ ᠣᠷᠤᠯᠴᠠᠵᠤ ᠰᠢᠷᠬᠠᠲᠤᠭᠠᠳ᠂ ᠬᠤᠶᠠᠳᠤᠭᠠᠷ ᠳᠡᠰ ᠤᠨ ᠭᠠᠪᠢᠶ᠎ᠠ ᠪᠠᠶᠢᠭᠤᠯᠵᠠᠢ᠃ ᠣᠳᠣ ᠵᠡᠮᠳᠡᠭ | ᠴᠡᠷᠢᠭ ᠤᠨ ᠬᠦᠷᠲᠡᠭᠡᠮᠵᠢ ᠬᠦᠷᠲᠡᠵᠦ᠂ ᠨᠤᠲᠤᠭ ᠤᠰᠤᠨ ᠤ ᠪᠠᠨ ᠬᠥᠭᠵᠢᠯ ᠤᠨ ᠲᠥᠯᠥᠭᠡ ᠭᠠᠷᠮᠠᠭᠠᠶᠢᠯᠠᠵᠤ ᠪᠣᠢ᠃ | 1949 ᠣᠨ ᠳᠤ ᠡᠰᠡᠷᠡᠭ ᠰᠤᠷᠭᠠᠭᠤᠯᠢ ᠨᠢ ᠡᠰᠡᠷᠡᠭ ᠠᠶᠢᠯ ᠳᠤ ᠪᠠᠨ ᠳᠠᠬᠢᠨ ᠪᠠᠶᠢᠭᠤᠯᠤᠭᠳᠠᠵᠤ᠂ | ᠤᠭᠳᠤᠮᠵᠢ ᠶᠢᠨ ᠭᠤᠷᠪᠠᠨ ᠲᠠᠰᠤᠯᠭ᠎ᠠ ᠭᠡᠷ ᠪᠠᠶᠢᠰᠢᠩ ᠢ ᠵᠢᠭᠡᠯᠡᠵᠦ᠂ ᠵᠠᠰᠠᠨ ᠴᠡᠪᠡᠷᠯᠡᠭᠡᠳ᠂ ᠬᠢᠴᠢᠶᠡᠯ ᠤᠨ ᠲᠠᠩᠬᠢᠮ | ᠪᠣᠯᠭᠠᠵᠠᠢ᠃ ᠬᠡᠷᠡᠭᠯᠡᠭᠡᠨ ᠤ ᠲᠠᠯ᠎ᠠ ᠪᠠᠷ ᠰᠢᠪᠠᠷ ᠬᠠᠨᠵᠤ ᠠᠴᠠ ᠰᠢᠪᠠᠷ ᠰᠠᠨᠳᠠᠯᠢ ᠪᠣᠯᠤᠨ ᠬᠤᠪᠢᠷᠠᠵᠤ᠂ ᠵᠢᠭᠠᠨ | ᠰᠤᠷᠭᠠᠬᠤ ᠠᠵᠢᠯ ᠢᠶᠠᠨ ᠡᠪᠯᠡᠭᠦᠯᠵᠦ ᠡᠬᠢᠯᠡᠭᠦᠯᠦᠭᠰᠡᠨ ᠪᠠᠶᠢᠨ᠎ᠠ᠃ | ᠵᠢᠷᠠᠭᠠᠳ ᠵᠢᠯ ᠤᠨ ᠰᠠᠯᠬᠢ ᠰᠢᠭᠤᠷᠭ᠎ᠠ ᠶᠢ ᠰᠦᠷᠴᠦ᠂ ᠨᠤᠲᠤᠭ ᠤᠨ ᠮᠣᠩᠭᠤᠯᠴᠤᠳ ᠤᠨ ᠰᠣᠶᠤᠯᠵᠢᠨ ᠭᠡᠭᠡᠷᠡᠬᠦ ᠳᠤ | ᠰᠠᠭᠤᠷᠢ ᠲᠠᠯᠪᠢᠭᠰᠠᠨ ᠡᠰᠡᠷᠡᠭ ᠰᠤᠷᠭᠠᠭᠤᠯᠢ ᠮᠠᠨᠢ ᠴᠠᠭ ᠲᠥᠷᠥ ᠶᠢᠨ ᠲᠡᠭᠰᠢᠷᠡᠯ᠂ ᠨᠡᠶᠢᠭᠡᠮ ᠨᠡᠶᠢᠲᠡ ᠶᠢᠨ | ᠬᠦᠭᠵᠢᠯ ᠤᠨ ᠳᠤᠮᠳᠠ ᠣᠯᠠᠨ ᠳᠠᠬᠢᠨ ᠵᠠᠰᠠᠨ ᠰᠢᠨᠡᠳᠬᠡᠭᠳᠡᠵᠦ᠂ ᠭᠡᠷ ᠪᠠᠷᠢᠯᠭ᠎ᠠ ᠶᠢᠨ ᠲᠠᠯ᠎ᠠ ᠪᠠᠷ ᠴᠣ ᠰᠢᠨ᠎ᠡ | ᠳᠣᠯᠤᠭᠠᠨ ᠲᠠᠰᠤᠯᠭ᠎ᠠ ᠸᠠᠭᠠᠷ ᠲᠣᠭᠤᠰᠬᠠᠨ ᠪᠦᠲᠦᠴᠠ ᠲᠠᠢ ᠪᠠᠶᠢᠰᠢᠩ ᠪᠣᠯᠤᠨ ᠪᠠᠷᠢᠭᠳᠠᠵᠤ᠂ ᠡᠷᠭᠢᠨ | ᠲᠣᠭᠤᠷᠢᠨ ᠳᠤ ᠪᠠᠨ ᠲᠣᠭᠤᠰᠬᠠᠨ ᠬᠡᠷᠡᠮ ᠲᠠᠢ᠂ ᠡᠳ᠋ᠯᠡᠯ ᠬᠡᠷᠡᠭᠰᠡᠯ ᠤᠨ ᠲᠠᠯ᠎ᠠ ᠪᠠᠷ ᠴᠦ ᠮᠦᠨ ᠲᠤᠩ ᠶᠡᠭᠡ | ᠳᠠᠪᠰᠢᠯᠲᠠ ᠲᠠᠢ ᠪᠣᠯᠤᠭᠠᠳ ᠪᠠᠶᠢᠯ᠎ᠠ᠃ | ᠡᠰᠡᠷᠡᠭ ᠰᠤᠷᠭᠠᠭᠤᠯᠢ ᠳᠤ ᠰᠤᠷᠤᠯᠴᠠᠵᠤ ᠪᠠᠶᠢᠭᠰᠠᠨ ᠰᠤᠷᠤᠭᠴᠢᠳ ᠬᠠᠮᠤᠭ ᠣᠯᠠᠨ ᠳᠤ ᠪᠠᠨ 120 | ᠬᠦᠮᠦᠨ ᠳᠤ ᠬᠦᠷᠴᠦ᠂ ᠪᠠᠭᠰᠢ ᠠᠵᠢᠯᠲᠠᠨ 8 ᠬᠦᠮᠦᠨ ᠪᠣᠯᠵᠤ ᠪᠠᠶᠢᠭᠰᠠᠨ᠃ ᠡᠯ᠎ᠡ ᠲᠥᠷᠥᠯ ᠤᠨ ᠬᠢᠴᠢᠶᠡᠯ ᠢ | ᠪᠦᠬᠦᠨ ᠢ ᠨᠡᠭᠡᠭᠡᠵᠦ᠂ ᠬᠤᠰᠢᠭᠤ ᠰᠣᠮᠣ ᠬᠡᠪᠴᠢᠶᠡᠨ ᠤ ᠱᠠᠩᠨᠠᠯ ᠬᠦᠬᠢᠭᠦᠯᠦᠯ ᠢ ᠣᠯᠠᠨᠲᠠ ᠲᠣᠰᠴᠤ ᠪᠠᠶᠢᠭᠰᠠᠨ᠃ | ᠡᠰᠡᠷᠡᠭ ᠰᠤᠷᠭᠠᠭᠤᠯᠢ ᠶᠢᠨ ᠵᠥᠭᠡᠯᠡᠨ ᠬᠠᠶᠢᠷ᠎ᠠ ᠪᠠᠷ ᠲᠣᠷᠨᠢᠵᠤ᠂ ᠡᠷᠳᠡᠮ ᠰᠤᠶᠤᠯ ᠤᠨ ᠢᠪᠡᠭᠡᠯ ᠢ ᠬᠦᠷᠲᠡᠵᠦ᠂ | ᠨᠡᠶᠢᠭᠡᠮ ᠨᠡᠶᠢᠲᠡ ᠳᠤ ᠪᠠᠨ ᠲᠤᠰᠠᠲᠠᠢ᠂ ᠨᠡᠶᠢᠲᠡ ᠣᠯᠠᠨ ᠳᠤ ᠪᠠᠨ ᠬᠦᠷᠢᠶᠡᠯᠡᠯ ᠲᠠᠢ ᠣᠯᠠᠨ ᠣᠯᠠᠨ ᠰᠠᠶᠢᠴᠤᠳ | ᠴᠣᠯᠭᠤᠷᠠᠨ ᠭᠠᠷᠤᠭᠰᠠᠨ᠃ ᠡᠳᠡᠭᠡᠷ ᠠᠴᠠ ᠳᠤᠷᠠᠳᠪᠠᠯ᠄ ᠥᠪᠥᠷ ᠮᠣᠩᠭᠤᠯ ᠤᠨ ᠦᠨᠳᠦᠰᠦᠲᠡᠨ ᠤ ᠶᠡᠭᠡ | ᠰᠤᠷᠭᠠᠭᠤᠯᠢ ᠶᠢᠨ ᠫᠷᠦᠹᠧᠰᠰᠤᠷ ᠵᠣᠣ ᠢᠦᠢ ᠢᠩ᠂ ᠲᠦᠩᠯᠢᠶᠤᠤ ᠬᠤᠲᠠ ᠶᠢᠨ ᠵᠡᠪᠰᠡᠭᠲᠦ ᠴᠠᠭᠳᠠᠭᠠᠨ ᠤ | ᠠᠩᠭᠢ ᠶᠢᠨ ᠽᠠᠨᠮᠤ ᠠᠯᠲᠠᠨᠳᠤᠭᠤᠯᠭᠠ᠂ ᠬᠤᠰᠢᠭᠤᠨ ᠳᠡᠰ ᠤᠨ ᠺᠠᠳ᠋ᠷ ᠬᠠᠰᠪᠠᠭᠠᠨ᠎ᠠ᠂ ᠬᠤᠪᠢ ᠶᠢᠨ | ᠬᠤᠳᠠᠯᠳᠤᠭ᠎ᠠ ᠪᠠᠷ ᠲᠠᠭᠠᠰᠢᠶᠠᠭᠳᠠᠵᠤ ᠪᠠᠶᠢᠭ᠎ᠠ ᠡᠷᠳᠡᠨᠢᠠ᠋ᠭᠤᠯᠠ ᠵᠡᠷᠭᠡ ᠡᠰᠡᠷᠡᠭ ᠨᠤᠲᠤᠭ ᠤᠨ ᠰᠠᠶᠢᠴᠤᠤᠯ ᠮᠠᠨᠢ ᠡᠬᠡ | ᠤᠯᠤᠰ ᠤᠨ ᠭᠠᠵᠠᠷ ᠪᠣᠯᠭᠠᠨ ᠳᠤ ᠲᠠᠷᠬᠠᠵᠤ᠂ ᠥᠪᠡᠷ ᠤᠨ ᠡᠷᠳᠡᠮ ᠴᠢᠳᠠᠪᠦᠷᠢ᠂ ᠤᠷ᠎ᠠ ᠠᠪᠢᠶᠠᠰ ᠢᠶᠠᠷ ᠢᠶᠠᠨ | ᠲᠦᠮᠡᠨ ᠤ ᠪᠠᠭ᠋ᠠᠷᠬᠠᠯ ᠢ ᠲᠠᠲᠠᠵᠤ᠂ ᠡᠰᠡᠷᠡᠭ ᠨᠤᠲᠤᠭ ᠤᠨ ᠠᠯᠳᠠᠷ ᠢᠶᠠᠨ ᠲᠦᠮᠡᠨ ᠤ ᠴᠢᠬᠢᠨ᠎ᠡ ᠰᠣᠨᠤᠷᠳᠠᠭᠤᠯᠵᠤ | ᠶᠠᠪᠤᠭ᠎ᠠ ᠳ᠋ᠠ︕ | ᠡᠬᠡ ᠬᠡᠯᠡᠨ ᠤ ᠢᠪᠴᠦᠦᠷᠡᠯ᠂ ᠦᠷ᠎ᠡ ᠬᠤᠶᠢᠴᠢᠰ ᠤᠨ ᠴᠥᠬᠡᠷᠡᠯ ᠳᠡᠭᠡᠷ᠎ᠡ ︽ᠰᠤᠷᠭᠠᠭᠤᠯᠢ ᠨᠡᠶᠢᠯᠡᠭᠦᠯᠬᠦ︾ | ᠶᠡᠭᠡ ᠬᠤᠪᠢᠰᠬᠠᠯ ᠤᠨ ᠤᠷᠤᠰᠬᠠᠯ ᠳᠤ ᠡᠰᠡᠷᠡᠭ ᠰᠤᠷᠭᠠᠭᠤᠯᠢ ᠮᠢᠨᠢ ᠡᠭᠦᠳᠡ ᠪᠠᠨ ᠳᠠᠷᠤᠯ᠎ᠠ᠃ ᠴᠥᠪ ᠤᠨ ᠴᠠᠭ | ᠪᠣᠯᠤᠭᠰᠠᠨ ᠲᠠᠪᠢᠭᠠᠳ ᠣᠨ ᠤ ᠭᠠᠴᠢᠭᠳᠠᠯᠲᠤ ᠡᠷᠡᠨ ᠳᠤ ᠬᠢᠴᠢᠶᠡᠯ ᠵᠣᠭᠰᠤᠭᠰᠠᠨ ᠦᠭᠡᠢ᠂ ᠳᠤᠮᠳᠠᠳᠤ ᠶᠢᠨ | ᠲᠡᠥᠬᠡ ᠶᠢᠨ ᠳᠡᠪᠴᠡᠩ ᠢ ᠳᠣᠷᠭᠢᠭᠤᠯᠤᠭᠰᠠᠨ ︽ᠰᠤᠶᠤᠯ ᠤᠨ ᠬᠤᠪᠢᠰᠬᠠᠯ︾ ᠤᠨ ᠠᠷᠪᠠᠨ ᠵᠢᠯ ᠳᠤ ᠡᠭᠦᠳᠡ ᠪᠠᠨ | ᠬᠠᠭᠠᠭᠰᠠᠨ ᠦᠭᠡᠢ᠂ ᠭᠠᠭᠴᠠᠬᠠᠨ ᠪᠠᠭᠰᠢ ᠪᠠᠶᠢᠭᠰᠠᠨ ᠴᠦ ᠨᠤᠲᠤᠭ ᠤᠨ ᠬᠡᠥᠬᠡᠳ ᠤᠨ ᠢᠶᠠᠨ ᠲᠥᠯᠥᠭᠡ | ᠵᠢᠭᠠᠳᠠᠭ ᠢᠶᠠᠨ ᠵᠢᠭᠠᠵᠤ᠂ ᠰᠤᠷᠭᠠᠳᠠᠭ ᠢᠶᠠᠨ ᠰᠤᠷᠭᠠᠵᠤ᠂ ᠥᠪᠡᠷ ᠤᠨ ᠡᠭᠦᠷᠭᠡ ᠬᠠᠷᠢᠭᠤᠴᠠᠯᠭ᠎ᠠ ᠪᠠᠨ | ᠭᠦᠢᠴᠡᠳᠬᠡᠭᠰᠡᠭᠡᠷ ᠪᠠᠶᠢᠭᠰᠠᠨ ᠡ︕ | ᠥᠨᠥᠳᠥᠷ ᠪᠣᠯᠬᠤ ᠳᠤ ᠬᠦᠨᠳᠡᠢ ᠭᠡᠷ᠂ ᠬᠤᠭᠤᠰᠤᠨ ᠬᠦᠷᠢᠶ᠎ᠡ ᠠᠶᠢᠯ ᠤᠨ ᠳᠤᠮᠳᠠ ᠴᠢᠮᠡᠭᠡ ᠠᠨᠢᠷ ᠦᠭᠡᠢ | ᠨᠡᠪᠰᠡᠶᠢᠨᠡ᠃ ᠤᠷᠤᠰᠴᠤ ᠥᠩᠭᠡᠷᠡᠭᠰᠡᠨ ᠴᠠᠭ ᠦᠶ᠎ᠡ ᠪᠠᠨ ᠪᠣᠳᠤᠵᠤ ᠰᠠᠭᠤᠭ᠎ᠠ ᠤᠤ︖ ᠤᠩᠰᠢᠯᠭ᠎ᠠ ᠶᠢᠨ | ᠰᠠᠶᠢᠬᠠᠨ ᠡᠭᠡᠰᠢᠭ ᠢᠶᠠᠨ ᠴᠢᠩᠨᠠᠵᠤ ᠰᠠᠭᠤᠭ᠎ᠠ ᠤᠤ︖ ᠲᠡᠶᠢᠮᠦ ᠯᠡ ᠨᠠᠮᠵᠢᠭᠤᠨ᠂ ᠲᠡᠶᠢᠮᠦ ᠯᠡ ᠰᠡᠯᠡᠭᠦᠬᠡᠨ᠂᠂᠂᠂ | ᠡᠯᠢᠭᠡ ᠪᠦᠲᠦᠨ ᠨᠤᠲᠤᠭ ᠤᠰᠤ | ᠡᠰᠡᠷᠡᠭ ᠤᠨ ᠠᠶᠢᠯ ᠨᠢ ᠪᠠᠶᠠᠨ ᠠᠭᠤᠯᠠ ᠰᠣᠮᠣᠨ ᠤ ᠲᠥᠪ ᠨᠠᠶᠢᠯᠵᠤᠤᠷ ᠭᠠᠴᠠᠭᠠᠨ ᠠᠴᠠ ᠵᠡᠭᠦᠨ ᠬᠤᠶᠢᠰᠢ | 13 ᠺᠢᠯᠤᠮᠧᠲᠷ ᠤᠨ ᠵᠠᠢ ᠳᠤ ᠪᠠᠶᠢᠷᠢᠰᠢᠵᠤ᠂ ᠦᠨᠳᠦᠷ ᠰᠦᠷᠯᠢᠭ ᠪᠠᠶᠠᠨ ᠬᠠᠶᠢᠷᠬᠠᠨ ᠢᠶᠠᠷ ᠲᠦᠰᠢᠯᠭᠡ ᠪᠣᠯᠭᠠᠨ᠂ | ᠪᠠᠷᠠᠭᠤᠨ ᠲᠠᠯ᠎ᠠ ᠪᠠᠷ ᠢᠶᠠᠨ ᠤᠯᠠᠭᠠᠨᠪᠠᠶᠢᠴᠠ᠂ ᠨᠠᠶᠢᠯᠵᠤᠤᠷ ᠬᠤᠶᠠᠷ ᠠᠶᠢᠯ ᠲᠠᠢ ᠨᠢᠭᠤᠷᠯᠠᠵᠤ᠂ ᠵᠡᠭᠦᠨ | ᠲᠠᠯ᠎ᠠ ᠪᠠᠷ ᠢᠶᠠᠨ ᠰᠢᠪᠠᠭᠲᠤ ᠶᠢᠨ ᠠᠶᠢᠯ ᠪᠠ ᠪᠢᠯᠡᠭᠦᠲᠠᠢ ᠪᠠᠯᠭᠠᠰᠤᠨ ᠤ ᠲᠦᠷᠪᠡᠯᠵᠢᠨ ᠬᠡᠷᠡᠮ ᠲᠠᠢ ᠵᠠᠯᠭᠠᠯᠳᠤᠨ᠂ | ᠬᠤᠶᠢᠲᠤ ᠲᠠᠯ᠎ᠠ ᠪᠠᠷ ᠢᠶᠠᠨ ᠶᠣᠯᠣ ᠶᠢᠨ ᠠᠷᠤ ᠭᠠᠴᠠᠭ᠎ᠠ᠂ ᠤᠷᠢᠳᠤ ᠲᠠᠯ᠎ᠠ ᠪᠠᠷ ᠢᠶᠠᠨ ᠬᠠᠶᠢᠯᠠᠰᠤ ᠶᠢᠨ ᠠᠶᠢᠯ ᠲᠠᠢ | ᠬᠢᠯᠢᠯᠡᠨ᠂ ᠪᠦᠬᠦᠶᠢᠯᠡ ᠨᠤᠲᠤᠭ ᠳᠡᠪᠢᠰᠭᠡᠷ ᠨᠢ 13.6 ᠲᠦᠮᠡᠨ ᠮᠤ᠋ ᠳᠤ ᠬᠦᠷᠴᠦ᠂ ᠡᠭᠦᠨ ᠤ ᠳᠣᠲᠤᠷ᠎ᠠ ᠣᠶᠢᠲᠤ | ᠣᠷᠣᠨ 28000 ᠮᠤ᠋ ᠶᠢ ᠡᠵᠡᠯᠡᠵᠦ᠂ ᠦᠬᠡᠷ ᠬᠤᠨᠢ ᠭᠤᠣᠯᠯᠠᠨ ᠲᠡᠵᠢᠭᠡᠵᠦ ᠪᠠᠶᠢᠭ᠎ᠠ ᠴᠤᠯᠤ ᠮᠠᠯᠵᠢᠬᠤ ᠪᠠᠷ | ᠤᠨᠳᠤᠷᠤᠯᠭ᠎ᠠ ᠪᠠᠨ ᠪᠣᠯᠭᠠᠵᠤ ᠪᠠᠶᠢᠭ᠎ᠠ ᠠᠶᠢᠯ ᠶᠤᠮ᠃ | ᠠᠭᠤᠯᠠ ᠲᠠᠢ ᠨᠤᠲᠤᠭ ᠤᠨ ᠪᠠᠶᠠᠯᠢᠭ ᠢᠶᠠᠨ ᠭᠠᠶᠢᠬᠠᠭᠤᠯᠵᠤ᠂ ᠲᠥᠷᠪᠡᠨ ᠲᠠᠯ᠎ᠠ ᠪᠠᠷ ᠢᠶᠠᠨ ᠠᠭᠤᠯᠠ ᠲᠠᠪᠠᠭᠠᠳ ᠢᠶᠠᠷ | ᠬᠦᠷᠢᠶᠡᠯᠡᠭᠦᠯᠵᠦ᠂ ᠠᠭᠤᠵᠢᠮ ᠲᠡᠨᠢᠭᠡᠷ ᠪᠠᠶᠠᠨ ᠤ ᠡᠩᠭᠡᠷ ᠤᠨ ᠲᠠᠯ᠎ᠠ ᠳᠤ ᠮᠠᠯ ᠰᠦᠷᠦᠭ ᠢᠶᠠᠨ ᠪᠡᠯᠴᠢᠭᠡᠵᠦ᠂ | ᠤᠶᠠᠬᠠᠨ ᠵᠥᠭᠡᠯᠡᠨ ᠤᠯᠠᠭᠠᠨᠪᠠᠶᠢᠴᠠ ᠶᠢᠨ ᠭᠤᠣᠯ ᠪᠠ ᠡᠰᠡᠷᠡᠭ ᠪᠤᠯᠠᠭ ᠤᠨ ᠠᠷᠢᠭᠤᠨ ᠰᠢᠮ᠎ᠡ ᠪᠠᠷ ᠥᠩᠰᠢᠭ ᠲᠠᠯ᠎ᠠ | ᠨᠢ ᠴᠡᠯᠭᠡᠷᠡᠵᠦ᠂ ᠥᠭᠡᠳᠡ ᠬᠡᠶᠢᠮᠦᠷᠢ ᠲᠠᠢ ᠠᠮᠢᠳᠤᠷᠠᠵᠤ ᠪᠠᠶᠢᠭ᠎ᠠ᠃ | ᠲᠦᠰᠢᠯᠭᠡ ᠪᠣᠯᠤᠭᠰᠠᠨ ᠪᠠᠶᠠᠨ ᠬᠠᠶᠢᠷᠬᠠᠨ᠂ ᠨᠤᠲᠤᠭ ᠤᠨ ᠬᠤᠶᠢᠲᠤ ᠲᠠᠯ᠎ᠠ ᠳᠤ ᠡᠴᠢᠭᠡ ᠶᠢᠨ ᠰᠦᠷ ᠢᠶᠠᠷ | ᠰᠦᠮᠪᠦᠷᠯᠡᠵᠦ᠂ ᠨᠠᠷᠠᠰᠤ᠂ ᠤᠯᠢᠶᠠᠰᠤ᠂ ᠬᠤᠯᠤᠰᠤ᠂ ᠴᠠᠷᠠᠰᠤ ᠵᠡᠷᠭᠡ ᠮᠣᠳᠣᠳ ᠢᠶᠠᠷ ᠬᠢᠷ᠎ᠠ ᠵᠢᠯᠠᠭ᠎ᠠ ᠪᠠᠨ ᠴᠢᠮᠡᠵᠦ᠂ | ᠥᠳᠬᠡᠨ ᠣᠢ ᠶᠢᠨ ᠠᠯᠠᠭ᠎ᠠ ᠳᠤ ᠨᠢ ᠰᠣᠷᠭᠤᠭ ᠪᠡᠯᠴᠢᠭᠡᠷ ᠬᠠᠯᠢᠭᠤᠷᠠᠵᠤ᠂ ᠬᠠᠶᠢᠯ ᠤᠨ ᠤᠰᠤᠨ᠂ ᠪᠤᠯᠠᠭ ᠱᠠᠩᠲᠠ | ᠭᠤᠷᠴᠢᠭᠢᠨᠠᠨ᠂ ᠦᠬᠡᠷ ᠬᠤᠨᠢᠳ ᠤᠨ ᠥᠩᠭᠡᠰᠢᠭ ᠣᠷᠣᠨ ᠪᠠᠶᠢᠵᠠᠢ᠃ ᠪᠠᠶᠠᠨ ᠬᠠᠶᠢᠷᠬᠠᠨ ᠨᠢ ᠵᠡᠭᠦᠨᠰᠢ ᠪᠠᠷᠠᠭᠤᠨᠰᠢ | 13 ᠺᠢᠯᠤᠮᠧᠲᠷ ᠦᠷᠭᠦᠯᠵᠢᠯᠡᠵᠦ᠂ ᠡᠪᠦᠯ ᠪᠣᠯᠬᠤ ᠳᠤ ᠬᠦᠢᠲᠡᠨ ᠤᠷᠤᠰᠬᠠᠯ ᠢ ᠬᠠᠰᠢᠨ᠂ ᠵᠤᠨ ᠪᠣᠯᠬᠤ ᠳᠤ | ᠪᠣᠷᠤᠭᠠᠨ ᠤ ᠡᠭᠦᠯᠡᠰ ᠢ ᠲᠠᠯᠠᠯᠳᠠᠭ᠃ ᠭᠤᠣᠯ ᠣᠷᠣᠢ ᠨᠢ ᠳᠠᠯᠠᠢ ᠶᠢᠨ ᠲᠥᠪᠰᠢᠨ ᠠᠴᠠ 1722.3 ᠮᠧᠲᠷ | ᠡᠷᠭᠦᠭᠳᠡᠭᠰᠡᠨ ᠪᠣᠯᠬᠤᠷ ᠠᠭᠠᠬᠢᠮ᠎ᠠ ᠵᠤᠨ ᠤ ᠬᠠᠯᠠᠭᠤᠨ ᠳᠤ ᠴᠦ ᠮᠥᠩᠬᠡ ᠣᠷᠭᠢᠯ ᠢᠶᠠᠨ ᠮᠦᠰᠦ ᠴᠠᠰᠤ ᠪᠠᠷ ᠬᠤᠴᠢᠨ | ᠂ ᠡᠲᠡᠭᠡᠳ ᠭᠤᠶᠢᠳᠠ ᠦᠵᠡᠮᠵᠢ ᠲᠠᠢ ᠪᠠᠶᠢᠳᠠᠭ ᠶᠤᠮᠰᠠᠨ︕ | ᠪᠠᠶᠠᠨ ᠬᠠᠶᠢᠷᠬᠠᠨ ᠨᠢ ᠠᠯᠢ ᠡᠷᠲᠡ ᠠᠴᠠ ᠰᠢᠲᠦᠭᠡᠨᠲᠦ ᠠᠭᠤᠯᠠ ᠪᠠᠶᠢᠵᠤ᠂ ᠬᠡᠪᠲᠡᠭᠡ ᠯᠤᠤ᠂ ᠰᠠᠭᠤᠭ᠎ᠠ | ᠪᠠᠷᠰ ᠤᠨ ᠳᠦᠷᠢ ᠲᠠᠢ ᠪᠠᠶᠢᠳᠠᠭ ᠢᠶᠠᠷ᠂ ᠬᠦᠷᠢᠶ᠎ᠡ ᠠᠭᠤᠯᠠ ᠭᠡᠵᠦ ᠨᠡᠷᠡᠯᠡᠨ᠂ ᠬᠠᠭᠠᠨ ᠲᠥᠷᠥ ᠶᠢᠨ ᠡᠷᠬᠢᠮ | ᠢᠵᠠᠭᠤᠷᠲᠠᠨ ᠤ ᠬᠡᠭᠦᠷ ᠣᠩᠭᠤᠨ ᠢᠶᠠᠨ ᠣᠷᠣᠰᠢᠭᠤᠯᠳᠠᠭ ᠬᠤᠷᠢᠭᠠᠲᠤ ᠣᠷᠤᠨ ᠪᠠᠶᠢᠭᠰᠠᠨ ᠶᠤᠮ᠃ ᠡᠭᠦᠨ ᠢ | 1995 ᠣᠨ ᠤ 5 ᠰᠠᠷ᠎ᠠ ᠳᠤ ᠬᠡᠭᠦᠷ ᠬᠤᠯᠠᠭᠠᠶᠢᠯᠠᠭᠴᠢᠳ ᠤᠨ ᠠᠭᠤᠳᠠᠯᠠᠨ ᠭᠠᠷᠭᠠᠭᠰᠠᠨ ᠣᠩᠭᠤᠨ ᠤ ᠬᠥᠰᠢᠶ᠎ᠡ | ᠪᠢᠴᠢᠭ ᠠᠴᠠ ᠦᠵᠡᠵᠦ ᠭᠠᠷᠬᠤ ᠶᠤᠮ᠃ ᠲᠤᠰ ᠬᠥᠰᠢᠶ᠎ᠡ ᠢᠯᠡᠷᠬᠡᠶᠢᠯᠡᠯ ᠢ ᠦᠨᠳᠦᠰᠦᠯᠡᠪᠡᠯ᠂ ᠨᠡᠶᠢᠲᠡ ᠶᠢᠨ ᠣᠨ | ᠲᠣᠭᠠᠯᠠᠯ ᠤᠨ 986 ᠣᠨ ᠳᠤ ᠯᠢᠶᠤᠤ ᠤᠯᠤᠰ ᠤᠨ ᠴᠢᠨ ᠸᠠᠩ — ᠬᠠᠨ ᠺᠤᠸᠠᠩ ᠰᠧ ᠪᠠ ᠲᠡᠭᠦᠨ ᠤ ᠬᠠᠲᠤᠨ | ᠵᠢᠴᠢ ᠭᠡᠷ ᠤᠭᠰᠠᠭ᠎ᠠ ᠶᠢᠨ ᠬᠢᠨ ᠢ ᠠᠳᠡ ᠣᠷᠤᠰᠢᠭᠤᠯᠤᠭᠰᠠᠨ ᠪᠠᠶᠢᠵᠠᠢ᠃ | ᠪᠠᠶᠠᠨ ᠬᠠᠶᠢᠷᠬᠠᠨ ᠤ ᠪᠠᠷᠠᠭᠤᠨ ᠡᠮᠦᠨ᠎ᠡ ᠡᠩᠭᠡᠷ ᠲᠤ ᠰᠦᠮ᠎ᠡ ᠶᠢᠨ ᠬᠦᠨᠳᠡᠢ ᠭᠡᠳᠡᠭ ᠭᠠᠵᠠᠷ ᠪᠠᠶᠢᠳᠠᠭ᠃ | ᠡᠨᠡ ᠨᠢ ᠵᠡᠭᠦᠨ ᠪᠠᠶᠢᠷᠢᠨ ᠤ ᠲᠣᠮᠤᠬᠠᠨ ᠰᠦᠮ᠎ᠡ ᠪᠣᠯᠬᠤ ᠬᠢᠯᠠᠭᠠᠨᠲᠠᠢ ᠶᠢᠨ ᠰᠦᠮ᠎ᠡ ᠶᠢᠨ ᠪᠠᠭᠤᠷᠢ ᠪᠠᠶᠢᠳᠠᠭ ᠠᠴᠠ | ᠲᠡᠭᠡᠵᠦ ᠨᠡᠷᠡᠯᠡᠭᠰᠡᠨ ᠶᠤᠮ᠃ ᠬᠢᠯᠠᠭᠠᠨᠲᠠᠢ ᠶᠢᠨ ᠰᠦᠮ᠎ᠡ ᠨᠢ 1926 ᠣᠨ ᠳᠤ ᠴᠡᠷᠢᠭ ᠤᠨ ᠡᠷᠬᠡᠲᠡᠨ ᠤ ᠶᠡᠭᠡ ᠪᠠᠷ | ᠠᠲᠠᠷ ᠬᠠᠭᠠᠯᠪᠦᠷᠢᠯᠠᠭᠰᠠᠨ ᠠᠴᠠ ᠪᠣᠯᠵᠤ᠂ ᠭᠠᠵᠠᠷ ᠨᠤᠲᠤᠭ ᠢᠶᠠᠨ ᠪᠤᠯᠢᠶᠠᠭᠳᠠᠵᠤ᠂ ᠲᠡᠮᠡᠭᠡᠨ ᠬᠦᠵᠦᠭᠦᠦ ᠶᠢᠨ ᠴᠠᠭᠠᠨ | ᠰᠢᠷᠡᠭᠡᠲᠦ ᠠᠴᠠ ᠨᠡᠭᠦᠵᠦ ᠢᠷᠡᠭᠡᠳ᠂ ᠡᠷᠲᠡᠨ ᠤ ᠣᠩᠭᠤᠨ ᠠᠴᠠ ᠠᠭᠤᠳᠠᠯᠠᠵᠤ ᠭᠠᠷᠭᠠᠭᠰᠠᠨ ᠬᠥᠬᠡ | ᠲᠣᠭᠤᠰᠬ᠎ᠠ ᠪᠠᠷ ᠰᠦᠮ᠎ᠡ ᠪᠠᠨ ᠪᠠᠷᠢᠭᠰᠠᠨ ᠭᠡᠳᠡᠭ᠃ ᠠᠯᠲᠠᠨ ᠤᠯᠤᠰ ᠤᠨ ᠦᠶ᠎ᠡ ᠳᠤ ᠵᠦᠷᠴᠢᠨᠴᠦᠳ ᠲᠤ | ᠠᠭᠤᠳᠠᠯᠠᠭᠳᠠᠭᠰᠠᠨ ᠬᠡᠭᠦᠷ ᠣᠩᠭᠤᠨ ᠪᠠ ᠢᠷᠭᠡᠨ ᠤᠯᠤᠰ ᠤᠨ ᠦᠶ᠎ᠡ ᠳᠤ ᠬᠢᠲᠠᠳ ᠤᠳ ᠲᠤ ᠠᠭᠤᠳᠠᠯᠠᠭᠳᠠᠭᠰᠠᠨ | ᠭᠢᠳᠠᠨᠴᠤᠳ ᠤᠨ ᠬᠡᠭᠦᠷ ᠣᠩᠭᠤᠨ ᠤ ᠡᠷᠦᠢ ᠬᠤᠷᠤᠢ ᠦᠭᠡᠢ ᠬᠠᠶᠠᠭᠳᠠᠭᠰᠠᠨ ᠬᠤᠪᠠᠭ᠋ᠠᠢ ᠶᠠᠰᠤ ᠲᠠᠯ᠎ᠠ ᠳᠦᠭᠦᠷᠴᠦ | ᠪᠠᠶᠢᠭᠰᠠᠨ ᠢ ᠬᠢᠯᠠᠭᠠᠨᠲᠠᠢ ᠶᠢᠨ ᠰᠦᠮ᠎ᠡ ᠶᠢᠨ ᠯᠠᠮᠠ ᠨᠠᠷ ᠲᠡᠭᠦᠵᠦ ᠣᠷᠤᠰᠢᠭᠤᠯᠤᠭᠠᠳ᠂ ᠰᠦᠨᠡᠰᠦ ᠮᠦᠷ ᠢ ᠨᠢ | ᠵᠢᠭᠠᠵᠤ᠂ ᠬᠦᠷᠢᠮ ᠦᠢᠯᠡᠳᠦᠭᠡᠳ ᠰᠠᠶ᠋ᠢ ᠲᠤᠭᠤᠰᠬᠠᠨ ᠳᠤ ᠨᠢ ᠭᠠᠷ ᠬᠦᠷᠦᠭᠰᠡᠨ ᠭᠡᠳᠡᠭ᠃ ᠤᠤᠯ ᠤᠨ ᠪᠠᠶᠢᠭᠰᠠᠨ | ᠦᠬᠦᠭᠡᠷ ᠤᠨ ᠨᠦᠬᠡ ᠳᠡᠭᠡᠷ᠎ᠡ ᠲᠦᠷᠦᠭᠦᠦ ᠵᠠᠭᠤᠨ ᠤ ᠳᠠᠯ᠎ᠠ ᠨᠠᠶᠠᠭᠠᠳ ᠣᠨ ᠤ ᠶᠡᠭᠡ ᠪᠠᠷ ᠬᠡᠭᠦᠷ ᠮᠠᠯᠲᠠᠬᠤ ᠬᠠᠤᠯᠢ | ᠪᠣᠰᠤ ᠠᠵᠢᠯᠯᠠᠭ᠎ᠠ ᠦᠷᠨᠢᠭᠰᠡᠨ ᠠᠴᠠ ᠣᠳᠣ ᠪᠣᠯᠬᠤ ᠳᠤ ᠭᠠᠵᠠᠷ ᠰᠠᠢ ᠦᠭᠡᠢ ᠠᠭᠤᠳᠠᠯᠠᠭᠳᠠᠭᠰᠠᠨ ᠬᠡᠭᠦᠷ | ᠣᠩᠭᠤᠨ ᠤ ᠨᠦᠬᠡ ᠣᠩᠭᠤᠶᠢᠵᠤ᠂ ᠵᠢᠯ ᠤᠨ ᠲᠥᠷᠪᠡᠨ ᠤᠯᠠᠷᠢᠯ ᠳᠤ ᠮᠠᠯ ᠤᠨᠤᠭ᠎ᠠ ᠤᠨᠠᠵᠤ ᠳᠤᠰᠤᠨ᠂ ᠮᠠᠯᠴᠢᠨ | ᠲᠦᠮᠡᠨ ᠤ ᠠᠷᠭ᠎ᠠ ᠶᠢ ᠪᠠᠷᠠᠭᠳᠠᠭᠤᠯᠵᠤ ᠪᠣᠢ᠃ | ᠪᠠᠶᠠᠨ ᠬᠠᠶᠢᠷᠬᠠᠨ ᠤ ᠡᠮᠦᠨ᠎ᠡ ᠲᠠᠯ᠎ᠠ ᠪᠠᠷ ᠠᠯᠲᠠᠨ ᠤᠯᠤᠰ ᠤᠨ ᠬᠢᠯᠢ ᠶᠢᠨ ᠬᠡᠷᠡᠮ ᠵᠡᠭᠦᠨᠰᠢ ᠪᠠᠷᠠᠭᠤᠨᠰᠢ | ᠬᠦᠨᠳᠡᠯᠢᠲᠦᠨ ᠰᠤᠨᠤᠯᠵᠠᠵᠤ ᠪᠠᠶᠢᠳᠠᠭ᠃ ᠡᠩᠨᠡᠬᠦ ᠮᠢᠩᠭᠠᠳ ᠵᠢᠯ ᠤᠨ ᠲᠡᠥᠬᠡ ᠲᠠᠢ ᠬᠢᠯᠢ ᠶᠢᠨ ᠵᠠᠭᠠᠭ ᠱᠤᠭᠤᠮ ᠢ | ᠨᠤᠲᠤᠭ ᠤᠨ ᠮᠠᠯᠴᠢᠳ ︽ᠤᠳᠠᠰᠤᠨ ᠬᠡᠷᠡᠮ︾ ᠭᠡᠵᠦ ᠨᠡᠷᠡᠯᠡᠳᠡᠭ᠃ ᠲᠤᠰ ᠤᠳᠠᠰᠤᠨ ᠬᠡᠷᠡᠮ ᠨᠢ ᠵᠡᠭᠦᠨᠰᠢ ᠬᠦᠯᠦᠨ | ᠳᠠᠯᠠᠢ᠂ ᠪᠠᠷᠠᠭᠤᠨ ᠡᠮᠦᠨᠡᠰᠢ ᠳᠠᠯᠠᠨ ᠬᠠᠷ᠎ᠠ ᠠᠭᠤᠯᠠ ᠬᠦᠷᠴᠦ᠂ ᠶᠡᠷᠦᠩᠬᠡᠢ ᠤᠷᠲᠤ ᠨᠢ 5000 ᠭᠠᠷᠤᠢ ᠭᠠᠵᠠᠷ | ᠪᠠᠶᠢᠵᠤ᠂ ᠡᠰᠡᠷᠡᠭ ᠨᠤᠲᠤᠭ ᠤᠨ ᠬᠡᠪᠴᠢᠶᠡᠨ ᠳᠤ ᠬᠤᠷᠢᠭᠠᠳ ᠭᠠᠵᠠᠷ ᠦᠷᠭᠦᠯᠵᠢᠯᠡᠵᠦ ᠪᠠᠶᠢᠳᠠᠭ᠃ ᠤᠳᠠᠰᠤᠨ | ᠬᠡᠷᠡᠮ ᠨᠢ ᠮᠣᠩᠭᠤᠯ ᠤᠨ ᠮᠣᠷᠢᠲᠤ ᠴᠡᠷᠢᠭ ᠢ ᠬᠠᠰᠢᠬᠤ ᠶᠢᠨ ᠲᠥᠯᠥᠭᠡ ᠪᠠᠷᠢᠭᠰᠠᠨ ᠠᠯᠲᠠᠨ ᠤᠯᠤᠰ ᠤᠨ ᠬᠢᠯᠢ ᠶᠢᠨ | ᠵᠠᠭᠠᠭ ᠪᠦᠭᠡᠳ ᠠᠯᠲᠠᠨ ᠤᠯᠤᠰ ᠤᠨ ᠱᠢᠽᠦ᠋ᠩ ᠬᠠᠭᠠᠨ ᠪᠠ ᠮᠠᠳᠠᠭᠤ ᠬᠠᠭᠠᠨ ᠤ ᠳ᠋ᠠ ᠳ᠋ᠢᠩ ᠪᠣᠶᠤ ᠴᠧᠩ ᠠᠨ ᠤ | ᠣᠨ ᠨᠤᠭᠤᠳ ︵1165 — 1201︶ ᠲᠤ ᠪᠠᠶᠢᠭᠤᠯᠵᠠᠢ᠃ ᠬᠤᠶᠢᠭᠤᠷ ᠢᠶᠠᠨ ᠤᠨᠠᠭᠤᠯᠢ ᠰᠤᠪᠠᠭ ᠲᠠᠢ᠂ | ᠬᠠᠮᠠᠭᠠᠯᠠᠯᠲᠠ ᠶᠢᠨ ᠱᠤᠳᠤᠤ ᠳᠠᠯᠠᠩ ᠲᠠᠢ᠂ ᠬᠡᠷᠡᠮ ᠤᠨ ᠳᠡᠭᠡᠭᠦᠷ ᠵᠠᠭᠤᠨ ᠠᠯᠬᠤᠮ ᠪᠦᠷᠢ ᠳᠤ ᠨᠢᠭᠡ ᠬᠠᠷᠠᠭᠤᠯ ᠤᠨ | ᠴᠣᠩᠬᠤ ᠲᠠᠢ ᠤᠷᠢᠳᠠᠭᠤᠷ ᠢᠶᠠᠨ ᠭᠠᠵᠠᠷ ᠤᠨ ᠪᠠᠶᠢᠷᠢᠰᠢᠯ ᠢ ᠦᠵᠡᠵᠦ᠂ ᠬᠠᠷᠢᠯᠴᠠᠨ ᠴᠢᠮᠡᠭᠡ ᠠᠪᠤᠯᠴᠠᠬᠤ᠂ | ᠨᠢᠭᠤᠭᠳᠠᠬᠤ᠂ ᠬᠤᠷᠭᠤᠳᠠᠬᠤ ᠳᠤv ᠵᠣᠷᠢᠭᠤᠯᠤᠭᠰᠠᠨ ᠲᠤᠰᠬᠠᠢ ᠪᠠᠶᠢᠭᠤᠯᠤᠮᠵᠢ ᠪᠦᠬᠦᠢ ᠪᠠᠬᠢᠯᠡᠯᠲᠡ ᠬᠤᠲᠠ ᠬᠦᠷᠢᠶ᠎ᠡ | ᠲᠠᠢ᠃ ᠡᠨᠡ ᠬᠡᠷᠡᠮ ᠤᠨ ᠭᠠᠳᠠᠷ ᠰᠤᠪᠠᠭ ᠤᠨ ᠣᠷᠣᠮ ᠨᠢ ᠡᠳᠦᠭᠡ 2 — 6 ᠮᠧᠲᠷ ᠦᠷᠭᠡᠨ᠂ 1 ᠮᠧᠲᠷ ᠭᠦᠨ᠂ | ᠭᠠᠳᠠᠷ ᠬᠡᠷᠡᠮ ᠤᠨ ᠰᠠᠭᠤᠷᠢ ᠨᠢ 12 — 15 ᠮᠧᠲᠷ ᠦᠷᠭᠡᠨ᠂ 3 — 5 ᠮᠧᠲᠷ ᠦᠨᠳᠦᠷ᠂ ᠳᠣᠲᠣᠷ | ᠰᠤᠪᠠᠭ ᠤᠨ ᠦᠷᠭᠡᠨ ᠨᠢ 15 — 20 ᠮᠧᠲᠷ᠂ ᠭᠦᠨ ᠨᠢ 1 ᠮᠧᠲᠷ ᠪᠠᠶᠢᠭ᠎ᠠ ᠠᠴᠠ ᠦᠵᠡᠪᠡᠯ ᠲᠤᠬᠠᠢ ᠶᠢᠨ | ᠦᠶ᠎ᠡ ᠳᠤ ᠶᠠᠮᠠᠷᠬᠠᠨ ᠲᠣᠮᠣ ᠪᠠᠷᠢᠯᠭ᠎ᠠ ᠪᠠᠶᠢᠭᠰᠠᠨ ᠢ ᠮᠡᠳᠡᠵᠦ ᠪᠣᠯᠤᠨ᠎ᠠ᠃ ᠲᠤᠰ ᠬᠡᠷᠡᠮ ᠨᠢ ᠠᠯᠲᠠᠨ ᠤᠯᠤᠰ ᠤᠨ | ᠦᠶ᠎ᠡ ᠶᠢᠨ ᠪᠠᠷᠢᠯᠭ᠎ᠠ ᠶᠢᠨ ᠮᠡᠷᠭᠡᠵᠢᠯ ᠤᠨ ᠬᠢᠷᠢ ᠲᠥᠪᠰᠢᠨ ᠢ ᠬᠠᠷᠠᠭᠤᠯᠵᠤ ᠪᠠᠶᠢᠬᠤ ᠮᠦᠷᠲᠡᠭᠡᠨ ᠲᠤᠬᠠᠢ ᠶᠢᠨ | ᠦᠶ᠎ᠡ ᠶᠢᠨ ᠵᠦᠷᠴᠢᠨᠴᠦᠳ ᠤᠨ ᠮᠣᠩᠭᠤᠯ ᠮᠣᠷᠢᠲᠤ ᠴᠡᠷᠢᠭ ᠠᠴᠠ ᠬᠢᠷᠢ ᠵᠡᠷᠭᠡ ᠠᠶᠤᠵᠤ ᠪᠠᠶᠢᠭᠰᠠᠨ ᠭᠡᠳᠡᠭ ᠢ ᠴᠦ | ᠭᠡᠷᠡᠴᠢᠯᠡᠨ᠎ᠡ᠃ ᠤᠳᠠᠰᠤᠨ ᠬᠡᠷᠡᠮ ᠤᠨ ᠳᠠᠭᠠᠷᠢᠵᠤ ᠥᠩᠭᠡᠷᠡᠭᠰᠡᠨ ᠡᠰᠡᠷᠡᠭ ᠨᠤᠲᠤᠭ ᠤᠨ ᠵᠡᠭᠦᠨ ᠲᠠᠯ᠎ᠠ ᠶᠢᠨ | ᠳᠠᠪᠠᠭ᠎ᠠ ᠶᠢ ︽ᠬᠡᠷᠡᠮ ᠤᠨ ᠳᠠᠪᠠᠭ᠎ᠠ︾ ᠭᠡᠵᠦ ᠨᠡᠷᠡᠯᠡᠳᠡᠭ᠃ | ᠬᠡᠷᠡᠮ ᠤᠨ ᠳᠠᠪᠠᠭ᠎ᠠ ᠶᠢᠨ ᠡᠰᠡᠷᠭᠦ ᠲᠠᠯ᠎ᠠ ᠳᠤ ᠪᠠᠶᠢᠷᠢᠯᠠᠵᠤ ᠪᠠᠶᠢᠭ᠎ᠠ ᠡᠭᠴᠡ ᠪᠣᠰᠤᠭ᠎ᠠ ᠠᠷᠵᠠᠭᠠᠷ ᠪᠠᠷᠵᠠᠭᠠᠷ | ᠬᠠᠳᠠ ᠶᠢ ︽ᠪᠢᠷᠠᠭᠤ ᠶᠢᠨ ᠬᠠᠳᠠ︾ ᠭᠡᠳᠡᠭ᠃ ᠬᠠᠭᠠᠨ ᠤ ᠪᠢᠷᠠᠭᠤ ᠶᠢ ᠬᠠᠷᠢᠭᠤᠯᠵᠤ ᠪᠠᠶᠢᠭᠰᠠᠨ ᠨᠤᠲᠤᠭ ᠪᠣᠯᠬᠤᠷ | ᠲᠡᠭᠡᠵᠦ ᠨᠡᠷᠡᠯᠡᠭᠰᠡᠨ ᠭᠡᠳᠡᠭ ᠳᠣᠮᠤᠭ ᠪᠠᠶᠢᠭᠰᠠᠨ ᠡ︕ ᠤᠤᠯ ᠨᠢ ᠪᠢᠷᠠᠭᠤ ᠶᠢᠨ ᠬᠠᠳᠠ ᠨᠢ ᠬᠥᠪᠴᠢ ᠣᠢ ᠪᠠᠷ | ᠨᠢᠷᠤᠭᠤᠳ ᠢᠶᠠᠨ ᠴᠢᠮᠡᠵᠦ᠂ ᠠᠷᠢᠶᠠᠲᠠᠨ ᠭᠦᠷᠦᠭᠡᠰᠦ ᠲᠣᠭᠯᠠᠯᠳᠤᠭᠰᠠᠨ ᠦᠯᠡᠮᠵᠢ ᠲᠡᠭᠦᠰ ᠣᠷᠣᠨ ᠪᠠᠶᠢᠯ᠎ᠠ | ᠭᠡᠯᠴᠡᠳᠡᠭ᠃ 1955 ᠣᠨ ᠤ ᠰᠢᠯᠢᠨ ᠭᠤᠣᠯ ᠠᠴᠠ ᠳᠠᠭᠠᠷᠢᠵᠤ ᠢᠷᠡᠭᠰᠡᠨ ᠶᠡᠭᠡ ᠲᠦᠢᠮᠡᠷ ᠲᠤ ᠬᠡᠳᠦᠨ ᠵᠠᠭᠤᠨ | ᠵᠢᠯ ᠤᠨ ᠲᠡᠪᠡᠷᠢ ᠪᠠᠭᠲᠠᠬᠤ ᠦᠭᠡᠢ ᠣᠢ ᠮᠣᠳᠣᠳ ᠤᠨ ᠬᠤᠵᠤᠤᠯ ᠨᠢ ᠬᠦᠷᠲᠡᠯ᠎ᠡ ᠦᠨᠡᠰᠦ ᠪᠣᠯᠵᠤ᠂ ᠡᠭᠦᠨ ᠢᠶᠠᠷ | ᠵᠣᠭᠰᠤᠬᠤ ᠦᠭᠡᠢ ᠪᠠᠶᠠᠨ ᠡᠩᠭᠡᠷ ᠤᠨ ᠮᠣᠷᠢ ᠲᠠᠢ ᠬᠦᠮᠦᠨ ᠶᠠᠪᠤᠭᠠᠳ ᠪᠠᠷ᠎ᠠ ᠨᠢ ᠬᠠᠷᠠᠭᠳᠠᠬᠤ ᠦᠭᠡᠢ ᠪᠣᠷᠭᠠᠰᠤᠨ | ᠣᠢ ᠪᠦᠬᠦᠨ ᠢᠶᠠᠷ ᠢᠶᠠᠨ ᠰᠢᠲᠠᠵᠤ᠂ ᠲᠡᠭᠷᠢ ᠶᠢᠨ ᠣᠷᠣᠨ ᠰᠢᠭ᠋ ᠦᠵᠡᠮᠵᠢᠲᠦ ᠣᠷᠣᠨ ᠬᠠᠯᠴᠠᠭᠠᠢ ᠬᠠᠳᠠ ᠪᠣᠯᠤᠨ | ᠬᠤᠴᠤᠷᠠᠭᠰᠠᠨ ᠨᠢ ᠬᠠᠷᠠᠮᠰᠠᠯᠲᠠᠢ ᠳ᠋ᠠ︕ ᠲᠤᠰ ᠤᠳᠠᠭᠠᠨ ᠤ ᠲᠦᠢᠮᠡᠷ ᠲᠤ ᠠᠭᠤᠯᠠ ᠨᠢᠷᠤᠭᠤᠳ ᠨᠢ ᠣᠢ | ᠮᠣᠳᠣᠳ ᠢᠶᠠᠨ ᠠᠯᠳᠠᠵᠤ᠂ ᠤᠯᠠᠭᠠᠨ ᠨᠢᠴᠦᠭᠦᠨ ᠪᠣᠯᠤᠭᠰᠠᠨ ᠢᠶᠠᠷ ᠪᠠᠷᠠᠬᠤ ᠦᠭᠡᠢ᠂ ᠠᠶᠤᠯᠲᠤ ᠲᠦᠢᠮᠡᠷ | ᠤᠯᠠᠭᠠᠨᠪᠠᠶᠢᠴᠠ ᠶᠢᠨ ᠠᠶᠢᠯ ᠳᠠᠮᠵᠢᠨ᠂ ᠪᠠᠷᠠᠭᠤᠨ ᠡᠮᠦᠨᠡᠰᠢ ᠴᠢᠭᠯᠡᠨ᠂ ᠣᠳᠣ ᠶᠢᠨ ᠨᠠᠶᠢᠯᠵᠤᠤᠷ ᠤᠨ ᠬᠠᠷᠢᠶᠠᠨ ᠳᠤ | ᠪᠡᠯᠴᠢᠵᠦ ᠪᠠᠶᠢᠭᠰᠠᠨ ᠡᠰᠡᠷᠡᠭ ᠨᠤᠲᠤᠭ ᠤᠨ ᠬᠡᠳᠦᠨ ᠠᠵᠢᠷᠭ᠎ᠠ ᠠᠳᠤᠭᠤ ᠴᠦ ᠲᠤᠶᠢᠮᠡᠷ ᠲᠤ ᠬᠠᠮᠤᠭᠳᠠᠨ ᠰᠦᠢᠳᠴᠦ | ᠂ ᠲᠦᠢᠮᠡᠷ ᠤᠨᠲᠠᠷᠠᠭᠠᠬᠤ ᠪᠠᠷ ᠢᠷᠡᠭᠰᠡᠨ ᠨᠤᠲᠤᠭ ᠤᠨ ᠮᠠᠯᠴᠢᠳ ᠴᠦ ᠠᠮᠢ ᠪᠠᠨ ᠠᠯᠳᠠᠭᠰᠠᠨ᠂ ᠵᠡᠮᠳᠡᠭ ᠪᠣᠯᠤᠭᠰᠠᠨ | ᠴᠦ ᠴᠥᠬᠡᠨ ᠪᠣᠰᠤ ᠪᠠᠶᠢᠯ᠎ᠠ᠃ ᠪᠢᠷᠠᠭᠤ ᠶᠢᠨ ᠬᠠᠳᠠᠨ ᠤ ᠬᠠᠮᠤᠭ ᠦᠨᠳᠦᠷ ᠠᠰᠬ᠎ᠠ ᠬᠠᠳᠠ ᠶᠢ ︽ᠰᠢᠷ᠎ᠠ ᠬᠠᠳᠠ︾ | ᠭᠡᠵᠦ᠂ ᠡᠭᠦᠯᠡ ᠰᠠᠴᠠᠭᠤ ᠰᠡᠬᠦᠶᠢᠨ᠂ ᠦᠯᠡᠳᠡᠵᠦ ᠬᠤᠴᠤᠷᠠᠭᠰᠠᠨ ᠠᠷᠭᠠᠯᠢ ᠤᠭᠠᠯᠵᠠ᠂ ᠶᠠᠩᠭᠢᠷ ᠢᠮᠠᠭᠠᠳ ᠨᠠᠭᠠᠰᠢ | ᠴᠠᠭᠠᠰᠢ ᠳᠡᠪᠬᠡᠷᠦᠨ ᠬᠠᠯᠢᠵᠤ ᠪᠠᠶᠢᠭᠰᠠᠨ ᠢ ᠳᠡᠭᠡᠷ᠎ᠡ ᠵᠠᠭᠤᠨ ᠤ ᠨᠠᠶᠠᠭᠠᠳ ᠣᠨ ᠤ ᠰᠡᠭᠦᠯᠴᠢ ᠪᠠᠷ ᠨᠤᠲᠤᠭ ᠤᠨ | ᠮᠠᠯᠴᠢᠳ ᠬᠠᠷᠠᠵᠤ ᠪᠠᠶᠢᠯ᠎ᠠ ᠭᠡᠯᠴᠡᠳᠡᠭ᠃ ᠭᠠᠷᠬᠤ ᠳᠤ ᠬᠢᠯᠪᠠᠷ᠂ ᠪᠠᠭᠤᠬᠤ ᠳᠤ ᠬᠦᠴᠢᠷ ᠲᠡᠷᠡᠬᠦ ᠠᠰᠬ᠎ᠠ ᠬᠠᠳᠠᠨ ᠤ | ᠬᠠᠴᠢᠨ ᠭᠠᠶᠢᠬᠠᠮᠰᠢᠭᠲᠤ ᠦᠯᠢᠭᠡᠷ ᠳᠣᠮᠤᠭ ᠲᠤ ᠬᠦᠲᠦᠯᠦᠭᠳᠡᠨ᠂ ᠠᠯᠢᠶ᠎ᠠ ᠨᠠᠰᠤᠨ ᠤ ᠪᠠᠭᠠᠴᠤᠤᠯ ᠬᠠᠷᠢᠯᠴᠠᠨ | ᠮᠡᠯᠵᠢᠶ᠎ᠡ ᠲᠠᠯᠪᠢᠵᠤ ᠣᠴᠢᠭᠠᠳ᠂ ᠦᠢᠯᠡ ᠪᠠᠨ ᠪᠠᠷᠠᠵᠤ᠂ ᠦᠰᠦ ᠪᠠᠨ ᠲᠡᠭᠦᠵᠦ ᠲᠦᠩᠭᠡᠵᠦ ᠪᠠᠭᠤᠭᠰᠠᠨ ᠵᠣᠭᠤᠭ | ᠥᠨᠥᠳᠦᠷ ᠪᠣᠯᠲᠠᠯ᠎ᠠ ᠤᠯᠠᠮᠵᠢᠯᠠᠭᠳᠠᠭᠰᠠᠭᠠᠷ᠂᠂᠂᠂ | ᠰᠢᠷ᠎ᠠ ᠬᠠᠳᠠᠨ ᠤ ᠪᠠᠷᠠᠭᠤᠨ ᠲᠠᠯ᠎ᠠ ᠶᠢ ︽ᠰᠡᠨᠵᠢ ᠶᠢᠨ ᠲᠠᠰᠢᠭᠤ︾ ᠭᠡᠳᠡᠭ᠃ ᠡᠬᠡ ᠪᠠᠶᠢᠭᠠᠯᠢ ᠠᠴᠠ | ᠪᠦᠲᠦᠬᠦ ᠳᠤ ᠪᠠᠨ ᠲᠡᠮᠡᠭᠡ ᠦᠩᠭᠡᠷᠡᠪᠡᠴᠦ ᠲᠣᠷᠬᠤ ᠦᠭᠡᠢ ᠲᠣᠮᠤᠬᠠᠨ ᠲᠦᠭᠦᠷᠢᠭ ᠨᠦᠬᠡ ᠲᠠᠢ ᠪᠦᠷᠢᠯᠳᠦᠵᠦ᠂ | ᠬᠦᠴᠦ ᠴᠢᠳᠠᠯ ᠬᠦᠷᠦᠯᠴᠡᠪᠡᠯ᠂ ︽ᠪᠢᠷᠠᠭᠤ ᠶᠢᠨ ᠬᠠᠳᠠ︾ ᠶᠢ ᠡᠷᠭᠦᠵᠦ ᠠᠪᠬᠤ ᠳᠤ ᠪᠠᠷᠢᠴᠠ ᠪᠣᠯᠤᠮᠠᠷ ︽ᠰᠡᠨᠵᠢ︾ | ᠰᠢᠭ ᠬᠠᠷᠠᠭᠳᠠᠳᠠᠭ᠃ᠦᠶ᠎ᠡ ᠦᠶ᠎ᠡ ᠦᠯᠢᠶᠡᠬᠦ ᠰᠠᠯᠬᠢᠨ ᠳᠤ ᠡᠯᠳᠡᠪ ᠶᠠᠩᠵᠤ ᠶᠢᠨ ᠳᠠᠭᠤᠨ ᠰᠣᠨᠤᠰᠲᠠᠨ᠂ ᠡᠴᠢᠨ᠎ᠡ | ᠨᠢᠭᠤᠴᠠ ᠶᠢᠨ ᠲᠡᠥᠬᠡ ᠶᠢᠨ ᠰᠣᠪᠢᠩ ᠢ ᠪᠣᠳᠤᠭᠳᠠᠭᠤᠯᠤᠨ᠎ᠠ᠃ ᠨᠤᠲᠤᠭ ᠤᠨ ᠮᠠᠯᠴᠢᠳ ᠴᠦ ᠡᠨᠡᠬᠦ ︽ᠰᠡᠨᠵᠢ ᠶᠢᠨ | ᠬᠠᠳᠠ︾ ᠪᠠᠨ ᠲᠤᠤᠯᠢ ᠶᠢᠨ ᠥᠩᠭᠡ ᠪᠣᠳᠤᠭ ᠣᠷᠤᠭᠤᠯᠵᠤ᠂ ᠭᠠᠯᠵᠠᠭᠤ ᠨᠣᠬᠠᠢ ᠪᠣᠶᠤ ᠭᠠᠯᠵᠠᠭᠤ ᠨᠣᠬᠠᠢ ᠳᠤ | ᠬᠠᠵᠠᠭᠳᠠᠭᠰᠠᠨ ᠬᠦᠮᠦᠨ ᠮᠠᠯ ᠢ ︽ᠰᠡᠨᠵᠢ ᠶᠢᠨ ᠰᠢᠷᠭᠤᠤᠯ︾ ᠢᠶᠠᠷ ᠰᠢᠷᠭᠤᠭᠤᠯᠪᠠᠯ ᠭᠠᠯᠵᠠᠭᠤ ᠨᠢ ᠠᠷᠢᠯᠤᠨ᠎ᠠ ᠭᠡᠵᠦ | ᠬᠠᠭᠤᠴᠢᠯᠠᠳᠠᠭ ᠶᠤᠮ᠃ | ︽ᠰᠡᠨᠵᠢ ᠶᠢᠨ ᠰᠢᠷᠭᠤᠤᠯ︾ ᠢᠶᠠᠷ ᠰᠢᠷᠭᠤᠵᠤ᠂ ᠳᠡᠭᠡᠭᠰᠢ ᠮᠠᠴᠤᠭᠠᠳ ᠳᠠᠬᠢᠨ ᠵᠡᠭᠦᠨᠰᠢ ᠮᠣᠷᠤᠶᠢᠪᠠᠯ ︽ | ᠯᠠᠮᠠ ᠶᠢᠨ ᠠᠭᠤᠢ︾ ᠭᠡᠳᠡᠭ ᠬᠤᠶᠢᠰᠢ ᠬᠠᠷᠠᠭᠰᠠᠨ ᠡᠭᠦᠳᠡ ᠲᠠᠢ ᠬᠠᠳᠠᠨ ᠠᠭᠤᠢ ᠳᠤᠬᠢᠶᠠᠯᠳᠤᠨ᠎ᠠ᠃ ᠠᠭᠤᠢ ᠶᠢᠨ | ᠡᠭᠦᠳᠡ ᠨᠢ ᠠᠰᠬ᠎ᠠ ᠬᠠᠳᠠ ᠶᠢ ᠨᠦᠬᠡᠯᠡᠵᠦ᠂ ᠳᠣᠣᠷ᠎ᠠ ᠠᠴᠠ ᠨᠢ ᠳᠡᠭᠡᠭᠰᠢ ᠮᠠᠴᠤᠬᠤ ᠳᠤ ᠪᠡᠯᠡᠳᠬᠡᠭᠰᠡᠨ ᠭᠢᠰᠭᠢᠭᠦᠷ | ᠱᠠᠲᠤ ᠲᠠᠢ᠃ ᠬᠠᠳᠠᠨ ᠠᠭᠤᠢ ᠪᠠᠷ ᠳᠣᠲᠤᠭᠰᠢᠯᠠᠪᠠᠯ ᠭᠤᠷᠪᠠᠨ ᠮᠧᠲᠷ ᠣᠷᠴᠢᠮ ᠶᠠᠪᠤᠭᠠᠳ᠂ ᠳᠠᠬᠢᠵᠤ ᠮᠣᠷᠣᠶᠢᠨ | ᠵᠡᠭᠦᠨ ᠡᠮᠦᠨᠡᠰᠢ ᠲᠠᠪᠤᠨ ᠮᠧᠲᠷ ᠣᠷᠴᠢᠮ ᠶᠠᠪᠤᠭᠠᠳ ᠠᠭᠤᠢ ᠶᠢᠨ ᠬᠤᠶᠢᠮᠤᠷ ᠲᠤ ᠬᠦᠷᠳᠡᠭ᠃ ᠦᠷᠭᠡᠨ ᠨᠢ ᠬᠤᠶᠠᠷ | ᠮᠧᠲᠷ ᠢᠯᠡᠭᠦᠦ᠂ ᠦᠨᠳᠦᠷ ᠨᠢ ᠴᠦ ᠬᠤᠶᠠᠷ ᠮᠧᠲᠷ ᠣᠷᠴᠢᠮ ᠪᠠᠶᠢᠵᠤ᠂ ᠭᠤᠯᠳᠤᠩ ᠬᠡᠯᠪᠡᠷᠢᠲᠠᠢ ᠬᠠᠳᠠ ᠶᠢ | ᠨᠦᠬᠡᠯᠡᠵᠦ ᠪᠡᠯᠡᠳᠬᠡᠭᠰᠡᠨ ᠪᠠᠶᠢᠵᠠᠢ᠃ ᠬᠠᠶᠠᠭ᠎ᠠ ᠬᠠᠨ᠎ᠠ ᠨᠢ ᠭᠦᠪ ᠭᠦᠯᠢᠭᠡᠷ᠂ ᠠᠭᠤᠢ ᠶᠢᠨ ᠱᠠᠯᠠ ᠨᠢ ᠲᠡᠪ | ᠲᠡᠭᠰᠢᠬᠡᠨ᠃ ᠬᠦᠮᠦᠨ ᠤ ᠬᠦᠴᠦ ᠪᠠᠷ ᠮᠠᠯᠲᠠᠭᠰᠠᠨ ᠭᠡᠬᠦ ᠳᠤ ᠲᠤᠬᠠᠢ ᠶᠢᠨ ᠦᠶ᠎ᠡ ᠶᠢᠨ ᠮᠡᠷᠭᠡᠵᠢᠯ ᠳᠤ ᠠᠷᠠᠢ | ᠳᠣᠬᠢᠷᠠᠬᠤ ᠦᠭᠡᠢ ᠰᠢᠭ᠂ ᠡᠬᠡ ᠪᠠᠶᠢᠭᠠᠯᠢ ᠠᠴᠠ ᠪᠦᠲᠦᠵᠦ ᠭᠡᠬᠦ ᠳᠤ ᠠᠷᠠᠢ ᠢᠲᠡᠭᠡᠮᠡᠷ ᠦᠭᠡᠢ ᠣᠨᠴᠠ ᠶᠢᠨ | ᠭᠤᠶᠢᠳᠠ ᠪᠠᠶᠢᠯ᠎ᠠ᠃ ᠠᠩᠬ᠎ᠠ ᠡᠬᠢᠨ ᠳᠤ ᠨᠢ ᠶᠠᠮᠠᠷ ᠬᠦᠮᠦᠨ ᠰᠠᠭᠤᠵᠤ ᠪᠠᠶᠢᠭᠰᠠᠨ ᠲᠤᠬᠠᠢ ᠰᠣᠷᠪᠤᠯᠵᠢᠯᠠᠬᠤ ᠳᠤ | ᠨᠤᠲᠤᠭ ᠤᠨ ᠨᠠᠰᠤᠲᠠᠶᠢᠴᠤᠳ ᠴᠦ ᠮᠡᠳᠡᠬᠦ ᠦᠭᠡᠢ᠂ ᠵᠥᠪᠬᠡᠨ ᠬᠠᠷ᠎ᠠ ᠴᠡᠷᠢᠭ᠂ ᠳᠡᠭᠡᠷᠡᠮ ᠲᠣᠨᠤᠭᠠ ᠠᠴᠠ ᠵᠠᠶᠢᠯᠠᠵᠤ᠂ | ᠬᠠᠶᠠ ᠨᠢᠭᠡ ᠨᠤᠲᠤᠭ ᠤᠨ ᠮᠠᠯᠴᠢᠳ ᠨᠢᠭᠤᠭᠳᠠᠵᠤ ᠪᠠᠶᠢᠭᠰᠠᠨ ᠪᠠ ︽ᠲᠥᠷᠪᠡᠨ ᠬᠠᠭᠤᠴᠢᠨ ᠢ ᠪᠠᠯᠪᠠᠴᠢᠬᠤ︾ | ᠬᠦᠳᠡᠯᠭᠡᠭᠡᠨ ᠤ ᠦᠶ᠎ᠡ ᠪᠠᠷ ᠭᠡᠷ ᠡᠷᠦᠬᠡ ᠳᠤ ᠪᠠᠨ ᠲᠠᠬᠢᠵᠤ ᠪᠠᠶᠢᠭᠰᠠᠨ ᠪᠣᠷᠬᠠᠨ ᠪᠣᠳᠢᠰᠳ᠋ᠸᠠ ᠪᠠᠨ ᠠᠭᠤᠢ ᠳᠤ | ᠵᠠᠯᠠᠭᠰᠠᠨ ᠲᠤᠬᠠᠢ ᠵᠣᠭᠤᠭ ᠠᠴᠠ ᠬᠡᠰᠡᠭ ᠪᠣᠰᠠᠭ ᠰᠣᠨᠤᠰᠤᠭᠰᠠᠨ ᠡ︕ | ︽ᠰᠢᠷ᠎ᠠ ᠬᠠᠳᠠ︾ ᠠᠴᠠ ᠡᠮᠦᠨᠡᠰᠢ ᠪᠠᠷᠠᠯᠠᠪᠠᠯ ᠡᠰᠡᠷᠡᠭ ᠨᠤᠲᠤᠭ ᠤᠨ ᠬᠡᠶᠢᠮᠦᠷᠢ ᠶᠢ ᠳᠠᠯᠠᠯᠤᠭᠰᠠᠨ ︽ | ᠡᠰᠡᠷᠡᠭ ᠣᠪᠣᠭ᠎ᠠ︾ ᠤᠮᠠᠷᠠᠰᠢ ᠬᠠᠨᠳᠤᠨ ᠬᠠᠨᠠᠷᠠᠨ ᠰᠡᠬᠦᠶᠢᠨ᠎ᠡ᠃ ᠠᠭᠤᠯᠠ ᠳᠠᠪᠠᠭᠠᠳ ᠦᠷᠭᠦᠯᠵᠢᠯᠡᠭᠰᠡᠨ | ᠨᠤᠲᠤᠭ ᠤᠨ ᠢᠶᠠᠨ ᠠᠭᠤᠯᠠᠰ ᠤᠨ ᠣᠷᠣᠶᠢᠳ ᠢᠶᠠᠨ ᠪᠠᠷᠠᠯᠠᠬᠤ ᠭᠡᠰᠡᠨ ᠰᠢᠭ ᠢᠶᠠᠨ ᠤᠮᠠᠷᠠᠰᠢ ᠬᠠᠷᠠᠨ ᠪᠣᠰᠴᠤ᠂ ᠪᠠᠶᠠᠨ | ᠬᠠᠶᠢᠷᠬᠠᠨ ᠲᠠᠢ ᠪᠠᠨ ᠪᠠᠷ᠎ᠠ ᠪᠠᠷ᠎ᠠ ᠪᠠᠨ ᠬᠠᠷᠠᠯᠴᠠᠨ ᠨᠢᠭᠤᠷᠯᠠᠨ ᠵᠣᠭᠰᠤᠭᠰᠠᠨ ︽ᠡᠰᠡᠷᠡᠭ ᠣᠪᠣᠭ᠎ᠠ︾ ᠪᠠᠨ | ᠨᠤᠲᠤᠭ ᠤᠨ ᠮᠠᠯᠴᠢᠳ ᠵᠢᠯ ᠵᠢᠯ ᠤᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ | ᠪᠢᠯᠢᠭ ᠤᠨ ᠬᠡᠭᠡᠷ ᠤᠨ ᠤᠭᠢᠶᠠᠯᠠᠯᠭᠠ ᠶᠢᠨ ᠡᠳᠦᠷ ᠳᠣᠬᠢᠶᠠᠯᠳᠤᠭᠤᠯᠤᠨ ᠲᠠᠬᠢᠳᠠᠭ ᠶᠤᠮ᠃ ᠣᠪᠣᠭᠠᠨ ᠤ ᠪᠠᠨ | ᠬᠤᠶᠢᠲᠤ ᠬᠤᠷᠮᠤᠢ ᠳᠤ ᠡᠪᠦᠯ ᠵᠤᠨ ᠦᠭᠡᠢ ᠬᠦᠯᠳᠡᠳᠡᠭ ᠦᠭᠡᠢ ᠬᠠᠷᠠᠵᠠ ᠪᠤᠯᠠᠭ ᠤᠨᠳᠤᠷᠠᠵᠤ ᠪᠠᠶᠢᠳᠠᠭ᠃ ᠡᠨᠡ | ᠪᠤᠯᠠᠭ ᠠᠴᠠ ᠡᠬᠢ ᠠᠪᠤᠭᠰᠠᠨ ᠡᠰᠡᠷᠡᠭ ᠭᠤᠣᠯ ᠨᠢ ᠨᠡᠮᠡᠯᠵᠢᠨ ᠤᠷᠤᠰᠤᠭᠰᠠᠭᠠᠷ ᠪᠠᠶᠠᠨ ᠬᠠᠶᠢᠷᠬᠠᠨ ᠠᠴᠠ ᠡᠬᠢ | ᠠᠪᠤᠭᠰᠠᠨ ᠤᠯᠠᠭᠠᠨᠪᠠᠶᠢᠴᠠ ᠶᠢᠨ ᠭᠤᠣᠯ ᠲᠠᠢ ᠤᠷᠤᠰᠬᠠᠯ ᠨᠡᠶᠢᠯᠡᠨ ᠦᠶᠡᠯᠵᠡᠨ ᠳᠠᠪᠠᠯᠭᠠᠯᠠᠭᠰᠠᠠᠭᠷ | ᠦᠯᠵᠡᠶᠢᠮᠦ᠋ᠷᠡᠨ ᠳᠤ ᠪᠠᠨ ᠴᠢᠳᠬᠤᠨ᠎ᠠ᠃ ᠠᠭᠤᠯᠠ ᠲᠠᠢ᠂ ᠤᠰᠤ ᠲᠠᠢ ᠨᠤᠲᠤᠭ ᠤᠨ ᠲᠣᠷᠭᠠᠨ ᠦᠵᠡᠮᠵᠢ᠃ ᠴᠡᠯ | ᠨᠣᠭᠤᠭᠠᠷᠠᠭᠰᠠᠨ ᠭᠤᠣᠯ ᠤᠨ ᠵᠦᠯᠭᠡ ᠲᠠᠢ ᠪᠠᠨ ᠬᠤᠣᠰᠯᠠᠨ ᠲᠦᠮᠡᠨ ᠤ ᠬᠠᠷᠠᠭ᠎ᠠ ᠶᠢ ᠮᠢᠯᠢᠶᠠᠨ᠎ᠠ᠃ ᠪᠠᠶᠠᠨ | ᠬᠠᠶᠢᠷᠬᠠᠨ᠂ ᠡᠰᠡᠷᠡᠭ ᠣᠪᠣᠭᠠᠨ ᠤ ᠳᠤᠮᠳᠠ ᠬᠤᠶᠢᠰᠢ ᠤᠷᠤᠭᠰᠢ 33.2 ᠺᠢᠯᠤᠮᠧᠲᠷ ᠤᠷᠲᠤ᠂ 6 ᠺᠢᠯᠤᠮᠧᠲᠷ | ᠥᠷᠭᠡᠨ ᠪᠠᠶᠠᠨ ᠡᠩᠭᠡᠷ ᠤᠨ ᠲᠠᠯ᠎ᠠ ᠨᠡᠯᠦᠶᠢᠵᠦ᠂ ᠠᠬᠢ ᠳᠠᠭᠠᠨ᠎ᠠ ᠰᠡᠩᠭᠢᠨᠡᠵᠦ᠂ ᠬᠢᠶᠠᠭ ᠳᠠᠷᠠᠰᠤ ᠬᠠᠯᠢᠭᠤᠷᠠᠳᠠᠭ | ᠪᠠᠶᠢᠭᠰᠠᠨ ᠨᠢ ᠠᠭᠤᠷᠬᠠᠢ ᠶᠢᠨ ᠦᠢᠯᠡᠰ ᠤᠨ ᠬᠦᠭᠵᠢᠯᠲᠡ᠂ ᠵᠠᠮ ᠨᠡᠪᠲᠡᠷᠡᠯᠭᠡ ᠶᠢᠨ ᠰᠢᠨᠡᠴᠢᠯᠡᠯᠲᠡ᠂ ᠬᠤᠷ᠎ᠠ | ᠲᠤᠨᠤᠳᠠᠰᠤ ᠬᠤᠪᠤᠷᠳᠠᠭᠰᠠᠨ ᠭᠠᠩ ᠭᠠᠴᠢᠭ ᠵᠡᠷᠭᠡ ᠡᠯ᠎ᠡ ᠵᠦᠢᠯ ᠤᠨ ᠰᠢᠯᠲᠠᠭᠠᠨ ᠠᠴᠠ ᠪᠣᠯᠵᠤ᠂ ᠤᠷᠭᠤᠮᠠᠯ ᠡᠪᠡᠰᠦ | ᠲᠠᠴᠢᠷᠰᠢᠨ᠂ ᠤᠨᠠᠭᠤᠯᠢ ᠨᠦᠬᠡ ᠪᠠᠷ ᠳᠦᠭᠦᠷᠴᠦ᠂ ᠡᠬᠡ ᠬᠦᠷᠦᠰᠦ ᠨᠢ ᠢᠳᠡᠭᠳᠡᠨ᠂ ᠥᠨᠳᠡᠭᠡᠨ ᠴᠢᠯᠠᠭᠤᠳ ᠯᠡ | ᠵᠢᠰᠦ ᠪᠠᠨ ᠭᠠᠶᠢᠬᠠᠭᠤᠯᠤᠨ᠎ᠠ᠃ ᠨᠠᠭᠠᠨ᠎ᠠ ᠴᠠᠭᠠᠨ᠎ᠠ ᠠᠴᠠ ᠮᠠᠰᠢᠨ ᠤ ᠳᠠᠭᠤᠨ ᠬᠦᠷᠴᠢᠭᠢᠨᠡᠨ᠂ ᠬᠠᠶᠢᠷ ᠴᠢᠯᠠᠭᠤ | ᠪᠣᠯᠪᠠᠰᠤᠷᠠᠭᠤᠯᠬᠤ᠂ ᠤᠯᠠᠭᠠᠨ ᠰᠢᠷᠤᠢ ᠮᠠᠯᠲᠠᠬᠤ ᠭᠡᠳ ᠣᠯᠠᠨ ᠤᠯᠠᠨ ᠠᠵᠤ ᠠᠬᠤᠶᠢᠯᠠᠯ ᠪᠣᠰᠣᠨ᠎ᠠ᠂᠂᠂᠂ | ᠦᠢᠯᠡᠰ ᠬᠠᠷᠠᠭᠠᠯᠠᠭᠰᠠᠨ ᠮᠠᠷᠭᠠᠰᠢ ᠶᠢᠨ ᠪᠠᠭᠤᠴᠠ | ᠡᠯᠢᠭᠡ ᠪᠦᠲᠦᠨ ᠬᠤᠷᠸ᠎ᠠ ᠶᠢᠨ ᠵᠠᠢ ᠳᠤ᠂ ᠡᠰᠡᠷᠡᠭ ᠣᠪᠣᠭᠠᠨ ᠤ ᠬᠡᠶᠢᠮᠦᠷᠢ ᠳᠠᠯᠠᠯᠭ᠎ᠠ ᠳᠤ ᠰᠦᠵᠢᠭᠯᠡᠵᠦ᠂ | ᠲᠠᠩᠰᠤᠭ ᠵᠢᠷᠭᠠᠯ ᠢᠶᠠᠨ ᠡᠳ᠋ᠯᠡᠵᠦ ᠶᠠᠪᠤᠭ᠎ᠠ ᠡᠰᠡᠷᠡᠭ ᠨᠤᠲᠤᠭ ᠤᠨ ᠤᠬᠠᠭᠠᠨᠲᠤ ᠲᠦᠮᠡᠨ ᠮᠠᠨᠢ ᠴᠠᠭ ᠲᠥᠷᠥ ᠶᠢᠨ | ᠲᠥᠪᠰᠢᠨ ᠠᠮᠤᠭᠤᠯᠠᠩ᠂ ᠨᠡᠶᠢᠭᠡᠮ ᠨᠡᠶᠢᠲᠡ ᠶᠢᠨ ᠬᠦᠭᠵᠢᠯ ᠪᠠᠳᠠᠷᠠᠯ ᠤᠨ ᠡᠷᠡᠨ ᠳᠤ ᠥᠭᠡᠳᠡ ᠡᠰᠡᠷᠡᠭ ᠠᠮᠢᠳᠤᠷᠠᠯ | ᠠᠬᠤᠢ ᠪᠠᠨ ᠡᠷᠭᠦᠵᠦ ᠶᠠᠪᠤᠭ᠎ᠠ ᠳ᠋ᠠ︕ | ᠡᠰᠡᠷᠡᠭ ᠨᠤᠲᠤᠭ ᠳᠠᠷᠬᠠᠨ ᠠᠯᠳᠠᠷ ᠢᠶᠠᠨ ᠳᠠᠭᠤᠷᠢᠰᠤᠭᠤᠯᠵᠤ᠂ ᠳᠠᠶᠠᠭᠠᠷ ᠲᠦᠮᠡᠨ ᠳᠤ ᠮᠡᠳᠡᠷᠡᠭᠳᠡᠵᠦ᠂ | ᠲᠥᠷᠥ ᠭᠦᠷᠦᠨ ᠤ ᠵᠠᠰᠠᠭ ᠵᠠᠬᠢᠷᠭᠠᠨ ᠳᠤ ᠪᠠᠭᠲᠠᠯᠴᠠᠵᠤ᠂ ᠣᠨ ᠵᠢᠯ ᠤᠨ ᠤᠷᠤᠰᠬᠠᠯ ᠢ ᠲᠤᠭᠤᠯᠵᠤ ᠨᠢᠭᠡᠨᠲᠡ | ᠨᠠᠶᠠᠭᠠᠳ ᠵᠢᠯ ᠤᠨ ᠲᠡᠥᠬᠡ ᠲᠠᠢ ᠪᠣᠯᠵᠠᠢ᠃ ᠤᠤᠭᠠᠯ ᠨᠤᠲᠤᠭ ᠤᠨ ᠢᠷᠭᠡᠳ ᠠᠴᠠ ᠭᠠᠳᠠᠨ᠎ᠠ ᠬᠤᠶᠢᠨ᠎ᠠ | ᠡᠮᠦᠨ᠎ᠡ ᠠᠴᠠ ᠪᠠᠨ ᠨᠡᠭᠦᠳᠡᠯᠯᠡᠨ ᠢᠷᠡᠵᠦ ᠨᠤᠲᠤᠭᠰᠢᠭᠰᠠᠨ ᠠᠶᠢᠯ ᠡᠷᠦᠬᠡ ᠲᠠᠢ ᠪᠠᠨ ᠣᠳᠣ ᠪᠣᠯᠬᠤ ᠳᠤ 113 | ᠡᠷᠦᠬᠡ᠂ 496 ᠬᠦᠮᠦᠨ ᠠᠮᠠ ᠲᠠᠢ ᠪᠣᠯᠵᠤ ᠬᠦᠭᠵᠢᠭᠰᠡᠨ ᠪᠠᠶᠢᠨ᠎ᠠ᠃ | ᠨᠤᠲᠤᠭ ᠤᠰᠤᠨ ᠤ ᠨᠠᠪᠲᠠᠭ ᠰᠠᠪᠲᠠᠭ ᠤᠨ ᠢᠪᠡᠭᠡᠯ ᠢᠶᠠᠷ ᠡᠰᠡᠷᠡᠭ ᠨᠤᠲᠤᠭ ᠤᠨ ᠮᠠᠯᠴᠢᠨ ᠲᠦᠮᠡᠨ | ᠥᠭᠡᠳᠡ ᠡᠰᠡᠷᠡᠭ ᠠᠮᠢᠳᠤᠷᠠᠭᠰᠠᠨ ᠢᠶᠠᠷ ᠪᠠᠷᠠᠬᠤ ᠦᠭᠡᠢ ᠡᠨᠡ ᠨᠤᠲᠤᠭ ᠠᠴᠠ ᠣᠯᠠᠨ ᠣᠯᠠᠨ ᠰᠤᠤᠲᠤ ᠬᠦᠮᠦᠨ | ᠴᠣᠯᠭᠤᠷᠠᠨ ᠭᠠᠷᠤᠭᠰᠠᠨ ᠪᠠᠶᠢᠨ᠎ᠠ᠃ ᠡᠭᠦᠨ ᠳᠤ ᠳᠤᠷᠠᠳᠤᠭᠤᠰᠢᠲᠠᠢ ᠨᠢ ︽ᠣᠲᠠᠴᠢ ᠠᠪᠤᠷᠠᠯᠲᠠᠨ︾ ᠴᠣᠯᠠ ᠲᠠᠢ | ᠡᠮᠴᠢ ᠬᠠᠶᠢᠪᠤ᠂ ᠤᠷᠲᠤ ᠶᠢᠨ ᠳᠠᠭᠤᠤ ᠶᠢᠨ ᠳᠠᠷᠬᠠᠨ ᠠᠯᠲᠠᠩᠭᠡᠷᠡᠯ᠂ ᠣᠷᠣᠨ ᠤ ᠳᠡᠰ ᠤᠨ ᠲᠠᠮᠢᠷᠴᠢᠨ ᠵᠠᠩᠭᠢᠶᠠᠲᠤ | ᠪᠦᠬᠡ ᠨᠠᠷᠠᠨᠪᠠᠭᠠᠲᠤᠷ᠂ ᠤᠷᠠᠨ ᠳᠠᠷᠬᠠᠨ ᠫᠧᠷᠯᠠᠢ᠂ ᠴᠤᠤᠲᠤ ᠠᠩᠴᠢᠨ ᠰᠠᠶᠢᠨ᠋ᠦ᠌ᠯᠵᠡᠢ ᠵᠡᠷᠭᠡ ᠲᠡᠥᠬᠡᠨ ᠳᠤ ᠠᠯᠳᠠᠷᠲᠠᠢ | ᠂ ᠲᠦᠮᠡᠨ ᠳᠤ ᠪᠠᠨ ᠳᠤᠷᠠᠰᠬᠠᠯᠲᠠᠢ ᠬᠦᠮᠦᠰ ᠠᠴᠠ ᠭᠠᠳᠠᠨ᠎ᠠ ᠠᠶᠢᠮᠠᠭ ᠬᠤᠰᠢᠭᠤᠨ ᠤ ᠺᠠᠳ᠋ᠷ᠂ ᠠᠷᠠᠳ ᠤᠨ | ᠭᠠᠪᠢᠶᠠᠲᠤ ᠪᠠᠭᠰᠢ᠂ ᠵᠢᠱᠢᠶᠡᠴᠢ ᠮᠠᠯᠴᠢᠨ ᠴᠣᠯᠭᠤᠷᠠᠭᠰᠠᠨ ᠪᠠᠶᠢᠨ᠎ᠠ᠃ | ︽ᠳᠡᠯᠡᠬᠡᠢ ᠪᠠᠷᠠᠯᠠᠭᠰᠠᠨ ᠬᠠᠷᠠᠭ᠎ᠠ | ᠳᠡᠯᠭᠡᠷ ᠪᠠᠶᠠᠨ ᠨᠤᠲᠤᠭ | ᠳᠡᠭᠡᠪᠦᠷ ᠴᠠᠭᠠᠨ ᠭᠡᠷ | ᠳᠥᠷᠪᠡᠨ ᠤᠯᠠᠷᠢᠯ ᠤᠨ ᠨᠡᠭᠦᠳᠡᠯ︾ ᠮᠠᠶ᠋ᠢᠭ ᠤᠨ ᠮᠠᠯᠵᠢᠬᠤ ᠰᠤᠶᠤᠯ᠂ ᠴᠠᠭ ᠡᠷᠡᠨ ᠤ ᠬᠤᠪᠢᠷᠠᠯᠲᠠ᠂ ᠨᠤᠲᠤᠭ | ᠪᠡᠯᠴᠢᠭᠡᠷ ᠤᠨ ᠲᠠᠴᠢᠷᠳᠠᠯ ᠠᠴᠠ ᠪᠣᠯᠵᠤ ᠦᠨᠢᠳᠡ ᠠᠩᠵᠢᠷᠠᠭᠰᠠᠨ ᠪᠠᠶᠢᠨ᠎ᠠ᠃ ︽ᠪᠢᠳᠡ ᠥᠴᠥᠭᠡᠳᠥᠷ ᠤᠨ ᠮᠦᠷ ᠢ | ᠬᠠᠶᠢᠬᠤ ᠪᠢᠰᠢ᠂ ᠬᠠᠷᠢᠨ ᠮᠠᠷᠭᠠᠰᠢ ᠶᠢᠨ ᠵᠠᠮ ᠢᠶᠠᠨ ᠰᠦᠪᠡᠭᠴᠢᠯᠡᠪᠡᠯ ᠵᠣᠬᠢᠨ᠎ᠠ︾ ᠭᠡᠵᠦ ᠵᠣᠷᠢᠭᠲᠠᠢ ᠰᠡᠳᠬᠢᠵᠦ᠂ | ᠬᠢᠨᠠᠮᠠᠭᠠᠢ ᠠᠵᠢᠯᠯᠠᠳᠠᠭ ᠰᠢᠯᠢᠳᠡᠭ ᠨᠠᠮ ᠤᠨ ᠡᠭᠦᠷ ᠤᠨ ᠱᠦᠵᠢ᠂ ᠵᠢᠱᠢᠶᠡᠴᠢ ᠠᠷᠠᠳ ᠤᠨ ᠲᠦᠯᠦᠭᠡᠯᠡᠭᠴᠢ | ᠤᠤᠭᠠᠨᠭᠡᠷᠡᠯᠲᠦ ᠭᠤᠸᠠᠢ ᠮᠠᠯᠴᠢᠨ ᠲᠦᠮᠡᠨ ᠢᠶᠠᠨ ᠳᠠᠭᠠᠭᠤᠯᠤᠨ᠂ ᠪᠠᠶᠠᠵᠢᠯ ᠤᠨ ᠵᠠᠮ ᠢᠶᠠᠷ ᠰᠢᠭᠤᠷᠬᠠᠶᠢᠯᠠᠨᠠ᠃ | ᠮᠠᠯᠴᠢᠨ ᠲᠦᠮᠡᠨ ᠤ ᠤᠤᠭᠤᠬᠤ ᠤᠰᠤ ᠶᠢ ᠲᠦᠭᠡᠭᠡᠯ ᠤᠰᠤ ᠪᠠᠷ ᠬᠠᠩᠭᠠᠵᠤ᠂ ᠮᠠᠯ ᠲᠠᠷᠢᠶᠠᠯᠠᠩ ᠢ | ᠬᠤᠣᠰᠯᠠᠭᠤᠯᠤᠨ ᠡᠵᠡᠩᠨᠡᠵᠦ᠂ ᠡᠷᠦᠬᠡ ᠪᠦᠷᠢ ︽ᠤᠰᠤ᠂ ᠮᠣᠳᠣ᠂ ᠡᠪᠡᠰᠦ᠂ ᠲᠠᠷᠢᠶ᠎ᠠ᠂ ᠮᠠᠰᠢᠨ︾ ᠲᠠᠪᠤ | ᠪᠦᠷᠢᠳᠦᠭᠰᠡᠨ ᠵᠢᠵᠢᠭ ᠡᠪᠡᠰᠦᠨ ᠬᠦᠷᠢᠶ᠎ᠡ ᠲᠠᠢ᠂ ᠬᠦᠮᠦᠨ ᠪᠦᠷᠢ ᠳᠤ ᠪᠦᠷᠢᠨ ᠲᠦᠬᠦᠷ ᠤᠰᠤᠵᠢᠯᠠᠯᠲᠠ ᠶᠢᠨ | ᠲᠦᠬᠦᠭᠡᠷᠦᠮᠵᠢ ᠲᠠᠢ ᠤᠰᠤᠨ ᠲᠠᠷᠢᠶ᠎ᠠ ᠲᠠᠢ ᠪᠣᠯᠵᠤ ᠲᠡᠭᠷᠢ ᠶᠢᠨ ᠴᠢᠷᠠᠢ ᠬᠠᠷᠠᠵᠤ ᠠᠮᠢᠳᠤᠷᠠᠳᠠᠭ ᠲᠡᠷᠡᠬᠦa ᠴᠠᠭ | ᠡᠷᠡᠨ ᠢ ᠦᠭᠡᠶᠢᠰᠬᠡᠭᠰᠡᠨ ᠪᠠᠶᠢᠨ᠎ᠠ᠃ ᠡᠭᠦᠨ ᠤ ᠵᠡᠷᠭᠡ ᠪᠠᠷ ︽ᠡᠷᠦᠬᠡ ᠬᠤᠯᠪᠤᠭᠠᠯᠠᠨ ᠡᠵᠡᠩᠨᠡᠵᠦ᠂ ᠬᠦᠴᠦ ᠪᠠᠨ | ᠬᠠᠮᠲᠤᠳᠬᠠᠨ᠂ ᠬᠠᠮᠲᠤ ᠪᠠᠷ ᠪᠠᠶᠠᠵᠢᠬᠤ︾ ᠲᠥᠰᠥᠪ ᠭᠠᠷᠭᠠᠨ ᠬᠤᠨᠢ ᠦᠬᠡᠷ ᠲᠡᠵᠢᠭᠡᠬᠦ ᠲᠤᠰᠬᠠᠢ ᠬᠤᠷᠰᠢᠶ᠎ᠠ | ᠪᠠᠶᠢᠭᠤᠯᠵᠤ᠂ ᠬᠠᠷᠢᠯᠴᠠᠨ ᠳᠡᠮᠵᠢᠵᠦ᠂ ᠬᠠᠮᠲᠤ ᠪᠠᠷ ᠪᠠᠶᠠᠵᠢᠬᠤ ᠨᠠᠮ ᠤᠨ ᠱᠤᠭᠤᠮ ᠲᠠᠢ ᠨᠢᠭᠡᠳᠴᠦ᠂ ᠨᠠᠷᠠ | ᠬᠠᠷᠠᠭᠠᠯᠠᠨ ᠴᠢᠷᠮᠠᠶᠢᠵᠤ ᠶᠠᠪᠤᠭ᠎ᠠ ᠳ᠋ᠠ︕ | |